ᠢᠨᠢᠶᠡᠬᠦ ᠶᠢᠨ ᠤᠬᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Redocn 2012041704353872.jpg

20100609073709-1454763753.jpg

ᠢᠨᠢᠶᠡᠬᠦ ᠪᠤᠯ ᠬᠦᠮᠦᠨ  ᠤ ᠰᠡᠳᠬᠢᠯ  ᠤᠨ ᠲᠤᠳᠤᠭᠠᠳᠤ ᠳ᠋ᠡᠬᠢ ᠪᠠᠶᠠᠰᠤᠩᠭᠤᠢ ᠦᠢᠯᠡ ᠬᠦᠳᠡᠯᠦᠯ  ᠢ  ᠨᠢᠭᠤᠷ  ᠤᠨ ᠬᠡᠰᠡᠭ  ᠢᠶᠠᠷ  ᠢᠶᠠᠨ ᠢᠯᠡᠷᠡᠭᠦᠯᠵᠦ ᠪᠠᠢ᠋ᠭ᠎ᠠ ᠭᠠᠳᠠᠭᠠᠳᠤ ᠢᠯᠡᠷᠡᠯ ᠮᠦᠨ ᠃ ᠮᠦᠨ  ᠴᠦ ᠬᠦᠮᠦᠨ  ᠤ ᠲᠤᠳᠤᠭᠠᠳᠤ ᠰᠡᠳᠬᠢᠯ  ᠢ ᠢᠯᠡᠳᠬᠡᠬᠦ ᠂ ᠪᠡᠶ᠎ᠡ ᠰᠡᠳᠬᠢᠯ  ᠢ ᠡᠷᠡᠭᠦᠯᠵᠢᠭᠦᠯᠬᠦ ᠲᠦᠷᠦᠯᠬᠢ ᠴᠢᠳᠠᠪᠤᠷᠢ ᠪᠦᠭᠡᠳ ᠬᠠᠮᠤᠭ ᠰᠠᠶᠢᠨ ᠠᠷᠭ᠎ᠠ ᠠᠪᠴᠢᠯ  ᠤᠨ  ᠨᠢᠭᠡ ᠪᠤᠯᠤᠨ᠎ᠠ ᠃ ᠢᠨᠢᠶᠡᠬᠦ ᠪᠤᠯ ᠬᠦᠮᠦᠨ ᠲᠦᠷᠦᠯᠬᠢᠳᠡᠨ  ᠤ ᠤᠷᠤᠰᠢᠨ ᠲᠤᠭᠳᠠᠨᠢᠬᠤ  ᠨᠢᠬᠡ ᠲᠦᠷᠦᠯ  ᠤᠨ ᠴᠢᠳᠠᠪᠤᠷᠢ ᠮᠦᠨ ᠂ ᠮᠦᠨ  ᠴᠦ ᠬᠦᠮᠦᠨ  ᠤ ᠪᠡᠶ᠎ᠠ ᠰᠡᠳᠬᠢᠯ  ᠤᠨ ᠡᠷᠡᠬᠦᠯ ᠴᠢᠬᠢᠷᠠᠭ  ᠢ ᠬᠡᠮᠵᠢᠬᠦ  ᠨᠢᠬᠡ ᠵᠦᠢᠯ  ᠤᠨ ᠪᠦᠳᠦᠮᠵᠢᠳᠠᠢ ᠪᠠᠷᠢᠮᠵᠢᠶ᠎ᠠ ᠮᠦᠨ ᠃ᠢᠨᠢᠶᠡᠬᠦ ᠪᠤᠯ  ᠨᠢᠬᠡ ᠲᠦᠷᠦᠯ  ᠤᠨ ᠮᠠᠰᠢ ᠰᠠᠶᠢᠨ ᠡᠷᠡᠬᠦᠯᠵᠢᠬᠦ ᠲᠠᠮᠢᠷ  ᠤᠨ ᠬᠦᠳᠡᠯᠬᠡᠬᠡᠨ ᠮᠦᠨ ᠂  ᠨᠢᠬᠡ ᠢᠨᠢᠶᠡᠬᠦ  ᠳᠤ ᠬᠦᠮᠦᠨ  ᠤ  ᠨᠢᠭᠤᠷ ᠪᠤᠶᠤ ᠴᠡᠭᠡᠵᠢ  ᠶᠢᠨ 80 ᠪᠦᠯᠦᠭ ᠪᠤᠯᠴᠢᠩ ᠬᠦᠳᠡᠯᠬᠡᠬᠡᠨ  ᠳᠤ ᠤᠷᠤᠯᠴᠠᠨ᠎ᠠ ᠃ ᠬᠡᠷᠪᠡ100 ᠤᠳᠠᠭ᠎ᠠ ᠢᠨᠢᠶᠡᠬᠦ  ᠳᠤ ᠬᠦᠷᠪᠡᠯ ᠵᠢᠷᠦᠬᠡᠨ  ᠤ ᠴᠢᠰᠤᠨ ᠡᠷᠬᠢᠯᠳᠠ  ᠶᠢ ᠰᠠᠶᠢᠵᠢᠷᠠᠭᠤᠯᠵᠤ ᠂ ᠠᠭᠤᠰᠬᠢ  ᠶᠢᠨ ᠠᠵᠢᠯᠯᠠᠭᠠᠨ  ᠤ ᠴᠢᠳᠠᠪᠤᠷᠢ  ᠶᠢ ᠪᠤᠯᠪᠠᠰᠤᠷᠠᠭᠤᠯᠬᠤ 10 ᠮᠢᠨᠦᠲ  ᠶᠢᠨ ᠰᠢᠷᠦᠬᠦᠨ ᠬᠦᠳᠡᠯᠬᠡᠬᠡᠨ ᠬᠢᠭᠰᠡᠨ  ᠲᠠᠢ ᠲᠡᠩᠴᠡᠨ᠎ᠡ ᠃

ᠭᠠᠷᠴᠠᠭ

ᠢᠨᠢᠶᠡᠬᠦ  ᠶᠢᠨ ᠡᠷᠡᠬᠦᠯᠵᠢᠯ  ᠤᠨ ᠦᠢᠯᠡᠳᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1 ᠂ ᠴᠢᠰᠦᠨ ᠡᠷᠬᠢᠯᠳᠠ  ᠶᠢ ᠰᠠᠶᠢᠵᠢᠷᠠᠭᠤᠯᠵᠤ᠂ ᠰᠢᠨ᠎ᠡ ᠬᠠᠭᠤᠴᠢᠨ  ᠤ ᠰᠤᠯᠢᠯᠴᠠᠭ᠎ᠠ  ᠶᠢᠨ ᠴᠢᠳᠠᠪᠤᠷᠢ  ᠶᠢ  ᠨᠡᠮᠡᠭᠳᠡᠬᠦᠯᠦᠨ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠠᠬᠡ ᠢᠨᠢᠶᠡᠬᠦ  ᠨᠢ ᠵᠢᠷᠦᠬᠡ  ᠶᠢᠨ ᠠᠪᠴᠢᠨ ᠰᠤᠨᠤᠬᠤ  ᠶᠢ ᠴᠢᠩᠭᠠᠳᠬᠠᠵᠤ ᠂ ᠵᠢᠷᠦᠬᠡᠨ ᠴᠤᠬᠢᠯᠭ᠎ᠠ  ᠶᠢ ᠬᠤᠷᠳᠤᠳᠬᠠᠨ ᠂ ᠴᠢᠰᠤᠨ ᠡᠷᠬᠢᠯᠳᠠ  ᠶᠢ ᠰᠠᠶᠢᠵᠢᠷᠠᠭᠤᠯᠤᠨ᠎ᠠ᠃  ᠶᠠᠬᠡ ᠢᠨᠢᠶᠡᠬᠦ ᠦᠶᠡᠰ ᠪᠡᠶ᠎ᠠ  ᠶᠢᠨ ᠲᠦᠷᠪᠡᠨ ᠮᠦᠴᠢ ᠬᠦᠳᠡᠯᠬᠡᠬᠡᠨ  ᠳᠦ ᠤᠷᠤᠯᠴᠠᠵᠤ ᠂ ᠡᠯ᠎ᠡ ᠲᠤᠳᠤᠭᠠᠳᠤ ᠡᠷᠬᠡᠳᠡᠨ  ᠴᠦ ᠠᠵᠢᠯᠯᠠᠭ᠎ᠠ ᠠᠪᠴᠤ ᠂ ᠡᠬᠦᠨ  ᠤ ᠤᠯᠠᠮ  ᠡᠴᠡ ᠪᠦᠬᠦ ᠪᠡᠶ᠎ᠠ  ᠶᠢᠨ ᠰᠢᠨ᠎ᠡ ᠬᠠᠭᠤᠴᠢᠨ  ᠤ ᠰᠤᠯᠢᠯᠴᠠᠭ᠎ᠠ ᠰᠠᠶᠢᠵᠢᠷᠠᠨ᠂ ᠡᠪᠡᠳᠴᠢᠨ ᠡᠰᠡᠷᠬᠦᠴᠡᠬᠦ ᠴᠢᠳᠠᠪᠤᠷᠢ ᠂ ᠡᠷᠡᠬᠦᠯᠵᠢᠬᠦ ᠴᠢᠳᠠᠪᠤᠷᠢ ᠲᠡᠭᠡᠭᠰᠢᠯᠡᠨ᠎ᠡ ᠃

2. ᠡᠪᠡᠳᠬᠦ  ᠶᠢ ᠵᠤᠭᠰᠤᠭᠠᠬᠤ ᠦᠢᠯᠡᠳᠦᠯ  ᠲᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠨᠢᠶᠡᠬᠦ ᠪᠤᠯ ᠬᠠᠮᠤᠭ  ᠤᠨ ᠪᠠᠢ᠋ᠭᠠᠯᠢᠯᠢᠭ ᠂ ᠡᠰᠡᠷᠬᠦ ᠦᠢᠯᠡᠳᠦᠯ ᠦᠬᠡᠢ ᠡᠪᠡᠳᠬᠦ  ᠶᠢ ᠵᠤᠭᠰᠤᠭᠠᠬᠤ ᠡᠮ ᠮᠥᠨ ᠃ ᠶᠠᠬᠡ ᠢᠨᠢᠶᠡᠬᠦ ᠦᠶᠡᠰ  ᠶᠠᠬᠡ ᠲᠠᠷᠢᠬᠢᠨ  ᠤ ᠮᠡᠳᠡᠷᠡᠯ  ᠤᠨ ᠡᠰ  ᠡᠴᠡ  ᠨᠢᠬᠡ ᠵᠦᠢᠯ  ᠤᠨ B—内啡肽 ᠬᠤᠷᠮᠤᠨ  ᠤ ᠪᠤᠳᠠᠰ  ᠢ ᠢᠯᠭᠠᠷᠠᠭᠤᠯᠵᠤ ᠭᠠᠷᠭᠠᠳᠠᠭ ᠃ ᠡᠨᠡ  ᠨᠢ  ᠨᠢᠬᠡ ᠵᠦᠢᠯ  ᠤᠨ ᠮᠠᠰᠢ ᠰᠠᠶᠢᠨ ᠡᠰᠡᠷᠬᠦ ᠦᠢᠯᠡᠳᠦᠯ ᠦᠬᠡᠢ ᠡᠪᠡᠳᠬᠦ  ᠶᠢ ᠵᠤᠭᠰᠤᠭᠠᠬᠤ ᠡᠮ ᠪᠤᠯᠤᠨ᠎ᠠ ᠃ ᠲᠡᠷᠠ  ᠨᠢ ᠮᠤᠷᠹᠢᠨ(吗啡)  ᠲᠠᠢ ᠠᠳᠠᠯᠢ ᠦᠬᠡᠢ ᠂ ᠦᠢᠯᠡᠳᠦᠯ  ᠨᠢ (吗啡) ᠮᠤᠷᠹᠢᠨ  ᠠᠴᠠ 40 ᠲᠠᠬᠢᠨ ᠢᠯᠡᠭᠦᠦ ᠪᠠᠢ᠋ᠳᠠᠭ ᠃ ᠡᠢ᠋ᠮᠤ  ᠡᠴᠡ ᠦᠷᠬᠦᠯᠵᠢ ᠢᠨᠢᠶᠡᠬᠦ  ᠨᠢ ᠡᠯᠳᠡᠪ ᠵᠦᠢᠯ  ᠤᠨ ᠦᠶ᠎ᠠ ᠬᠡᠰᠢᠬᠦᠦ  ᠶᠢᠨ ᠡᠪᠡᠳᠴᠢᠨ ᠂ ᠭᠤᠨᠢᠵᠤ ᠭᠠᠩᠰᠠᠷᠠᠬᠤ ᠡᠪᠡᠳᠴᠢᠨ ᠵᠡᠷᠬᠡ  ᠳᠤ ᠲᠤᠰᠠᠳᠠᠢ ᠃

3. ᠠᠭᠤᠰᠬᠢᠨ  ᠤ ᠴᠢᠳᠠᠪᠤᠷᠢ  ᠶᠢ ᠲᠡᠭᠡᠭᠰᠢᠯᠡᠭᠦᠯᠵᠦ ᠂ ᠠᠵᠢᠯᠯᠠᠭ᠎ᠠ  ᠶᠢ ᠰᠠᠶᠢᠵᠢᠷᠠᠭᠤᠯᠤᠨ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠷᠬᠦᠯᠵᠢ  ᠶᠡᠬᠡ ᠢᠨᠢᠶᠡᠬᠦ  ᠨᠢ ᠠᠭᠤᠰᠬᠢ  ᠶᠢᠨ ᠴᠢᠳᠠᠪᠤᠷᠢ  ᠶᠢ ᠲᠡᠭᠡᠭᠰᠢᠯᠡᠬᠦᠯᠦᠨ᠂ ᠵᠢᠷᠦᠬᠡᠨ  ᠤ ᠬᠦᠴᠢᠯᠳᠦᠷᠦᠭᠴᠢ ᠲᠤᠳᠠᠬᠤ  ᠶᠢ ᠰᠡᠷᠬᠡᠢ᠋ᠯᠡᠵᠤ ᠂ ᠬᠠᠨᠢᠶᠠᠵᠤ ᠠᠭᠰᠠᠬᠤ ᠪᠠ ᠠᠭᠤᠰᠬᠢᠨ ᠬᠠᠪᠤᠳᠠᠷ  ᠢ ᠵᠠᠰᠠᠬᠤ  ᠳᠤ ᠲᠤᠰᠠᠳᠠᠢ ᠂ ᠢᠨᠢᠶᠡᠬᠦ  ᠨᠢ ᠴᠡᠭᠡᠵᠢ ᠪᠠ ᠬᠡᠪᠡᠯᠢ  ᠶᠢᠨ ᠬᠡᠰᠡᠭ  ᠤᠨ ᠮᠠᠰᠢ ᠰᠠᠶᠢᠨ ᠲᠠᠮᠢᠷ ᠮᠦᠨ ᠃

