II ᠢᠣᠬᠣᠨ ᠱᠲᠷᠠᠦ᠋ᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠢᠣ᠋ ᠍ ᠪᠠᠨ ᠱᠲᠷᠠᠦ᠋ᠰ II» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
Johann Strauss II.jpg

II ᠢᠣᠬᠣᠨ ᠱᠲᠷᠠᠦ᠋ᠰ (ᠭᠧᠷᠮᠠᠨ ᠢᠶᠠᠷ Johann Baptist Strauß; 1825 ᠣᠨ ᠤ 11 ᠰᠠᠷ᠎ᠠ ᠶᠢᠨ 251899 ᠣᠨ ᠤ 6 ᠰᠠᠷ᠎ᠠ ᠶᠢᠨ 3) ᠨᠢ ᠠᠦᠢᠰᠲᠷᠢ ᠶᠢᠨ ᠬᠥᠭᠵᠢᠮ ᠦᠨ ᠵᠣᠬᠢᠶᠠᠯᠴᠢ ᠪᠠᠶᠢᠪᠠ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

19 ᠍ ᠳᠦᠭᠡᠷ ᠵᠠᠭᠤᠨ ᠤ ᠸᠠᠯᠢᠰᠤᠨ ᠳᠤ ᠤᠮᠪᠠᠭᠰᠠᠨ ᠸᠸᠨ ᠳᠤ 2 ᠬᠦᠮᠦᠨ ᠣᠨᠴᠠᠭᠠᠢ ᠪᠠᠶᠢᠪᠠ᠃ ᠨᠢᠭᠡ ᠨᠢ ᠢ᠃ ᠯᠠᠨᠨᠧᠷ᠂ ᠨᠥᠭᠥᠭᠡ ᠨᠢ ᠢ᠃ ᠱᠲᠷᠠᠦ᠋ᠰ ᠪᠥᠭᠡᠳ ᠬᠣᠶᠠᠭᠤᠯᠠ ᠪᠠᠨ ᠸᠠᠯᠢᠰ ᠵᠣᠬᠢᠶᠠᠭᠴᠢᠳ᠂ ᠬᠣᠶᠠᠭᠤᠯᠠ ᠪᠠᠨ ᠬᠤᠪᠢ ᠤᠨ ᠨᠠᠶᠢᠷᠠᠯ ᠬᠥᠭᠵᠢᠮ ᠲᠡᠢ᠂ ᠬᠣᠭᠣᠷᠣᠨᠳᠣ ᠪᠠᠨ ᠥᠷᠢᠰᠦᠯᠳᠦᠭᠴᠢᠳ ᠪᠠᠶᠢᠪᠠ᠃ ᠭᠡᠲᠡᠯ᠎ᠡ ᠨᠢᠭᠡ ᠯᠤᠲᠤ ᠥᠷᠢᠰᠦᠯᠳᠦᠭᠴᠢ ᠭᠠᠷᠴᠤ ᠢᠷᠡᠭᠡᠳ ᠲᠡᠳᠦᠯ ᠦᠭᠡᠢ ᠲᠡᠳᠡᠨ ᠢ ᠢᠯᠠᠭᠰᠠᠨ ᠨᠢ ᠢᠣᠬᠣᠨ ᠱᠲᠷᠠᠤᠰ ᠤᠨ ᠲᠦᠷᠦᠭᠰᠡᠨ ᠬᠦᠦ ᠪᠠᠶᠢᠯ᠎ᠠ᠃

