ᠢᠣᠰᠢᠹ ᠰᠲ᠋ᠠᠯᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠢᠣᠰᠢᠹ ᠸᠢᠰᠰᠠᠷᠢᠨᠣᠸᠢᠴ ᠰᠲ᠋ᠠᠯᠢᠨ

ᠢᠣᠰᠢᠹ ᠸᠢᠰᠰᠠᠷᠢᠨᠣᠸᠢᠴ ᠰᠲ᠋ᠠᠯᠢᠨ (ᠵᠢᠩᠬᠢ᠃ ᠢᠣᠰᠢᠹ ᠸᠢᠰᠰᠠᠷᠢᠨᠣᠸᠢᠴ ᠵᠤᠭᠠᠰᠸᠢᠯᠢ, 1878 ᠣᠨ ᠤ 12 ᠰᠠᠷ᠎ᠠ ᠶᠢᠨ 18 ᠍ ᠳᠦ ᠲᠥᠷᠦᠵᠢ - 1953 ᠣᠨ ᠤ 3 ᠰᠠᠷ᠎ᠠ ᠶᠢᠨ 5 ᠍ ᠳᠦ ᠨᠠᠰᠤ ᠪᠠᠷᠠᠭᠰᠠᠨ) ᠨᠢ ᠵᠥᠪᠯᠡᠯᠲᠦᠡᠶᠢᠨ ᠤᠯᠤᠰ ᠲᠥᠷᠦᠴᠢ᠃ ᠭᠦᠷᠦᠵᠢᠶ ᠠᠢᠳᠡ ᠭᠤᠲᠤᠯᠴᠢᠨ ᠤ ᠬᠦᠦ ᠪᠣᠯᠵᠤ ᠲᠦᠷᠦᠭᠰᠡᠨ ᠲᠡᠷᠡᠪᠡᠷ ᠱᠠᠰᠢᠨ ᠤ ᠰᠤᠷᠭᠠᠭᠤᠯᠢ ᠳᠤ ᠰᠤᠷᠴᠤ ᠪᠠᠶᠢᠭᠰᠠᠨ ᠪᠣᠯᠪᠠᠴᠤ ᠬᠤᠪᠢᠰᠬᠠᠯ ᠳᠤ ᠦᠢᠯᠡ ᠠᠵᠢᠯᠯᠠᠭ᠎ᠠ ᠶᠠᠪᠤᠭᠤᠯᠤᠭᠰᠠᠨ ᠤ ᠤᠴᠢᠷ 1899 ᠣᠨ ᠳᠤ ᠰᠤᠷᠭᠠᠭᠤᠯᠢ ᠠᠴᠠ ᠪᠠᠨ ᠬᠥᠭᠡᠭᠡᠭᠳᠡᠵᠡᠢ᠃ ᠲᠡᠷᠡᠪᠡᠷ ᠨᠢᠭᠤᠴᠠ ᠬᠤᠪᠢᠰᠬᠠᠯᠲᠤ ᠪᠦᠯᠬᠦᠮ ᠳᠦ ᠨᠢᠭᠡᠳᠴᠦ᠂ 1903 ᠣᠨ ᠳᠤ ᠣᠷᠣᠰ ᠤᠨ ᠰᠣᠴᠢᠶᠠᠯ ᠳᠧᠮᠣᠺᠷᠠᠲ ᠠᠵᠢᠯᠴᠢᠨ ᠤ ᠨᠠᠮ ᠍ ᠤᠨ ᠪᠣᠯᠱᠧᠸᠢᠭ ᠹᠷᠠᠺᠼᠢ ᠶᠢᠨ ᠲᠠᠯ᠎ᠠ ᠳᠤ ᠣᠷᠣᠵᠠᠢ᠃ ᠸᠯᠠᠳᠢᠮᠢᠷ ᠢᠯᠢᠴ ᠯᠧᠨᠢᠨᠢᠢ ᠱᠠᠪᠢ ᠪᠣᠯᠤᠭᠰᠠᠨ ᠲᠡᠷᠡᠪᠡᠷ ᠨᠠᠮ ᠳᠤ ᠳᠣᠣᠭᠤᠷ ᠠᠯᠪᠠᠨ ᠲᠤᠰᠢᠶᠠᠯ ᠬᠠᠰᠢᠵᠤ ᠪᠠᠶᠢᠭᠠᠳ 1912 ᠣᠨ ᠳᠤ ᠠᠩᠬᠠᠨ ᠤ ᠪᠣᠯᠱᠧᠸᠢᠭ ᠲᠥᠪ ᠬᠣᠷᠢᠶᠠᠨ ᠳᠤ ᠲᠣᠮᠢᠯᠠᠭᠳᠠᠭᠰᠠᠨ᠃ 1917 ᠣᠨ ᠤ ᠣᠷᠣᠰ ᠤᠨ ᠬᠤᠪᠢᠰᠠᠬᠠᠯ ᠶᠢᠡᠷ ᠪᠣᠯᠱᠧᠸᠢᠺ ᠤᠳ ᠲᠥᠷᠥ ᠶᠢᠨ ᠡᠷᠬᠡᠨ ᠳᠦ ᠭᠠᠷᠬᠤ ᠬᠦᠷᠲᠡᠯ᠎ᠡ ᠲᠠᠶᠢᠰᠠᠨ ᠤ ᠠᠷᠤ ᠳᠤ ᠢᠳᠡᠪᠬᠢᠲᠡᠢ ᠠᠵᠢᠯᠯᠠᠵᠤ ᠪᠠᠶᠢᠭᠰᠠᠨ ᠪᠥᠭᠡᠳ 1913-1917 ᠣᠨ ᠳᠤ ᠴᠥᠯᠡᠯᠭᠡ ᠳᠦ ᠪᠠᠶᠢᠭᠰᠠᠨ᠃ ᠰᠲ᠋ᠠᠯᠢᠨ (ᠣᠷᠣᠰ ᠤᠨ ᠰᠲ᠋ᠠᠯ ᠪᠤᠶᠤ 《ᠭᠠᠨ》 ᠬᠡᠮᠡᠬᠦ ᠦᠭᠡᠨ ᠡᠴᠡ ᠭᠠᠷᠤᠯᠲᠠᠢ) ᠬᠡᠮᠡᠬᠦ ᠨᠡᠷ᠎ᠡ ᠶᠢ ᠠᠪᠤᠭᠠᠳ᠂ ᠪᠣᠯᠱᠧᠸᠢᠭ ᠵᠠᠰᠠᠭ ᠤᠨ ᠭᠠᠵᠠᠷ ᠲᠤ ᠦᠨᠳᠦᠰᠦᠲᠡᠨ ᠶᠠᠰᠤᠲᠠᠨ ᠨᠤᠭᠤᠳ ᠪᠣᠯᠤᠨ ᠲᠥᠷᠥ ᠶᠢᠨ ᠬᠢᠨᠠᠯᠲᠠ ᠶᠢ ᠬᠠᠷᠢᠭᠤᠴᠠᠭᠰᠠᠨ ᠺᠣᠮᠢᠰᠰᠠᠷ ᠤᠨ ᠡᠭᠦᠷᠭᠡᠲᠦ ᠠᠵᠢᠯ ᠢ ᠭᠦᠢᠴᠡᠳᠭᠡᠭᠰᠡᠨ (1917-1923). 