ᠢᠣᠬᠣᠨ ᠸᠣᠯᠹᠬᠠᠨᠨ ᠢ ᠹᠣᠨ ᠭᠶᠲ᠋ᠧ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠢᠣᠬᠣᠨ ᠸᠣᠯᠹᠬᠠᠨᠨ ᠢ ᠹᠣᠨ ᠭᠶᠲ᠋ᠧ 68 ᠨᠠᠰᠤᠨ ᠳᠤ ᠪᠠᠨ. ᠵᠢᠷᠤᠭᠠᠴᠢ ᠵᠣᠵᠡᠹ ᠺᠠᠷᠯ ᠱᠲᠢᠢᠯᠡᠷ

ᠢᠣᠬᠣᠨ ᠸᠣᠯᠹᠬᠠᠨᠨ ᠢ ᠹᠣᠨ ᠭᠶᠲ᠋ᠧ (1749 ᠣᠨ ᠤ 8 ᠰᠠᠷ᠎ᠠ ᠶᠢᠨ 281832 ᠣᠨ ᠤ 3 ᠰᠠᠷ᠎ᠠ ᠶᠢᠨ 22) ᠪᠣᠯ ᠭᠧᠷᠮᠠᠨ ᠤ ᠶᠡᠬᠡ ᠵᠣᠬᠢᠶᠠᠯᠴᠢ᠂ ᠡᠷᠳᠡᠮᠲᠡᠨ᠂ ᠤᠯᠤᠰ ᠲᠥᠷᠥ ᠶᠢᠨ ᠵᠢᠳᠬᠦᠯᠲᠡᠨ ᠬᠦᠮᠦᠨ ᠪᠠᠶᠢᠪᠠ᠃ ᠲᠡᠭᠦᠨ ᠦ ᠹᠠᠦ᠋ᠰ ᠲᠦ ᠵᠦᠵᠦᠭᠡ ᠶᠢ ᠳᠡᠯᠡᠬᠡᠢ ᠶᠢᠨ ᠤᠷᠠᠨ ᠵᠣᠬᠢᠶᠠᠯ ᠤᠨ ᠣᠷᠭᠢᠯ ᠤᠳ ᠤᠨ ᠨᠢᠭᠡ ᠬᠡᠮᠡᠨ ᠦᠵᠡᠳᠡᠭ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠶᠲ᠋ᠧᠭᠢ ᠶᠢᠨ ᠲᠦᠷᠦᠭᠰᠡᠨ ᠭᠠᠵᠠᠷ

ᠭᠶᠲ᠋ᠧ ᠨᠢ ᠹᠷᠠᠨᠺᠹᠦ᠋ᠷ ᠲᠦ ᠬᠣᠲᠣᠩ ᠢᠶᠠᠨ ᠬᠠᠤᠯᠢᠴᠢ ᠬᠦᠮᠦᠨ ᠦ ᠭᠡᠷ ᠪᠦᠯᠢ ᠳᠦ ᠮᠡᠨᠳᠦᠯᠡᠵᠡᠢ᠃ ᠲᠡᠷᠡᠪᠡᠷ ᠵᠢᠭᠠᠬᠠᠨ ᠬᠡᠦᠬᠡᠳ ᠪᠠᠶᠢᠬᠤ ᠠᠴᠠ ᠪᠠᠨ ᠭᠡᠷ ᠦᠨ ᠪᠠᠭᠰᠢ ᠪᠠᠷ ᠭᠠᠳᠠᠭᠠᠳᠤ ᠬᠡᠯᠡ᠂ ᠲᠣᠭ᠎ᠠ ᠪᠣᠳᠣᠯᠭ᠎ᠠ᠂ ᠪᠣᠳᠠᠰ ᠤᠨ ᠵᠦᠢ᠂ ᠲᠦᠮᠡᠨ ᠪᠣᠳᠠᠰ ᠤᠨ ᠤᠬᠠᠭᠠᠨ ᠵᠢᠭᠠᠯᠭᠠᠵᠤ᠂ ᠡᠴᠢᠭᠡ ᠶᠢᠨ ᠢᠶᠡᠨ ᠴᠤᠭᠯᠠᠭᠤᠯᠤᠭᠰᠠᠨ ᠨᠣᠮ ᠤᠨ ᠰᠠᠩ ᠢ ᠠᠰᠢᠭᠯᠠᠨ ᠰᠠᠶᠢᠨ ᠪᠣᠯᠪᠠᠰᠤᠷᠠᠯ ᠣᠯᠵᠤ ᠠᠪᠴᠠᠢ᠃

ᠳᠠᠷᠠᠭ᠎ᠠ ᠨᠢ ᠯᠧᠢᠫᠼᠢᠭᠰᠲᠷᠠᠰᠪᠦᠦᠭ ᠦᠨ ᠶᠡᠬᠡ ᠰᠤᠷᠭᠠᠭᠤᠯᠢ ᠨᠤᠭᠤᠳ ᠲᠤ ᠬᠠᠤᠯᠢ ᠡᠷᠬᠡ ᠶᠢᠨ ᠤᠬᠠᠭᠠᠨ ᠰᠤᠳᠤᠯᠬᠤ ᠶᠢᠨ ᠵᠡᠷᠭᠡᠴᠡᠭᠡ ᠤᠷᠠᠨ ᠵᠣᠬᠢᠶᠠᠯ᠂ ᠠᠨᠠᠭᠠᠬᠤ ᠤᠬᠠᠭᠠᠨ᠂ ᠭᠦᠨ ᠤᠬᠠᠭᠠᠨ᠂ ᠪᠠᠶᠢᠭᠠᠯᠢ ᠶᠢᠨ ᠤᠬᠠᠭᠠᠨ ᠤ ᠴᠢᠭᠯᠡᠯ ᠢᠶᠡᠷ ᠯᠧᠺᠼᠢ ᠰᠣᠨᠣᠰᠤᠨ᠂ ᠰᠢᠨ᠎ᠡ ᠶᠢ ᠰᠤᠷᠴᠤ ᠮᠡᠳᠡᠬᠦ᠂ ᠣᠷᠴᠢᠯᠠᠩᠲᠤ ᠶᠢᠷᠲᠢᠨᠴᠦ ᠶᠢᠨ ᠬᠠᠮᠤᠭ ᠯᠠ ᠨᠢᠭᠤᠴᠠ ᠶᠢ ᠲᠠᠶᠢᠯᠵᠤ ᠲᠠᠨᠢᠬᠤ ᠭᠡᠰᠡᠨ ᠡᠯ᠎ᠡ ᠡᠷᠡᠮᠡᠯᠵᠡᠯ ᠢᠶᠡᠨ ᠪᠠᠭ᠎ᠠ ᠬᠡᠦᠬᠡᠳ ᠴᠠᠭ ᠠᠴᠠ ᠠᠪᠤᠭᠠᠳ ᠨᠠᠰᠤᠨ ᠥᠨᠳᠥᠷ ᠪᠣᠯᠤᠭᠰᠠᠨ ᠬᠣᠶᠢᠨ᠎ᠠ ᠪᠠᠨ ᠴᠤ ᠣᠷᠬᠢᠭ᠎ᠠ ᠦᠭᠡᠢ ᠪᠥᠭᠡᠳ ᠮᠡᠳᠡᠯᠭᠡ ᠶᠢᠨ ᠥᠪᠡᠷ ᠥᠪᠡᠷ ᠰᠠᠯᠪᠤᠷᠢ ᠳᠤ ᠬᠠᠮᠢᠶᠠᠷᠬᠤ ᠣᠯᠠᠨ ᠪᠦᠲᠦᠭᠡᠯ ᠲᠤᠭᠤᠷᠪᠢᠭᠰᠠᠨ ᠶᠤᠮ᠃

ᠲᠡᠷᠡᠪᠡᠷ ᠶᠡᠬᠡ ᠰᠤᠷᠭᠠᠭᠤᠯᠢ ᠶᠢᠨ ᠣᠶᠤᠲᠠᠨ ᠠᠬᠤᠢ ᠴᠠᠭ ᠠᠴᠠ ᠪᠠᠨ ᠲᠠᠷᠬᠠᠢ ᠪᠤᠲᠠᠷᠬᠠᠢ ᠤᠯᠤᠰ ᠦᠨᠳᠦᠰᠦᠲᠡᠨ ᠢᠶᠡᠨ ᠨᠢᠭᠡᠳᠬᠡᠬᠦ᠂ ᠹᠧᠣᠳᠠᠯ ᠤᠨ ᠬᠣᠴᠣᠷᠤᠭᠳᠠᠯ ᠢ ᠬᠠᠯᠠᠬᠤ ᠵᠣᠷᠢᠯᠭ᠎ᠠ ᠲᠠᠢ 《ᠰᠢᠭᠤᠷᠭ᠎ᠠ ᠪᠠ ᠲᠦᠷᠢᠯᠲᠡ》 ᠬᠥᠳᠡᠯᠭᠡᠭᠡᠨ ᠦ ᠢᠳᠡᠪᠬᠢ ᠲᠡᠢ ᠭᠡᠰᠢᠭᠦᠨ ᠪᠣᠯᠵᠤ᠂ ᠡᠬᠡ ᠣᠷᠣᠨ ᠢᠶᠠᠨ ᠳᠡᠪᠰᠢᠯ ᠬᠥᠭᠵᠢᠯ ᠦᠨ ᠵᠠᠮ ᠳᠤ ᠤᠷᠤᠭᠤᠯᠬᠤ ᠦᠢᠯᠡᠰ ᠢ ᠲᠤᠤᠱᠲᠠᠢ ᠳᠡᠮᠵᠢᠭᠴᠢ ᠪᠠᠶᠢᠴᠠᠢ᠃

ᠭᠶᠲ᠋ᠧ 16 ᠨᠠᠰᠤᠲᠠᠢ ᠠᠴᠠ ᠪᠠᠨ ᠰᠢᠯᠦᠭ ᠪᠢᠴᠢᠵᠦ ᠪᠠᠶᠢᠭᠰᠠᠨ ᠪᠥᠭᠡᠳ ᠤᠷᠠᠨ ᠪᠦᠲᠦᠭᠡᠯ ᠢᠶᠡᠨ ᠢᠷᠠᠭᠤ ᠨᠠᠶᠢᠷᠠᠭ ᠤᠨ ᠪᠣᠭᠣᠨᠢ ᠬᠡᠯᠪᠡᠷᠢ᠂ ᠤᠶᠠᠩᠭ᠎ᠠ ᠶᠢᠨ ᠰᠢᠯᠦᠭ᠂ ᠳᠤᠤᠯᠢ᠂ ᠨᠠᠶᠢᠷᠠᠭᠯᠠᠯ᠂ ᠵᠡᠷᠭᠡ ᠡᠴᠡ ᠡᠬᠢᠯᠡᠭᠰᠡᠨ ᠪᠣᠯᠪᠠᠴᠤ ᠤᠯᠠᠮ ᠢᠶᠠᠷ ᠵᠦᠵᠦᠭᠡ ᠶᠢᠨ ᠵᠣᠬᠢᠶᠠᠯ ᠲᠤᠭᠤᠷᠪᠢᠬᠤ ᠪᠣᠯᠵᠠᠢ᠃

