ᠢᠨᠠᠵᠦᠮᠠ ᠷᠠᠶᠢᠭᠷᠣ᠋

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠢᠨᠠᠵᠦᠮᠠ ᠷᠠᠶᠢᠭᠷᠣ᠋

ᠢᠨᠠᠵᠦᠮᠠ ᠷᠠᠶᠢᠭᠷᠣ᠋ (ᠶᠠᠫᠣᠨ ᠢᠶᠠᠷ 稲妻雷五郎, いなづま らいごろう, 1802 - 1877 ᠣᠨ ᠤ 3 ᠰᠠᠷ᠎ᠠ ᠶᠢᠨ 29) ᠨᠢ ᠶᠠᠫᠣᠨᠢ ᠮᠡᠷᠭᠡᠵᠢᠯ ᠦᠨ ᠰᠦᠮᠣᠭᠢ ᠶᠢᠨ 7 ᠳᠠᠬᠢ ᠶᠣᠺᠣᠽᠦᠨᠠ (ᠠᠪᠤᠷᠭᠤ) ᠶᠤᠮ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠴᠢ ᠮᠤᠵᠢᠡᠶᠢᠨ ᠠᠪ ᠠᠴᠠᠺᠢ ᠲᠣᠰᠬᠣᠨ (ᠣᠳᠣ ᠶᠢᠨ ᠢᠪᠠᠷᠠᠺᠢ ᠮᠤᠵᠢ ᠶᠢᠨ ᠢᠨᠠᠰᠢᠺᠢ ᠬᠣᠲᠠ) ᠍ ᠤ ᠠᠭᠤᠭᠤᠯ᠃ 1795 ᠣᠨ ᠳᠤ ᠲᠦᠷᠦᠭᠰᠡᠨ ᠭᠡᠵᠦ ᠪᠢᠴᠢᠭᠰᠡᠨ ᠪᠠᠶᠢᠬᠤ ᠨᠢ ᠪᠤᠢ᠃ ᠵᠢᠩᠬᠢᠨᠢ ᠨᠡᠷ᠎ᠡ ᠨᠢ ᠨᠡᠮᠣᠲ᠋ᠣ ᠰᠠᠶᠢᠰᠦ᠋ᠺᠡ (根本才助). 188 ᠰᠠᠨᠲ᠋ᠢᠮᠧᠲ᠋ᠷ ᠥᠨᠳᠥᠷ᠂ 145 ᠺᠢᠯᠣᠭ᠍ᠷᠠᠮ ᠵᠢᠩ ᠲᠡᠢ ᠪᠠᠶᠢᠪᠠ᠃

1821 ᠣᠨ ᠤ 2 ᠰᠠᠷ᠎ᠠ ᠳᠤ ᠮᠠᠺᠦᠰᠢᠲ᠋ᠠ ᠵᠢᠩᠳᠠᠭᠠᠨ ᠵᠢᠨᠳᠠᠩ ᠳᠤ ᠮᠠᠺᠢᠨᠣᠰᠢᠮᠠ (槇ノ嶌) ᠬᠡᠮᠡᠬᠦ ᠱᠢᠺᠣᠨᠠᠲᠠᠶᠢᠭ᠎ᠠ ᠪᠠᠷ ᠪᠠᠷᠢᠯᠳᠤᠵᠤ ᠡᠬᠢᠯᠡᠵᠡᠢ᠃ 1824 ᠣᠨ ᠤ 10 ᠰᠠᠷ᠎ᠠ ᠳᠤ ᠳᠡᠭᠡᠳᠦ ᠵᠢᠨᠳᠠᠩ ᠳᠤ ᠳᠡᠪᠰᠢᠬᠦ ᠳᠦ ᠪᠡᠨ ᠱᠢᠺᠣᠨ᠎ᠠ ᠪᠠᠨ ᠢᠨᠠᠵᠦᠮᠠ ᠪᠣᠯᠭᠠᠵᠤ ᠰᠣᠯᠢᠪᠠ᠃