4. ᠰᠢᠩᠬᠡᠬᠡᠯᠳᠠ  ᠶᠢ ᠰᠠᠶᠢᠵᠢᠷᠠᠭᠤᠯᠤᠨ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠨᠢᠶᠡᠬᠦ ᠪᠤᠯ  ᠨᠢᠬᠡ ᠵᠦᠢᠯ  ᠤᠨ ᠮᠠᠰᠢ ᠰᠠᠶᠢᠨ ᠰᠢᠩᠬᠡᠬᠡᠯᠳᠠ  ᠶᠢᠨ ᠡᠮ ᠮᠦᠨ ᠃ ᠢᠨᠢᠶᠡᠬᠦ ᠦᠶᠡᠰ ᠲᠤᠳᠤᠷ᠎ᠠ ᠡᠷᠬᠡᠳᠡᠨ ᠪᠦᠷ ᠬᠦᠳᠡᠯᠬᠡᠬᠡᠨ ᠲᠠᠮᠢᠷ ᠬᠢᠵᠤ ᠂ ᠰᠠᠶᠢᠨ ᠰᠠᠶᠢᠬᠠᠨ ᠰᠡᠳᠬᠢᠯᠬᠡ  ᠶᠢᠨ ᠠᠵᠢᠯᠯᠠᠭ᠎ᠠ ᠡᠭᠦᠰᠬᠦ ᠦᠶᠡᠰ ᠬᠤᠳᠤᠭᠤᠳᠤᠨ ᠰᠢᠩᠬᠡᠨ ᠠᠷᠪᠢᠳᠴᠦ ᠂ ᠰᠢᠩᠬᠡᠬᠡᠯᠳᠠ ᠰᠠᠶᠢᠵᠢᠷᠠᠨ ᠂ ᠢᠳᠡᠰᠢᠨ ᠲᠤᠷᠠᠰᠢᠯ  ᠨᠡᠮᠡᠭᠳᠡᠵᠤ ᠂ ᠰᠢᠨ᠎ᠠ ᠬᠠᠭᠤᠴᠢᠨ  ᠤ ᠰᠤᠯᠢᠯᠴᠠᠭ᠎ᠠ  ᠶᠢ ᠠᠬᠢᠭᠤᠯᠤᠨ᠎ᠠ ᠃

5 ᠂ ᠮᠠᠷᠢᠶ᠎ᠠ ᠰᠢᠭᠤᠷᠠᠭᠤᠯᠤᠨ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠠᠬᠡ ᠢᠨᠢᠶᠡᠬᠦ ᠦᠶᠡᠰ ᠂ ᠪᠡᠶ᠎ᠠ  ᠶᠢᠨ ᠡᠯ᠎ᠡ ᠬᠡᠰᠡᠭ  ᠤᠨ 80 ᠪᠦᠯᠦᠭ ᠪᠤᠯᠴᠢᠩ ᠬᠦᠳᠡᠯᠬᠡᠬᠡᠨ  ᠳᠤ ᠤᠷᠤᠯᠴᠠᠵᠤ ᠂  ᠨᠢᠬᠡ ᠮᠢᠨᠦᠲ ᠢᠨᠢᠶᠡᠬᠦ  ᠨᠢ 45 ᠮᠢᠨᠦᠲ ᠬᠦᠳᠡᠯᠬᠡᠬᠡᠨ ᠬᠢᠭᠰᠡᠨ  ᠲᠠᠢ ᠲᠡᠩᠴᠡᠨ᠎ᠠ ᠃ ᠲᠠᠷᠤᠢ ᠢᠨᠢᠶᠡᠬᠦ ᠦᠶᠡᠰ ᠢᠨᠢᠶᠡᠬᠦ ᠦᠬᠡᠢ ᠦᠶ᠎ᠠ  ᠡᠴᠡ 20% ᠢᠯᠡᠬᠦᠦ ᠢᠯᠴᠢ  ᠤᠨ ᠬᠡᠮᠵᠢᠶ᠎ᠠ ᠬᠤᠷᠤᠭᠳᠠᠨ᠎ᠠ ᠂ ᠬᠡᠷᠪᠡ ᠡᠳᠦᠷ ᠪᠦᠷᠢ ᠪᠠᠶᠠᠷ ᠪᠠᠬᠠᠳᠤᠯ  ᠲᠠᠢ  ᠪᠡᠷ 10 ᠁ 15 ᠮᠢᠨᠦᠲ ᠢᠨᠢᠶᠡᠮᠰᠦᠭᠯᠡᠪᠡᠯ 50 ᠺᠢᠯᠦᠺᠠᠯᠦᠷᠢ ᠢᠯᠴᠢ ᠬᠤᠷᠤᠭᠳᠠᠨ᠎ᠠ ᠂ ᠢᠩᠬᠢᠪᠡᠯ  ᠨᠢᠬᠡ ᠵᠢᠯ  ᠳᠤ ᠪᠡᠶ᠎ᠠ  ᠶᠢᠨ ᠬᠦᠨᠳᠦ 2 ᠺᠢᠯᠦᠭᠷᠡᠮ ᠪᠠᠭᠤᠷᠠᠨ᠎ᠠ ᠃

6. ᠰᠡᠳᠬᠢᠯ  ᠤᠨ ᠲᠠᠷᠤᠭᠠᠰᠤ  ᠲᠠᠢ᠋ᠯᠤᠭᠳᠠᠨ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠨᠢᠶᠡᠬᠦ ᠪᠤᠯ ᠬᠠᠮᠤᠭ  ᠤᠨ ᠰᠠᠶᠢᠨ  ᠲᠠᠢ᠋ᠪᠤᠰᠢᠷᠠᠭᠤᠯᠬᠤ ᠠᠷᠭ᠎ᠠ ᠮᠦᠨ ᠃ ᠬᠠᠭᠤᠷᠮᠠᠭ ᠢᠨᠢᠶᠡᠬᠦ ᠪᠠ ᠵᠢᠩᠬᠢᠨᠢ ᠢᠨᠢᠶᠡᠬᠦ ᠦᠢᠯᠡᠳᠦᠯ  ᠨᠢ ᠠᠳᠠᠯᠢ ᠃ ᠬᠠᠭᠤᠷᠮᠠᠭ ᠢᠨᠢᠶᠡᠬᠦ  ᠶᠢᠨ ᠲᠠᠭᠠᠤ ᠵᠢᠩᠬᠢᠨᠢ ᠢᠨᠢᠶᠡᠬᠦ  ᠳᠤ ᠬᠦᠷᠳᠡᠭ ᠃