1922 ᠣᠨ ᠠᠴᠠ ᠰᠲ᠋ᠠᠯᠢᠨ ᠨᠠᠮ ᠤᠨ ᠲᠥᠪ ᠬᠣᠷᠢᠶᠠᠨ ᠤ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠪᠥᠭᠡᠳ ᠤᠯᠤᠰ ᠲᠥᠷᠥ ᠶᠢᠨ ᠲᠣᠪᠴᠢᠶᠠᠨ ᠤ ᠭᠡᠰᠢᠭᠦᠨ ᠪᠣᠯᠤᠭᠰᠠᠨ᠃ ᠡᠨᠡᠬᠦ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠶᠢᠨ ᠠᠯᠪᠠᠨ ᠲᠤᠰᠢᠶᠠᠯ ᠨᠢ ᠰᠡᠭᠦᠯ ᠳᠦ ᠳᠠᠷᠤᠩᠭᠤᠶᠢᠯᠠᠯ ᠲᠣᠭᠲᠠᠭᠠᠬᠤ ᠡᠷᠬᠡ ᠮᠡᠳᠡᠯ ᠦᠨ ᠬᠢ ᠨᠢ ᠦᠨᠳᠦᠰᠦ ᠰᠠᠭᠤᠷᠢ ᠶᠢ ᠪᠦᠷᠢᠳᠦᠭᠦᠯᠦᠭᠰᠡᠨ᠃ ᠯᠧᠨᠢᠨ ᠢ ᠨᠠᠰᠤ ᠪᠠᠷᠠᠭᠰᠠᠨ ᠤ (1924) ᠳᠠᠷᠠᠭ᠎ᠠ ᠰᠲ᠋ᠠᠯᠢᠨ ᠯᠸ ᠲᠷᠣᠴᠺᠢᠭᠷᠢᠭᠠᠷᠡᠢ ᠵᠢᠨᠣᠸᠢᠶᠧᠸᠯᠸ ᠺᠠᠮᠧᠨᠧᠸᠨᠢᠺᠣᠯᠠᠢ ᠪᠤᠬᠠᠷᠢᠨᠠᠯᠧᠺᠰᠧᠢ ᠷ ᠤᠺᠣᠸ ᠵᠡᠷᠭᠡ ᠥᠷᠢᠰᠦᠯᠳᠦᠭᠴᠢᠳ ᠢᠶᠡᠨ ᠢᠯᠠᠵᠤ᠂ ᠵᠥᠪᠯᠡᠯᠲᠦ ᠶᠢᠨ ᠤᠯᠤᠰ ᠲᠥᠷᠥ ᠶᠢᠨ ᠬᠢᠨᠠᠯᠲᠠ ᠶᠢ ᠭᠠᠷ ᠲᠤ ᠪᠠᠨ ᠠᠪᠴᠠᠢ᠃ 1928 ᠣᠨ ᠳᠤ ᠲᠡᠷᠡᠪᠡᠷ ᠵᠥᠪᠯᠡᠯᠲᠦ ᠶᠢᠨ ᠡᠳ᠋ ᠍ ᠦᠨ ᠵᠠᠰᠠᠭ᠂ ᠨᠡᠶᠢᠭᠡᠮ ᠤᠨ ᠪᠦᠲᠦᠴᠡ ᠶᠢ ᠡᠷᠡᠰ ᠥᠭᠡᠷᠡᠴᠢᠯᠡᠵᠦ᠂ ᠣᠯᠠᠨ ᠰᠠᠶ᠎ᠠ ᠬᠦᠮᠦᠨ ᠦ ᠠᠮᠢᠨ ᠳᠤ ᠬᠦᠷᠦᠭᠰᠡᠨ ᠲᠠᠪᠤᠨ ᠵᠢᠯ ᠦᠨ ᠲᠥᠯᠥᠪᠯᠡᠭᠡ ᠪᠡᠨ ᠲᠤᠩᠬᠠᠭᠯᠠᠯ᠎ᠠ᠃ 1930 ᠍ ᠊ᠭᠠᠳ ᠣᠨ ᠳᠤ ᠲᠡᠷᠡᠪᠡᠷ ᠬᠢᠳᠤᠯᠭ᠎ᠠ ᠬᠢᠵᠦ᠂ ᠣᠯᠠᠨ ᠢᠶᠠᠷ ᠨᠢ ᠴᠠᠭᠠᠵᠠ ᠪᠠᠷ ᠠᠪᠬᠤ᠂ ᠴᠡᠭᠡᠷᠯᠡᠭᠦᠯᠬᠦ ᠵᠡᠷᠭᠡ ᠪᠡᠷ ᠡᠷᠬᠡ ᠮᠡᠳᠡᠯ ᠳᠦ ᠨᠢ ᠤᠴᠠᠷᠠᠬᠤ ᠠᠶᠤᠯ ᠢ ᠠᠷᠢᠯᠭᠠᠵᠤ ᠳᠥᠩᠭᠡᠵᠢ ᠪᠡᠨ᠃ ᠳᠡᠯᠡᠬᠡᠢ ᠶᠢᠨ ᠬᠣᠶᠠᠳᠤᠭᠠᠷ ᠳᠠᠶᠢᠨᠢ ᠦᠶ᠎ᠡ ᠪᠡᠷ ᠲᠡᠷᠡᠪᠡᠷ ᠪᠠᠷᠠᠭᠤᠨ ᠬᠢᠯᠢ ᠪᠡᠨ ᠪᠡᠬᠢᠵᠢᠭᠦᠯᠬᠦ ᠶᠢᠨ ᠲᠤᠯᠠᠳᠠ ᠭᠧᠷᠮᠠᠨ-ᠵᠥᠪᠯᠡᠯᠲᠦ ᠶᠢᠨ ᠬᠠᠷᠢᠯᠴᠠᠨ ᠦᠯᠦ ᠳᠣᠪᠲᠣᠯᠬᠤ ᠭᠡᠷᠢᠶᠡᠨ ᠳᠦ (1939) ᠭᠠᠷ ᠤᠨ ᠦᠰᠦᠭ ᠵᠢᠷᠤᠵᠤ᠂ ᠹᠢᠨᠯᠶᠠᠨᠳ᠋ ᠷᠤ ᠳᠣᠪᠲᠣᠯᠵᠤ (ᠵᠥᠪᠯᠡᠯᠲᠦ-ᠹᠢᠨᠢ ᠶᠢᠨ ᠳᠠᠶᠢᠨ ᠍ ᠢ ᠦᠵᠡᠨ᠎ᠡ ᠦᠦ), ᠵᠡᠭᠦᠨ ᠧᠦ᠋ᠷᠣᠫᠠ ᠶᠢᠨ ᠵᠠᠷᠢᠮ ᠬᠡᠰᠡᠭ ᠢ ᠵᠥᠪᠯᠡᠯᠲᠦᠳᠡ ᠨᠢᠭᠡᠳᠬᠡᠵᠡᠢ᠃ ᠭᠧᠷᠮᠠᠨ ᠵᠥᠪᠯᠡᠯᠲᠦᠳᠡ ᠬᠠᠯᠠᠳᠠᠨ ᠳᠣᠪᠲᠣᠯᠬᠤ ᠳᠤ (1941) ᠰᠲ᠋ᠠᠯᠢᠨ ᠴᠡᠷᠢᠭ ᠦᠨ ᠦᠢᠯᠡ ᠠᠵᠢᠯᠯᠠᠭᠠᠨ ᠤ ᠤᠳᠤᠷᠢᠳᠤᠯᠭ᠎ᠠ ᠶᠢ ᠭᠠᠷ ᠲᠤ ᠪᠠᠨ ᠠᠪᠤᠭᠰᠠᠨ᠃ ᠲᠡᠷᠡᠪᠡᠷ ᠣᠷᠣᠰ ᠢ ᠪᠷᠢᠲ᠋ᠠᠨ(ᠠᠩᠭᠯᠢ)ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠬᠣᠯᠪᠣᠭᠠᠲᠠᠨ ᠪᠣᠯᠭᠠᠵᠤ᠂ ᠲᠧᠭᠧᠷᠠᠨᠢᠯᠲᠠᠫᠣᠲ᠋ᠰᠳᠠᠮ ᠍ ᠤᠨ ᠪᠠᠭ᠎ᠠ ᠬᠤᠷᠠᠯ ᠤᠳ ᠳᠡᠭᠡᠷ᠎ᠡ ᠬᠡᠯᠡᠯᠴᠡᠭᠡ ᠬᠢᠬᠦ ᠴᠢᠳᠠᠪᠤᠷᠢ ᠪᠠᠨ ᠬᠠᠷᠠᠭᠤᠯᠤᠭᠰᠠᠨ ᠶᠤᠮ᠃ ᠳᠠᠶᠢᠨ ᠤ ᠳᠠᠷᠠᠭ᠎ᠠ ᠲᠡᠷᠡᠪᠡᠷ ᠵᠡᠭᠦᠨ ᠧᠦ᠋ᠷᠣᠫᠠ ᠳᠠᠬᠢ ᠵᠥᠪᠯᠡᠯᠲᠦ ᠶᠢᠨ ᠨᠥᠯᠥᠭᠡ ᠶᠢ ᠪᠡᠬᠢᠵᠢᠭᠦᠯᠵᠦ᠂ ᠵᠥᠪᠯᠡᠯᠲᠦ ᠬᠣᠯᠪᠣᠭᠠᠲᠤ ᠤᠯᠤᠰ ᠢ ᠳᠡᠯᠡᠬᠡᠢ ᠶᠢᠨ ᠴᠡᠷᠢᠭ ᠦᠨ ᠭᠦᠷᠦᠨ ᠪᠣᠯᠭᠣᠭᠰᠠᠨ᠃ ᠰᠲ᠋ᠠᠯᠢᠨ ᠳᠣᠲᠣᠭᠠᠳᠤ ᠶᠢᠨ ᠡᠰᠡᠷᠬᠦ ᠦᠵᠡᠯ ᠪᠣᠳᠣᠯ ᠢ ᠬᠢᠨᠠᠬᠤ ᠤᠯᠤᠰ ᠲᠥᠷᠥ ᠶᠢᠨ ᠬᠠᠷᠭᠢᠰ ᠠᠷᠭ᠎ᠠ ᠬᠡᠮᠵᠢᠶ᠎ᠡ ᠠᠪᠴᠤ ᠪᠠᠶᠢᠭᠰᠠᠨ ᠪᠥᠭᠡᠳ ᠤᠯᠠᠮ ᠪᠦᠷ ᠫᠠᠷᠤᠨᠣᠶᠢᠳ᠋ ᠪᠣᠯᠵᠤ ᠪᠠᠶᠢᠯ᠎ᠠ᠃ ᠲᠡᠷᠡᠪᠡᠷ ᠨᠠᠰᠤ ᠪᠠᠷᠠᠬᠤ ᠦᠶᠡᠳᠡᠭᠡ ᠡᠮᠴᠢ ᠨᠠᠷ ᠤᠨ ᠬᠤᠤᠪᠢᠯᠳᠤᠭᠠᠨ ᠬᠡᠮᠡᠬᠦ ᠬᠢᠳᠤᠯᠭ᠎ᠠ ᠶᠢᠨ ᠳᠠᠷᠠᠭ᠎ᠠ ᠳᠠᠬᠢᠨ ᠨᠢᠭᠡ ᠬᠢᠳᠤᠯᠭ᠎ᠠ ᠶᠠᠪᠤᠭᠤᠯᠬᠤ ᠪᠠᠷ ᠪᠡᠯᠡᠳᠬᠡᠵᠦ ᠪᠠᠶᠢᠴᠠᠢ᠃ ᠠᠷᠠᠳ ᠲᠦᠮᠡᠨ ᠳᠦ ᠪᠡᠨ ᠠᠶᠤᠮᠰᠢᠭᠲᠠᠢ ᠶᠡᠬᠡ ᠭᠠᠷᠤᠵᠠ ᠬᠣᠬᠢᠷᠠᠯ ᠤᠴᠠᠷᠠᠭᠤᠯᠤᠨ ᠪᠠᠶᠢᠵᠤ ᠵᠥᠪᠯᠡᠯᠲᠦ ᠬᠣᠯᠪᠣᠭᠠᠲᠤ ᠤᠯᠤᠰ ᠢ ᠳᠡᠯᠡᠬᠡᠢ ᠳᠦ ᠨᠥᠯᠥᠭᠡ ᠲᠡᠢ ᠭᠦᠷᠦᠨ ᠪᠣᠯᠭᠠᠭᠰᠠᠨ ᠭᠡᠭᠳᠡᠳᠡᠭ ᠲᠡᠷᠡᠪᠡᠷ ᠬᠠᠷᠭᠢᠰᠯᠠᠯ᠂ ᠠᠶᠢᠳᠠᠰ ᠬᠦᠢᠳᠡᠰᠦ ᠶᠢᠨ ᠵᠡᠷᠭᠡᠴᠡᠭᠡ ᠠᠵᠤ ᠦᠢᠯᠡᠳᠪᠦᠷᠵᠢᠭᠰᠡᠨ ᠴᠡᠷᠢᠭ ᠦᠨ ᠭᠦᠷᠦᠨ ᠢ ᠦᠯᠡᠳᠡᠭᠡᠭᠰᠡᠨ ᠶᠤᠮ᠃ 1956 ᠣᠨ ᠳᠤ ᠰᠲ᠋ᠠᠯᠢᠨ ᠪᠣᠯᠤᠨ ᠲᠡᠭᠦᠨ ᠢ ᠲᠠᠬᠢᠨ ᠰᠢᠲᠦᠬᠦ ᠦᠵᠡᠯ ᠢ ᠨᠢᠺᠢᠲ᠋ᠠ ᠾᠷᠦ᠋ᠱᠧᠪ ᠰᠢᠭᠦᠮᠵᠢᠯᠡᠵᠦ ᠪᠤᠷᠤᠭᠤᠰᠢᠶᠠᠭᠰᠠᠨ ᠶᠤᠮ᠃

ᠪᠠᠭ᠎ᠠ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠲ᠋ᠠᠯᠢᠨ ᠭᠦᠷᠴᠢ ᠶᠢᠨ ᠭᠣᠷᠢ ᠳᠤ ᠲᠦᠷᠦᠭᠰᠡᠨ ᠪᠥᠭᠡᠳ ᠭᠡᠷ ᠪᠦᠯᠢ ᠶᠢᠨ ᠰᠠᠩᠬᠦᠦ ᠶᠢᠨ ᠪᠠᠶᠢᠳᠠᠯ ᠠᠴᠠ ᠪᠣᠯᠤᠭᠠᠳ ᠲᠡᠭᠦᠨ ᠢ 10 ᠬᠦᠷᠬᠦ ᠬᠣᠭᠣᠷᠣᠨᠳᠣ ᠲᠡᠳᠡᠨ ᠦ ᠬᠢ 9 ᠭᠠᠵᠠᠷ ᠰᠤᠯᠢᠵᠤ ᠨᠡᠭᠦᠭᠰᠡᠨ ᠪᠠᠶᠢᠪᠠ᠃ ᠰᠲ᠋ᠠᠯᠢᠨ 8, 9 ᠬᠦᠷᠲᠡᠯ᠎ᠡ ᠣᠷᠣᠰ ᠬᠡᠯᠡᠡᠭᠡᠷᠡ ᠶᠠᠷᠢᠳᠠᠭ ᠦᠭᠡᠢ ᠪᠠᠶᠢᠪᠠ᠃ 10 ᠍ ᠲᠠᠢ ᠳᠠᠭᠠᠨ ᠰᠦᠮ᠎ᠡ ᠶᠢᠨ ᠰᠤᠷᠭᠠᠭᠤᠯᠢ ᠳᠤ ᠣᠷᠣᠭᠰᠠᠨ ᠪᠥᠭᠡᠳ ᠲᠡᠨᠳᠡ ᠡᠵᠡᠨ ᠬᠠᠭᠠᠨ 3 ᠍ ᠳᠦᠭᠡᠷ ᠠᠯᠧᠺᠰᠠᠨᠳᠠᠷ ᠍ ᠤᠨ ᠵᠠᠷᠯᠢᠭ ᠤᠨ ᠳᠠᠭᠠᠤ᠂ ᠵᠠᠶᠢᠯᠠᠰᠢ ᠦᠭᠡᠢ ᠣᠷᠣᠰ ᠬᠡᠯᠡ ᠰᠤᠷᠬᠤ ᠶᠣᠰᠣᠲᠠᠢ ᠪᠠᠶᠢᠪᠠ᠃ ᠰᠲ᠋ᠠᠯᠢᠨ 12 ᠍ ᠲᠠᠢ ᠳᠠᠭᠠᠨ ᠮᠣᠷᠢᠨ ᠲᠡᠷᠭᠡᠨ ᠳᠦ ᠳᠠᠭᠠᠷᠢᠭᠤᠯᠤᠨ ᠨᠣᠴᠢᠲᠠᠢ ᠪᠡᠷᠲᠡᠯ ᠠᠪᠤᠭᠰᠠᠨ᠃ ᠰᠤᠷᠭᠠᠭᠤᠯᠢ ᠶᠢᠨ ᠠᠬᠠᠯᠠᠬᠤ ᠠᠩᠭᠢ ᠳᠤ ᠪᠠᠶᠢᠬᠤ ᠳᠤ ᠪᠠᠨ ᠰᠲ᠋ᠠᠯᠢᠨ ᠰᠤᠷᠭᠠᠭᠤᠯᠢ ᠶᠢᠨ ᠪᠤᠰᠤᠳ ᠬᠡᠦᠬᠡᠳ ᠦᠨ ᠨᠢᠭᠡᠨ ᠠᠳᠠᠯᠢ ᠪᠠᠷ ᠬᠣᠷᠢᠭ᠎ᠠ ᠲᠠᠢ ᠸᠢᠺᠲ᠋ᠣᠷ ᠭᠶᠣᠭᠣᠭᠡᠶᠢᠨ ᠵᠣᠬᠢᠶᠠᠯ ᠤᠳ᠂ ᠮᠠᠷᠺᠰᠢᠰᠲ ᠵᠣᠬᠢᠶᠠᠯ ᠤᠳ ᠢ ᠨᠢᠭᠤᠴᠠ ᠪᠠᠷ ᠤᠩᠰᠢᠳᠠᠭ ᠪᠠᠶᠢᠪᠠ᠃ ᠰᠤᠷᠭᠠᠭᠤᠯᠢ ᠶᠢᠨ ᠨᠢᠭᠡᠨ ᠪᠠᠭᠰᠢ ᠡᠴᠢᠭᠡ ᠠᠪᠠᠰᠢᠽᠧ ᠰᠤᠷᠭᠠᠭᠤᠯᠢ ᠶᠢᠨ ᠬᠡᠦᠬᠡᠳ ᠦᠳ ᠢ ᠬᠠᠷᠭᠢᠰ ᠢᠶᠠᠷ ᠳᠢᠭᠯᠡᠵᠦ᠂ ᠨᠢᠭᠡ ᠶᠢ ᠨᠢ ᠨᠥᠭᠥᠭᠡ ᠪᠡᠷ ᠨᠢ ᠲᠠᠩᠨᠠᠭᠤᠯᠵᠤ᠂ ᠰᠤᠷᠭᠠᠭᠤᠯᠢ ᠶᠢ ᠠᠶᠢᠳᠠᠰ ᠬᠦᠢᠳᠡᠰᠦ ᠳᠦ ᠠᠪᠲᠠᠭᠤᠯᠳᠠᠭ ᠪᠠᠶᠢᠪᠠ᠃ ᠮᠠᠷᠺᠰᠢᠰᠲ ᠨᠣᠮ ᠤᠩᠰᠢᠯ᠎ᠠ ᠬᠡᠮᠡᠨ ᠪᠠᠷᠢᠭᠳᠠᠵᠤ ᠰᠲ᠋ᠠᠯᠢᠨ ᠨᠢᠭᠡ ᠪᠤᠰᠤ ᠤᠳᠠᠭ᠎ᠠ ᠰᠢᠳᠬᠡᠭᠦᠯᠵᠦ ᠪᠠᠶᠢᠪᠠ᠃ ᠡᠨᠡ ᠪᠦᠬᠦ ᠨᠥᠬᠥᠴᠡᠯ ᠪᠠᠶᠢᠳᠠᠯ ᠬᠣᠵᠢᠮ ᠲᠡᠭᠦᠨ ᠦ ᠤᠯᠤᠰ ᠲᠥᠷᠥ ᠶᠢᠨ ᠦᠵᠡᠯ ᠪᠣᠳᠣᠯ᠂ ᠠᠶᠢᠳᠠᠰ ᠬᠦᠢᠳᠡᠰᠦ ᠪᠡᠷ ᠳᠠᠮᠵᠢᠭᠤᠯᠠᠨ ᠲᠥᠷᠥ ᠪᠠᠷᠢᠬᠤ ᠳᠤ ᠨᠢ ᠨᠥᠯᠦᠭᠡᠯᠡᠭᠰᠡᠨ ᠬᠡᠮᠡᠨ ᠰᠲ᠋ᠠᠯᠢᠨ ᠬᠣᠵᠢᠮ ᠳᠤᠷᠠᠰᠤᠭᠰᠠᠨ ᠪᠠᠶᠢᠳᠠᠭ᠃

ᠬᠤᠪᠢᠰᠬᠠᠯᠲᠤ ᠦᠢᠯᠡ ᠠᠵᠢᠯᠯᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1899 ᠣᠨ ᠠᠴᠠ ᠰᠲ᠋ᠠᠯᠢᠨ ᠬᠤᠪᠢᠰᠬᠠᠯ ᠤᠨ ᠦᠢᠯᠡ ᠬᠡᠷᠡᠭ ᠲᠦ ᠤᠷᠤᠯᠴᠠᠬᠤ ᠪᠣᠯᠤᠭᠰᠠᠨ᠃ ᠤᠯᠠᠮ ᠢᠶᠠᠷ 1902 ᠣᠨ ᠳᠤ ᠪᠠᠷᠢᠪᠴᠢᠯᠠᠭᠳᠠᠨ ᠰᠢᠪᠸᠷᠢᠶ ᠠ ᠯᠦᠦ 3 ᠵᠢᠯ ᠢᠶᠡᠷ ᠴᠥᠯᠡᠭᠳᠡᠭᠰᠡᠨ᠃ ᠭᠡᠰᠡᠨ ᠴᠤ ᠰᠲ᠋ᠠᠯᠢᠨ ᠬᠠᠭᠤᠷᠮᠠᠴᠢ ᠪᠢᠴᠢᠭ ᠪᠠᠷᠢᠮᠲᠠ ᠣᠯᠵᠤ ᠠᠪᠤᠨ 1904 ᠣᠨ ᠤ 1 ᠰᠠᠷ᠎ᠠ ᠶᠢᠨ 17 ᠍ ᠳᠦ ᠰᠢᠪᠸᠷᠢᠶ ᠠ ᠶᠢᠨ ᠴᠥᠯᠡᠯᠭᠡᠥ ᠡᠴᠡ ᠣᠷᠭᠣᠭᠰᠠᠨ᠃ 1906 ᠣᠨ ᠳᠤ ᠯᠧᠨᠢᠨ ᠰᠲ᠋ᠠᠯᠢᠨ ᠬᠣᠶᠠᠷ ᠠᠩᠬ᠎ᠠ ᠤᠳᠤᠭ᠎ᠠ ᠪᠠᠨ ᠪᠡᠶᠡᠴᠢᠯᠡᠨ ᠠᠭᠤᠯᠵᠠᠵᠤ᠂ ᠲᠠᠨᠢᠯᠴᠠᠭᠰᠠᠨ ᠪᠠᠶᠢᠳᠠᠭ᠃ ᠳᠠᠷᠠᠭ᠎ᠠ ᠨᠢ ᠯᠧᠨᠢᠨ᠂ ᠰᠲ᠋ᠠᠯᠢᠨ ᠬᠣᠶᠠᠷ 1907 ᠣᠨ ᠳᠤ ᠯᠣᠨᠳᠣᠨ ᠳᠤ ᠪᠣᠯᠤᠭᠰᠠᠨ ᠣᠷᠣᠰ ᠤᠨ ᠰᠣᠴᠢᠶᠠᠯ ᠳᠧᠮᠣᠺᠷᠠᠲ ᠬᠥᠳᠡᠯᠮᠦᠷᠢ ᠶᠢᠨ ᠨᠠᠮ ᠤᠨ ᠬᠤᠷᠠᠯ ᠳᠤ ᠣᠷᠣᠯᠴᠠᠭᠰᠠᠨ᠃ 1908 ᠣᠨ ᠳᠤ ᠰᠲ᠋ᠠᠯᠢᠨ ᠳᠠᠬᠢᠨ ᠪᠠᠷᠢᠪᠴᠢᠯᠠᠭᠳᠠᠨ ᠱᠣᠷᠣᠩ ᠳᠤ ᠬᠡᠳᠦᠨ ᠰᠠᠷ᠎ᠠ ᠪᠠᠶᠢᠭᠰᠠᠨ ᠤ ᠳᠠᠷᠠᠭ᠎ᠠ᠂ ᠰᠢᠪᠸᠷᠢᠶ ᠠ ᠷᠦᠦ ᠳᠠᠬᠢᠨ 2 ᠵᠢᠯ ᠢᠶᠡᠷ ᠴᠥᠯᠡᠭᠳᠡᠭᠰᠡᠨ᠃ ᠴᠥᠯᠡᠭᠳᠡᠭᠰᠡᠨ ᠡᠴᠡ ᠬᠣᠶᠢᠰᠢ 7 ᠰᠠᠷ᠎ᠠ ᠶᠢᠨ ᠳᠠᠷᠠᠭ᠎ᠠ ᠰᠲ᠋ᠠᠯᠢᠨ ᠡᠮᠡᠭᠲᠡᠢ ᠬᠦᠮᠦᠨ ᠪᠣᠯᠤᠨ ᠵᠢᠰᠦ ᠪᠡᠨ ᠬᠤᠪᠢᠷᠠᠭᠠᠨ ᠳᠠᠬᠢᠨ ᠣᠷᠭᠣᠭᠰᠠᠨ᠃ ᠭᠡᠰᠡᠨ ᠴᠤ ᠬᠤᠪᠢᠰᠬᠠᠯᠲᠤ ᠨᠠᠮ ᠤᠨ ᠳᠣᠲᠣᠷ᠎ᠠ ᠬᠠᠭᠠᠨᠲᠤ ᠵᠠᠰᠠᠭ ᠤᠨ ᠲᠠᠩᠨᠠᠭᠤᠯ ᠤᠳ ᠣᠯᠠᠨ ᠢᠶᠠᠷ ᠰᠢᠷᠭᠤᠯᠠᠭᠰᠠᠨ ᠪᠠᠶᠢᠭᠰᠠᠨ ᠢ ᠬᠣᠵᠢᠮ ᠨᠢ ᠰᠲ᠋ᠠᠯᠢᠨ ᠮᠡᠳᠡᠭᠰᠡᠨ ᠪᠥᠭᠡᠳ ᠲᠡᠷᠡ ᠦᠶ᠎ᠡ ᠳᠦ ᠣᠷᠣᠶᠢᠳᠤᠭᠰᠠᠨ ᠪᠠᠶᠢᠪᠠ᠃ 1910 ᠣᠨ ᠤ 4 ᠰᠠᠷ᠎ᠠ ᠳᠤ ᠰᠲ᠋ᠠᠯᠢᠨ ᠳᠠᠬᠢᠨ ᠪᠠᠷᠢᠪᠴᠢᠯᠠᠭᠳᠠᠨ᠂ ᠡᠮᠦᠨᠡᠬᠢ ᠴᠥᠯᠡᠯᠭᠡ ᠪᠡᠨ ᠳᠠᠭᠤᠰᠬᠠᠬᠤ ᠪᠠᠷ ᠢᠯᠡᠭᠡᠭᠳᠡᠭᠰᠡᠨ᠃ 1911 ᠣᠨ ᠤ ᠡᠬᠢ ᠪᠡᠷ ᠲᠡᠷᠡ ᠪᠡᠷ ᠪᠣᠭᠣᠨᠢ ᠬᠤᠭᠤᠴᠠᠭ᠎ᠠ ᠪᠠᠷ ᠳᠠᠬᠢᠨ ᠣᠷᠭᠣᠭᠰᠠᠨ᠃ ᠣᠷᠭᠣᠭᠠᠳ ᠶᠠᠪᠤᠵᠤ ᠪᠠᠶᠢᠬᠤ ᠦᠶ᠎ᠡ ᠳᠦ ᠨᠢ ᠲᠡᠭᠦᠨ ᠳᠦ ᠮᠥᠩᠭᠥ ᠳᠠᠮᠵᠢᠭᠤᠯᠬᠤ ᠶᠣᠰᠣᠲᠠᠢ ᠥᠭᠡᠷ᠎ᠡ ᠨᠢᠭᠡᠨ ᠴᠥᠯᠡᠯᠭᠡ ᠶᠢᠨ ᠬᠦᠮᠦᠨ ᠮᠥᠩᠭᠥ ᠪᠡᠨ ᠠᠪᠤᠭᠠᠳ ᠣᠷᠭᠣᠨ ᠵᠢᠭᠤᠲᠠᠭᠰᠠᠨ᠃ ᠬᠣᠵᠢᠮ ᠨᠢ ᠡᠭᠦᠨ ᠦ ᠨᠢ ᠲᠥᠯᠥᠭᠡ᠂ ᠡᠮᠦᠨᠡᠬᠢ ᠪᠡᠨ ᠡᠷᠭᠢᠨ ᠰᠠᠨᠠᠨ᠂ ᠰᠲ᠋ᠠᠯᠢᠨ 1937 ᠣᠨ ᠳᠤ ᠲᠡᠷᠡ ᠨᠥᠬᠥᠷ ᠢ ᠪᠤᠤᠳᠠᠭᠤᠯᠤᠭᠰᠠᠨ᠃

1912 ᠣᠨ ᠳᠤ ᠯᠧᠨᠢᠨ ᠰᠣᠴᠢᠶᠠᠯ ᠳᠧᠮᠣᠺᠷᠠᠲ ᠨᠠᠮ ᠠᠴᠠ ᠰᠠᠯᠵᠤ ᠪᠣᠯᠱᠧᠸᠢᠭ ᠨᠠᠮ ᠢ ᠪᠠᠶᠢᠭᠤᠯᠤᠭᠰᠠᠨ ᠪᠥᠭᠡᠳ ᠨᠠᠮ ᠤᠨ ᠲᠥᠪ ᠬᠣᠷᠢᠶᠠᠨ ᠳᠤ ᠰᠣᠩᠭᠣᠭᠳᠠᠭᠰᠠᠨ ᠵᠠᠷᠢᠮ ᠭᠡᠰᠢᠭᠦᠳ ᠬᠠᠭᠠᠨᠲᠤ ᠵᠠᠰᠠᠭ ᠤᠨ ᠴᠠᠭᠳᠠᠭ᠎ᠠ ᠨᠠᠷ᠂ ᠣᠬᠠᠷᠠᠨ᠎ᠠ ᠨᠠᠷᠠᠲᠤ ᠪᠠᠷᠢᠭᠳᠠᠭᠰᠠᠨ ᠤ ᠳᠠᠷᠠᠭ᠎ᠠ᠂ ᠬᠣᠭᠣᠰᠣᠨ ᠠᠯᠪᠠᠨ ᠲᠤᠰᠢᠶᠠᠯ ᠢ ᠨᠥᠬᠥᠬᠥ ᠡᠭᠦᠳᠡᠨ ᠡᠴᠡ ᠯᠧᠨᠢᠨ ᠰᠲ᠋ᠠᠯᠢᠨ ᠢ ᠨᠠᠮ ᠤᠨ ᠲᠥᠪ ᠬᠣᠷᠢᠶᠠᠨ ᠤ ᠭᠡᠰᠢᠭᠦᠨ ᠢᠶᠡᠷ ᠲᠣᠮᠢᠯᠠᠭᠰᠠᠨ᠃

