ᠢᠣᠬᠣᠨᠨᠡᠰ ᠭᠤᠲᠤᠡᠨᠪᠦᠷᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Gutenberg.jpg

ᠢᠣᠬᠣᠨᠨᠡᠰ ᠭᠤᠲᠤᠡᠨᠪᠦᠷᠭ (ᠭᠧᠷᠮᠠᠨ ᠢᠶᠠᠷ Johannes Gensfleisch zur Laden zum Gutenberg; 1398 ᠣᠨ ᠳᠤ ᠲᠥᠷᠦᠵᠢ 1468 ᠣᠨ ᠤ 2 ᠳ᠋ᠤᠭᠠᠷ ᠰᠠᠷ᠎ᠠ ᠶᠢᠨ 3 ᠍ ᠳᠦ ᠨᠠᠰᠤ ᠪᠠᠷᠠᠭᠰᠠᠨ) ᠨᠢ 1439 ᠣᠨ ᠤ ᠦᠶ᠎ᠡ ᠳᠦ ᠧᠦ᠋ᠷᠣᠫᠠ ᠲᠤ ᠠᠩᠬ᠎ᠠ ᠤᠳᠠᠭ᠎ᠠ ᠵᠥᠭᠡᠭᠡᠳᠡᠭ ᠦᠰᠦᠭ ᠲᠡᠢ ᠬᠡᠪᠯᠡᠯ ᠦᠨ ᠠᠷᠭ᠎ᠠ ᠶᠢ ᠬᠡᠷᠡᠭᠯᠡᠭᠰᠡᠨ᠂ ᠳᠡᠯᠡᠬᠡᠢ ᠳᠦ ᠠᠩᠬ᠎ᠠ ᠤᠳᠠᠭ᠎ᠠ ᠮᠧᠬᠠᠨᠢᠭ ᠬᠡᠪᠯᠡᠯ ᠦᠨ ᠰᠠᠭᠤᠷᠢ ᠮᠠᠰᠢᠨ ᠵᠣᠬᠢᠶᠠᠨ ᠪᠦᠲᠦᠭᠡᠭᠰᠡᠨ ᠭᠧᠷᠮᠠᠨᠠᠯᠲᠠᠨ ᠤ ᠳᠠᠷᠬᠠᠨᠬᠡᠪᠯᠡᠭᠴᠢ ᠶᠤᠮ᠃ ᠲᠡᠭᠦᠨ ᠦ ᠲᠣᠮᠣᠬᠠᠨ ᠪᠦᠲᠦᠭᠡᠯ ᠪᠣᠯᠬᠤ ᠭᠤᠲᠤᠡᠨᠪᠡᠷᠭᠡ ᠶᠢᠨ ᠪᠢᠪᠯᠢ ᠨᠢ (42 ᠮᠥᠷ ᠲᠦ ᠪᠢᠪᠯᠢ ᠭᠡᠳᠡᠭ) ᠭᠣᠸ᠎ᠠ ᠵᠦᠢ᠂ ᠲᠧᠭᠨᠢᠭ ᠦᠨ ᠴᠢᠨᠠᠷ ᠢᠶᠠᠷ ᠢᠶᠠᠨ ᠦᠨᠡᠯᠡᠭᠳᠡᠭᠰᠡᠭᠡᠷ ᠢᠷᠡᠭᠰᠡᠨ᠃

ᠵᠥᠭᠡᠭᠡᠳᠡᠭ ᠦᠰᠦᠭ ᠢ ᠬᠡᠷᠡᠭᠯᠡᠭᠰᠡᠨ ᠢᠶᠡᠷ ᠧᠦ᠋ᠷᠣᠫᠠ ᠶᠢᠨ ᠨᠣᠮ ᠬᠡᠪᠯᠡᠯ ᠦᠨ ᠭᠣᠣᠯ ᠠᠷᠭ᠎ᠠ ᠪᠠᠶᠢᠭᠰᠠᠨ ᠭᠠᠷ ᠪᠢᠴᠢᠮᠡᠯ᠂ ᠪᠣᠯᠤᠨ ᠮᠣᠳᠣᠨ ᠪᠠᠷᠰ ᠤᠨ ᠬᠡᠪᠯᠡᠯᠡᠶᠢᠨ ᠠᠷᠭ᠎ᠠ ᠶᠢ ᠬᠠᠯᠠᠵᠤ᠂ ᠧᠦ᠋ᠷᠣᠫᠠ ᠶᠢᠨ ᠨᠣᠮ ᠬᠡᠪᠯᠡᠯ ᠦᠨ ᠰᠠᠯᠪᠤᠷᠢ ᠳᠤ ᠬᠤᠪᠢᠰᠬᠠᠯ ᠬᠢᠭᠰᠡᠨ ᠶᠤᠮ᠃ ᠭᠤᠲᠤᠡᠨᠪᠡᠷᠭᠡ ᠶᠢᠨ ᠬᠡᠪᠯᠡᠯ ᠦᠨ ᠲᠧᠭᠨᠣᠯᠣᠭᠢ ᠧᠦ᠋ᠷᠣᠫᠠ ᠳᠤ ᠲᠦᠷᠭᠡᠨ ᠳᠡᠯᠭᠡᠷᠴᠢ᠂ ᠧᠦ᠋ᠷᠣᠫᠠ ᠶᠢᠨ ᠰᠡᠷᠭᠦᠨ ᠮᠠᠨᠳᠤᠯᠲᠠᠠᠳᠠ ᠲᠦᠯᠬᠢᠴᠡ ᠥᠭᠭᠦᠭᠰᠡᠨ ᠨᠢᠭᠡᠨ ᠬᠦᠴᠦᠨ ᠵᠦᠢᠯ ᠪᠣᠯᠵᠠᠢ᠃ ᠭᠤᠲᠤᠡᠨᠪᠦᠷᠭ ᠣᠯᠠᠨ ᠨᠡᠶᠢᠲᠡ ᠳᠦ ᠠᠯᠳᠠᠷᠲᠠᠢ ᠬᠦᠮᠦᠨ ᠪᠠᠶᠢᠭᠰᠠᠭᠠᠷ ᠪᠠᠶᠢᠭ᠎ᠠ ᠶᠤᠮ᠃ ᠲᠤᠬᠠᠶᠢᠯᠠᠪᠠᠯ 1999 ᠣᠨ ᠳᠤ 《A&E Network》 ᠲᠡᠭᠦᠨ ᠢ ᠮᠢᠩᠭᠠᠨ ᠤ ᠬᠦᠮᠦᠨ ᠭᠡᠵᠦ ᠲᠣᠭᠠᠴᠠᠭᠰᠠᠨ ᠪᠣᠯ 1997 ᠣᠨ ᠳᠤ 《Time–Life》 ᠰᠡᠳᠬᠦᠯ ᠭᠤᠲᠤᠡᠨᠪᠡᠷᠭᠡ ᠶᠢᠨ ᠵᠣᠬᠢᠶᠠᠨ ᠪᠦᠲᠦᠭᠡᠭᠰᠡᠨ ᠬᠡᠪᠯᠡᠯ ᠦᠨ ᠮᠠᠰᠢᠨ ᠢ ᠬᠣᠶᠠᠷ ᠲᠤ ᠬᠢ ᠮᠢᠩᠭᠠᠨ ᠤ ᠬᠠᠮᠤᠭ ᠤᠨ ᠴᠢᠬᠤᠯᠠ ᠨᠡᠭᠡᠭᠡᠯᠲᠡ ᠭᠡᠵᠦ ᠰᠣᠩᠭᠣᠭᠰᠠᠨ᠃