(1) ᠡᠷᠡᠬᠦᠯ ᠴᠢᠬᠢᠷᠠᠭ ᠰᠡᠳᠬᠢᠯᠬᠡ  ᠲᠠᠢ ᠪᠤᠯᠤᠨ᠎ᠠ ᠃

(2) ᠮᠡᠳᠡᠷᠡᠯ  ᠤᠨ ᠪᠠᠴᠢᠮᠳᠠᠯ  ᠢ ᠦᠬᠡᠢ᠋ᠰᠬᠡᠨ᠎ᠠ ᠃

(3) ᠪᠤᠯᠴᠢᠩ ᠰᠢᠷᠪᠤᠰᠤ  ᠶᠢ ᠰᠤᠯᠠᠷᠠᠭᠤᠯᠤᠨ᠎ᠠ ᠃

(4) ᠢᠯᠡᠬᠦᠴᠡ ᠪᠤᠳᠤᠯ ᠵᠠᠮᠬᠠᠷᠠᠨ᠎ᠠ ᠃

(5) ᠪᠤᠬᠢᠨᠢᠳᠤᠯ  ᠲᠠᠢ᠋ᠯᠤᠭᠳᠠᠨ᠎ᠠ ᠃

(6) ᠰᠡᠳᠬᠢᠯ  ᠤᠨ ᠲᠠᠷᠤᠭᠠᠰᠤ ᠬᠦᠩᠬᠡᠷᠡᠨ᠎ᠡ ᠃

(7) ᠢᠴᠢᠵᠤ ᠰᠢᠷᠪᠡᠬᠡᠳᠦᠬᠦ ᠂ ᠡᠮᠢᠶᠡᠬᠦ ᠵᠡᠷᠭᠡ ᠰᠡᠳᠬᠢᠯ  ᠤᠨ ᠬᠦᠯᠢᠶᠡᠰᠦᠯᠡᠯ  ᠡᠴᠡ  ᠲᠠᠢ᠋ᠯᠤᠭᠳᠠᠨ᠎ᠠ ᠃

(8) ᠬᠦᠮᠦᠨ ᠬᠦᠮᠦᠨ  ᠤ ᠬᠤᠭᠤᠷᠤᠨᠳᠤᠬᠢ ᠬᠠᠷᠢᠴᠠᠭ᠎ᠠ ᠰᠠᠶᠢᠵᠢᠷᠠᠨ᠎ᠠ ᠃

(9) ᠵᠤᠯ ᠪᠤᠰᠤ  ᠶᠠᠪᠤᠳᠠᠯ ᠤᠴᠢᠷ ᠮᠠᠷᠳᠠᠭᠳᠠᠵᠤ ᠂ ᠰᠠᠶᠢᠨ ᠰᠠᠶᠢᠬᠠᠨ ᠢᠷᠡᠬᠡᠳᠦᠢ  ᠲᠠᠢ ᠪᠤᠯᠤᠨ᠎ᠠ ᠃

(10 ) ᠵᠦᠢᠯ ᠪᠦᠷᠢ  ᠶᠢᠨ ᠵᠤᠪᠠᠨᠢᠯ ᠠᠷᠢᠯᠤᠨ᠎ᠠ ᠃

ᠠᠵᠤ ᠠᠮᠢᠳᠤᠷᠠᠯ ᠂ ᠰᠡᠳᠬᠢᠯ  ᠤᠨ ᠲᠠᠷᠤᠭᠠᠰᠤ  ᠨᠡᠮᠡᠭᠳᠡᠬᠦ ᠦᠶᠡᠰ ᠲᠤᠯᠢᠨ  ᠳᠤ ᠵᠢᠰᠦ  ᠪᠡᠨ ᠦᠵᠡᠵᠤ ᠢᠨᠢᠶᠡᠬᠡᠷᠠᠢ !

7. ᠤᠷᠳᠤ  ᠨᠠᠰᠤᠯᠠᠬᠤ ᠵᠤᠷ ᠮᠦᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠷᠬᠦᠯᠵᠢ ᠢᠨᠢᠶᠡᠵᠤ ᠠᠮᠢᠳᠤᠷᠠᠳᠠᠭ ᠬᠦᠮᠦᠨ ᠪᠠ ᠦᠷᠬᠦᠯᠵᠢ ᠠᠮᠢᠳᠤᠷᠠᠯ ᠳᠠᠭᠠᠨ ᠤᠷᠮ᠎ᠠ ᠦᠬᠡᠢ ᠬᠦᠮᠦᠨ  ᠢ ᠬᠠᠷᠢᠴᠠᠭᠤᠯᠪᠠᠯ ᠦᠷᠬᠦᠯᠵᠢ ᠢᠨᠢᠶᠡᠵᠤ ᠠᠮᠢᠳᠤᠷᠠᠳᠠᠭ ᠬᠦᠮᠦᠨ  ᠤ ᠦᠬᠦᠯ  ᠤᠨ  ᠨᠤᠷᠮ᠎ᠠ  ᠨᠢ 45% ᠲᠤᠤᠷ᠎ᠠ ᠪᠠᠢ᠋ᠳᠠᠭ ᠃  ᠨᠡᠩ  ᠴᠦ ᠵᠢᠷᠦᠬᠡ ᠰᠤᠳᠠᠯ  ᠤᠨ ᠡᠪᠡᠳᠴᠢᠨ  ᠲᠠᠢ ᠬᠦᠮᠦᠨ  ᠤ ᠦᠬᠦᠯ  ᠤᠨ  ᠨᠤᠷᠮ᠎ᠠ 77 % ᠲᠤᠤᠷ᠎ᠠ ᠪᠠᠢ᠋ᠳᠠᠭ ᠃

8. ᠰᠢᠬᠢᠷ ᠰᠢᠵᠢᠭ ᠡᠪᠡᠳᠴᠢᠨ  ᠲᠤ ᠲᠤᠰᠠᠳᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠮᠤᠭ  ᠤᠨ ᠰᠢᠨ᠎ᠡ ᠰᠢᠨᠵᠢᠯᠡᠬᠦ ᠤᠬᠠᠭᠠᠨ  ᠤ ᠲᠤᠷᠰᠢᠯᠳᠠ  ᠪᠠᠷ ᠰᠢᠬᠢᠷ ᠰᠢᠵᠢᠭ ᠡᠪᠡᠳᠴᠢᠨ  ᠲᠠᠢ ᠬᠦᠮᠦᠨ ᠬᠡᠷᠪᠡ ᠦᠷᠬᠦᠯᠵᠢ ᠢᠨᠢᠶᠡᠬᠦ ᠠᠵᠢᠯᠯᠠᠭᠠᠨ  ᠳᠤ ᠤᠷᠤᠯᠴᠠᠪᠠᠯ ᠴᠢᠰᠦᠨ  ᠤ ᠰᠢᠬᠢᠷ  ᠤᠨ ᠬᠡᠮᠵᠢᠶ᠎ᠠ  ᠨᠢ ᠲᠤᠷᠤᠭᠰᠢᠯᠠᠳᠠᠭ ᠭᠡᠳᠡᠭ  ᠢ ᠬᠡᠷᠡᠴᠢᠯᠡᠵᠠᠢ ᠃

9. ᠲᠠᠭᠰᠢᠭᠤᠷ  ᠢ ᠰᠡᠷᠬᠡᠢ᠋ᠯᠡᠨ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠨᠢᠶᠡᠬᠦ ᠦᠶᠡᠰ ᠰᠢᠯᠦᠰᠦ ᠪᠠ ᠪᠦᠬᠦᠢ᠋ᠯᠡ ᠠᠮᠠ ᠂ ᠬᠤᠭᠤᠯᠠᠢ ᠂ ᠬᠠᠮᠠᠷ  ᠤᠨ ᠬᠡᠰᠡᠭ  ᠤᠨ免疫血清素A ᠬᠡᠮᠡᠬᠦ ᠡᠳ᠋   ᠦᠨ ᠦᠳᠬᠡᠴᠠ  ᠨᠢ  ᠨᠡᠮᠡᠭᠳᠡᠨ᠎ᠠ ᠃ ᠡᠨᠡᠬᠦ ᠡᠳ᠋  ᠨᠢ ᠲᠠᠭᠰᠢᠭᠤᠷ ᠬᠦᠷᠴᠦ ᠬᠠᠨᠢᠶᠠᠬᠤ ᠂ ᠬᠤᠭᠤᠯᠠᠢ ᠡᠪᠡᠳᠬᠦ ᠂ ᠬᠠᠯᠳᠠᠪᠤᠷᠢᠳᠤ ᠴᠢᠨᠠᠷᠳᠠᠢ ᠲᠠᠭᠰᠢᠭᠤᠷ ᠵᠡᠷᠭᠡ  ᠶᠢ ᠰᠡᠷᠬᠡᠢ᠋ᠯᠡᠬᠦ ᠦᠢᠯᠡᠳᠦᠯ  ᠲᠠᠢ ᠃