ᠭᠶᠲ᠋ᠧ 1600 ᠣᠷᠴᠢᠮ ᠰᠢᠯᠦᠭ ᠪᠢᠴᠢᠭᠰᠡᠨ ᠡᠴᠡ ᠠᠮᠢᠳᠤᠷᠠᠯ ᠢ ᠦᠭᠡ ᠪᠡᠷ ᠵᠢᠷᠤᠭᠯᠠᠭᠰᠠᠨ᠂ ᠴᠢᠬᠢᠨ᠎ᠡ ᠢᠷᠠᠭᠤ ᠡᠭᠡᠰᠢᠭᠯᠡᠩ ᠲᠡᠢ ᠰᠣᠨᠣᠰᠳᠠᠬᠤ ᠣᠯᠠᠨ ᠰᠢᠯᠦᠭ ᠲᠦ ᠨᠢ ᠬᠣᠵᠢᠮ ᠪᠧᠲ᠋ᠬᠣᠸᠧᠨᠮᠣᠴᠢᠷᠲᠱᠢᠪᠧᠷᠲ ᠨᠠᠷ ᠠᠶ᠎ᠠ ᠵᠣᠬᠢᠶᠠᠨ ᠣᠯᠠᠨ ᠤ ᠳᠤᠮᠳᠠ ᠶᠡᠬᠡᠳᠡ ᠳᠡᠯᠭᠡᠷᠡᠭᠰᠡᠨ ᠶᠤᠮ᠃

ᠤᠷᠠᠨ ᠪᠦᠲᠦᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠧᠼ ᠹᠣᠨ ᠪᠧᠷᠯᠢᠬᠢᠩᠭᠧᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠶᠲ᠋ᠧ ᠥᠪᠡᠷ ᠦᠨ ᠳᠣᠲᠣᠨ ᠤ ᠨᠥᠬᠥᠷ ᠡᠺᠺᠧᠷᠮᠠᠨ ᠳᠤ ᠪᠠᠨ 《ᠠᠮᠢᠳᠤᠷᠠᠯ ᠪᠠᠶᠢᠩᠭᠤ ᠬᠥᠭᠵᠢᠵᠦ᠂ ᠬᠦᠮᠦᠰ ᠬᠣᠭᠣᠷᠣᠨᠳᠣ ᠶᠢᠨ ᠬᠠᠷᠢᠯᠴᠠᠭ᠎ᠠ 50 ᠵᠢᠯ ᠲᠤᠲᠤᠮ ᠰᠣᠯᠢᠭᠳᠠᠵᠤ ᠪᠠᠶᠢᠳᠠᠭ᠃ 1800 ᠣᠨ ᠳᠤ ᠦᠯᠢᠭᠡᠷ ᠵᠢᠱᠢᠶ᠎ᠡ ᠶᠤᠮ ᠰᠢᠭ ᠰᠠᠨᠠᠭᠳᠠᠵᠤ ᠪᠠᠶᠢᠭᠰᠠᠨ ᠶᠣᠰᠣ ᠳᠢᠭᠯᠢᠮ 1850 ᠣᠨ ᠭᠡᠬᠦ ᠳᠦ ᠰᠥᠨᠥᠵᠦ ᠰᠦᠢᠷᠡᠬᠦ ᠳᠦ ᠪᠡᠨ ᠲᠤᠯᠵᠤ᠂ ᠲᠡᠦᠬᠡᠨ ᠬᠥᠭᠵᠢᠯᠳᠦ ᠰᠠᠭᠠᠳ ᠪᠣᠯᠤᠭᠠᠳ ᠢᠷᠡᠨ᠎ᠡ》 ᠭᠡᠵᠦ ᠶᠠᠷᠢᠵᠤ ᠪᠠᠶᠢᠴᠠᠢ᠃

ᠴᠤᠬᠤᠮ ᠡᠨᠡ ᠯᠠ ᠢᠲᠡᠭᠡᠯ ᠦᠨᠡᠮᠰᠢᠯ ᠢᠶᠡᠨ ᠲᠡᠭᠦᠨ ᠢ ᠠᠯᠳᠠᠷᠰᠢᠭᠤᠯᠤᠭᠰᠠᠨ ᠠᠩᠬᠠᠨ ᠤ ᠲᠣᠮᠣ ᠵᠣᠬᠢᠶᠠᠯ ᠪᠣᠯᠬᠤ ᠭᠧᠼ ᠹᠣᠨ ᠪᠧᠷᠯᠢᠬᠢᠩᠭᠧᠨ (1773) ᠡᠮᠭᠡᠨᠢᠯ ᠳᠦ ᠵᠦᠵᠦᠭᠡ ᠳᠤ ᠪᠡᠨ Xᠵᠢᠷᠭᠤᠳᠤᠭᠠᠷ ᠵᠠᠭᠤᠨ ᠤ ᠦᠶ᠎ᠡ ᠳᠦ ᠭᠧᠷᠮᠠᠨ ᠳᠤ ᠭᠠᠷᠤᠭᠰᠠᠨ ᠲᠠᠷᠢᠶᠠᠴᠢᠨ ᠤ ᠳᠠᠶᠢᠨ ᠤ ᠲᠤᠬᠠᠢ ᠰᠡᠳᠦᠪ ᠢᠶᠡᠷ ᠳᠠᠮ ᠦᠵᠡᠭᠦᠯᠦᠭᠰᠡᠨ ᠪᠠᠶᠢᠨ᠎ᠠ᠃