ᠰᠲ᠋ᠠᠯᠢᠨ ᠳᠤ ᠡᠨᠡ ᠲᠤᠬᠠᠢ ᠮᠡᠳᠡᠭᠳᠡᠰᠦᠨ ᠦ ᠳᠠᠷᠠᠭ᠎ᠠ ᠰᠲ᠋ᠠᠯᠢᠨ ᠴᠥᠯᠡᠯᠭᠡ ᠡᠴᠡ ᠳᠠᠬᠢᠨ ᠣᠷᠭᠣᠵᠤ 1912 ᠣᠨ ᠤ 4 ᠰᠠᠷ᠎ᠠ ᠳᠤ ᠰᠠᠨᠺᠲ ᠫᠧᠲ᠋ᠷᠪᠦᠦᠭ ᠲᠦ ᠢᠷᠡᠭᠰᠡᠨ᠃ ᠭᠡᠰᠡᠨ ᠴᠤ ᠤᠳᠠᠯ ᠦᠭᠡᠢ ᠰᠲ᠋ᠠᠯᠢᠨ 7 ᠰᠠᠷ᠎ᠠ ᠳᠤ ᠨᠢ ᠳᠠᠬᠢᠨ ᠪᠠᠷᠢᠭᠳᠠᠵᠤ᠂ ᠭᠤᠷᠪᠠᠨ ᠵᠢᠯ ᠦᠨ ᠶᠠᠯ᠎ᠠ ᠠᠪᠤᠨ ᠰᠢᠪᠢᠷᠢᠯᠡᠭᠦ ᠴᠥᠯᠡᠭᠳᠡᠭᠰᠡᠨ᠃ ᠭᠡᠪᠡᠴᠦ ᠡᠨᠡ ᠨᠢ ᠰᠲ᠋ᠠᠯᠢᠨ ᠤ ᠬᠠᠮᠤᠭ ᠤᠨ ᠪᠣᠭᠣᠨᠢ ᠰᠢᠳᠬᠡᠯ ᠪᠠᠶᠢᠪᠠ᠃ ᠲᠡᠷᠡ ᠪᠡᠷ ᠶᠡᠷᠦ ᠳᠡᠭᠡᠨ ᠯᠠ 38 ᠬᠣᠨᠣᠭ ᠤᠨ ᠳᠠᠷᠠᠭ᠎ᠠ ᠳᠠᠬᠢᠨ ᠣᠷᠭᠣᠭᠰᠠᠨ᠃ 1913 ᠣᠨ ᠤ 3 ᠰᠠᠷ᠎ᠠ ᠶᠢᠨ 8 ᠍ ᠳᠦ ᠨᠠᠮ ᠤᠨ ᠨᠥᠬᠥᠷ ᠦᠨ ᠢᠶᠡᠨ ᠵᠥᠪᠯᠡᠭᠡ ᠶᠢ ᠳᠠᠭᠠᠨ ᠨᠢᠭᠡᠨ ᠬᠤᠷᠠᠯ ᠳᠤ ᠰᠠᠭᠤᠬᠤ ᠦᠶ᠎ᠡ ᠳᠦ ᠨᠢ ᠴᠠᠭᠳᠠᠭ᠎ᠠ ᠨᠠᠷ ᠣᠷᠣᠵᠤ ᠢᠷᠡᠵᠦ ᠲᠡᠭᠦᠨ ᠢ ᠪᠠᠷᠢᠪᠴᠢᠯᠠᠭᠰᠠᠨ᠃ ᠡᠨᠡ ᠤᠳᠠᠭ᠎ᠠ ᠳᠤ 4 ᠵᠢᠯ ᠦᠨ ᠶᠠᠯ᠎ᠠ ᠠᠪᠤᠨ ᠴᠥᠯᠡᠭᠳᠡᠭᠰᠡᠨ᠃ 1917 ᠣᠨ ᠳᠤ ᠰᠲ᠋ᠠᠯᠢᠨ ᠴᠡᠷᠢᠭ ᠲᠦ ᠲᠠᠲᠠᠭᠳᠠᠭᠰᠠᠨ ᠪᠣᠯᠪᠠᠴᠤ ᠪᠠᠭ᠎ᠠ ᠳᠤ ᠪᠠᠨ ᠠᠪᠤᠭᠰᠠᠨ ᠭᠡᠮᠲᠦᠯ ᠦᠨ ᠤᠯᠠᠮ ᠠᠴᠠ ᠴᠡᠷᠢᠭ ᠡᠴᠡ ᠴᠢᠯᠦᠭᠡᠯᠡᠭᠳᠡᠭᠰᠡᠨ᠃ ᠡᠨᠡ ᠤᠳᠠᠭ᠎ᠠ ᠳᠤ ᠰᠲ᠋ᠠᠯᠢᠨ ᠳᠠᠬᠢᠨ ᠣᠷᠭᠣᠯ ᠦᠭᠡᠢ ᠴᠥᠯᠡᠯᠭᠡ ᠪᠡᠨ ᠳᠠᠭᠤᠰᠬᠠᠭᠰᠠᠨ᠃

1917 ᠣᠨ ᠤ ᠬᠤᠪᠢᠰᠬᠠᠯ ᠤᠨ ᠡᠬᠢ ᠪᠡᠷ ᠰᠲ᠋ᠠᠯᠢᠨ ᠴᠥᠯᠡᠯᠭᠡ ᠡᠴᠡ ᠰᠤᠯᠠᠯᠠᠭᠳᠠᠨ ᠬᠤᠪᠢᠰᠬᠠᠯ ᠤᠨ ᠠᠵᠢᠯ ᠳᠤ ᠢᠳᠡᠪᠬᠢᠯᠡᠨ ᠣᠷᠣᠯᠴᠠᠭᠰᠠᠨ᠃ ᠡᠨᠡ ᠦᠢᠮᠡᠭᠡᠨ ᠦ ᠦᠶ᠎ᠡ ᠪᠡᠷ ᠯᠧᠨᠢᠨ ᠦ ᠠᠮᠢ ᠨᠠᠰᠤᠨ ᠳᠤ ᠠᠶᠤᠯ ᠤᠴᠢᠷᠴᠢ ᠪᠣᠯᠵᠣᠰᠢ ᠦᠭᠡᠢ ᠬᠡᠮᠡᠨ ᠰᠲ᠋ᠠᠯᠢᠨ ᠯᠧᠨᠢᠨ ᠢ ᠹᠢᠨᠯᠶᠠᠨᠳ᠋ ᠷᠤ ᠨᠢᠭᠤᠴᠠ ᠪᠠᠷ ᠣᠷᠭᠣᠨ ᠭᠠᠷᠬᠤ ᠠᠵᠢᠯ ᠢ ᠵᠣᠬᠢᠶᠠᠨ ᠪᠠᠶᠢᠭᠤᠯᠤᠭᠰᠠᠨ᠃ ᠯᠧᠨᠢᠨ ᠢ ᠡᠵᠡᠭᠦᠢ ᠦᠶ᠎ᠡ ᠳᠦ ᠰᠲ᠋ᠠᠯᠢᠨ ᠪᠣᠯᠱᠧᠸᠢᠭ ᠨᠠᠮ ᠤᠨ ᠤᠳᠤᠷᠢᠳᠤᠯᠭ᠎ᠠ ᠶᠢ ᠭᠠᠷ ᠲᠤ ᠪᠠᠨ ᠠᠪᠤᠭᠰᠠᠨ᠃

ᠰᠲ᠋ᠠᠯᠢᠨᠢᠰᠮ ᠪᠠ ᠬᠡᠯᠮᠡᠭᠳᠡᠭᠦᠯᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠧᠨᠢᠨ ᠢ ᠨᠠᠰᠤ ᠪᠠᠷᠠᠭᠰᠠᠨ ᠤ ᠳᠠᠷᠠᠭ᠎ᠠ ᠲᠥᠷᠥ ᠶᠢᠨ ᠡᠷᠬᠡ ᠶᠢ ᠪᠠᠷᠢᠬᠤ ᠶᠢᠨ ᠲᠥᠯᠥᠭᠡ ᠲᠡᠮᠡᠴᠡᠨ᠂ ᠥᠷᠢᠰᠦᠯᠳᠦᠭᠴᠢᠳ ᠢᠶᠡᠨ ᠶᠠᠩᠵᠤ ᠪᠦᠷᠢ ᠶᠢᠨ ᠠᠷᠭ᠎ᠠ ᠪᠠᠷ ᠵᠠᠮ ᠠᠴᠠ ᠪᠠᠨ ᠨᠢᠭᠡ ᠪᠣᠯᠤᠨ ᠬᠡᠰᠡᠭ ᠢᠶᠡᠷ ᠨᠢ ᠵᠠᠶᠢᠯᠠᠭᠤᠯᠤᠭᠰᠠᠨ᠃ ᠡᠭᠦᠨ ᠦ ᠳᠠᠷᠠᠭ᠎ᠠ 1936-1938 ᠣᠨ ᠤ ᠶᠡᠬᠡ ᠴᠡᠪᠡᠷᠯᠡᠭᠡᠨ ᠦ ᠳᠠᠷᠠᠭ᠎ᠠ ᠰᠲ᠋ᠠᠯᠢᠨ ᠲᠠᠢ ᠡᠩ ᠵᠡᠷᠭᠡᠴᠡᠬᠦ ᠬᠦᠮᠦᠨ ᠵᠥᠪᠯᠡᠯᠲᠦᠳᠡ ᠦᠭᠡᠢ ᠪᠣᠯᠵᠤ᠂ ᠰᠲ᠋ᠠᠯᠢᠨ ᠬᠢᠵᠠᠭᠠᠷ ᠦᠭᠡᠢ ᠡᠷᠬᠡ ᠮᠡᠳᠡᠯ ᠢ ᠭᠠᠭᠴᠠᠭᠠᠷ ᠢᠶᠠᠨ ᠡᠵᠡᠮᠰᠢᠭᠰᠡᠨ᠃

ᠬᠦᠮᠦᠨ ᠲᠥᠷᠥᠯᠬᠢᠲᠡᠨ ᠦ ᠲᠡᠦᠬᠡᠨ ᠳᠦ ᠮᠠᠰᠢ ᠴᠥᠭᠡᠬᠡᠨ ᠬᠦᠨᠳᠦ ᠯᠠ ᠪᠠᠶᠢᠭᠰᠠᠨ ᠡᠷᠬᠡ ᠮᠡᠳᠡᠯ ᠢ ᠭᠠᠭᠴᠠᠭᠠᠷ ᠢᠶᠠᠨ ᠣᠯᠤᠭᠰᠠᠨ ᠲᠡᠷᠡ ᠪᠡᠷ ᠬᠦᠮᠦᠨ ᠲᠥᠷᠥᠯᠬᠢᠲᠡᠨ ᠦ ᠡᠮᠦᠨ᠎ᠡ ᠪᠠᠶᠢᠭ᠎ᠠ ᠦᠭᠡᠢ ᠲᠣᠮᠣ ᠨᠡᠶᠢᠭᠡᠮ ᠤᠨ ᠲᠤᠷᠰᠢᠯᠲᠠ ᠨᠤᠭᠤᠳ᠂ ᠨᠡᠶᠢᠭᠡᠮ ᠤᠨ ᠥᠭᠡᠷᠡᠴᠢᠯᠡᠯᠲᠡ ᠨᠦᠭᠦᠳ ᠢ ᠬᠢᠭᠰᠡᠨ᠃ ᠣᠷᠣᠰ ᠣᠷᠣᠨ ᠢ ᠲᠠᠷᠢᠶᠠᠴᠢᠳ ᠤᠨ ᠣᠷᠣᠨ ᠠᠴᠠ ᠠᠵᠤ ᠦᠢᠯᠡᠳᠪᠦᠷᠵᠢᠭᠰᠡᠨ ᠤᠯᠤᠰ ᠪᠣᠯᠭᠠᠬᠤ ᠠᠵᠢᠯ ᠢ ᠬᠦᠮᠦᠨ ᠬᠦᠴᠦ᠂ ᠴᠡᠷᠢᠭ ᠴᠠᠭᠳᠠᠭ᠎ᠠ᠂ 5 ᠵᠢᠯ ᠦᠨ ᠲᠥᠯᠥᠪᠯᠡᠭᠡ ᠪᠡᠷ ᠳᠠᠯᠠᠶᠢᠯᠭᠠᠨ ᠬᠡᠷᠡᠭᠵᠢᠭᠦᠯᠦᠭᠰᠡᠨ᠃ ᠮᠥᠨ ᠶᠠᠩᠵᠤ ᠪᠦᠷᠢ ᠶᠢᠨ ᠤᠭᠰᠠᠭᠠᠲᠠᠨ᠂ ᠠᠷᠠᠳ ᠲᠦᠮᠡᠨ ᠨᠦᠭᠦᠳ ᠢ ᠲᠥᠷᠥᠯᠬᠢ ᠨᠤᠲᠤᠭ ᠠᠴᠠ ᠨᠢ ᠵᠤᠤ ᠵᠠᠭᠤᠨ ᠮᠢᠩᠭ᠎ᠠ᠂ ᠰᠠᠶᠠᠭᠠᠷ ᠨᠢ ᠨᠡᠭᠦᠯᠭᠡᠨ ᠰᠢᠯᠵᠢᠭᠦᠯᠵᠦ᠂ ᠰᠠᠶ᠋ᠢ ᠰᠠᠶ᠋ᠢ ᠬᠦᠮᠦᠨ ᠦ ᠤᠤ ᠢᠳᠡᠬᠦ᠂ ᠤᠤ ᠢᠳᠡᠬᠦ ᠦᠭᠡᠢ ᠢ ᠭᠠᠭᠴᠠᠭᠠᠷ ᠢᠶᠠᠨ ᠰᠢᠢᠳᠴᠦ ᠪᠠᠶᠢᠪᠠ᠃

ᠲᠡᠭᠦᠨ ᠦ ᠲᠤᠰᠢᠶᠠᠯ ᠤᠨ ᠳᠠᠭᠠᠤ ᠦᠺᠷᠠᠶᠢᠨ ᠨᠤᠭᠤᠳ᠂ ᠫᠣᠯᠢᠰᠢ ᠨᠤᠭᠤᠳ᠂ ᠰᠣᠯᠣᠩᠭᠣᠰ᠂ ᠢᠵᠢᠯ ᠮᠥᠷᠡᠨ ᠦ ᠭᠧᠷᠮᠠᠨ ᠨᠤᠭᠤᠳ᠂ ᠺᠷ ᠤᠮ ᠤᠨ ᠲᠠᠲ᠋ᠠᠷ ᠤᠳ᠂ ᠬᠠᠯᠢᠮᠠᠭᠤᠳ᠂ ᠴᠧᠴᠧᠨ ᠨᠦᠭᠦᠳ᠂ ᠢᠩᠬᠤᠰᠢ ᠨᠦᠭᠦᠳ᠂ ᠮᠧᠱᠺᠧᠲ ᠤᠨ ᠲᠦᠷᠺ ᠦᠳ᠂ ᠹᠢᠨᠯᠶᠠᠨᠳ᠋ ᠍ ᠤᠳ᠂ ᠪᠣᠯᠭᠠᠷᠢᠶ᠎ᠠ ᠨᠤᠭᠤᠳ᠂ ᠭᠷᠧᠺ ᠦᠳ᠂ ᠯᠠᠲ᠋ᠸᠪᠢᠶ ᠠ ᠨᠤᠭᠤᠳ᠂ ᠯᠢᠲ᠋ᠸ ᠤᠳ᠂ ᠡᠰᠲᠠᠨ ᠨᠤᠭᠤᠳ᠂ ᠢᠪᠡᠷᠡᠢ ᠨᠠᠷ ᠵᠡᠷᠭᠡ ᠦᠨᠳᠦᠰᠦᠲᠡᠨ᠂ ᠤᠭᠰᠠᠭᠠᠲᠠᠨ ᠬᠦᠮᠦᠰ ᠢ ᠬᠦᠴᠦ ᠪᠡᠷ ᠰᠢᠪᠢᠷᠢ᠂ ᠲᠥᠪ ᠠᠽᠢᠷᠤ ᠴᠥᠯᠡᠵᠦ᠂ ᠦᠨᠳᠦᠰᠦᠲᠡᠨ ᠤᠭᠰᠠᠭᠠᠲᠠᠨ ᠢᠶᠠᠷ ᠨᠢ ᠨᠤᠲᠤᠭ ᠵᠢᠭᠠᠨ ᠪᠠᠶᠢᠷᠢᠯᠠᠭᠤᠯᠵᠤ ᠪᠠᠶᠢᠪᠠ᠃ ᠤᠴᠢᠷ ᠨᠢ ᠡᠳᠡᠭᠡᠷ ᠬᠦᠮᠦᠰ ᠢ ᠢᠲᠡᠭᠡᠵᠦ ᠦᠯᠦ ᠪᠣᠯᠬᠤ ᠬᠦᠮᠦᠰ ᠬᠡᠮᠡᠨ ᠦᠵᠡᠨ᠂ 2 ᠍ ᠳᠦᠭᠡᠷ ᠵᠡᠷᠭᠡ ᠶᠢᠨ ᠬᠦᠮᠦᠰ ᠭᠡᠵᠦ ᠲᠡᠷᠡ ᠦᠵᠡᠵᠦ ᠪᠠᠶᠢᠪᠠ᠃

ᠬᠣᠵᠢᠮ ᠰᠤᠳᠤᠯᠤᠭᠠᠴᠢᠳ ᠰᠲ᠋ᠠᠯᠢᠨ ᠤ ᠳᠢᠭᠯᠢᠮ ᠦᠨ ᠤᠯᠠᠮ ᠠᠴᠠ 4-10 ᠰᠠᠶ᠎ᠠ ᠭᠠᠷᠤᠢ ᠵᠥᠪᠯᠡᠯᠲᠦ ᠶᠢᠨ ᠢᠷᠭᠡᠨ ᠨᠠᠰᠤ ᠪᠠᠷᠠᠭᠰᠠᠨ ᠭᠡᠵᠦ ᠲᠣᠭᠠᠴᠠᠭᠠᠯᠠᠳᠠᠭ᠃ ᠵᠠᠷᠢᠮ ᠰᠤᠳᠤᠯᠤᠭᠠᠴᠢᠳ ᠥᠯᠥᠰᠬᠦᠯᠡᠩ ᠢ ᠮᠥᠨ ᠣᠷᠤᠯᠴᠠᠭᠤᠯᠤᠨ᠂ ᠵᠥᠪᠬᠡᠨ 32-33 ᠣᠨ ᠤ ᠥᠯᠥᠰᠬᠦᠯᠡᠩ ᠦᠨ ᠦᠶ᠎ᠡ ᠪᠡᠷ 6 ᠣᠷᠴᠢᠮ ᠰᠠᠶ᠎ᠠ ᠬᠦᠮᠦᠨ ᠨᠠᠰᠤ ᠪᠠᠷᠠᠭᠰᠠᠨ᠃ ᠡᠭᠦᠨ ᠡᠴᠡ ᠭᠠᠳᠠᠨ᠎ᠠ 1.5 ᠰᠠᠶ᠎ᠠ ᠬᠦᠮᠦᠨ ᠢ ᠴᠠᠭᠠᠵᠠ ᠪᠠᠷ ᠠᠪᠤᠭᠰᠠᠨ; ᠭᠤᠯᠠᠭ ᠤᠳ ᠲᠤ᠂ ᠱᠣᠷᠣᠩ ᠳᠤ 5 ᠰᠠᠶ᠎ᠠ ᠬᠦᠮᠦᠨ ᠨᠠᠰᠤ ᠪᠠᠷᠵᠢ; 7.5 ᠰᠠᠶ᠎ᠠ ᠬᠦᠮᠦᠨ ᠢ ᠴᠥᠯᠡᠵᠦ᠂ ᠨᠡᠭᠦᠯᠭᠡᠨ ᠰᠢᠯᠵᠢᠭᠦᠯᠬᠦ ᠦᠶ᠎ᠡ ᠪᠡᠷ 1.5 ᠰᠠᠶ᠎ᠠ ᠣᠷᠴᠢᠮ; ᠭᠧᠷᠮᠠᠨ ᠤ ᠴᠡᠷᠢᠭ ᠦᠨ ᠬᠣᠷᠢᠭᠳᠠᠯ ᠪᠣᠯᠤᠨ ᠭᠧᠷᠮᠠᠨ ᠤ ᠢᠷᠭᠡᠳ 1 ᠰᠠᠶ᠎ᠠ ᠣᠷᠴᠢᠮ ᠬᠡᠮᠡᠨ ᠲᠣᠭᠠᠴᠠᠭᠠᠯᠠᠳᠠᠭ᠃ ᠢᠩᠭᠢᠵᠦ ᠲᠣᠭᠠᠴᠠᠭᠠᠯᠠᠪᠠᠯ 15 ᠰᠠᠶ᠎ᠠ ᠣᠷᠴᠢᠮ ᠬᠦᠮᠦᠨ ᠰᠲ᠋ᠠᠯᠢᠨ ᠤ ᠳᠢᠭᠯᠢᠮ ᠦᠨ ᠵᠣᠯᠢᠶᠠᠰᠤ᠂ ᠬᠣᠬᠢᠷᠠᠭᠴᠢ ᠪᠣᠯᠤᠨ ᠬᠡᠯᠮᠡᠭᠳᠡᠭᠰᠡᠨ᠃

ᠳᠡᠯᠡᠬᠡᠢ ᠶᠢᠨ ᠬᠣᠶᠠᠳᠤᠭᠠᠷ ᠳᠠᠶᠢᠨ ᠳᠤ ᠵᠥᠪᠯᠡᠯᠲᠦ ᠡᠬᠢᠨ ᠦ ᠦᠶ᠎ᠡ ᠳᠦ ᠮᠠᠰᠢ ᠨᠣᠴᠢᠲᠠᠢ ᠬᠣᠬᠢᠷᠠᠯ ᠠᠮᠰᠠᠵᠤ᠂ ᠪᠠᠭᠤᠵᠤ ᠥᠭᠬᠦ ᠲᠤᠬᠠᠢ ᠠᠰᠠᠭᠤᠳᠠᠯ ᠴᠤ ᠶᠠᠷᠢᠭᠳᠠᠵᠤ ᠪᠠᠶᠢᠭᠰᠠᠨ ᠭᠡᠳᠡᠭ᠃ ᠭᠡᠰᠡᠨ ᠴᠤ ᠳᠠᠶᠢᠨ ᠤ ᠶᠠᠪᠤᠴᠠ ᠳᠤ ᠥᠭᠡᠷᠡᠴᠢᠯᠡᠯᠲᠡ ᠭᠠᠷᠴᠤ ᠤᠯᠠᠮ ᠢᠶᠠᠷ ᠳᠠᠶᠢᠨ ᠢ ᠵᠥᠪᠯᠡᠯᠲᠦ ᠶᠢ ᠢᠯᠠᠯᠲᠠ ᠪᠠᠷ ᠳᠠᠭᠤᠰᠬᠠᠬᠤ ᠪᠣᠯᠤᠮᠵᠢ ᠲᠠᠢ ᠪᠣᠯᠤᠭᠰᠠᠨ᠃ ᠡᠶᠢᠨᠬᠦᠦ ᠭᠠᠭᠴᠠᠭᠠᠷ ᠢᠶᠠᠨ ᠵᠠᠰᠠᠭᠯᠠᠭᠰᠠᠭᠠᠷ 1953 ᠣᠨ ᠤ 3 ᠰᠠᠷ᠎ᠠ ᠶᠢᠨ 1 ᠍ ᠳᠦ ᠰᠲ᠋ᠠᠯᠢᠨ ᠨᠠᠰᠤ ᠨᠥᠭᠴᠢᠭᠰᠡᠨ᠃ ᠰᠲ᠋ᠠᠯᠢᠨ ᠤ ᠦᠬᠦᠯ ᠦᠨ ᠲᠠᠯ᠎ᠠ ᠪᠠᠷ ᠶᠠᠩᠵᠤ ᠪᠦᠷᠢ ᠶᠢᠨ ᠲᠠᠭᠠᠮᠠᠭ᠂ ᠣᠨᠣᠯ ᠪᠠᠶᠢᠳᠠᠭ᠃

ᠪᠢᠴᠢᠭᠡᠰᠦ