ᠢᠣᠬᠣᠨ ᠡᠯᠮᠠᠨᠳᠧᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠢᠣᠬᠣᠨ ᠡᠯᠮᠠᠨᠳᠧᠷ
ᠬᠤᠪᠢ ᠶᠢᠨ ᠮᠡᠳᠡᠭᠡᠯᠡᠯ
ᠪᠦᠲᠦᠨ ᠨᠡᠷ᠎ᠡᠢᠣᠬᠣᠨ ᠡᠷᠢᠺ ᠺᠧᠯᠸᠢᠨ ᠡᠯᠮᠠᠨᠳᠧᠷ[1]
ᠥᠨᠳᠥᠷ6 ft 2 in (1.88 ᠮ)
ᠪᠠᠶᠢᠷᠢᠯᠠᠯᠳᠣᠪᠲᠣᠯᠤᠭᠴᠢ
ᠵᠢᠭᠦᠷ ᠦᠨ ᠳᠣᠪᠲᠣᠯᠤᠭᠴᠢ
ᠪᠠᠭ ᠤᠨ ᠮᠡᠳᠡᠭᠡᠯᠡᠯ
ᠣᠳᠣ ᠶᠢᠨ ᠪᠠᠭᠠᠩᠭᠯᠢᠪᠣᠯᠲᠠᠨ ᠤᠣᠨᠳᠧᠷᠧᠷᠰ
ᠳ᠋ᠤᠭᠠᠷ9
ᠮᠡᠷᠭᠡᠵᠢᠯ ᠦᠨ ᠵᠠᠮᠨᠠᠯ*
ᠣᠨᠪᠠᠭᠣᠷᠣᠯᠴᠠᠭᠰᠠᠨ ᠤᠳᠠᠭ᠎ᠠ (ᠪᠥᠮᠪᠥᠭᠡ)
1997–1998ᠰᠸᠸᠳᠡᠨᠬᠣᠯᠠᠮᠠᠯᠤᠩᠳᠠᠰ ИФ23(5)
1999–2000ᠰᠸᠸᠳᠡᠨᠡᠷᠭᠡᠷᠲ᠋ᠧ39(4)
2000–2004ᠨᠢᠳᠧᠷᠯᠠᠨᠲᠹᠧᠢᠸᠨᠤᠷ᠎ᠠ ᠳᠤ39(3)
2002–2003ᠰᠸᠸᠳᠡᠨᠶᠷᠭᠠᠷᠳᠧᠨ (ᠵᠢᠭᠡᠯᠡᠯᠭᠡ)19(12)
2003–2004ᠨᠢᠳᠧᠷᠯᠠᠨᠲᠪᠷᠧᠳᠠ (ᠵᠢᠭᠡᠯᠡᠯᠭᠡ)31(7)
2004–2006ᠳ᠋ᠠᠨᠮᠠᠷᠺᠪᠷᠣᠨᠳᠪᠶᠤᠶᠢ58(22)
2006–2008ᠹᠷᠠᠨᠼᠢᠲᠤᠯᠤᠵᠠ64(22)
2008–ᠠᠩᠭᠯᠢᠪᠣᠯᠲᠠᠨ ᠤᠣᠨᠳᠧᠷᠧᠷᠰ62(12)
ᠰᠢᠭᠰᠢᠭᠡ ᠪᠠᠭ
2000–2004ᠰᠸᠸᠳᠡᠨᠰᠸᠸᠳᠡᠨ ᠶᠢᠨ ᠰᠢᠭᠰᠢᠭᠡ ᠪᠠᠭ (21 ᠍ ᠡᠴᠡ ᠳᠣᠭᠣᠭᠰᠢ ᠨᠠᠰᠤ)28(12)
2002–ᠰᠸᠸᠳᠡᠨᠰᠸᠸᠳᠡᠨ49(13)
* ᠮᠡᠷᠭᠡᠵᠢᠯ ᠦᠨ ᠵᠠᠮᠨᠠᠯ ᠤᠨ ᠲᠣᠭᠯᠠᠯᠲᠠ ᠶᠢᠨ (ᠭᠣᠣᠯ) ᠦᠵᠡᠭᠦᠯᠦᠯᠲᠡ ᠶᠢ ᠳᠣᠲᠣᠭᠠᠳᠤ ᠶᠢᠨ ᠯᠢᠭ ᠲᠡᠢ ᠨᠢ ᠤᠶᠠᠯᠳᠤᠭᠤᠯᠤᠭᠰᠠᠨ ᠪᠣᠯᠤᠨ᠎ᠠ᠃ ᠰᠡᠭᠦᠯ ᠳᠦ ᠰᠢᠨᠡᠴᠢᠯᠡᠭᠰᠡᠨ: 16:20, 2010 ᠣᠨ ᠤ 10 ᠰᠠᠷ᠎ᠠ ᠶᠢᠨ 2 (UTC).