ᠵᠦᠵᠦᠭᠡ ᠶᠢᠨ ᠭᠣᠣᠯ ᠪᠠᠭᠠᠲᠤᠷ ᠢᠶᠠᠷ ᠨᠢ ᠳᠤᠷ᠎ᠠ ᠪᠠᠷ ᠠᠪᠤᠷᠢᠯᠠᠭᠴᠢ ᠬᠠᠷᠭᠢᠰ ᠡᠵᠡᠳ ᠦᠨ ᠡᠰᠡᠷᠬᠦ ᠪᠣᠰᠴᠤ ᠲᠡᠮᠡᠴᠡᠭᠰᠡᠨ ᠲᠠᠷᠢᠶᠠᠴᠢᠨ ᠤ ᠪᠣᠰᠤᠯᠭ᠎ᠠ ᠶᠢᠨ ᠤᠳᠤᠷᠢᠳᠤᠭᠴᠢ᠂ 《ᠲᠡᠮᠦᠷ ᠨᠢᠳᠤᠷᠭ᠎ᠠ》 ᠬᠣᠴᠢ ᠲᠠᠢ ᠷ ᠤᠴᠠᠷᠢ ᠭᠧᠼ ᠹᠣᠨ ᠪᠧᠷᠯᠢᠬᠢᠩᠭᠧᠨ ᠬᠡᠮᠡᠬᠦ ᠳᠣᠮᠣᠭᠲᠤ ᠲᠡᠦᠬᠡᠨ ᠬᠦᠮᠦᠨ ᠭᠠᠷᠴᠤ ᠪᠠᠶᠢᠳᠠᠭ᠃ ᠭᠡᠪᠡᠴᠦ ᠭᠶᠲ᠋ᠧ ᠲᠡᠦᠬᠡᠨ ᠪᠠᠷᠢᠮᠲᠠ ᠠᠴᠠ ᠰᠠᠨᠠᠭ᠎ᠠ ᠰᠡᠳᠡᠯ ᠠᠪᠴᠤ ᠥᠪᠡᠷ ᠦᠨ ᠦᠵᠡᠯ ᠪᠣᠳᠣᠯ ᠢᠶᠠᠨ ᠢᠯᠡᠷᠬᠡᠶᠢᠯᠡᠭᠰᠡᠨ ᠪᠠᠶᠢᠨ᠎ᠠ᠃ ᠵᠦᠵᠦᠭᠡ ᠳᠤ ᠪᠣᠰᠤᠯᠭ᠎ᠠ ᠭᠠᠷᠭᠠᠭᠰᠠᠨ ᠲᠠᠷᠢᠶᠠᠴᠢᠳ ᠤᠨ ᠲᠡᠮᠡᠴᠡᠯ ᠳᠠᠷᠤᠭᠳᠠᠵᠤ ᠭᠧᠼ ᠰᠢᠷᠬᠠᠲᠤᠵᠤ ᠱᠣᠷᠣᠩ ᠳᠤ ᠣᠷᠣᠨ᠎ᠠ᠃ ᠥᠭᠡᠳᠡ ᠪᠣᠯᠬᠤ ᠶᠢᠨ ᠢᠶᠠᠨ ᠡᠮᠦᠨ᠎ᠡ ᠲᠡᠭᠦᠨ ᠦ ᠠᠮᠠᠨ ᠠᠴᠠ 《ᠤᠤ ᠭᠡᠭᠡᠴᠢ ᠶᠢᠨ ᠰᠠᠶᠢᠬᠠᠨ ᠠᠭᠠᠷ ᠪᠤᠢ? ᠡᠷᠬᠡ ᠴᠢᠯᠦᠭᠡ!》 ᠭᠡᠰᠡᠨ ᠦᠭᠡᠰ ᠭᠠᠷᠴᠤ ᠢᠷᠡᠨ᠎ᠡ᠃ ᠡᠨᠡ ᠡᠮᠭᠡᠨᠢᠯ ᠳᠦ ᠵᠦᠵᠦᠭᠡ 《ᠭᠧᠼ᠎ᠡ᠂ ᠬᠣᠶᠢᠴᠢ ᠦᠶ᠎ᠡ ᠴᠢᠨᠢ ᠴᠢᠮᠠᠢ ᠮᠠᠷᠲᠠᠪᠠᠯ ᠭᠤᠲᠤᠮᠰᠢᠭ ᠲᠡᠷᠡ》 ᠭᠡᠰᠡᠨ ᠬᠠᠲᠠᠭᠤ ᠦᠭᠡ ᠪᠡᠷ ᠳᠠᠭᠤᠰᠳᠠᠭ᠃

ᠵᠠᠯᠠᠭᠤ ᠸᠧᠷᠲ᠋ᠧᠷᠢ ᠶᠢᠨ ᠰᠢᠨᠠᠯᠤᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠶᠲ᠋ᠧᠭᠢ ᠶᠢᠨ ᠤᠷᠠᠨ ᠪᠦᠲᠦᠭᠡᠯ ᠳᠣᠲᠣᠷ᠎ᠠ ᠠᠴᠠ ᠠᠩᠬᠠᠷᠤᠭᠤᠰᠢᠲᠠᠢ ᠵᠣᠬᠢᠶᠠᠯ ᠪᠣᠯ ᠵᠠᠬᠢᠳᠠᠯ ᠤᠨ ᠬᠡᠯᠪᠡᠷᠢ ᠪᠡᠷ ᠪᠢᠴᠢᠭᠰᠡᠨ ᠵᠠᠯᠠᠭᠤ ᠸᠧᠷᠲ᠋ᠧᠷᠢ ᠶᠢᠨ ᠰᠢᠨᠠᠯᠤᠨ (1774) ᠰᠡᠳᠬᠢᠯᠡᠵᠦᠢ ᠶᠢᠨ ᠷᠣᠮᠠᠨ ᠶᠤᠮ᠃ ᠭᠣᠣᠯ ᠪᠠᠭᠠᠲᠤᠷ ᠸᠧᠷᠲ᠋ᠧᠷᠢ ᠶᠢᠨ ᠳᠦᠷᠢ ᠪᠡᠷ ᠪᠤᠷᠠᠩᠭᠤᠢ ᠨᠡᠶᠢᠭᠡᠮ ᠤᠨ ᠪᠠᠯᠠᠭ ᠠᠴᠠ ᠪᠣᠯᠵᠤ ᠤᠬᠠᠭᠠᠨ ᠲᠠᠢ ᠠᠪᠢᠶᠠᠰ ᠲᠠᠢ ᠬᠦᠮᠦᠨ ᠬᠡᠪ ᠦᠨ ᠠᠵᠤ ᠲᠥᠷᠥᠬᠦ ᠪᠣᠯᠤᠮᠵᠢ ᠦᠭᠡᠢ 《ᠢᠯᠡᠭᠦᠳᠡᠭᠰᠡᠨ ᠬᠦᠮᠦᠨ》 ᠪᠣᠯᠳᠠᠭ ᠢ ᠦᠵᠡᠭᠦᠯᠦᠭᠰᠡᠨ ᠶᠤᠮ᠃

ᠭᠶᠲ᠋ᠧᠭᠢ ᠶᠢᠨ ᠡᠨᠡ ᠷᠣᠮᠠᠨ ᠤᠩᠰᠢᠭᠴᠢᠳ ᠲᠤ ᠶᠡᠷᠦ ᠪᠤᠰᠤ ᠶᠢᠨ ᠬᠦᠴᠦᠲᠡᠢ ᠨᠥᠯᠦᠭᠡᠯᠡᠵᠡᠢ᠃ ᠵᠠᠯᠠᠭᠤ ᠸᠧᠷᠲ᠋ᠧᠷᠢ ᠶᠢᠨ ᠰᠢᠨᠠᠯᠤᠨ ᠬᠡᠪᠯᠡᠭᠳᠡᠭᠰᠡᠨ ᠳᠠᠷᠤᠢ ᠳᠤ ᠪᠠᠨ ᠧᠦ᠋ᠷᠣᠫᠠ ᠶᠢᠨ ᠪᠠᠷᠤᠭ ᠪᠦᠬᠦ ᠬᠡᠯᠡᠨ ᠢᠶᠡᠨ ᠣᠷᠴᠢᠭᠤᠯᠤᠭᠳᠠᠵᠤ᠂ ᠥᠪᠡᠷᠰᠡᠳ ᠢ ᠪᠡᠨ ᠸᠧᠷᠲ᠋ᠧᠷᠢ ᠶᠢᠨ ᠠᠳᠠᠯᠢ ᠪᠠᠶᠢᠳᠠᠯ ᠳᠤ ᠪᠠᠶᠢᠨ᠎ᠠ ᠬᠡᠮᠡᠨ ᠤᠬᠠᠭᠠᠷᠠᠵᠤ ᠣᠶᠢᠯᠠᠭᠠᠭᠰᠠᠨ ᠵᠠᠯᠠᠭᠤᠰ ᠡᠨᠡ ᠷᠣᠮᠠᠨ ᠢ ᠰᠢᠮᠡᠳᠦᠨ ᠤᠩᠰᠢᠵᠠᠭᠠᠵᠤ ᠪᠠᠶᠢᠴᠠᠢ᠃

