ᠢᠨᠲ᠋ᠧᠯ ᠦᠨ ᠣᠯᠠᠨ ᠤᠯᠤᠰ ᠤᠨ ᠰᠢᠨᠵᠢᠯᠡᠬᠦ ᠤᠬᠠᠭᠠᠨ ᠪᠠ ᠢᠨᠵᠢᠨᠧᠷᠴᠢᠯᠯᠢ ᠶᠢᠨ ᠰᠢᠯᠭᠠᠷᠠᠭᠤᠯᠤᠯᠲᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠢᠨᠲ᠋ᠧᠯ ᠦᠨ ᠣᠯᠠᠨ ᠤᠯᠤᠰ ᠤᠨ ᠰᠢᠨᠵᠢᠯᠡᠬᠦ ᠤᠬᠠᠭᠠᠨ ᠪᠠ ᠢᠨᠵᠢᠨᠧᠷᠴᠢᠯᠯᠢ ᠶᠢᠨ ᠰᠢᠯᠭᠠᠷᠠᠭᠤᠯᠤᠯᠲᠠ (ᠠᠩᠭᠯ᠃ Intel International Science and Engineering Fair) ᠨᠢ ᠳᠤᠮᠳᠠ ᠰᠤᠷᠭᠠᠭᠤᠯᠢ ᠶᠢᠨ ᠠᠬᠠᠯᠠᠬᠤ ᠠᠩᠬᠢ ᠶᠢᠨ ᠰᠤᠷᠤᠭᠴᠢᠳ ᠤᠨ ᠰᠢᠨᠵᠢᠯᠡᠬᠦ ᠤᠬᠠᠭᠠᠨ ᠤ ᠪᠦᠲᠦᠭᠡᠯ ᠰᠤᠳᠤᠯᠭ᠎ᠠ ᠪᠠ ᠲᠧᠭᠨᠣᠯᠣᠭᠢ ᠶᠢᠨ ᠪᠦᠲᠦᠭᠡᠯ ᠢᠶᠡᠷ ᠢᠶᠡᠨ ᠠᠪᠢᠶᠠᠰ ᠢᠶᠠᠨ ᠰᠣᠷᠢᠳᠠᠭ ᠣᠯᠠᠨ ᠤᠯᠤᠰ ᠤᠨ ᠰᠢᠯᠭᠠᠷᠠᠭᠤᠯᠤᠯᠲᠠ ᠲᠡᠮᠡᠴᠡᠭᠡᠨ ᠶᠤᠮ᠃ ᠡᠨᠡ ᠰᠢᠯᠭᠠᠷᠠᠭᠤᠯᠤᠯᠲᠠ ᠨᠢ ᠢᠨᠲ᠋ᠧᠯ ᠺᠣᠮᠫᠠᠨᠢᠢ ᠳᠡᠮᠵᠢᠯᠭᠡ ᠪᠡᠷ ᠵᠢᠯ ᠪᠦᠷᠢ ᠵᠣᠬᠢᠶᠠᠭᠳᠠᠵᠤ ᠳᠡᠯᠡᠬᠡᠢ ᠶᠢᠨ ᠣᠯᠠᠨ ᠦᠨᠳᠦᠰᠦᠲᠡᠨ ᠦ ᠠᠪᠢᠶᠠᠰᠯᠢᠭ ᠰᠤᠷᠤᠭᠴᠢᠳ ᠠᠴᠠ ᠬᠠᠮᠤᠭ ᠤᠨ ᠠᠪᠢᠶᠠᠰᠤᠯᠢᠭ ᠢᠷᠡᠭᠡᠳᠦᠢ ᠲᠡᠢ ᠬᠡᠦᠬᠡᠳ ᠦᠨ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠪᠦᠲᠦᠭᠡᠯᠲᠡ ᠶᠢ ᠰᠢᠯᠭᠠᠷᠠᠭᠤᠯᠵᠤ ᠶᠡᠬᠡ ᠰᠤᠷᠭᠠᠭᠤᠯᠢ ᠳᠤ ᠰᠤᠷᠤᠯᠴᠠᠬᠤ ᠲᠡᠳᠬᠦᠯᠭᠡ ᠪᠡᠷ ᠱᠠᠩᠨᠠᠳᠠᠭ᠃ 1 ᠍ ᠳᠦᠭᠡᠷ ᠪᠠᠶᠢᠷᠢ ᠳᠤ ᠰᠢᠯᠭᠠᠷᠠᠭᠴᠢ 75000 ᠠᠮᠧᠷᠢᠺᠠ ᠳ᠋ᠣᠯᠯᠠᠷ ᠤᠨ ᠶᠡᠬᠡ ᠰᠤᠷᠭᠠᠭᠤᠯᠢ ᠶᠢᠨ ᠲᠡᠳᠬᠦᠮᠵᠢ ᠪᠡᠷ ᠱᠠᠩᠨᠠᠭᠤᠯᠳᠠᠭ 2 ᠍ ᠳᠦᠭᠡᠷ ᠪᠠᠶᠢᠷᠢ ᠳᠤ 2 ᠬᠦᠮᠦᠨ ᠲᠤᠰ ᠪᠦᠷᠢ 50000 ᠠᠮᠧᠷᠢᠺᠠ ᠳ᠋ᠣᠯᠯᠠᠷ ᠤᠨ ᠲᠡᠳᠬᠦᠯᠭᠡ ᠪᠡᠷ ᠱᠠᠩᠨᠠᠭᠤᠯᠳᠠᠭ᠃ ᠮᠥᠨ ᠳᠠᠷᠤᠭ᠎ᠠ ᠶᠢᠨ 3 ᠰᠢᠯᠭᠠᠷᠠᠭᠴᠢᠳ ᠰᠲ᠋ᠣᠺᠣᠭᠯᠮ ᠤᠨ ᠥᠰᠪᠦᠷᠢ ᠶᠢᠨ ᠰᠢᠨᠵᠢᠯᠡᠬᠦ ᠤᠬᠠᠭᠠᠨᠴᠢᠳ ᠤᠨ ᠰᠧᠮᠢᠨᠠᠷ ᠲᠤ ᠤᠷᠤᠯᠴᠠᠬᠤ ᠪᠠ ᠨᠣᠪᠧᠯ ᠤᠨ ᠱᠠᠩᠨᠠᠯ ᠤᠨ ᠠᠷᠭ᠎ᠠ ᠬᠡᠮᠵᠢᠶᠡᠨ ᠳᠦ ᠤᠷᠤᠯᠴᠠᠬᠤ ᠡᠷᠬᠡ ᠪᠡᠷ ᠱᠠᠩᠨᠠᠭᠤᠯᠳᠠᠭ᠂ 17 ᠲᠥᠷᠥᠯ ᠦᠨ ᠲᠥᠰᠥᠯ ᠦᠳ ᠦᠨ ᠪᠤᠰᠤᠳ ᠣᠷᠣᠯᠴᠠᠭᠴᠢᠳ ᠢ ᠲᠤᠰ ᠪᠦᠷᠢ ᠶᠢ ᠨᠢ 5000 ᠠᠮᠧᠷᠢᠺᠠ ᠳ᠋ᠣᠯᠯᠠᠷ ᠢᠶᠠᠷ ᠱᠠᠩᠨᠠᠳᠠᠭ᠃