10. ᠬᠤᠤᠷᠳᠤ ᠬᠠᠪᠤᠳᠠᠷ  ᠢ ᠡᠰᠡᠷᠬᠦᠴᠡᠬᠦ ᠴᠢᠳᠠᠪᠤᠷᠢ  ᠶᠢ  ᠨᠡᠮᠡᠭᠳᠡᠬᠦᠯᠦᠨ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠸᠷᠢᠺᠡ  ᠶᠢᠨ ᠰᠢᠨᠵᠢᠯᠡᠬᠦ ᠤᠬᠠᠭᠠᠨᠳᠠᠨ  ᠤ ᠰᠢᠨ᠎ᠡ ᠰᠤᠳᠤᠯᠭᠠᠨ  ᠤ ᠳ᠋ᠦᠩ  ᠡᠴᠡ ᠦᠵᠡᠪᠡᠯ ᠬᠦᠮᠦᠰ ᠢᠨᠢᠶᠡᠬᠦ ᠦᠶᠡᠰ ᠪᠡᠶ᠎ᠠ  ᠶᠢᠨ ᠲᠤᠳᠤᠭᠠᠳᠤ  ᠶᠢᠨ ᠢᠳᠡᠭᠴᠢ ᠡᠰ  ᠨᠡᠮᠡᠭᠳᠡᠨ᠎ᠠ ᠃ ᠡᠨᠡᠬᠦ ᠡᠰ  ᠨᠢ ᠬᠤᠤᠷᠳᠤ ᠬᠠᠪᠤᠳᠠᠷ  ᠤᠨ ᠡᠰ  ᠢ ᠢᠳᠡᠪᠬᠢᠳᠠᠢ  ᠪᠡᠷ ᠤᠰᠠᠳᠬᠠᠳᠠᠭ ᠃

11. ᠪᠤᠯᠴᠢᠩ ᠰᠢᠷᠪᠤᠰᠤ  ᠶᠢᠨ  ᠶᠠᠳᠠᠷᠠᠯ  ᠲᠠᠢ᠋ᠯᠤᠭᠳᠠᠨ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠳᠤ ᠬᠤᠭᠤᠴᠠᠭ᠎ᠠ  ᠪᠡᠷ ᠠᠯᠪᠠᠨ ᠰᠢᠷᠡᠬᠡᠨ  ᠳᠤ ᠰᠠᠭᠤᠵᠤ ᠠᠵᠢᠯᠯᠠᠳᠠᠭ ᠬᠦᠮᠦᠰ ᠪᠤᠶᠤ ᠵᠦᠪᠬᠡᠨ  ᠨᠢᠬᠡᠯᠡ ᠲᠦᠷᠦᠯ  ᠤᠨ ᠬᠦᠳᠡᠯᠬᠡᠬᠡᠨ ᠬᠢᠵᠤ ᠠᠵᠢᠯᠯᠠᠳᠠᠭ ᠬᠦᠮᠦᠰ ᠦᠷᠬᠦᠯᠵᠢ ᠲᠠᠯᠤ ᠮᠦᠷᠦ ᠂ ᠬᠦᠵᠦᠬᠦᠦ ᠰᠡᠬᠡᠷ ᠂  ᠨᠢᠷᠤᠭᠤ ᠡᠪᠡᠳᠳᠡᠭ ᠃ ᠢᠨᠢᠶᠡᠬᠦ ᠠᠷᠭ᠎ᠠ  ᠪᠡᠷ ᠡᠳᠡᠬᠡᠷ ᠪᠠᠢ᠋ᠳᠠᠯ  ᠢ ᠪᠠᠭᠠᠰᠬᠠᠵᠤ ᠪᠤᠯᠤᠨ᠎ᠠ ᠃

12. ᠵᠢᠰᠦ ᠭᠤᠶᠤᠯᠠᠬᠤ ᠦᠢᠯᠡᠳᠦᠯ  ᠲᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠨᠢᠶᠡᠬᠦ ᠦᠶᠡᠰ  ᠨᠢᠭᠤᠷ ᠴᠢᠷᠠᠢ  ᠶᠢᠨ ᠪᠤᠯᠴᠢᠩ ᠰᠤᠨᠤᠵᠤ ᠠᠪᠴᠢᠨ ᠂ ᠬᠠᠷᠢᠮᠠᠬᠠᠢ ᠴᠢᠨᠠᠷᠳᠠᠢ ᠪᠤᠯᠵᠤ ᠂ ᠴᠢᠰᠤᠨ ᠡᠷᠬᠢᠯᠳᠠ ᠰᠠᠢ᠋ᠵᠢᠷᠠᠭᠰᠠᠨ  ᠡᠴᠡ ᠪᠤᠯᠵᠤ ᠂ ᠴᠢᠷᠠᠢ  ᠶᠢᠨ ᠠᠷᠠᠰᠤ  ᠶᠢᠨ ᠲᠤᠤᠷ᠎ᠠ  ᠨᠢᠭᠤᠭᠳᠠᠵᠤ ᠪᠠᠢ᠋ᠭ᠎ᠠ ᠬᠠᠶᠠᠭᠳᠠᠮᠠᠯ ᠪᠤᠳᠠᠰ  ᠢ ᠭᠠᠳᠠᠭᠰᠢᠯᠠᠭᠤᠯᠵᠤ ᠂ ᠴᠢᠷᠠᠢ  ᠶᠢᠨ ᠠᠷᠠᠰᠤᠨ  ᠤ ᠴᠢᠨᠠᠷ  ᠢ ᠰᠠᠢ᠋ᠵᠢᠷᠠᠭᠤᠯᠤᠨ ᠵᠢᠰᠤ ᠦᠩᠬᠡ  ᠶᠢ ᠭᠤᠶᠤᠯᠢᠭ ᠪᠤᠯᠭᠠᠳᠠᠭ ᠃

     ᠦᠷᠬᠦᠯᠵᠢ ᠢᠨᠢᠶᠡᠪᠡᠯ ᠢᠯᠡᠬᠦᠦ ᠠᠷᠪᠠ  ᠨᠠᠰᠤᠯᠠᠨ᠎ᠠ ᠃

13. ᠴᠢᠰᠤᠨ ᠲᠠᠷᠤᠯᠳᠠ  ᠶᠢ ᠪᠠᠭᠤᠷᠠᠭᠤᠯᠬᠤ ᠦᠢᠯᠡᠳᠦᠯ  ᠲᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠨᠢᠶᠡᠬᠦ ᠦᠶᠡᠰ ᠢᠯᠭᠠᠷᠠᠭᠤᠯᠵᠤ ᠭᠠᠷᠭᠠᠭᠰᠠᠨ B—内啡肽 ᠡᠳ᠋ ᠨᠢ ᠴᠢᠰᠤᠨ ᠰᠤᠳᠠᠯ  ᠤᠨ ᠬᠠᠨ᠎ᠠ  ᠶᠢ ᠰᠤᠯᠠᠳᠬᠠᠵᠤ ᠵᠠᠰᠠᠬᠤ ᠦᠢᠯᠡᠳᠦᠯ  ᠲᠠᠢ ᠃ ᠦᠷᠬᠦᠯᠵᠢ ᠢᠨᠢᠶᠡᠪᠡᠯ ᠴᠢᠰᠤᠨ ᠲᠠᠷᠤᠯᠳᠠ ᠦᠨᠳᠦᠷ ᠡᠪᠡᠳᠴᠢᠨ  ᠲᠠᠢ ᠬᠦᠮᠦᠰ  ᠲᠤ ᠲᠤᠰᠠᠳᠠᠢ ᠃

