ᠢᠣᠬᠣᠨᠨᠡᠰ ᠷᠣᠪᠧᠷᠲ ᠪᠷᠠᠮᠰᠠ
ᠢᠣᠬᠣᠨᠨᠡᠰ ᠷᠣᠪᠧᠷᠲ ᠪᠷᠠᠮᠰᠠ (1833 ᠣᠨ ᠤ 5 ᠰᠠᠷ᠎ᠠ ᠶᠢᠨ 7 – 1897 ᠣᠨ ᠤ 4 ᠰᠠᠷ᠎ᠠ ᠶᠢᠨ 3) ᠨᠢ ᠭᠧᠷᠮᠠᠨᠢ ᠬᠥᠭᠵᠢᠮ ᠦᠨ ᠵᠣᠬᠢᠶᠠᠯᠴᠢ ᠪᠠᠶᠢᠪᠠ᠃
ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]
ᠭᠧᠷᠮᠠᠨ ᠤ ᠬᠥᠭᠵᠢᠮ ᠦᠨ ᠨᠡᠷᠡᠲᠦ ᠵᠣᠬᠢᠶᠠᠯᠴᠢ ᠢᠣᠬᠣᠨᠨᠡᠰ ᠷᠣᠪᠧᠷᠲ ᠪᠷᠠᠮᠰᠠ ᠲᠤᠬᠠᠢ ᠶᠢᠨ ᠦᠶᠡᠳᠡᠭᠡ ᠨᠡᠯᠢᠶᠡᠳ ᠨᠡᠷ᠎ᠡ ᠲᠡᠢ ᠬᠥᠭᠵᠢᠮᠴᠢᠨ ᠦ ᠭᠡᠷ ᠪᠦᠯᠢ ᠳᠦ ᠲᠥᠷᠦᠵᠢᠭᠡ᠃ 15 ᠨᠠᠰᠤ ᠬᠦᠷᠲᠡᠯ᠎ᠡ ᠲᠥᠷᠥᠯᠬᠢ ᠭᠠᠨᠪᠦᠦᠭ ᠬᠣᠲᠠ ᠳᠤ ᠪᠠᠨ ᠭᠡᠷ ᠢᠶᠡᠷ ᠬᠥᠭᠵᠢᠮ ᠦᠨ ᠪᠣᠯᠪᠠᠰᠤᠷᠠᠯ ᠣᠯᠵᠤ᠂ ᠲᠡᠭᠦᠯᠳᠡᠷ ᠬᠤᠭᠤᠷ ᠲᠣᠭᠯᠠᠵᠤ ᠰᠤᠷᠠᠵᠠᠢ᠃ ᠠᠮᠢᠳᠤᠷᠠᠯ ᠤᠨ ᠡᠷᠬᠡ ᠪᠡᠷ ᠠᠵᠢᠯ ᠭᠣᠯᠣᠯ ᠦᠭᠡᠢ ᠲᠠᠭᠠᠷᠠᠯᠳᠤᠭᠰᠠᠨ ᠪᠣᠯᠭᠠᠨ ᠢᠶᠠᠨ ᠬᠢᠵᠦ ᠪᠠᠶᠢᠭᠰᠠᠨ ᠤ ᠳᠣᠲᠣᠷ᠎ᠠ ᠪᠠᠭ᠎ᠠ ᠠᠴᠠ ᠪᠠᠨ ᠴᠡᠷᠢᠭ ᠦᠨ ᠬᠥᠭᠵᠢᠮᠳᠡ ᠠᠯᠪᠠ ᠬᠠᠭᠠᠭᠰᠠᠨ ᠨᠢ ᠲᠡᠭᠦᠨ ᠦ ᠢᠷᠡᠭᠡᠳᠦᠢ ᠳᠦ ᠶᠡᠬᠡ ᠲᠤᠰᠠᠲᠠᠢ ᠵᠦᠢᠯ ᠪᠣᠯᠤᠭᠰᠠᠨ ᠪᠠᠶᠢᠨ᠎ᠠ᠃ ᠮᠥᠨ ᠠᠷᠠᠳ ᠤᠨ ᠳᠠᠭᠤᠤ᠂ ᠠᠶᠠᠯᠭᠤ᠂ ᠬᠦᠮᠦᠨ ᠠᠷᠠᠳ ᠤᠨ ᠢᠶᠠᠨ ᠠᠵᠤ ᠲᠥᠷᠥᠯ ᠲᠡᠢ ᠣᠶᠢᠷ᠎ᠠ ᠳᠣᠲᠣᠨᠣ ᠲᠠᠨᠢᠯᠴᠠᠭᠰᠠᠨ ᠨᠢ ᠲᠡᠭᠦᠨ ᠦ ᠤᠷᠠᠨ ᠪᠦᠲᠦᠭᠡᠯ ᠦᠨ ᠠᠷᠭ᠎ᠠ ᠪᠠᠷᠢᠯ ᠪᠥᠷᠢᠯᠳᠦᠨ ᠲᠣᠭᠲᠠᠬᠤ ᠳᠤ ᠨᠥᠯᠦᠭᠡᠯᠡᠵᠡᠢ᠃
ᠲᠡᠷᠡ ᠦᠶ᠎ᠡ ᠶᠢᠨ ᠲᠡᠷᠢᠭᠦᠨ ᠦ ᠰᠡᠬᠡᠭᠡᠲᠡᠨ᠂ ᠬᠥᠭᠵᠢᠮ ᠦᠨ ᠵᠣᠬᠢᠶᠠᠯᠴᠢ᠂ ᠬᠥᠭᠵᠢᠮᠴᠢᠳ ᠢ᠃ ᠪᠷᠠᠮᠰᠠ ᠶᠢᠨ ᠠᠮᠢᠳᠤᠷᠠᠯ᠂ ᠤᠷᠠᠨ ᠪᠦᠲᠦᠭᠡᠯ ᠦᠨ ᠥᠰᠦᠯᠲᠡ ᠬᠥᠭᠵᠢᠯᠲᠡᠳ ᠶᠡᠬᠡ ᠡᠭᠦᠷᠭᠡ ᠭᠦᠢᠴᠡᠳᠭᠡᠭᠰᠡᠨ ᠶᠤᠮ᠃ ᠲᠤᠬᠠᠶᠢᠯᠠᠪᠠᠯ ᠤᠩᠭᠠᠷᠢ ᠶᠢᠨ ᠨᠡᠷᠡᠲᠦ ᠬᠢᠭᠢᠯᠢᠴᠢ ᠷᠧᠮᠢᠨᠢ ᠲᠡᠢ ᠲᠠᠨᠢᠯᠴᠠᠭᠰᠠᠨ ᠨᠢ 《ᠬᠠᠩᠭᠠᠷᠢ ᠪᠦᠵᠢᠭ ᠦᠳ》 ᠭᠡᠳᠡᠭ ᠠᠯᠳᠠᠷᠲᠤ ᠪᠦᠲᠦᠭᠡᠯ ᠢᠶᠡᠨ ᠪᠢᠴᠢᠬᠦ ᠳᠦ ᠬᠦᠷᠭᠡᠭᠰᠡᠨ ᠭᠡᠳᠡᠭ᠃