ᠡᠨᠡ ᠲᠤᠬᠠᠢ ᠳᠤ ᠭᠶᠲ᠋ᠧ ᠥᠪᠡᠷ ᠦᠨ ᠨᠠᠮᠲᠠᠷ ᠲᠤ ᠪᠠᠨ: 《ᠮᠢᠨᠦ ᠡᠨᠡ ᠪᠢᠴᠢᠬᠠᠨ ᠨᠣᠮ ᠳᠤ ᠭᠠᠷᠬᠤ ᠦᠢᠯᠡ ᠶᠠᠪᠤᠳᠠᠯ ᠢ ᠶᠡᠬᠡ ᠴᠤᠬᠠᠭ᠂ ᠪᠦᠷ ᠭᠣᠶᠢᠳᠠ ᠠᠴᠢ ᠲᠤᠰᠠ ᠲᠠᠢ ᠴᠤ ᠭᠡᠵᠦ ᠬᠡᠯᠡᠵᠦ ᠪᠣᠯᠤᠨ᠎ᠠ᠃ ᠡᠭᠦᠨ ᠦ ᠬᠠᠮᠤᠭ ᠤᠴᠢᠷ ᠨᠢ ᠴᠠᠭ ᠢᠶᠠᠨ ᠣᠯᠵᠤ ᠭᠠᠷᠤᠭᠰᠠᠨ ᠳᠤ ᠪᠠᠶᠢᠭ᠎ᠠ ᠶᠤᠮ᠃ ᠬᠦᠴᠢᠲᠡᠢ ᠲᠣᠮᠣ ᠪᠥᠮᠪᠥᠭᠡ ᠶᠢ ᠨᠠᠷᠢᠨ ᠤᠲᠠᠰᠤ ᠪᠠᠷ ᠳᠠᠮᠵᠢᠬᠤ ᠤᠭᠤᠭᠢᠬᠤ ᠲᠡᠳᠦᠢ ᠴᠣᠭ ᠳᠡᠯᠪᠡᠯᠳᠡᠭ ᠰᠢᠭ ᠵᠠᠯᠠᠭᠤ ᠦᠶ᠎ᠡ ᠶᠢᠨ ᠬᠢᠨ ᠳᠣᠣᠷ᠎ᠠ ᠪᠠᠨ ᠪᠠᠶᠢᠭ᠎ᠠ ᠲᠤᠯᠭᠠᠭᠤᠷᠢ ᠰᠠᠭᠤᠷᠢ ᠶᠢ ᠥᠪᠡᠷᠰᠡᠳ ᠢᠶᠡᠨ ᠤᠬᠤᠵᠤ ᠰᠡᠨᠳᠡᠶᠢᠯᠡᠭᠰᠡᠨ ᠪᠠᠶᠢᠭᠰᠠᠨ ᠤᠴᠢᠷ ᠠᠴᠠ ᠲᠡᠰᠦᠷᠡᠯᠲᠡ ᠡᠶᠢᠮᠦ ᠬᠦᠴᠦᠲᠡᠢ ᠪᠠᠶᠢᠭ᠎ᠠ ᠶᠤᠮ》 ᠭᠡᠵᠦ ᠪᠢᠴᠢᠭᠰᠡᠨ ᠪᠠᠶᠢᠳᠠᠭ᠃

ᠹᠠᠦ᠋ᠰ ᠲᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠶᠲ᠋ᠧᠳ ᠹᠠᠦ᠋ᠰ ᠲᠦ ᠵᠦᠵᠦᠭᠡ ᠪᠡᠨ ᠪᠢᠴᠢᠬᠦ ᠰᠠᠨᠠᠭ᠎ᠠ ᠪᠦᠷ 1770 ᠍ ᠊ᠭᠠᠳ ᠣᠨ ᠳᠤ ᠲᠦᠷᠦᠭᠰᠡᠨ ᠪᠣᠯᠪᠠᠴᠤ ᠡᠴᠦᠰ ᠦᠨ ᠬᠤᠪᠢᠯᠪᠤᠷᠢ ᠶᠢ ᠨᠠᠰᠤ ᠪᠠᠷᠠᠬᠤ ᠠᠴᠠ ᠪᠠᠨ ᠭᠠᠭᠴᠠᠬᠠᠨ ᠵᠢᠯ ᠦᠨ ᠡᠮᠦᠨ᠎ᠡ 1831 ᠣᠨ ᠳᠤ ᠪᠢᠴᠢᠵᠦ ᠳᠠᠭᠤᠰᠬᠠᠵᠠᠢ᠃ ᠲᠡᠷᠡᠪᠡᠷ ᠡᠨᠡ ᠵᠦᠵᠦᠭᠡ ᠪᠡᠨ ᠣᠯᠠᠨ ᠲᠦᠮᠡᠨ ᠦ ᠳᠤᠮᠳᠠ ᠶᠡᠬᠡᠳᠡ ᠳᠡᠯᠭᠡᠷᠡᠭᠰᠡᠨ ᠳ᠋ᠣᠺᠲ᠋ᠣᠷ ᠹᠠᠦ᠋ᠰᠲ ᠤᠨ ᠲᠤᠬᠠᠢ ᠭᠧᠷᠮᠠᠨ ᠠᠷᠠᠳ ᠤᠨ ᠳᠣᠮᠣᠭ ᠠᠴᠠ ᠰᠡᠳᠦᠪᠯᠡᠨ ᠪᠢᠴᠢᠭᠰᠡᠨ ᠪᠥᠭᠡᠳ ᠪᠣᠳᠠᠲᠤ ᠠᠬᠤᠢ ᠶᠢᠨ ᠷᠧᠶᠠᠯᠢᠰᠲ ᠳᠦᠷᠢ ᠵᠢᠷᠤᠭᠯᠠᠯ ᠢ ᠪᠢᠪᠯᠢ ᠰᠤᠳᠤᠷ᠂ ᠠᠷᠠᠳ ᠤᠨ ᠠᠮᠠᠨ ᠵᠣᠬᠢᠶᠠᠯ ᠠᠴᠠ ᠤᠯᠠᠮᠵᠢᠯᠠᠯ ᠲᠠᠢ ᠳᠠᠮ ᠶᠠᠷᠢᠶ᠎ᠠ᠂ ᠬᠡᠶᠢᠰᠪᠦᠷᠢᠯᠡᠯ᠂ ᠶᠣᠭᠲᠠᠯᠠᠯ᠂ ᠤᠷᠠᠨ ᠰᠡᠳᠬᠢᠮᠵᠢ᠂ ᠪᠡᠯᠭᠡᠳᠡᠯ ᠦᠨ ᠠᠷᠭ᠎ᠠ ᠮᠠᠶ᠋ᠢᠭᠲᠠᠢ ᠬᠣᠣᠰᠯᠠᠭᠤᠯᠤᠨ ᠳᠦᠷᠰᠦᠯᠡᠭᠰᠡᠨ ᠪᠠᠶᠢᠨ᠎ᠠ᠃

ᠡᠨᠡ ᠵᠦᠵᠦᠭᠡ ᠳᠤ ᠬᠦᠮᠦᠨ ᠲᠥᠷᠥᠯᠬᠢᠲᠡᠨ ᠢ ᠰᠠᠷᠠᠭᠤᠯ ᠰᠠᠶᠢᠬᠠᠨ ᠢᠷᠡᠭᠡᠳᠦᠢ ᠶᠢᠨ ᠵᠥᠪ ᠵᠠᠮ ᠳᠤ ᠨᠢ ᠣᠷᠣᠭᠤᠯᠵᠤ ᠥᠭᠬᠦ ᠶᠢᠨ ᠲᠥᠯᠦᠭᠡᠬᠢ ᠹᠠᠦ᠋ᠰ ᠲᠦ ᠡᠷᠳᠡᠮᠲᠡᠨ ᠦ ᠬᠢᠭᠰᠡᠨ ᠴᠥᠬᠦᠷᠡᠯᠲᠡ ᠦᠭᠡᠢ ᠡᠷᠢᠯᠬᠢᠯᠡᠯ ᠦᠨ ᠪᠠᠷᠲᠠᠭᠠᠲᠤ ᠵᠠᠮ ᠳᠤ ᠲᠣᠬᠢᠶᠠᠯᠳᠤᠵᠤ ᠪᠤᠢ ᠴᠥᠬᠥᠷᠡᠯ᠂ ᠲᠥᠭᠡᠷᠢᠭᠳᠡᠯ᠂ ᠮᠢᠲᠠᠷᠠᠰᠢ ᠦᠭᠡᠢ ᠲᠡᠮᠡᠴᠡᠯ ᠢ ᠬᠠᠷᠠᠭᠤᠯᠤᠭᠰᠠᠨ ᠪᠠᠶᠢᠳᠠᠭ᠃

ᠡᠨᠡ ᠪᠦᠬᠦᠨ ᠦ ᠡᠴᠦᠰ ᠲᠦ ᠹᠠᠦ᠋ᠰ ᠲᠦ ᠰᠠᠶ᠋ᠢ ᠥᠪᠡᠷ ᠦᠨ ᠬᠢᠭᠰᠡᠨ ᠲᠤᠷᠰᠢᠯᠭ᠎ᠠ ᠠᠴᠠ ᠬᠦᠮᠦᠨ ᠦ ᠠᠮᠢᠳᠤᠷᠠᠯ ᠤᠨ ᠬᠠᠮᠤᠭ ᠤᠴᠢᠷ ᠨᠢ ᠡᠷᠬᠡ ᠴᠢᠯᠦᠭᠡᠲᠡᠢ ᠪᠠᠶᠢᠬᠤ᠂ ᠦᠢᠯᠡ ᠪᠦᠲᠦᠭᠡᠯ ᠰᠢᠮᠳᠠᠨ ᠡᠷᠬᠢᠯᠡᠬᠦ ᠳᠦ ᠪᠠᠶᠢᠳᠠᠭ ᠭᠡᠰᠡᠨ ᠦᠨᠡᠨ ᠳᠦ ᠬᠦᠷᠴᠦ ᠪᠠᠶᠢᠨ᠎ᠠ᠃ ᠹᠠᠦ᠋ᠰ ᠲᠦ ᠡᠶᠢᠨᠬᠦᠦ ᠵᠣᠪᠠᠵᠤ ᠵᠦᠳᠡᠷᠴᠢ ᠪᠠᠶᠢᠵᠤ᠂ ᠡᠷᠢᠯ ᠦᠨ ᠦᠵᠦᠭᠦᠷ ᠲᠦ ᠬᠦᠷᠦᠭᠰᠡᠨ ᠬᠣᠶᠢᠨ᠎ᠠ ᠨᠢᠳᠦ ᠨᠬᠢᠯᠡᠭᠰᠡᠨ ᠪᠠᠶᠢᠨ᠎ᠠ᠃