† ᠭᠠᠷ ᠢᠶᠠᠨ (ᠭᠣᠣᠯ).

‡ ᠰᠢᠭᠰᠢᠭᠡ ᠪᠠᠭ ᠤᠨ ᠭᠠᠷ ᠢᠶᠠᠨ ᠪᠣᠯᠤᠨ ᠭᠣᠣᠯ ᠢ ᠰᠡᠭᠦᠯ ᠳᠦ ᠰᠢᠨᠡᠴᠢᠯᠡᠭᠰᠡᠨ: 20:02, 2010 ᠣᠨ ᠤ 9 ᠰᠠᠷ᠎ᠠ ᠶᠢᠨ 3 (UTC)

ᠢᠣᠬᠣᠨ ᠡᠯᠮᠠᠨᠳᠧᠷ (ᠠᠩᠭᠯᠢ ᠪᠠᠷ Johan Elmander, 1981 ᠣᠨ ᠤ ᠲᠠᠪᠤᠳᠤᠭᠠᠷ ᠰᠠᠷ᠎ᠠ ᠶᠢᠨ 27 ᠍ ᠳᠦ ᠰᠸᠸᠳᠡᠨᠡᠶᠢᠨ ᠠᠯᠢᠩᠭᠰᠠᠰ ᠬᠣᠳᠠ ᠳᠤ ᠲᠦᠷᠦᠭᠰᠡᠨ) ᠨᠢ ᠰᠸᠸᠳᠡᠨᠡᠶᠢᠨ ᠬᠥᠯ ᠪᠥᠮᠪᠥᠭᠡᠴᠢᠨ ᠪᠥᠭᠡᠳ ᠣᠳᠣ ᠠᠩᠭᠯᠢ ᠍ ᠶᠢᠨ ᠫᠷᠧᠮᠢᠶᠧᠷ ᠯᠢᠭ ᠦᠨ ᠪᠣᠯᠲᠠᠨ ᠤᠣᠨᠳᠧᠷᠧᠷᠰ ᠪᠠᠭ ᠲᠤ ᠳᠣᠪᠲᠣᠯᠤᠭᠴᠢ ᠶᠢᠨ ᠪᠠᠶᠢᠷᠢᠯᠠᠯ ᠳᠤ ᠲᠣᠭᠯᠠᠳᠠᠭ᠃ ᠡᠯᠮᠠᠨᠳᠧᠷ ᠹᠷᠠᠨᠼᠢ ᠍ ᠤᠨ ᠯᠠ ᠯᠢᠭᠡᠶᠢᠨ ᠲᠤᠯᠤᠵᠠ ᠪᠠᠭ᠎ᠠ ᠠᠴᠠ 8.2 ᠰᠠᠶ᠎ᠠ ᠹᠦᠨᠲ ᠰᠲ᠋ᠧᠷᠯᠢᠨ ᠢᠡᠶᠢᠨ ᠭᠡᠷ᠎ᠡ ᠪᠡᠷ ᠪᠤᠶᠤᠪᠣᠯᠲᠠᠨ ᠪᠠᠭ ᠤᠨ ᠲᠡᠦᠬᠡᠨ ᠨᠠᠶᠢᠮᠠᠭᠠᠨ ᠤ ᠡᠵᠡᠨ ᠪᠣᠯᠵᠤ 2008 ᠣᠨ ᠤ ᠵᠢᠷᠭᠤᠳᠠᠤᠭᠠᠷ ᠰᠠᠷ᠎ᠠ ᠶᠢᠨ 27 ᠍ ᠳᠦ ᠢᠷᠡᠵᠦ ᠪᠠᠶᠢᠯ᠎ᠠ᠃[2] ᠡᠯᠮᠠᠨᠳᠧᠷ ᠰᠢᠭᠰᠢᠭᠡ 38 ᠲᠣᠭᠯᠠᠯᠲᠠᠨ ᠳᠤ 11 ᠭᠣᠣᠯ ᠣᠷᠣᠭᠤᠯᠤᠭᠰᠠᠨ ᠭᠡᠰᠡᠨ ᠦᠵᠡᠭᠦᠯᠦᠯᠲᠡ ᠶᠢ ᠰᠸᠸᠳᠡᠨ ᠶᠢᠨ ᠰᠢᠭᠰᠢᠭᠡ ᠪᠠᠭ ᠲᠤ ᠣᠳᠣ ᠪᠠᠷ ᠦᠵᠡᠭᠦᠯᠦᠭᠡᠳ ᠪᠤᠢ᠃ ᠲᠡᠷᠡ ᠰᠢᠭᠰᠢᠭᠡ ᠪᠠᠭ ᠤᠨ ᠪᠦᠷᠢᠯᠳᠦᠬᠦᠨ ᠳᠦ 2006 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠤᠨ ᠧᠦ᠋ᠷᠣ 2008 ᠵᠡᠷᠭᠡ ᠲᠡᠮᠡᠴᠡᠭᠡᠨ ᠨᠦᠭᠦᠳ ᠲᠦ ᠣᠷᠣᠯᠴᠠᠵᠤ ᠪᠠᠶᠢᠭᠰᠠᠨ ᠪᠠᠶᠢᠨ᠎ᠠ᠃