1853 ᠣᠨ ᠳᠤ ᠱᠤᠮᠠᠨ ᠲᠠᠢ ᠲᠠᠨᠢᠯᠴᠠᠭᠰᠠᠨ ᠨᠢ ᠲᠡᠭᠦᠨ ᠦ ᠠᠮᠢᠳᠤᠷᠠᠯ᠂ ᠤᠷᠠᠨ ᠪᠦᠲᠦᠭᠡᠯ ᠳᠦ ᠦᠨᠳᠦᠰᠦᠨ ᠡᠷᠭᠢᠯᠲᠡ ᠪᠣᠯᠵᠠᠢ᠃ ᠢ᠃ ᠪᠷᠠᠮᠰᠠ ᠶᠢᠨ ᠤᠷᠠᠨ ᠪᠦᠲᠦᠭᠡᠯ ᠦᠨ ᠲᠤᠬᠠᠢ ᠱᠤᠮᠤᠨ 《ᠰᠢᠨ᠎ᠡ ᠵᠠᠮ》 ᠨᠡᠷ᠎ᠡ ᠲᠡᠢ ᠥᠭᠦᠯᠡᠯ ᠪᠢᠴᠢᠭᠰᠡᠨ ᠨᠢ ᠲᠡᠭᠦᠨ ᠦ ᠨᠡᠷ᠎ᠡ ᠶᠢ ᠬᠢᠯᠢ ᠶᠢᠨ ᠴᠢᠨᠠᠳᠤ ᠬᠦᠷᠲᠡᠯ᠎ᠡ ᠡᠷᠭᠦᠮᠵᠢᠯᠡᠵᠡᠢ᠃ ᠡᠨᠡ ᠦᠶ᠎ᠡ ᠳᠦ ᠢ᠃ᠪᠷᠠᠮᠰᠠ ᠲᠡᠭᠦᠯᠳᠡᠷ ᠬᠤᠭᠤᠷ ᠤᠨ ᠰᠣᠨᠠᠲ᠂ ᠴᠣᠭᠯᠢᠭ ᠠᠶᠠᠯᠭᠤ᠂ ᠴᠥᠭᠡᠭᠦᠯᠡ ᠬᠥᠭᠵᠢᠮ ᠦᠨ ᠠᠶᠠᠵᠠ ᠪᠣᠯᠤᠨ ᠪᠤᠰᠤᠳ ᠣᠯᠠᠨ ᠵᠣᠬᠢᠶᠠᠯ ᠢᠶᠠᠷ ᠢᠶᠠᠨ ᠠᠷᠤ ᠠᠷᠤ ᠠᠴᠠ ᠨᠢ ᠴᠤᠪᠤᠭᠤᠯᠤᠨ ᠭᠠᠷᠭᠠᠵᠤ ᠪᠠᠶᠢᠯ᠎ᠠ᠃ ᠤᠳᠠᠯ ᠦᠭᠡᠢ ᠤᠷᠠᠨ ᠪᠦᠲᠦᠭᠡᠯ ᠢᠶᠡᠷ ᠢᠶᠡᠨ ᠠᠷᠠᠳ ᠣᠯᠠᠨ ᠤ ᠪᠠᠨ ᠠᠩᠬᠠᠷᠤᠯ ᠢ ᠲᠠᠲᠠᠵᠤ 1870 ᠍ ᠊ᠭᠠᠳ ᠣᠨ ᠤ ᠳᠤᠮᠳᠠ ᠦᠶᠡᠰ ᠬᠥᠭᠵᠢᠮ ᠦᠨ ᠨᠡᠷᠡᠲᠦ ᠵᠣᠬᠢᠶᠠᠯᠴᠢ ᠪᠣᠯᠲᠠᠯ᠎ᠠ ᠪᠠᠨ ᠥᠰᠴᠠᠢ᠃ ᠧᠦ᠋ᠷᠣᠫᠠ ᠶᠢᠨ ᠬᠥᠭᠵᠢᠮ ᠦᠨ ᠲᠣᠮᠣᠬᠠᠨ ᠲᠥᠪ ᠪᠣᠯᠵᠤ ᠪᠠᠶᠢᠭᠰᠠᠨ ᠸᠸᠨ ᠳᠤ ᠥᠩᠭᠡᠷᠡᠭᠦᠯᠦᠭᠰᠡᠨ ᠵᠢᠯ ᠦᠳ ᠲᠡᠭᠦᠨ ᠦ ᠠᠮᠢᠳᠤᠷᠠᠯ ᠳᠤ ᠣᠨᠴᠠᠭᠠᠢ ᠠᠴᠢ ᠬᠣᠯᠪᠣᠭᠳᠠᠯ ᠲᠠᠢ ᠪᠠᠶᠢᠪᠠ᠃ ᠸᠸᠨ ᠳᠤ ᠲᠡᠭᠦᠨ ᠦ ᠪᠢᠴᠢᠭᠰᠡᠨ ᠠᠩᠬᠠᠨ ᠤ ᠰᠢᠮᠹᠣᠨᠢ ᠶᠢ 《ᠪᠧᠲ᠋ᠬᠣᠸᠧᠨᠢᠢ 10 ᠳᠠᠬᠢ ᠰᠢᠮᠹᠣᠨᠢ》 ᠭᠡᠵᠦ ᠨᠡᠷᠡᠯᠡᠵᠦ ᠪᠠᠶᠢᠭᠰᠠᠨ ᠲᠡᠦᠬᠡ ᠲᠡᠢ᠃ ᠣᠯᠠᠨ ᠵᠢᠯ ᠦᠨ ᠤᠷᠠᠨ ᠪᠦᠲᠦᠭᠡᠯ᠂ ᠶᠡᠬᠡ ᠬᠥᠳᠡᠯᠮᠦᠷᠢ ᠶᠢ ᠨᠢ ᠦᠨᠡᠯᠡᠵᠦ᠂ ᠢ᠃ᠪᠷᠠᠮᠠᠰ ᠢ ᠪᠧᠷᠯᠢᠨ ᠦ ᠤᠷᠠᠯᠢᠭ ᠤᠨ ᠠᠺᠠᠳᠧᠮᠢ ᠶᠢᠨ ᠭᠡᠰᠢᠭᠦᠨ᠂ ᠭᠠᠨᠪᠦᠦᠭ ᠬᠣᠲᠠ ᠶᠢᠨ ᠬᠦᠨᠳᠦᠲᠦ ᠢᠷᠭᠡᠨ ᠢᠶᠡᠷ ᠰᠣᠩᠭᠣᠵᠤ᠂ ᠺᠧᠮᠪᠷᠢᠵᠤ ᠶᠢᠨ ᠶᠡᠬᠡ ᠰᠤᠷᠭᠠᠭᠤᠯᠢ ᠶᠢᠨ ᠬᠥᠭᠵᠢᠮ ᠦᠨ ᠳ᠋ᠣᠺᠲ᠋ᠣᠷ ᠤᠨ ᠵᠡᠷᠭᠡ ᠬᠦᠷᠲᠡᠭᠡᠭᠰᠡᠨ ᠪᠠᠶᠢᠨ᠎ᠠ᠃
ᠲᠤᠬᠠᠢ ᠶᠢᠨ ᠴᠠᠭ ᠤᠨ ᠳᠡᠪᠰᠢᠯᠲᠡ ᠲᠡᠷᠢᠭᠦᠨ ᠦ ᠦᠵᠡᠯ ᠰᠠᠨᠠᠭ᠎ᠠ᠂ ᠬᠥᠳᠡᠯᠭᠡᠭᠡᠨ ᠡᠴᠡ ᠲᠠᠰᠤᠷᠴᠢ ᠪᠠᠶᠢᠭᠰᠠᠨ ᠵᠡᠷᠭᠡ ᠠᠮᠢᠳᠤᠷᠠᠯ ᠤᠨ ᠡᠭᠡᠳᠡᠷᠡᠭᠡ ᠵᠥᠷᠢᠴᠡᠯ ᠪᠤᠢ ᠪᠣᠯᠪᠠᠴᠤ ᠠᠷᠠᠳ ᠤᠨ ᠪᠣᠯᠤᠨ ᠷᠧᠠᠯᠢᠰᠲ ᠰᠣᠩᠭᠣᠳᠠᠭ ᠤᠷᠠᠯᠢᠭ ᠤᠨ ᠥᠪ ᠤᠯᠠᠮᠵᠢᠯᠠᠯ ᠢ ᠬᠠᠳᠠᠭᠠᠯᠠᠬᠤ᠂ ᠬᠠᠮᠠᠭᠠᠯᠠᠬᠤ ᠦᠢᠯᠡᠰ ᠲᠦ ᠲᠡᠭᠦᠨ ᠦ ᠣᠷᠣᠭᠤᠯᠤᠭᠰᠠᠨ ᠬᠤᠪᠢ ᠨᠡᠮᠡᠷᠢ ᠶᠡᠬᠡ ᠶᠤᠮ᠃ ᠲᠡᠷᠡᠪᠡᠷ 《ᠮᠣᠴᠠᠷᠠᠲᠤ ᠶᠢᠨ ᠠᠳᠠᠯᠢ ᠭᠣᠶᠣ ᠰᠠᠶᠢᠬᠠᠨ ᠪᠢᠴᠢᠵᠦ ᠴᠢᠳᠠᠬᠤ ᠦᠭᠡᠢ ᠴᠤ ᠶᠠᠳᠠᠬᠤ ᠳᠤ ᠪᠠᠨ ᠲᠡᠭᠦᠨ ᠰᠢᠭ ᠴᠡᠪᠡᠷ ᠪᠢᠴᠢᠬᠦ ᠶᠢ ᠣᠷᠣᠯᠳᠠᠵᠠᠭᠠᠶᠠ》 ᠬᠡᠮᠡᠨ ᠤᠷᠢᠶᠠᠯᠠᠵᠤ ᠰ᠃ᠪᠠᠬ᠎ᠠ᠂ ᠸ᠃ᠮᠣᠴᠢᠷᠲ᠂ ᠯᠠ᠃ᠪᠧᠲ᠋ᠬᠣᠸᠧᠨ ᠵᠡᠷᠭᠡ ᠬᠥᠭᠵᠢᠮ ᠦᠨ ᠰᠣᠩᠭᠣᠳᠠᠭ ᠵᠣᠬᠢᠶᠠᠯᠴᠢᠳ ᠤᠨ ᠤᠯᠠᠮᠵᠢᠯᠠᠯ᠂ ᠠᠷᠠᠳ ᠤᠨ ᠳᠠᠭᠤᠤ ᠬᠥᠭᠵᠢᠮ ᠦᠨ ᠪᠠᠶᠠᠯᠢᠭ ᠰᠠᠩ ᠳᠤ ᠲᠤᠯᠭᠠᠭᠤᠷᠢᠯᠠᠨ ᠥᠪᠡᠷ ᠦᠨ ᠪᠦᠲᠦᠭᠡᠯ ᠢᠶᠡᠨ ᠲᠤᠭᠤᠷᠪᠢᠵᠤ ᠪᠠᠶᠢᠪᠠ᠃
ᠢ᠃ᠪᠷᠠᠮᠰᠠ ᠳᠠᠭᠤᠷᠢ ᠠᠴᠠ ᠪᠤᠰᠤᠳ ᠬᠥᠭᠵᠢᠮ ᠦᠨ ᠪᠦᠬᠦ ᠲᠥᠷᠥᠯ ᠳᠦ ᠡᠶᠢᠨᠬᠦᠦ ᠠᠰᠤᠷᠤ ᠣᠯᠠᠨ ᠪᠦᠲᠦᠭᠡᠯ ᠲᠤᠭᠤᠷᠪᠢᠵᠤ ᠲᠡᠦᠬᠡᠨ ᠳᠦ ᠨᠡᠷ᠎ᠡ ᠪᠡᠨ ᠦᠯᠡᠳᠡᠭᠡᠭᠰᠡᠨ ᠪᠠᠶᠢᠨ᠎ᠠ᠃