ᠹᠠᠦ᠋ᠰ ᠲᠦ ᠭᠠᠵᠠᠷ ᠤᠬᠤᠬᠤ ᠴᠢᠮᠡᠭᠡ ᠰᠣᠨᠣᠰᠤᠭᠠᠳ ᠳᠠᠯᠠᠢ ᠶᠢᠨ ᠨᠠᠮᠤᠭ ᠢ ᠬᠠᠲᠠᠭᠠᠨ ᠳᠠᠯᠠᠨ ᠪᠠᠷᠢᠵᠤ ᠪᠠᠶᠢᠨ᠎ᠠ ᠤᠤ ᠳ᠋ᠠ ᠭᠡᠵᠦ ᠪᠣᠳᠣᠵᠤ ᠪᠠᠶᠢᠳᠠᠭ᠃ ᠭᠡᠲᠡᠯ᠎ᠡ ᠲᠡᠭᠦᠨ ᠦ ᠶᠢᠢᠭ ᠥᠪᠡᠷ ᠢ ᠨᠢ ᠤᠷᠤᠰᠢᠭᠤᠯᠬᠤ ᠨᠦᠬᠡ ᠮᠠᠯᠲᠠᠵᠤ ᠪᠠᠶᠢᠴᠠᠢ᠃ ᠡᠨᠡ ᠳᠦᠷᠰᠦᠯᠡᠯ ᠢᠶᠡᠷ ᠭᠶᠲ᠋ᠧ ᠰᠠᠶᠢᠨ ᠶᠠᠭᠤᠮᠠᠨ ᠳᠤ ᠰᠠᠳᠠᠭ᠎ᠠ ᠮᠤᠩᠳᠠᠬᠤ ᠦᠭᠡᠢ ᠭᠡᠰᠡᠨ ᠶᠣᠭᠲᠠ ᠰᠠᠨᠠᠭ᠎ᠠ ᠶᠢ ᠭᠠᠷᠭᠠᠭᠰᠠᠨ ᠬᠡᠷᠡᠭ᠃ ᠬᠡᠳᠦᠢ ᠡᠶᠢᠮᠦ ᠪᠠᠶᠢᠪᠠᠴᠤ ᠨᠢᠭᠡᠨ ᠴᠠᠭ ᠲᠤ ᠬᠦᠮᠦᠰ ᠳᠠᠯᠠᠢ ᠶᠢᠨ ᠬᠠᠷ᠎ᠠ ᠬᠦᠴᠦᠨ ᠡᠴᠡ ᠡᠷᠭᠢ ᠬᠠᠪ ᠤᠨ ᠨᠠᠮᠤᠭ ᠢ ᠪᠤᠯᠢᠶᠠᠨ᠂ ᠬᠠᠭᠠᠯᠲᠠ ᠳᠠᠯᠠᠨ ᠪᠠᠷᠢᠵᠤ᠂ ᠲᠠᠷᠢᠶᠠᠨ ᠲᠠᠯᠠᠪᠠᠢ ᠪᠣᠯᠭᠠᠨ ᠡᠷᠬᠡ ᠴᠢᠯᠦᠭᠡᠲᠦ ᠬᠦᠮᠦᠰ ᠡᠨᠳᠡ ᠠᠵᠠ ᠵᠢᠷᠭᠠᠯ ᠲᠠᠢ ᠠᠵᠤ ᠲᠥᠷᠥᠬᠦ ᠪᠣᠯᠤᠨ᠎ᠠ ᠭᠡᠳᠡᠭ ᠲᠦ ᠹᠠᠦ᠋ᠰᠲ ᠤᠨ ᠢᠲᠡᠭᠡᠭᠰᠡᠨ ᠢᠲᠡᠭᠡᠯ ᠪᠢᠰᠢᠷᠡᠯ ᠲᠣᠳᠣᠬᠠᠨ ᠬᠠᠷᠠᠭᠳᠠᠵᠤ ᠪᠠᠶᠢᠨ᠎ᠠ᠃

ᠪᠤᠰᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠶᠲ᠋ᠧ ᠡᠭᠡᠮᠣᠨᠲ (1788), ᠲᠣᠷᠺᠸᠠᠲ᠋ᠣ ᠲᠠᠰᠰᠣ (1789), ᠢᠹᠠᠭᠧᠨᠢ ᠲᠠᠪᠷᠤᠳ ᠲᠤ (1779 - 1786) ᠵᠡᠷᠭᠡ ᠵᠦᠵᠦᠭᠡ᠂ ᠸᠧᠨᠧᠼ ᠤᠨ ᠬᠣᠴᠢ ᠰᠢᠯᠦᠭ ᠦᠳ (1790), ᠸᠢᠯᠢᠭᠧᠯᠮ ᠮᠠᠶᠢᠰᠲ᠋ᠧᠷ ᠦᠨ ᠰᠤᠷᠤᠯᠴᠠᠵᠤ ᠪᠠᠶᠢᠭᠰᠠᠨ ᠣᠨ ᠵᠢᠯ ᠦᠳ (1796), ᠸᠢᠯᠢᠭᠧᠯᠮ ᠮᠠᠶᠢᠰᠲ᠋ᠧᠷ ᠦᠨ ᠬᠡᠷᠦᠨ ᠲᠡᠨᠦᠭᠰᠡᠨ ᠣᠨ ᠵᠢᠯ ᠦᠳ (I ᠬᠡᠰᠡᠭ 1788, II, III ᠬᠡᠰᠡᠭ ᠦᠳ 1829) ᠵᠡᠷᠭᠡ ᠷᠣᠮᠠᠨ᠂ ᠪᠠᠰᠠ ᠪᠤᠰᠤ ᠣᠯᠠᠨ ᠵᠣᠬᠢᠶᠠᠯ ᠪᠢᠴᠢᠭᠰᠡᠨ ᠡᠴᠡ ᠣᠷᠭᠢᠯ ᠨᠢ ᠹᠠᠦ᠋ᠰ ᠲᠦ ᠡᠮᠭᠡᠨᠢᠯ ᠳᠦ ᠵᠦᠵᠦᠭᠡ ᠨᠢ ᠶᠠᠭᠤᠮ᠎ᠠ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