ᠺᠯᠥ᠋ᠪ ᠤᠨ ᠵᠠᠮᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠯᠮᠠᠨᠳᠧᠷ ᠨᠤᠲᠤᠭ ᠤᠨ ᠢᠶᠠᠨ «ᠬᠣᠯᠠᠮᠠᠯᠤᠩᠳᠠᠰ ИФ»᠂ «ᠡᠷᠭᠡᠷᠲ᠋ᠧ» ᠪᠠᠭ ᠤᠳ ᠲᠤ ᠬᠠᠭᠠᠰ ᠬᠠᠮᠠᠭᠠᠯᠠᠭᠴᠢ ᠪᠠᠷ ᠲᠣᠭᠯᠠᠵᠤ ᠪᠠᠶᠢᠭᠠᠳ ᠬᠣᠯᠠᠨᠳ᠋ ᠍ ᠤᠨ ᠰᠢᠯᠢᠳᠡᠭ ᠪᠠᠭ ᠤᠳ ᠤᠨ ᠨᠢᠭᠡ ᠹᠧᠢᠸᠨᠤᠷ᠎ᠠ ᠳᠤ ᠪᠠᠭ ᠲᠤ 19 ᠨᠠᠰᠤ ᠲᠠᠢ ᠳᠠᠭᠠᠨ ᠡᠯᠡᠰᠦᠨ ᠢᠷᠡᠵᠦ᠂ ᠬᠣᠶᠠᠷ ᠤᠯᠠᠷᠢᠯ ᠤᠨ ᠲᠤᠷᠰᠢ ᠪᠣᠯᠤᠮᠵᠢ ᠶᠢᠨ ᠲᠣᠭᠯᠠᠯᠲᠠ ᠶᠢ ᠦᠵᠡᠭᠦᠯᠦᠨ ᠢᠷᠡᠭᠡᠳᠦᠢ ᠲᠡᠢ ᠵᠠᠯᠠᠭᠤ ᠲᠣᠭᠯᠠᠭᠴᠢ ᠪᠣᠯᠬᠤ ᠪᠠᠨ ᠬᠠᠷᠠᠭᠤᠯᠵᠤ ᠪᠠᠶᠢᠪᠠ᠃ 2002 ᠣᠨ ᠳᠤ Union Europeennes de Football Associations ᠍ ᠦᠨ ᠴᠣᠮᠣ ᠍ ᠤᠨ ᠲᠡᠮᠡᠴᠡᠭᠡᠨ ᠦ ᠰᠢᠭᠰᠢᠭᠡ ᠲᠣᠭᠯᠠᠯᠲᠠᠨ ᠳᠤ ᠰᠡᠯᠭᠦᠭᠡᠭᠡ ᠪᠡᠷ ᠭᠠᠷᠴᠤ ᠲᠣᠭᠯᠠᠨ ᠧᠦ᠋ᠷᠣᠫᠠ ᠍ ᠤᠨ ᠲᠣᠮᠣ ᠲᠡᠮᠡᠴᠡᠭᠡᠨ ᠦ ᠳ᠋ᠠᠷ᠎ᠠ ᠶᠢᠨ ᠤᠲᠤᠭ᠎ᠠ ᠶᠢ ᠦᠨᠦᠷᠯᠡᠭᠡᠳ ᠠᠪᠤᠭᠰᠠᠨ ᠪᠥᠭᠡᠳ 2002-03 ᠣᠨ ᠤ ᠤᠯᠠᠷᠢᠯ ᠳᠤ ᠨᠤᠲᠤᠭ ᠲᠤ ᠪᠠᠨ ᠵᠢᠭᠡᠯᠡᠯᠭᠡ ᠪᠡᠷ ᠡᠷᠭᠢᠨ ᠢᠷᠡᠵᠦ ᠶᠷᠭᠠᠷᠳᠧᠨ ᠪᠠᠭ ᠲᠤ ᠤᠯᠠᠷᠢᠯ ᠤᠨ ᠲᠤᠷᠰᠢ 19 ᠲᠣᠭᠯᠠᠯᠲᠠᠨ ᠳᠤ ᠣᠷᠣᠯᠴᠠᠨ 12 ᠭᠣᠣᠯ ᠬᠢᠭᠰᠡᠨ ᠭᠡᠬᠦ ᠦᠵᠡᠭᠦᠯᠦᠯᠲᠡ ᠲᠡᠢ ᠪᠡᠷ ᠪᠣᠯᠤᠨ ᠪᠠᠭ ᠤᠨ ᠬᠢᠨ ᠤ ᠪᠠᠨ ᠬᠠᠮᠲᠤ ᠪᠠᠷ «ᠬᠣᠶᠠᠳᠤᠭᠠᠷ ᠯᠢᠭ» ᠪᠣᠯᠤᠨ «ᠰᠢᠪ ᠲᠦ ᠶᠢᠨ ᠴᠣᠮᠣ ᠳᠤ» ᠬᠣᠶᠠᠭᠤᠯᠠᠨ ᠳᠤ ᠨᠢ ᠲᠦᠷᠦᠭᠦᠯᠡᠵᠦ «ᠳᠤᠪᠯᠢ» ᠬᠢᠵᠦ ᠠᠮᠵᠢᠯᠲᠠᠲᠠᠢ ᠲᠣᠭᠯᠠᠭᠰᠠᠨ ᠶᠤᠮ᠃ ᠲᠡᠭᠦᠨᠴᠢᠯᠡᠨ ᠡᠯᠮᠠᠨᠳᠧᠷ ᠢ 2002 ᠣᠨ ᠤ ᠬᠣᠶᠠᠳᠤᠭᠠᠷ ᠰᠠᠷ᠎ᠠ ᠶᠢᠨ 2 ᠍ ᠳᠦ ᠰᠸᠸᠳᠡᠨ ᠶᠢᠨ ᠰᠢᠭᠰᠢᠭᠡ ᠪᠠᠭ ᠳᠠᠭᠤᠳᠠᠵᠤ ᠭᠷᠧᠺ ᠦᠨ ᠰᠢᠭᠰᠢᠭᠡ ᠪᠠᠭ ᠲᠠᠢ ᠬᠢᠭᠰᠡᠨ ᠨᠥᠬᠥᠷᠰᠡᠭ ᠲᠣᠭᠯᠠᠯᠲᠠᠨ ᠳᠤ ᠣᠷᠤᠯᠴᠠᠭᠤᠯᠵᠤ ᠪᠠᠶᠢᠴᠠᠢ᠃ 2003 ᠣᠨ ᠳᠤ ᠮᠥᠨ ᠯᠠ ᠵᠢᠭᠡᠯᠡᠯᠭᠡ ᠪᠡᠷ «ᠹᠧᠢᠸᠨᠤᠷ᠎ᠠ ᠳᠤ» ᠪᠠᠭ᠎ᠠ ᠠᠴᠠ «ᠪᠷᠧᠳᠠ» ᠪᠠᠭ ᠲᠤ ᠨᠢᠭᠡᠨ ᠤᠯᠠᠷᠢᠯ ᠢ ᠥᠩᠭᠡᠷᠡᠭᠦᠯᠦᠭᠰᠡᠨ ᠶᠤᠮ᠃