  • 1824 ᠣᠨ ᠤ 10 ᠰᠠᠷ᠎ᠠ - ᠪᠠᠷᠠᠭᠤᠨ ᠤ ᠮᠠᠠᠭᠠᠰᠢᠷᠠ 4: 7 ᠢᠯᠠᠯᠲᠠ᠂ 2 ᠥᠨᠵᠢᠭᠰᠡᠨ᠂ 1 ᠵᠣᠭᠰᠣᠭᠠᠭᠰᠠᠨ
  • 1825 ᠣᠨ ᠤ 1 ᠰᠠᠷ᠎ᠠ - ᠪᠠᠷᠠᠭᠤᠨ ᠤ ᠺᠣᠮᠡᠰᠦᠪᠢ: 5 ᠢᠯᠠᠯᠲᠠ᠂ 2 ᠢᠯᠠᠭᠳᠠᠯ᠂ 3 ᠥᠨᠵᠢᠭᠰᠡᠨ
  • 1825 ᠣᠨ ᠤ 10 ᠰᠠᠷ᠎ᠠ - ᠪᠠᠷᠠᠭᠤᠨ ᠤ ᠺᠣᠮᠡᠰᠦᠪᠢ: 8 ᠢᠯᠠᠯᠲᠠ᠂ 1 ᠢᠯᠠᠭᠳᠠᠯ᠂ 1 ᠥᠨᠵᠢᠭᠰᠡᠨ
  • 1826 ᠣᠨ ᠤ 1 ᠰᠠᠷ᠎ᠠ - ᠪᠠᠷᠠᠭᠤᠨ ᠤ ᠰᠡᠬᠢᠸᠠᠺᠢ: 6 ᠢᠯᠠᠯᠲᠠ᠂ 1 ᠢᠯᠠᠭᠳᠠᠯ᠂ 1 ᠲᠡᠩᠴᠡᠭᠡ᠂ 2 ᠥᠨᠵᠢᠭᠰᠡᠨ
  • 1826 ᠣᠨ ᠤ 10 ᠰᠠᠷ᠎ᠠ - ᠪᠠᠷᠠᠭᠤᠨ ᠤ ᠰᠡᠬᠢᠸᠠᠺᠢ: 7 ᠢᠯᠠᠯᠲᠠ᠂ 1 ᠲᠡᠩᠴᠡᠭᠡ᠂ 1 ᠥᠨᠵᠢᠭᠰᠡᠨ᠂ 1 ᠵᠣᠭᠰᠣᠭᠠᠭᠰᠠᠨ
  • 1827 ᠣᠨ ᠤ 3 ᠰᠠᠷ᠎ᠠ - ᠪᠠᠷᠠᠭᠤᠨ ᠤ ᠰᠡᠬᠢᠸᠠᠺᠢ: 5 ᠢᠯᠠᠯᠲᠠ᠂ 2 ᠥᠨᠵᠢᠭᠰᠡᠨ

ᠡᠶᠢᠨᠬᠦᠦ ᠰᠠᠶᠢᠨ ᠠᠮᠵᠢᠯᠲᠠ ᠦᠵᠡᠭᠦᠯᠦᠭᠰᠡᠭᠡᠷ ᠣᠣᠽᠡᠺᠢ (ᠠᠷᠰᠠᠯᠠᠨ) ᠴᠣᠯᠠ ᠳᠤ ᠬᠦᠷᠴᠡᠢ᠃

1828 ᠣᠨ ᠤ 7 ᠰᠠᠷ᠎ᠠ ᠳᠤ ᠺᠶᠣᠣᠲᠣᠭ ᠤᠨ ᠭᠣᠵᠣ ᠣᠪᠤᠭ ᠤᠨ ᠬᠢᠨ ᠲᠡᠭᠦᠨ ᠢ ᠶᠣᠺᠣᠽᠦᠨᠠ (ᠠᠪᠤᠷᠭᠤ) ᠬᠡᠮᠡᠨ ᠬᠦᠯᠢᠶᠡᠨ ᠵᠥᠪᠰᠢᠶᠡᠷᠡᠭᠰᠡᠨ ᠴᠤ ᠶᠣᠰᠢᠳᠠ ᠴᠺ ᠠᠴᠠ ᠣᠪᠤᠭ ᠤᠨ ᠬᠢᠨ ᠬᠡᠰᠡᠭ ᠴᠠᠭᠠᠷᠭᠤᠯᠠᠭᠰᠠᠨ ᠴᠤ 1830 ᠣᠨ ᠤ 9 ᠰᠠᠷ᠎ᠠ ᠳᠤ ᠬᠦᠯᠢᠶᠡᠨ ᠵᠥᠪᠰᠢᠶᠡᠷᠡᠭᠰᠡᠨ ᠢᠶᠡᠷ ᠠᠯᠪᠠᠨ ᠶᠣᠰᠣᠭᠠᠷ ᠶᠣᠺᠣᠽᠦᠨᠠ (ᠠᠪᠤᠷᠭᠤ) ᠪᠣᠯᠤᠭᠰᠠᠨ ᠪᠠᠶᠢᠨ᠎ᠠ᠃

ᠡᠮᠦᠨᠡᠬᠢ
ᠣᠨᠣᠮᠠᠴᠦ ᠮᠢᠳᠣᠷᠢᠨᠣᠰᠦ᠋ᠺᠡ
7 ᠳᠠᠬᠢ ᠶᠣᠺᠣᠽᠦᠨᠠ (ᠠᠪᠤᠷᠭᠤ)
{{{on}}}
ᠳᠠᠷᠠᠭᠠᠬᠢ
ᠰᠢᠷᠠᠨᠦᠢ ᠳᠠᠺᠥᠥᠮᠣᠨ

ᠪᠢᠴᠢᠭᠡᠰᠦ