ᠦᠷᠬᠦᠯᠵᠢ ᠢᠨᠢᠶᠡᠬᠦ ᠵᠠᠩᠰᠢᠯ  ᠢ ᠬᠡᠷᠬᠢᠡ ᠪᠤᠢ ᠪᠤᠯᠭᠠᠬᠤ ᠪᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠨᠢᠶᠡᠬᠦ ᠪᠤᠯ ᠲᠦᠷᠦᠯᠬᠢ ᠴᠢᠨᠠᠷ ᠂ ᠬᠡᠪᠡᠴᠦ ᠦᠷᠬᠦᠯᠵᠢ ᠢᠨᠢᠶᠡᠬᠦ ᠵᠠᠩᠰᠢᠯ  ᠢ ᠪᠤᠢ ᠪᠤᠯᠭᠠᠶ᠎ᠠ ᠬᠡᠪᠡᠯ 《 ᠪᠡᠯᠡ ᠤᠷᠤᠭᠤᠯᠤᠯᠳᠠ 》 ᠬᠢᠬᠦ ᠬᠡᠷᠡᠭᠳᠠᠢ ᠃

1. ᠢᠨᠢᠶᠡᠬᠦ ᠲᠤᠷᠠᠳᠠᠢ ᠬᠦᠮᠦᠨ  ᠲᠠᠢ  ᠨᠦᠬᠦᠷᠯᠡᠵᠦ  ᠶᠠᠪᠤᠭᠠᠷᠠᠢ ︕

2. ᠢᠨᠢᠶᠡᠳᠦᠮ ᠱᠤᠭ  ᠲᠠᠢ ᠵᠦᠢᠯᠡᠰ  ᠢ ᠴᠤᠭᠯᠠᠭᠤᠯᠵᠤ ᠪᠠᠢ᠋ᠬᠤ  ᠶᠢ ᠠᠩᠬᠠᠷᠬᠤ ᠬᠡᠷᠡᠭᠳᠠᠢ ︕

3. ᠢᠨᠢᠶᠡᠳᠦᠮ  ᠲᠠᠢ ᠺᠢᠨᠥ ᠂ ᠵᠦᠴᠦᠬᠡ ᠵᠡᠷᠬᠡ ᠤᠷᠠᠨ ᠪᠦᠳᠦᠬᠡᠯ  ᠢ ᠰᠤᠨᠢᠷᠬᠠᠵᠦ ᠪᠠᠢ᠋ᠭᠠᠷᠠᠢ ︕

4. ᠢᠨᠢᠶᠡᠬᠦ ᠲᠤᠭᠯᠠᠭᠠᠮ ᠪᠠ ᠠᠵᠢᠯᠯᠠᠭᠠᠨ  ᠳᠤ ᠦᠷᠭᠦᠯᠵᠢ ᠤᠷᠤᠯᠴᠠᠨ᠎ᠠ ︕

5. ᠮᠠᠰᠢ ᠬᠦᠴᠦ ᠤᠷᠤᠭᠤᠯᠵᠤ ᠢᠨᠢᠶᠡᠬᠦ ᠪᠤᠯᠪᠠᠰᠤᠷᠠᠯ ᠬᠦᠷᠳᠡᠬᠦ ᠬᠡᠷᠡᠭᠳᠠᠢ ︕

ᠠᠮᠢᠳᠤᠷᠠᠯ ᠳᠠᠭᠠᠨ ᠦᠷᠬᠦᠯᠵᠢ ᠢᠨᠢᠶᠡᠮᠰᠦᠭᠯᠡᠵᠤ ᠪᠠᠢ᠋ᠭᠠᠷᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠨᠢᠶᠡᠬᠦ ᠲᠦᠷᠦᠯ ᠵᠦᠢᠯ ᠮᠠᠰᠢ ᠠᠷᠪᠢᠨ ᠪᠠᠢ᠋ᠳᠠᠭ ᠃ ᠲᠡᠬᠦᠨ  ᠤ ᠲᠤᠳᠤᠷ᠎ᠠ ᠬᠠᠮᠤᠭ  ᠤᠨ ᠭᠤᠶᠤ ᠢᠨᠢᠶᠡᠬᠦ ᠪᠤᠯ ᠢᠨᠢᠶᠡᠮᠰᠦᠭᠯᠡᠬᠦ ᠪᠤᠯᠤᠨ᠎ᠠ ᠃ ᠬᠦᠮᠦᠨ  ᠤ ᠠᠮᠢᠳᠤᠷᠠᠯ  ᠤᠨ ᠵᠠᠮ ᠮᠤᠷᠤᠢ ᠰᠠᠷᠤᠢ ᠡᠩᠬᠡᠯ ᠲᠤᠩᠬᠤᠯ  ᠲᠠᠢ ᠂ ᠵᠢᠷᠭᠠᠯ ᠵᠤᠪᠠᠯᠠᠩ ᠬᠠᠮᠳᠤ ᠳᠠᠭᠠᠨ ᠤᠷᠤᠰᠢᠳᠠᠭ ᠃ ᠬᠦᠮᠦᠰ ᠪᠦᠬᠦᠢ᠋ᠯᠡ  ᠨᠡᠢ᠋ᠬᠡᠮ ᠠᠮᠢᠳᠤᠷᠠᠯ ᠳᠠᠭᠠᠨ ᠢᠨᠢᠶᠡᠮᠰᠦᠭᠯᠡᠩᠬᠦᠢ ᠲᠦᠷᠢ  ᠪᠡᠷ ᠬᠠᠨᠳᠤᠬᠤ ᠬᠡᠳᠡᠭ ᠪᠤᠯ ᠮᠠᠰᠢ ᠴᠢᠬᠤᠯᠠ ᠪᠦᠬᠡᠳ ᠬᠦᠴᠢᠷ  ᠶᠠᠪᠤᠳᠠᠯ ᠪᠤᠯᠬᠤ  ᠶᠤᠮ ᠃ ᠡᠢ᠋ᠮᠦ  ᠠᠴᠠ  ᠶᠠᠭᠤ ᠪᠤᠯᠭᠠᠨ  ᠳᠦ ᠢᠨᠢᠶᠡᠮᠰᠦᠩᠭᠦᠢ ᠬᠠᠨᠳᠤᠬᠤ  ᠪᠠᠷ ᠴᠢᠷᠮᠠᠢ᠋ᠬᠤ ᠬᠡᠷᠡᠭᠳᠡᠢ ᠃  ᠨᠡᠢ᠋ᠭᠡᠮ ᠲᠡᠭᠡᠷᠡᠬᠢ ᠢᠨᠢᠶᠡᠬᠦ  ᠨᠡᠢ᠋ᠭᠡᠮᠯᠢᠭ ᠪᠤᠶᠤ ᠢᠨᠢᠶᠡᠬᠦ ᠪᠤᠯᠪᠠᠰᠤᠷᠠᠯ  ᠤᠨ ᠠᠩᠬᠢ  ᠳᠦ ᠤᠷᠤᠯᠴᠠᠵᠤ ᠂ ᠢᠨᠢᠶᠡᠬᠦ  ᠶᠢᠨ ᠤᠬᠠᠭᠠᠨ  ᠢ ᠰᠤᠷᠤᠯᠴᠠᠬᠤ ᠴᠢᠬᠤᠯᠠᠳᠠᠢ ᠃