2004-05 ᠣᠨ ᠤ ᠤᠯᠠᠷᠢᠯ ᠳᠤ ᠳ᠋ᠠᠨᠮᠠᠷᠺ ᠍ ᠶᠢᠨ ᠰᠤᠫᠧᠷ ᠯᠢᠭ ᠦᠨ ᠪᠷᠣᠨᠳᠪᠶᠤᠶᠢ ᠪᠠᠭ ᠲᠠᠢ ᠠᠯᠪᠠᠨ ᠶᠣᠰᠣᠨ ᠤ ᠭᠡᠷ᠎ᠡ ᠶᠢ ᠡᠯᠮᠠᠨᠳᠧᠷ ᠪᠠᠶᠢᠭᠤᠯᠤᠭᠰᠠᠨ ᠪᠥᠭᠡᠳ 2004-2006 ᠣᠨ ᠤ ᠬᠣᠭᠣᠷᠣᠨᠳᠣ ᠲᠤᠰ ᠪᠠᠭ ᠤᠨ ᠪᠦᠷᠢᠯᠳᠦᠬᠦᠨ ᠳᠦ 58 ᠲᠣᠭᠯᠠᠯᠲᠠᠨ ᠳᠤ ᠣᠷᠣᠯᠴᠠᠵᠤ 22 ᠭᠣᠣᠯ ᠢ ᠬᠢᠭᠰᠡᠨ ᠠᠮᠵᠢᠯᠲᠠ ᠶᠢ ᠦᠵᠡᠭᠦᠯᠦᠨ 2004-05 ᠣᠨ ᠤ ᠯᠢᠭ᠂ 2005 ᠣᠨ ᠤ «ᠳᠠᠩ ᠤᠨ ᠴᠣᠮᠣ ᠶᠢᠨ» ᠲᠡᠮᠡᠴᠡᠭᠡᠨ ᠨᠦᠭᠦᠳ ᠲᠦ ᠲᠤᠰ ᠲᠤᠰ ᠠᠪᠤᠷᠭᠤᠯᠠᠵᠤ᠂ «ᠪᠷᠣᠨᠳᠪᠶᠤᠶᠢ» ᠪᠠᠭ ᠤᠨ ᠣᠨ ᠤ ᠰᠢᠯᠢᠳᠡᠭ ᠲᠣᠭᠯᠠᠭᠴᠢ ᠶᠢᠨ ᠰᠠᠨᠠᠯ ᠠᠰᠠᠭᠤᠯᠭ᠎ᠠ ᠳᠤ ᠰᠢᠯᠢᠳᠡᠭ ᠢᠶᠡᠷ ᠰᠢᠯᠭᠠᠷᠴᠢ ᠪᠠᠶᠢᠪᠠ᠃
ᠡᠯᠮᠠᠨᠳᠧᠷ «ᠪᠷᠣᠨᠳᠪᠶᠤᠶᠢ» ᠪᠠᠭ ᠤᠨ ᠪᠦᠷᠢᠯᠳᠦᠬᠦᠨ ᠳᠦ᠃
ᠮᠥᠨ ᠪᠠᠶᠢᠨ᠎ᠠ᠃

ᠡᠯᠮᠠᠨᠳᠧᠷ 2006 ᠣᠨ ᠤ ᠳᠣᠯᠣᠭ᠎ᠠ ᠳᠤᠭᠠᠷ ᠰᠠᠷ᠎ᠠ ᠶᠢᠨ 7 ᠍ ᠳᠦ ᠲᠤᠯᠤᠵᠠ ᠪᠠᠭ ᠲᠤ 4,500,000 ᠰᠠᠶ᠋ᠢ ᠧᠦ᠋ᠷᠣᠭᠡᠶᠢᠨ ᠭᠡᠷ᠎ᠡ ᠶᠢᠨ ᠳᠠᠭᠠᠤ ᠢᠷᠡᠵᠦ ᠠᠩᠬᠠᠨ ᠤ ᠪᠠᠨ ᠤᠯᠠᠷᠢᠯ ᠳᠤ 11 ᠭᠣᠣᠯ ᠢ ᠹᠷᠠᠨᠼᠢ ᠶᠢᠨ ᠬᠥᠯᠪᠥᠮᠪᠥᠭᠡ ᠶᠢᠨ ᠯᠢᠭᠡᠶᠢᠨ ᠲᠡᠮᠡᠴᠡᠭᠡᠨ ᠳᠦ ᠣᠷᠣᠭᠤᠯᠵᠤ ᠯᠢᠭ ᠦᠨ «ᠴᠠᠬᠢᠭᠤᠷ ᠬᠠᠭᠠᠯᠬᠤ ᠲᠣᠭᠯᠠᠭᠴᠢ» ᠱᠠᠩᠨᠠᠯ ᠤᠨ ᠨᠣᠮᠨᠠᠴᠢ ᠳᠤ ᠥᠷᠢᠰᠦᠯᠳᠦᠵᠦ ᠲᠤᠬᠠᠢ ᠶᠢᠨ ᠦᠶ᠎ᠡ ᠶᠢᠨ ᠣᠯᠢᠮᠫᠢᠺ ᠯᠢᠨ ᠪᠠᠭ ᠤᠨ ᠬᠠᠭᠠᠰ ᠬᠠᠮᠠᠭᠠᠯᠠᠭᠴᠢ ᠹᠯᠣᠷᠠᠨ ᠮᠠᠯᠤᠳᠠ ᠳᠤ ᠢᠯᠠᠭᠳᠠᠵᠤ ᠪᠠᠶᠢᠪᠠ᠃ ᠯᠢᠭᠢ ᠳᠦ ᠭᠤᠷᠪᠠᠭᠤ ᠳᠤᠭᠠᠷ ᠪᠠᠶᠢᠷᠢ ᠪᠠᠷ ᠰᠢᠯᠭᠠᠷᠠᠭᠰᠠᠨ ᠲᠤᠯᠠ «ᠲᠤᠯᠤᠵᠠ» ᠪᠠᠭ ᠤᠨ ᠵᠢᠭᠦᠷ ᠦᠨ ᠳᠣᠪᠲᠣᠯᠤᠭᠴᠢ ᠡᠯᠮᠠᠨᠳᠧᠷ Union Europeennes de Football Associations ᠠᠪᠣᠷᠭᠣᠴᠣᠳ ᠤᠨ ᠯᠢᠭᠡᠶᠢᠨ ᠲᠡᠮᠡᠴᠡᠭᠡᠨ ᠦ ᠰᠣᠩᠭᠣᠨ ᠰᠢᠯᠭᠠᠷᠠᠭᠤᠯᠤᠯᠲᠠ ᠶᠢᠨ ᠲᠣᠭᠯᠠᠯᠲᠠ ᠨᠤᠭᠤᠳ ᠲᠤ ᠠᠩᠬ᠎ᠠ ᠤᠳᠤᠭ᠎ᠠ ᠪᠠᠨ ᠣᠷᠣᠯᠴᠠᠵᠤ ᠪᠠᠶᠢᠪᠠ᠃