ᠰᠢᠯᠭᠠᠷᠠᠭᠤᠯᠤᠯᠲᠠᠨ ᠳᠤ ᠥᠷᠢᠰᠦᠯᠳᠦᠭᠴᠢᠳ 9-12 ᠍ ᠳᠦᠭᠡᠷ ᠠᠩᠭᠢᠢᠬᠤᠨ ᠠᠴᠠ ᠭᠠᠭᠴᠠᠭᠠᠷ ᠢᠶᠠᠨ ᠪᠣᠯᠤᠨ ᠪᠠᠭ᠎ᠠ ᠪᠠᠷ ᠢᠶᠠᠨ ᠣᠷᠣᠯᠴᠠᠵᠤ ᠪᠣᠯᠤᠨ᠎ᠠ᠃ ᠪᠤᠰᠤᠳ ᠤᠷᠤᠯᠴᠠᠬᠤ ᠵᠢᠷᠤᠮ ᠢ ᠨᠢ ᠠᠯᠪᠠᠨ ᠶᠣᠰᠣᠨ ᠤ ᠰᠠᠶᠢᠲᠤᠨ ᠠᠴᠠ ᠨᠢ ᠮᠡᠳᠡᠬᠦ ᠪᠣᠯᠤᠮᠵᠢ ᠲᠠᠢ᠃

ᠭᠠᠳᠠᠨ᠎ᠠ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠪᠠᠨ ᠶᠣᠰᠣᠨ ᠤ ᠰᠠᠶᠢᠲᠤ᠃

ᠪᠢᠴᠢᠭᠡᠰᠦ