ᠢᠨᠢᠶᠡᠮᠰᠦᠭᠯᠡᠬᠦ ᠪᠤᠯ ----- ᠮᠡᠨᠳᠤᠴᠢᠯᠠᠯ ᠮᠦᠨ ---- ᠠᠭᠤᠴᠢᠯᠠᠯ  ᠶᠤᠮ ---- ᠵᠤᠷᠢᠭᠵᠢᠭᠤᠯᠤᠯ ᠪᠢᠯᠡ ---- ᠲᠤᠬᠢᠨᠠᠭᠤᠯᠤᠯ ᠰᠢᠦ

ᠢᠨᠢᠶᠡᠮᠰᠦᠭᠯᠡᠯ ᠪᠤᠯ----- ᠬᠦᠨᠳᠤᠳᠬᠡᠯ ᠬᠠᠢ᠋ᠷ᠎ᠠ ---- ᠠᠭᠤᠵᠢᠮ ᠰᠠᠨᠠᠭ᠎ᠠ ---- ᠤᠷᠠᠯᠢᠭ --- ᠬᠦᠴᠦᠨ ᠴᠢᠳᠠᠯ---ᠮᠠᠭᠳᠠᠭᠠᠯ ᠰᠠᠢ᠋ᠰᠢᠶᠠᠯ ----ᠬᠦᠰᠡᠯ ᠡᠷᠡᠮᠡᠯᠵᠡᠯᠡᠯ ----ᠤᠨᠳᠤᠷᠤᠮᠠᠯ ᠪᠤᠯᠠᠭ----ᠢᠳᠡᠬᠡᠯ ᠪᠢᠰᠢᠷᠡᠯ-----ᠬᠤᠷ᠎ᠠ ᠪᠤᠷᠤᠭᠠᠨ ----- ᠵᠤᠯ ᠵᠢᠷᠭᠠᠯ ᠮᠦᠨ ᠃

ᠲᠤᠤᠷᠠᠬᠢ ᠵᠤᠢ᠋ᠯᠡᠰ  ᠢ ᠠᠩᠬᠠᠷᠤᠯ ᠳᠠᠭᠠᠨ ᠠᠪᠬᠤ ᠬᠡᠷᠡᠭᠳᠡᠢ

( 1 ) ᠪᠤᠳᠠᠳᠤ  ᠨᠠᠰᠤ  ᠪᠠᠨ ᠮᠠᠷᠳᠠᠨ ᠵᠠᠯᠠᠭᠤᠵᠢ ᠃

( 2 ) ᠦᠰᠢᠶ᠎ᠡ ᠬᠤᠷᠤᠰᠤᠯ  ᠢᠶᠠᠨ ᠮᠠᠷᠳᠠᠵᠤ ᠂ ᠪᠤᠰᠤᠳ  ᠢ ᠠᠭᠤᠴᠢᠯᠠᠨ ᠦᠷᠦᠰᠢᠶᠡᠵᠦ ᠲᠤᠰᠠᠯᠠ ᠃

( 3 ) ᠭᠠᠰᠢᠭᠤᠨ ᠡᠮᠬᠢᠨᠡᠯ  ᠢᠶᠠᠨ ᠮᠠᠷᠳᠠᠵᠤ ᠂ ᠠᠮᠢ  ᠨᠠᠰᠤᠨ  ᠤ ᠵᠢᠮ᠎ᠡ ᠬᠠᠤᠯᠢ  ᠶᠢ ᠵᠦᠪ  ᠢᠶᠠᠷ ᠤᠢ᠋ᠯᠠᠭ᠎ᠠ ᠃