2008 ᠣᠨ ᠤ ᠵᠢᠷᠭᠤᠳᠠᠤᠭᠠᠷ ᠰᠠᠷ᠎ᠠ ᠶᠢᠨ 27 ᠍ ᠳᠦ ᠡᠯᠮᠠᠨᠳᠧᠷ ᠠᠩᠭᠯᠢ ᠍ ᠶᠢᠨ ᠫᠷᠧᠮᠢᠶᠧᠷ ᠯᠢᠭ ᠦᠨ ᠪᠣᠯᠲᠠᠨ ᠤᠣᠨᠳᠧᠷᠧᠷᠰ ᠪᠠᠭ ᠲᠠᠢ[3][4] 8.2 ᠰᠠᠶ᠎ᠠ ᠹᠦᠨᠲ ᠰᠲ᠋ᠧᠷᠯᠢᠨ ᠢᠡᠶᠢᠨ ᠪᠣᠯᠲᠠᠨ ᠤ ᠲᠡᠦᠬᠡᠨ ᠮᠠᠶᠢᠮᠠᠭ᠎ᠠ ᠶᠢ ᠭᠤᠷᠪᠠᠨ ᠵᠢᠯ ᠢᠶᠡᠷ ᠬᠢᠵᠦ[2] ᠢᠷᠡᠵᠦ ᠪᠠᠶᠢᠪᠠ᠃