6 ᠨᠠᠰᠤᠲᠠᠢ ᠳᠤ ᠪᠠᠨ ᠠᠩᠬᠠᠨ ᠤ ᠪᠠᠨ ᠸᠠᠯᠢᠰ ᠢ ᠪᠢᠴᠢᠭᠰᠡᠨ ᠢ᠃ ᠱᠲᠷᠠᠤᠰ ᠤᠨ ᠨᠡᠷ᠎ᠡ 19 ᠍ ᠳᠦᠭᠡᠷ ᠵᠠᠭᠤᠨ ᠤ 50 ᠍ ᠊ᠭᠠᠳ ᠣᠨ ᠳᠤ ᠧᠦ᠋ᠷᠣᠫᠠ ᠳᠤ ᠴᠤᠤ ᠳᠤ ᠭᠠᠷᠴᠠᠢ᠃ ᠲᠡᠷᠡ 1872 ᠣᠨ ᠳᠤ ᠠᠮᠧᠷᠢᠺᠠ ᠳᠤ ᠣᠴᠢᠵᠤ ᠪᠣᠰᠲᠠᠨ ᠬᠣᠲᠣᠩ ᠢᠶᠠᠨ 100 ᠮᠢᠩᠭᠠᠨ ᠬᠦᠨᠳᠦ ᠵᠣᠷᠢᠭᠤᠯᠵᠤ ᠲᠤᠰᠬᠠᠶᠢᠯᠠᠨ ᠵᠠᠰᠠᠭᠰᠠᠨ ᠪᠠᠶᠢᠷᠢᠨ ᠳᠤ 14 ᠤᠳᠠᠭ᠎ᠠ ᠺᠣᠨᠼᠧᠷᠲ ᠲᠣᠭᠯᠠᠵᠤ᠂ ᠳᠠᠭᠤᠴᠢᠨᠬᠥᠭᠵᠢᠮᠴᠢᠨ 20 ᠮᠢᠩᠭᠠᠨ ᠬᠦᠮᠦᠨ ᠣᠷᠣᠯᠴᠠᠭᠰᠠᠨ ᠺᠣᠨᠼᠧᠷᠲ ᠢ ᠥᠪᠡᠷ ᠦᠨ ᠲᠤᠰᠯᠠᠬᠤ 100 ᠤᠳᠤᠷᠢᠳᠤᠭᠠᠴᠢ ᠶᠢᠨ ᠬᠠᠮᠲᠤ ᠲᠣᠭᠯᠠᠭᠤᠯᠵᠠᠢ᠃ ᠡᠨᠡ ᠨᠦᠷᠭᠡᠭᠡᠨᠲᠡᠢ ᠠᠶᠠᠯᠠᠯ ᠤᠨ ᠢᠶᠠᠨ ᠳᠠᠷᠤᠭ᠎ᠠ ᠢ᠃ ᠱᠲᠷᠠᠦ᠋ᠰ ᠺᠣᠨᠼᠧᠷᠲ ᠢᠶᠠᠨ ᠴᠥᠭᠡᠯᠡᠵᠦ᠂ ᠬᠣᠱᠣᠩ ᠳᠠᠭᠤᠷᠢ ᠪᠢᠴᠢᠵᠦ ᠡᠬᠢᠯᠡᠵᠡᠢ᠃ 1870 ᠣᠨ ᠠᠴᠠ ᠨᠠᠰᠤ ᠪᠠᠷᠲᠤᠯ᠎ᠠ 16 ᠬᠣᠱᠣᠩ ᠳᠠᠭᠤᠷᠢ ᠪᠢᠴᠢᠭᠰᠡᠨ ᠡᠴᠡ 《ᠰᠠᠷᠢᠰᠤᠨ ᠪᠠᠭᠪᠠᠬᠠᠢ》, 《ᠴ ᠢᠶᠠᠨ ᠤ ᠪᠠᠷᠠᠨ》, 《ᠬᠥᠭᠵᠢᠶᠡᠨ ᠲᠡᠢ ᠳᠠᠶᠢᠨ》, 《ᠸᠧᠨᠧᠼ ᠤᠨ ᠰᠥᠨᠢ》 ᠵᠡᠷᠭᠡ ᠨᠢ ᠶᠡᠬᠡᠳᠡ ᠠᠯᠳᠠᠷᠲᠠᠢ ᠶᠤᠮ᠃

ᠢᠣᠬᠣᠨ ᠱᠲᠷᠠᠦ᠋ᠰ 74 ᠨᠠᠰᠤᠨ ᠤ ᠪᠠᠨ 55 ᠵᠢᠯ ᠢ ᠤᠷᠠᠨ ᠪᠦᠲᠦᠭᠡᠯ ᠳᠦ ᠵᠣᠷᠢᠭᠤᠯᠤᠭᠰᠠᠨ ᠶᠡᠬᠡ ᠬᠥᠳᠡᠯᠮᠦᠷᠢᠴᠢ᠂ ᠬᠥᠭᠵᠢᠶᠡᠨ ᠵᠤᠭ᠎ᠠ ᠲᠠᠢ ᠬᠦᠮᠦᠨ ᠪᠠᠶᠢᠪᠠ᠃ ᠲᠡᠷᠡ ᠪᠡᠷ ᠶᠠᠮᠠᠷ ᠴᠤ ᠨᠥᠬᠥᠴᠡᠯ ᠳᠦ᠂ ᠰᠡᠦᠬᠡ ᠲᠡᠷᠭᠡᠨ ᠳᠣᠲᠣᠷ᠎ᠠ ᠴᠤ ᠵᠣᠬᠢᠶᠠᠯ ᠢᠶᠠᠨ ᠪᠢᠴᠢᠳᠡᠭ ᠪᠠᠶᠢᠴᠠᠢ᠃ ᠢ᠃ ᠱᠲᠷᠠᠦ᠋ᠰ ᠵᠥᠪᠬᠡᠨ ᠪᠦᠵᠢᠭ ᠦᠨ ᠬᠥᠭᠵᠢᠮ 500 ᠣᠷᠴᠢᠮ ᠢ ᠪᠢᠴᠢᠭᠰᠡᠨ ᠦ ᠪᠠᠷᠤᠭ ᠲᠡᠩ ᠬᠠᠭᠠᠰ ᠨᠢ ᠸᠠᠯᠢᠰ᠂ ᠲᠡᠭᠦᠨ ᠡᠴᠡ ᠳᠡᠯᠡᠬᠡᠢ ᠳᠠᠬᠢᠨ ᠢᠶᠠᠨ ᠠᠯᠳᠠᠷᠰᠢᠭᠰᠠᠨ ᠨᠢ 《ᠴᠡᠩᠬᠡᠷ ᠳᠤᠨᠠᠢ》, 《ᠸᠸᠨ ᠤᠨ ᠰᠢᠭᠤᠢ ᠶᠢᠨ ᠦᠯᠢᠭᠡᠷ》, 《ᠵᠦᠵᠦᠭᠡᠴᠢᠨ ᠦ ᠠᠮᠢᠳᠤᠷᠠᠯ》, 《ᠬᠠᠪᠤᠷ ᠤᠨ ᠳᠠᠭᠤᠨ》 ᠵᠡᠷᠭᠡ ᠪᠦᠲᠦᠭᠡᠯ ᠶᠤᠮ᠃ ᠢ᠃ ᠱᠲᠷᠠᠦ᠋ᠰ ᠪᠣᠯ ᠸᠸᠨ ᠤᠨ ᠭᠡᠵᠦ ᠠᠯᠳᠠᠷᠰᠢᠭᠰᠠᠨ ᠰᠣᠩᠭᠣᠳᠠᠭ ᠸᠠᠯᠢᠰ ᠤᠨ ᠤᠷᠠᠯᠢᠭ ᠢ ᠦᠨᠳᠦᠰᠦᠯᠡᠭᠰᠡᠨ ᠪᠢᠯᠡ᠃ ᠠᠯᠳᠠᠷᠲᠤ 《ᠴᠡᠩᠬᠡᠷ ᠳᠤᠨᠠᠢ》 ᠸᠠᠯᠢᠰ ᠨᠢ ᠸᠸᠨᠠ ᠬᠣᠲᠠ ᠶᠢᠨ ᠰᠦᠯᠳᠡ ᠳᠠᠭᠤᠤ ᠪᠣᠯᠵᠤ ᠬᠤᠪᠢᠷᠠᠭᠰᠠᠨ ᠶᠤᠮ᠃

ᠪᠢᠴᠢᠭᠡᠰᠦ