( 4 ) ᠠᠭᠤᠷ ᠤᠴᠠᠭᠠᠷᠯᠠᠯ  ᠢᠶᠠᠨ ᠮᠠᠷᠳᠠᠵᠤ ᠂ ᠰᠠᠳᠬᠢᠯ ᠰᠠᠨᠠᠭ᠎ᠠ  ᠪᠠᠨ ᠠᠭᠤᠵᠢᠭᠤ ᠲᠠᠯᠪᠢ ᠃

( 5 ) ᠵᠤᠪᠠᠭᠤᠷᠢ ᠵᠦᠳᠡᠭᠦᠷᠢ  ᠪᠠᠨ ᠮᠠᠷᠳᠠᠵᠤ ᠂ ᠰᠠᠶᠢᠨ ᠰᠠᠶᠢᠬᠠᠨ  ᠢ ᠬᠦᠰᠡ ᠃

( 6 ) ᠵᠠᠨᠤᠯ ᠭᠡᠮᠰᠢᠯ  ᠢᠶᠠᠨ ᠮᠠᠷᠳᠠᠵᠤ ᠂ ᠦᠩᠭᠡᠷᠡᠭᠰᠡᠨ  ᠢᠶᠠᠨ ᠤᠷᠬᠢᠵᠤ ᠬᠠᠶᠠ ᠃

( 7 ) ᠡᠪᠡᠳᠴᠢᠨ ᠡᠮᠬᠡᠭ  ᠢᠶᠠᠨ ᠮᠠᠷᠳᠠᠵᠤ ᠂ ᠬᠡᠢ᠋ᠮᠤᠷᠢ ᠰᠦᠯᠳᠡ  ᠲᠠᠢ ᠪᠠᠢ ᠃

( 8 ) ᠨᠡᠷ᠎ᠡ ᠠᠰᠢᠭ  ᠢᠶᠠᠨ ᠮᠠᠷᠳᠠᠵᠤ ᠂  ᠨᠡᠢ᠋ᠳᠡ ᠤᠯᠠᠨ  ᠲᠠᠢ  ᠪᠠᠨ ᠬᠠᠮᠳᠤ ᠪᠠᠢ᠋ᠭᠠᠷᠠᠢ ᠃

ᠢᠨᠢᠶᠡᠬᠦ  ᠨᠡᠢ᠋ᠭᠡᠮᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠨᠢᠶᠡᠬᠦ  ᠨᠢ ᠬᠦᠮᠦᠨ  ᠤ ᠪᠡᠶ᠎ᠡ ᠰᠡᠳᠬᠢᠯ  ᠤᠨ ᠡᠷᠡᠭᠦᠯᠵᠢᠯ  ᠳᠦ ᠮᠠᠰᠢ ᠰᠠᠶᠢᠨ ᠡᠮᠴᠢᠯᠡᠭᠡᠨ  ᠤ ᠦᠢᠯᠡᠳᠦᠯ  ᠲᠠᠢ ᠭᠡᠳᠡᠭ  ᠢ ᠬᠦᠮᠦᠰ ᠡᠷᠳᠡ ᠰᠡᠷᠡᠵᠦ ᠮᠡᠳᠡᠭᠰᠡᠨ ᠪᠠᠢ᠋ᠨ᠎ᠠ ᠃ ᠬᠢᠳᠠᠳ ᠮᠤᠩᠭᠤᠯ ᠡᠮᠨᠡᠯᠭᠡ  ᠨᠢ ᠡᠷᠳᠡ  ᠠᠴᠠ ᠢᠨᠢᠶᠡᠬᠦ ᠵᠠᠰᠠᠯ  ᠶᠢ ᠬᠡᠪ  ᠤᠨ ᠵᠠᠰᠠᠯ  ᠲᠠᠢ  ᠪᠠᠨ ᠤᠶᠠᠯᠳᠤᠭᠤᠯᠤᠨ ᠡᠮᠴᠢᠯᠡᠭᠡᠨ  ᠤ ᠰᠠᠶᠢᠨ ᠦᠷ᠎ᠡ ᠳᠦᠩ  ᠢ ᠤᠯᠵᠤ ᠪᠠᠢ᠋ᠭᠰᠠᠨ ᠵᠢᠱᠢᠶ᠎ᠡ ᠮᠠᠰᠢ ᠤᠯᠠᠨ ᠪᠠᠢ᠋ᠳᠠᠭ ᠃ ᠤᠳᠤ ᠬᠦᠭᠵᠢᠭᠰᠡᠨ ᠤᠯᠤᠰ ᠤᠷᠤᠨ  ᠢᠶᠠᠷ ᠢᠨᠢᠶᠡᠬᠦ ᠵᠠᠰᠠᠯ  ᠢ ᠲᠤᠰᠬᠠᠢ  ᠨᠢᠭᠡ ᠲᠦᠷᠦᠯ  ᠤᠨ ᠡᠮᠴᠢᠯᠡᠭᠡᠨ  ᠤ ᠲᠦᠷᠦᠯ ᠵᠤᠢ᠋ᠯ ᠪᠤᠯᠭᠠᠨ ᠰᠤᠳᠤᠯᠵᠤ ᠬᠦᠭᠵᠢᠭᠦᠯᠵᠦ ᠪᠠᠢ᠋ᠨ᠎ᠠ ᠃ ᠢᠨᠢᠶᠡᠬᠦ ᠵᠠᠰᠠᠯ ᠭᠡᠵᠦ ᠬᠠᠮᠤᠭ ᠲᠡᠷᠢᠭᠦᠨ  ᠳᠦ ᠲᠤᠷᠠᠳᠤᠭᠰᠠᠨ ᠬᠦᠮᠦᠨ ᠪᠤᠯ ᠡᠨᠡᠳᠬᠡᠭ  ᠤᠨ  ᠨᠡᠷᠡᠳᠤ ᠡᠮᠴᠢ ᠮᠠᠳᠠᠨ 》 ᠺᠠᠲᠠᠯᠢᠶᠠ(麻丹 》·卡塔利亚 ) ᠪᠤᠯᠤᠨ᠎ᠠ ᠃ ᠲᠡᠷᠡ ᠢᠨᠢᠶᠡᠬᠦ  ᠶᠤᠭ᠎ᠠ ( 笑瑜伽 ) ᠭᠡᠳᠡᠭ  ᠢ ᠡᠭᠦᠳᠴᠤ ᠂ ᠡᠪᠡᠳᠴᠢᠨ ᠵᠠᠰᠠᠭᠠᠳ ᠠᠮᠵᠢᠯᠳᠠ ᠤᠯᠵᠠᠢ ᠃ ᠠᠮᠸᠷᠢᠺᠠ ᠂ ᠭᠸᠷᠮᠠᠨ ᠂ ᠰᠢᠶᠠᠩᠭᠠᠩ ᠵᠡᠷᠭᠡ ᠬᠦᠭᠵᠢᠭᠰᠡᠨ ᠤᠯᠤᠰ ᠤᠷᠤᠨ  ᠢᠶᠠᠷ ᠮᠠᠰᠢ ᠤᠯᠠᠨ 《 ᠢᠨᠢᠶᠡᠬᠦ  ᠨᠡᠢ᠋ᠭᠡᠮᠯᠢᠭ 》 ᠪᠠᠢ᠋ᠵᠤ ᠂ ᠬᠦᠮᠦᠰ  ᠲᠤ ᠢᠨᠢᠶᠡᠬᠦ  ᠶᠢᠨ ᠤᠬᠠᠭᠠᠨ  ᠢ ᠵᠢᠭᠠᠵᠤ ᠦᠭᠳᠡᠭ ᠃ ᠬᠦᠮᠦᠰ ᠢᠨᠢᠶᠡᠬᠦ  ᠨᠡᠢ᠋ᠭᠡᠮᠯᠢᠭ  ᠤᠨ ᠠᠵᠢᠯᠯᠭᠠᠨ  ᠳᠦ ᠤᠷᠤᠯᠴᠠᠬᠤ  ᠪᠠᠷ ᠲᠠᠮᠵᠢᠵᠤ ᠂ ᠪᠡᠶ᠎ᠡ ᠰᠡᠳᠬᠢᠯ ᠡᠷᠡᠭᠦᠯ ᠰᠠᠷᠠᠭᠤᠯ ᠪᠤᠯᠵᠤ ᠂ ᠡᠪᠡᠳᠴᠢᠨ ᠡᠮᠵᠢᠭ  ᠠᠴᠠ  ᠪᠠᠨ ᠠᠩᠬᠢᠵᠢᠷᠠᠨ ᠂ ᠠᠮᠢᠳᠤᠷᠠᠯ ᠳᠠᠭᠠᠨ ᠪᠠᠶᠠᠷ ᠴᠡᠩᠬᠡᠯ  ᠲᠠᠢ ᠪᠤᠯᠵᠤ ᠂ ᠭᠡᠷ ᠪᠦᠯᠢ  ᠨᠠᠢ᠋ᠷᠠᠮᠳᠠᠭᠤ ᠵᠢᠷᠭᠠᠯ  ᠲᠠᠢ ᠪᠤᠯᠳᠠᠭ ᠪᠠᠢ᠋ᠨ᠎ᠠ ᠃ ᠡᠨᠡᠬᠦ ᠠᠵᠢᠯᠯᠠᠭ᠎ᠠ  ᠨᠢ ᠡᠪ ᠵᠤᠬᠢᠴᠠᠯ  ᠲᠠᠢ  ᠨᠡᠢ᠋ᠭᠡᠮ  ᠢ ᠪᠦᠳᠦᠭᠡᠨ ᠪᠠᠢ᠋ᠭᠤᠯᠬᠤ  ᠳᠦ ᠴᠢᠬᠤᠯᠠ ᠦᠢᠯᠡᠳᠦᠯ ᠦᠵᠡᠭᠦᠯᠦᠭᠰᠡᠨ ᠪᠠᠢ᠋ᠨ᠎ᠠ ᠃


ᠡᠰᠢᠯᠡᠯ

ᠤᠯᠤᠰ  ᠤᠨ ᠡᠷᠡᠭᠦᠯ ᠬᠠᠮᠠᠭᠠᠯᠠᠯ  ᠤᠨ ᠵᠦᠪᠯᠡᠭᠴᠢ ᠪᠠᠭᠰᠢ ᠮᠦᠨᠭᠬᠡ  ᠶᠢᠨ ᠡᠷᠡᠭᠦᠯ ᠮᠡᠨᠳᠦ  ᠶᠢᠨ ᠬᠢᠴᠢᠶᠡᠯ

百度百科

ᠪᠢᠴᠢᠭᠡᠰᠦ