2008 ᠣᠨ ᠤ ᠨᠠᠶᠢᠮᠠᠳᠤᠭᠠᠷ ᠰᠠᠷ᠎ᠠ ᠶᠢᠨ 1 ᠍ ᠳᠦ ᠡᠯᠮᠠᠨᠳᠧᠷ ᠪᠣᠯᠲᠠᠨ ᠳᠠᠬᠢ ᠠᠩᠬᠠᠨ ᠤ ᠭᠠᠷᠤᠭ᠎ᠠ ᠪᠠᠨ «ᠺᠢᠫᠮᠣ ᠳᠤ» ᠴᠡᠩᠭᠡᠯᠳᠦᠬᠦ ᠬᠦᠷᠢᠶᠡᠯᠡᠩ ᠳᠦ ᠪᠣᠯᠤᠭᠰᠠᠨ ᠨᠥᠬᠥᠷᠰᠡᠭ ᠲᠣᠭᠯᠠᠯᠲᠠᠨ ᠳᠤ ᠬᠢᠵᠦ ᠳᠣᠩᠺᠠᠰᠲ᠋ᠸᠷ ᠪᠠᠭ ᠤᠨ ᠬᠠᠭᠠᠯᠭᠠᠨ ᠳᠤ ᠬᠣᠶᠠᠷ ᠭᠣᠣᠯ ᠢ ᠣᠷᠣᠭᠤᠯᠤᠭᠰᠠᠨ ᠪᠣᠯ ᠫᠷᠧᠮᠢᠶᠧᠷ ᠯᠢᠭ ᠦᠨ ᠠᠩᠬᠠᠨ ᠤ ᠭᠣᠣᠯᠠᠭ᠎ᠠ 2008 ᠣᠨ ᠤ ᠨᠠᠶᠢᠮᠠᠳᠤᠭᠠᠷ ᠰᠠᠷ᠎ᠠ ᠶᠢᠨ 16 ᠍ ᠤ ᠰᠲ᠋ᠣᠺ ᠰᠢᠲ᠋ᠢ ᠪᠠᠭ ᠢ 3-1 ᠬᠠᠷᠢᠴᠠᠭ᠎ᠠ ᠪᠠᠷ ᠬᠣᠵᠢᠭ᠌ᠰᠠᠨ ᠲᠣᠭᠯᠠᠯᠲᠠᠨ ᠳᠤ ᠣᠷᠣᠭᠤᠯᠤᠭᠰᠠᠨ ᠪᠠᠶᠢᠬᠤ ᠶᠤᠮ᠃[5] Elmander played 30 games in 2008–09 season, scored 5 goals and 2 assists.[6]

ᠱᠠᠩᠨᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠧᠢᠸᠨᠤᠷ᠎ᠠ ᠳᠤ

ᠶᠷᠭᠠᠷᠳᠧᠨ

  • ᠬᠣᠶᠠᠳᠤᠭᠠᠷ ᠳ᠋ᠢᠸᠢᠽ: 2002, 2003
  • ᠰᠸᠸᠳᠡᠨ ᠶᠢᠨ ᠴᠣᠮᠣ: 2002

ᠪᠷᠣᠨᠳᠪᠶᠤᠶᠢ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Statistics. Premier League. 2010-01-11 ᠍ ᠳᠦ ᠬᠠᠨᠳᠤᠭᠰᠠᠨ᠃
  2. 2.0 2.1 "Bolton 3 Stoke 1", The Sun, 2008-08-18. 2008-08-18 ᠍ ᠳᠦ ᠠᠪᠤᠭᠰᠠᠨ᠃ 
  3. "Wanderers land Swede", Bolton Wanderers F.C., 2008-06-27. 2008-06-29 ᠍ ᠳᠦ ᠠᠪᠤᠭᠰᠠᠨ᠃ 
  4. "Bolton sign £10m-rated Elmander", BBC Sport, 2008-06-27. 2008-06-29 ᠍ ᠳᠦ ᠠᠪᠤᠭᠰᠠᠨ᠃ 
  5. "Bolton 3–1 Stoke", BBC News, 2008-08-16. 2010-05-06 ᠍ ᠳᠦ ᠠᠪᠤᠭᠰᠠᠨ᠃ 
  6. "Johan Elmander 08-09", ESPN, 2009-08-22. 2010-08-22 ᠍ ᠳᠦ ᠠᠪᠤᠭᠰᠠᠨ᠃ 

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]


ᠪᠢᠴᠢᠭᠡᠰᠦ