ᠢᠢ ᠳᠦ ᠠᠯᠠ-ᠹᠢ ᠳᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠠᠵᠢᠺᠰᠲᠠᠨ ᠤᠯᠤᠰ ᠲᠤ ᠨᠢᠭᠡᠨ ᠭᠡᠷ ᠪᠦᠯᠢ ᠪᠠᠶᠠᠷ ᠤᠨ ᠰᠢᠷᠡᠭᠡ ᠵᠠᠰᠠᠭᠰᠠᠨ ᠨᠢ

ᠢᠢ ᠳᠦ ᠤᠯᠠ-ᠹᠢᠲ᠋ᠷᠢ᠂ ᠢᠢ ᠳᠦ ᠠᠯᠠ-ᠹᠢᠲ᠋ᠷᠢ᠂ ᠢᠳᠡ ᠤᠯᠠ-ᠹᠢᠲ᠋ᠷᠢ ᠪᠤᠶᠤ ᠢᠳᠡ ᠠᠯᠠ-ᠹᠢᠲ᠋ᠷᠢ ᠬᠡᠮᠡᠬᠦ ᠪᠠᠶᠠᠷ ᠢ ᠲᠣᠪᠴᠢᠯᠠᠨ ᠠᠪᠴᠤ ᠦᠵᠡᠪᠡᠯ ᠢᠢ ᠳᠦ ᠭᠡᠳᠡᠭ ᠪᠢᠯᠡ᠃ ᠡᠨᠡᠬᠦ ᠪᠠᠶᠠᠷ ᠨᠢ ᠯᠠᠯᠤ ᠶᠢᠨ ᠱᠠᠰᠢᠨ ᠤ ᠠᠷᠢᠭᠤᠨ ᠰᠠᠷ᠎ᠠ ᠶᠢᠨ ᠰᠡᠭᠦᠯ ᠳᠦ ᠪᠣᠯᠳᠠᠭ ᠪᠥᠭᠡᠳ ᠷᠠᠮᠤᠭᠠᠳᠠᠭᠠᠨᠢ ᠲᠡᠭᠦᠰᠬᠡᠯ ᠳᠦ ᠪᠣᠯᠳᠠᠭ ᠪᠠᠶᠢᠨ᠎ᠠ (ᠷᠠᠮᠤᠭᠠᠳᠠᠭᠠᠨ ᠤ ᠦᠶ᠎ᠡ ᠪᠡᠷ ᠬᠦᠮᠦᠰ ᠨᠠᠷᠠ ᠮᠠᠨᠳᠤᠬᠤ ᠠᠴᠠ ᠡᠬᠢᠯᠡᠭᠡᠳ ᠨᠠᠷᠠ ᠵᠢᠷᠭᠠᠲᠠᠯ᠎ᠠ ᠬᠣᠭᠣᠯᠠᠨ ᠤ ᠮᠠᠴᠠᠭ ᠪᠠᠷᠢᠳᠠᠭ). ᠢᠢ ᠳᠦ ᠬᠡᠮᠡᠬᠦ ᠪᠠᠶᠠᠷ ᠨᠢ ᠭᠠᠭᠴᠠᠬᠠᠨ ᠬᠣᠨᠣᠭ ᠦᠷᠭᠦᠯᠵᠢᠯᠡᠳᠡᠭ ᠪᠥᠭᠡᠳ ᠲᠡᠷᠡ ᠡᠳᠦᠷ ᠮᠥᠰᠰᠢᠯᠤᠮᠠᠨᠴᠤᠳ ᠮᠠᠴᠠᠭ ᠪᠠᠷᠢᠬᠤ ᠱᠠᠭᠠᠷᠳᠠᠯᠭ᠎ᠠ ᠦᠭᠡᠢ ᠪᠣᠯᠳᠠᠭ᠃ ᠢᠢ ᠳᠦ ᠭᠡᠳᠡᠭ ᠦᠭᠡ ᠨᠢ ᠠᠷᠠᠪ ᠢᠶᠠᠷ ᠪᠠᠶᠠᠷ ᠨᠠᠭᠠᠳᠤᠮ ᠭᠡᠰᠡᠨ ᠤᠳᠬ᠎ᠠ ᠲᠠᠢ ᠪᠠ ᠨᠥᠭᠥᠭᠡ ᠲᠠᠯ᠎ᠠ ᠠᠴᠠ ᠹᠢᠲ᠋ᠷᠢ ᠨᠢ ᠮᠠᠴᠠᠭ ᠪᠠᠷᠢᠬᠤ ᠶᠠᠪᠤᠳᠠᠯ ᠠᠴᠠ ᠴᠢᠯᠦᠭᠡᠯᠡᠭᠳᠡᠬᠦ ᠭᠡᠰᠡᠨ ᠤᠳᠬ᠎ᠠ ᠲᠠᠢ ᠶᠤᠮ᠃ ᠡᠨᠡ ᠪᠠᠶᠠᠷ ᠨᠢ ᠷᠠᠮᠤᠭᠠᠳᠠᠨ ᠤ ᠲᠡᠭᠦᠰᠬᠡᠯ ᠢ ᠲᠡᠮᠳᠡᠭᠯᠡᠳᠡᠭ ᠪᠠ ᠬᠦᠮᠦᠰ 29-30 ᠬᠣᠨᠣᠭ ᠤᠨ ᠲᠤᠷᠰᠢ 1 ᠰᠠᠷ᠎ᠠ ᠮᠠᠴᠠᠭ ᠪᠠᠷᠢᠳᠠᠭ ᠪᠢᠯᠡ᠃ ᠢᠢ ᠳᠦ ᠨᠢ ᠰᠢᠪᠠᠪᠠᠯᠢ ᠰᠠᠷ᠎ᠠ ᠶᠢᠨ ᠡᠬᠢᠨ ᠦ ᠡᠳᠦᠷ ᠲᠦ ᠪᠠᠶᠢᠳᠠᠭ ᠪᠠ ᠲᠤᠬᠠᠢ ᠶᠢᠨ ᠡᠳᠦᠷ ᠲᠦ ᠳᠡᠯᠡᠬᠡᠢ ᠳᠦ ᠪᠠᠶᠢᠭ᠎ᠠ ᠮᠥᠰᠰᠢᠯᠤᠮᠠᠨᠴᠤᠳ ᠪᠥᠭᠥᠳᠡᠭᠡᠷ ᠢᠶᠡᠨ ᠨᠢᠭᠡᠳᠴᠦ ᠨᠢᠭᠡ ᠪᠠᠶᠢᠬᠤ ᠶᠢ ᠵᠣᠷᠢᠳᠠᠭ᠃ ᠢᠢ ᠳᠦ ᠠᠯᠠ-ᠹᠢᠲ᠋ᠷᠢ ᠍ ᠤᠨ ᠪᠠᠶᠠᠷ ᠢᠶᠠᠷ ᠰᠠᠯᠠᠭ᠎ᠠ ᠳᠤ ᠪᠤᠶᠤ ᠯᠠᠯᠤ ᠶᠢᠨ ᠱᠠᠰᠢᠨ ᠤ ᠮᠥᠷᠭᠥᠯ ᠤᠩᠰᠢᠳᠠᠭ ᠪᠠ ᠡᠨᠡ ᠨᠢ 2 ᠷᠠᠺᠠ ᠠᠬ᠎ᠠ ᠪᠤᠶᠤ 2 ᠪᠠᠳᠠᠭ ᠲᠠᠢ ᠪᠠᠶᠢᠳᠠᠭ ᠪᠠ ᠲᠤᠬᠠᠢ ᠶᠢᠨ ᠮᠥᠷᠭᠥᠯ ᠢ ᠲᠣᠮᠣ ᠲᠠᠯᠠᠪᠠᠢ ᠳᠤ ᠡᠰᠡᠪᠡᠯ ᠲᠣᠮᠣ ᠲᠠᠩᠬᠢᠮ ᠳᠤ ᠤᠩᠰᠢᠳᠠᠭ ᠪᠠᠶᠢᠨ᠎ᠠ᠃ ᠤᠭ ᠮᠥᠷᠭᠥᠯ ᠢ ᠬᠦᠮᠦᠰ ᠪᠥᠭᠡᠮ ᠢᠶᠡᠷ ᠢᠶᠡᠨ ᠴᠤᠭᠯᠠᠷᠠᠵᠤ (ᠵᠢᠮᠠ ᠠᠲᠠ) ᠦᠢᠯᠡᠳᠬᠦ ᠶᠣᠰᠣᠲᠠᠢ ᠪᠠ ᠮᠥᠷᠭᠥᠯ ᠦᠢᠯᠡᠳᠬᠦ ᠦᠶ᠎ᠡ ᠳᠦ ᠨᠡᠮᠡᠯᠲᠡ 6 ᠍ ᠠᠨ ᠲᠠᠺᠪᠢᠷᠰ ᠬᠢᠨ᠎ᠡ (ᠡᠨᠡ ᠨᠢ ᠭᠠᠷ ᠢᠶᠠᠨ ᠴᠢᠬᠢᠨ ᠳᠦ ᠪᠡᠨ ᠬᠦᠷᠭᠡᠨ ᠠᠯᠯᠠᠾ ᠠᠬᠠᠪᠢᠷ-ᠠᠯᠯᠠᠾ ᠪᠤᠷᠬᠠᠨ ᠪᠣᠯ ᠠᠭᠤᠤ ᠭᠡᠵᠦ ᠪᠠᠶᠢᠭ᠎ᠠ ᠦᠢᠯᠡᠳᠦᠯ ᠢ ᠬᠡᠯᠡᠨ᠎ᠡ᠃ ᠡᠭᠦᠨ ᠢ ᠨᠡᠶᠢᠲᠡ ᠳᠦ ᠪᠡᠨ 6 ᠤᠳᠠᠭ᠎ᠠ ᠬᠢᠨ᠎ᠡ: ᠡᠬᠢᠨ ᠦ ᠪᠠᠳᠠᠭ ᠤᠨ ᠡᠮᠦᠨ᠎ᠡ 3 ᠤᠳᠠᠭ᠎ᠠ ᠬᠢᠵᠦ᠂ ᠳᠠᠷᠠᠭ᠎ᠠ ᠶᠢᠨ ᠪᠠᠳᠠᠭ ᠤᠨ ᠡᠮᠦᠨ᠎ᠡ 3 ᠤᠳᠠᠭ᠎ᠠ ᠬᠢᠨ᠎ᠡ᠃) ᠮᠥᠰᠰᠢᠯᠤᠮᠠᠨᠴᠤᠳ ᠥᠪᠡᠷᠰᠡᠳ ᠢ ᠪᠡᠨ ᠪᠤᠷᠬᠠᠨ ᠤ ᠵᠠᠷᠯᠢᠭ ᠢ ᠳᠠᠭᠠᠬᠤ ᠶᠣᠰᠣᠲᠠᠢ ᠭᠡᠵᠦ ᠦᠵᠡᠳᠡᠭ ᠪᠠ ᠺᠠᠷ’ᠠᠨ ᠰᠤᠳᠤᠷ ᠲᠤ ᠵᠢᠭᠠᠭᠰᠠᠨ ᠤ ᠳᠠᠭᠠᠤ ᠷᠠᠮᠤᠭᠠᠳᠠᠭᠠᠨ ᠳᠠᠭᠤᠰᠲᠠᠯ᠎ᠠ ᠮᠠᠴᠠᠭ ᠪᠠᠷᠢᠵᠤ ᠢᠢ ᠳᠦ ᠤᠨ ᠮᠥᠷᠭᠥᠯ ᠢᠶᠡᠷ ᠮᠠᠴᠠᠭ ᠪᠠᠷᠢᠬᠤ ᠪᠠᠨ ᠪᠣᠯᠢᠨ᠎ᠠ ᠭᠡᠵᠦ ᠦᠵᠡᠳᠡᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠢ ᠳᠦ ᠤᠨ ᠪᠠᠶᠠᠷ ᠤᠨ ᠦᠨᠳᠦᠰᠦ ᠶᠢ ᠠᠩᠬ᠎ᠠ ᠮᠤᠬᠤᠮ ᠢᠶ᠎ᠡ ᠳᠦ ᠲᠠᠯᠪᠢᠭᠰᠠᠨ ᠭᠡᠳᠡᠭ᠃ ᠬᠠᠭᠤᠴᠢᠨ ᠤᠯᠠᠮᠵᠢᠯᠠᠯ ᠤᠨ ᠳᠠᠭᠠᠤ ᠮᠤᠬᠤᠮ ᠢᠶ᠎ᠡ ᠳᠦ ᠠᠩᠬ᠎ᠠ ᠮᠧᠺᠺᠠᠭᠠ ᠠᠴᠠ ᠮᠠᠳᠠᠨ᠎ᠠ ᠬᠣᠲᠠ ᠷᠤ ᠶᠠᠪᠤᠬᠤ ᠠᠶᠠᠨ ᠵᠠᠮ ᠳᠤ ᠪᠠᠨ ᠭᠠᠷᠤᠭᠰᠠᠨ ᠢᠶᠠᠷ ᠤᠭ ᠪᠠᠶᠠᠷ ᠤᠨ ᠦᠨᠳᠦᠰᠦ ᠶᠢ ᠲᠠᠯᠪᠢᠭᠰᠠᠨ ᠭᠡᠵᠦ ᠦᠵᠡᠳᠡᠭ᠃ ᠠᠨᠠᠰ ᠮᠡᠳᠡᠭᠡᠯᠡᠬᠦ ᠳᠦ ᠪᠡᠨ: ᠮᠤᠬᠤᠮ ᠢᠶ᠎ᠡ ᠳᠦ ᠠᠩᠬ᠎ᠠ ᠮᠠᠳᠠᠨ᠎ᠠ ᠬᠣᠳᠠ ᠳᠤ ᠢᠷᠡᠬᠦ ᠳᠦ ᠬᠦᠮᠦᠰ 2 ᠪᠠᠶᠠᠷ ᠢ ᠣᠨᠴᠠᠯᠠᠨ ᠲᠡᠮᠳᠡᠭᠯᠡᠳᠡᠭ ᠪᠠᠶᠢᠴᠠᠢ᠃ ᠲᠡᠷᠡ ᠬᠦᠮᠦᠰ ᠡᠴᠡ ᠴᠣᠬᠣᠮ ᠶᠠᠬᠤ ᠭᠡᠵᠦ ᠡᠨᠡ ᠪᠠᠶᠠᠷ ᠤᠳ ᠢ ᠲᠡᠮᠳᠡᠭᠯᠡᠵᠦ ᠪᠠᠶᠢᠭ᠎ᠠ ᠶᠢ ᠠᠰᠠᠭᠤᠲᠠᠯ᠎ᠠ ᠬᠦᠮᠦᠰ ᠥᠪᠡᠷᠰᠡᠳ ᠢ ᠪᠡᠨ ᠠᠮᠠᠷᠠᠭᠠᠬᠤ ᠭᠡᠵᠦ ᠮᠥᠨ ᠪᠠᠶᠠᠰᠤᠭᠠᠬᠤ ᠭᠡᠵᠦ ᠡᠳᠡᠭᠡᠷ ᠪᠠᠶᠠᠷ ᠤᠳ ᠢ ᠲᠡᠮᠳᠡᠭᠡᠯᠡᠳᠡᠭ ᠭᠡᠵᠦ ᠬᠠᠷᠢᠭᠤᠯᠤᠭᠰᠠᠨ ᠶᠤᠮ᠃ ᠬᠠᠷᠢᠨ ᠡᠨᠡ ᠦᠶ᠎ᠡ ᠳᠦ ᠮᠤᠬᠤᠮ ᠢᠶ᠎ᠡ ᠳᠦ ᠬᠦᠮᠦᠰ ᠲᠦ 《ᠠᠭᠤᠤ ᠶᠡᠬᠡ ᠬᠦᠴᠦ ᠲᠡᠢ ᠪᠤᠷᠬᠠᠨ ᠲᠠ ᠨᠠᠷ ᠲᠤ 2 ᠥᠭᠡᠷ᠎ᠡ ᠲᠥᠷᠦᠯ ᠦᠨ ᠪᠠᠶᠠᠷ ᠨᠠᠭᠠᠳᠤᠮ ᠵᠠᠶᠠᠭᠠᠴᠠᠢ》 ᠬᠡᠮᠡᠨ ᠦᠭᠦᠯᠡᠭᠰᠡᠨ ᠪᠠ ᠲᠠ ᠨᠠᠷ ᠢᠢ ᠳᠦ ᠠᠯᠠ-ᠹᠢᠲ᠋ᠷᠢ ᠪᠣᠯᠤᠨ ᠢᠢ ᠳᠦ ᠠᠯᠠ ᠠᠳᠬᠠ ᠭᠡᠰᠡᠨ ᠨᠡᠷ᠎ᠡ ᠲᠡᠢ 2 ᠪᠠᠶᠠᠷ ᠨᠠᠭᠠᠳᠤᠮ ᠢ ᠲᠡᠮᠳᠡᠭᠯᠡᠬᠦ ᠶᠣᠰᠣᠲᠠᠢ ᠭᠡᠵᠦ ᠬᠡᠯᠡᠭᠰᠡᠨ ᠪᠠᠶᠢᠨ᠎ᠠ᠃ ᠮᠥᠰᠰᠢᠯᠤᠮᠠᠨᠴᠤᠳ ᠤᠨ ᠬᠤᠪᠢ ᠳᠤ ᠡᠨᠡᠬᠦ 2 ᠪᠠᠶᠠᠷ ᠨᠢ ᠠᠯᠯᠠᠾ ᠪᠤᠷᠬᠠᠨ ᠳᠤ ᠲᠠᠯᠠᠷᠬᠠᠯ ᠢᠯᠡᠷᠬᠡᠶᠢᠯᠡᠵᠦ ᠪᠠᠶᠢᠭ᠎ᠠ ᠶᠢᠨ ᠢᠯᠡᠷᠬᠡᠶᠢᠯᠡᠯ ᠪᠣᠯᠤᠨ ᠲᠡᠭᠦᠨ ᠢ ᠬᠦᠨᠳᠦᠳᠬᠡᠵᠦ ᠪᠠᠶᠢᠭ᠎ᠠ ᠶᠢᠨ ᠢᠯᠡᠷᠬᠡᠶᠢᠯᠡᠯ ᠶᠤᠮ᠃ ᠮᠥᠨ ᠡᠨᠡ ᠦᠶ᠎ᠡ ᠪᠡᠷ ᠲᠡᠳᠡ ᠥᠪᠡᠷᠰᠡᠳ ᠢ ᠪᠡᠨ ᠪᠠᠶᠠᠷᠯᠠᠭᠤᠯᠬᠤ ᠶᠣᠰᠣᠲᠠᠢ᠃

ᠪᠠᠶᠠᠷ ᠤᠨ ᠦᠶ᠎ᠡ ᠶᠢᠨ ᠶᠣᠰᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠢ ᠳᠦ ᠠᠯᠠ-ᠹᠢᠲ᠋ᠷᠢ ᠍ ᠤᠨ ᠪᠠᠶᠠᠷ ᠢ ᠨᠢᠭᠡ᠂ ᠬᠣᠶᠠᠷ ᠡᠰᠡᠪᠡᠯ ᠭᠤᠷᠪᠠᠨ ᠬᠣᠨᠣᠭ ᠤᠨ ᠲᠤᠷᠰᠢ ᠲᠡᠮᠳᠡᠭᠯᠡᠳᠡᠭ᠃ ᠲᠤᠬᠠᠢ ᠶᠢᠨ ᠪᠠᠶᠠᠷ ᠤᠨ ᠦᠶ᠎ᠡ ᠪᠡᠷ ᠬᠦᠮᠦᠰ ᠳᠠᠷᠠᠭᠠᠬᠢ ᠪᠠᠶᠢᠳᠠᠯ ᠢᠶᠠᠷ ᠬᠣᠭᠣᠷᠣᠨᠳᠣ ᠪᠠᠨ ᠮᠡᠨᠳᠦᠯᠡᠳᠡᠭ: ᠢᠢ ᠳᠦ ᠮᠤᠪᠠᠷᠠᠺ (ᠢᠢ ᠳᠦ ᠪᠠᠶᠠᠷ ᠤᠨ ᠢᠪᠡᠭᠡᠯ) ᠡᠰᠡᠪᠡᠯ ᠢᠢ ᠳᠦ ᠰᠠ’ᠢᠳᠡ (ᠢᠢ ᠳᠦ ᠪᠠᠶᠠᠷ ᠤᠨ ᠮᠡᠨᠳᠦ). ᠡᠭᠦᠨ ᠡᠴᠡ ᠭᠠᠳᠠᠨ᠎ᠠ ᠯᠠᠯᠤ ᠶᠢᠨ ᠱᠠᠰᠢᠨ ᠤ ᠣᠷᠣᠨ ᠨᠤᠭᠤᠳ ᠥᠪᠡᠷ ᠥᠪᠡᠷ ᠦᠨ ᠭᠡᠰᠡᠨ ᠮᠡᠨᠳᠦᠴᠢᠯᠡᠭᠡ ᠲᠡᠢ ᠪᠠᠶᠢᠳᠠᠭ᠃ ᠵᠢᠱᠢᠶᠡᠯᠡᠪᠡᠯ ᠲᠦᠷᠺ ᠤᠯᠤᠰ ᠲᠤ ᠬᠦᠮᠦᠰ ᠭᠣᠣᠯᠴᠢᠯᠠᠨ ᠪᠠᠶᠠᠷᠠᠮᠢᠨᠢᠰ ᠺᠦᠲᠡᠯᠦ ᠣᠯᠰᠡᠭᠦᠨ ᠭᠡᠳᠡᠭ᠂ ᠡᠨᠡ ᠨᠢ ᠲᠠᠨ ᠤ ᠪᠠᠶᠠᠷ ᠢ ᠢᠪᠡᠭᠡᠬᠦ ᠪᠣᠯᠲᠤᠭᠠᠢ ᠭᠡᠰᠡᠨ ᠦᠭᠡ ᠶᠤᠮ᠃ ᠮᠥᠨ ᠪᠠᠶᠠᠷ ᠤᠨ ᠦᠶ᠎ᠡ ᠪᠡᠷ ᠮᠥᠰᠰᠢᠯᠤᠮᠠᠨᠴᠤᠳ ᠪᠡᠶ᠎ᠡ ᠪᠡᠶᠡᠩ ᠢᠶᠡᠨ ᠠᠭᠤᠴᠢᠯᠠᠵᠤ᠂ ᠲᠤᠬᠠᠢ ᠶᠢᠨ ᠵᠢᠯ ᠳᠤ ᠭᠠᠷᠴᠤ ᠪᠠᠶᠢᠭᠰᠠᠨ ᠬᠡᠷᠡᠭᠦᠯ ᠮᠠᠷᠭᠤᠭᠠᠨ ᠢᠶᠠᠨ ᠮᠠᠷᠲᠠᠨ ᠪᠡᠶ᠎ᠡ ᠪᠡᠶᠡᠩ ᠢᠶᠡᠨ ᠬᠦᠨᠳᠦᠳᠬᠡᠬᠦ ᠶᠢ ᠬᠢᠴᠢᠶᠡᠵᠦ ᠳᠠᠷᠤᠭ᠎ᠠ ᠶᠢᠨ ᠵᠢᠯ ᠳᠤ ᠪᠡᠨ ᠡᠪᠲᠡᠢ ᠪᠠᠶᠢᠬᠤ ᠶᠢ ᠵᠣᠷᠢᠳᠠᠭ᠃ ᠶᠡᠷᠦᠩᠬᠡᠢ ᠳᠤ ᠪᠡᠨ ᠪᠣᠯ ᠪᠠᠶᠠᠷ ᠤᠨ ᠡᠳᠦᠷ ᠬᠦᠮᠦᠰ ᠥᠷᠯᠥᠭᠡ ᠡᠷᠲᠡ ᠰᠡᠷᠢᠵᠦ (ᠨᠠᠷᠠ ᠮᠠᠨᠳᠤᠬᠤ ᠠᠴᠠ ᠡᠮᠦᠨ᠎ᠡ), ᠰᠠᠯᠠᠲᠤᠯ ᠹᠠᠵᠢᠷᠢ ᠪᠤᠶᠤ ᠨᠠᠷᠠ ᠮᠠᠨᠳᠤᠬᠤ ᠶᠢᠨ ᠡᠮᠦᠨᠡᠬᠢ ᠮᠥᠷᠭᠥᠯ ᠢ ᠦᠢᠯᠡᠳᠴᠦ ᠵᠥᠩᠴᠢ ᠮᠤᠬᠤᠮᠮᠧᠳ ᠤᠨ ᠤᠯᠠᠮᠵᠢᠯᠠᠯᠲᠤ ᠶᠣᠰᠣ ᠶᠢ ᠳᠠᠭᠠᠵᠤ: ᠨᠢᠭᠤᠷ ᠠᠮᠠ᠂ ᠰᠢᠳᠦ ᠪᠡᠨ ᠤᠭᠢᠶᠠᠵᠤ᠂ ᠤᠰᠤᠨ ᠳᠤ ᠣᠷᠣᠵᠤ᠂ ᠥᠪᠡᠷ ᠦᠨ ᠢᠶᠡᠨ ᠬᠠᠮᠤᠭ ᠤᠨ ᠰᠠᠶᠢᠬᠠᠨ ᠡᠮᠦᠰᠬᠡᠯ ᠢ ᠡᠮᠦᠰᠴᠦ᠂ ᠪᠡᠶᠡᠩ ᠳᠦ ᠪᠡᠨ ᠰᠦᠷᠴᠢᠭ ᠲᠦᠷᠬᠢᠳᠡᠭ ᠪᠠᠶᠢᠨ᠎ᠠ᠃ ᠪᠠᠶᠠᠷ ᠤᠨ ᠡᠳᠦᠷ ᠮᠠᠴᠠᠭ ᠪᠠᠷᠢᠬᠤ ᠶᠢ ᠬᠣᠷᠢᠭᠯᠠᠳᠠᠭ᠃ ᠤᠯᠠᠮᠵᠢᠯᠠᠯᠲᠤ ᠶᠣᠰᠣᠨ ᠤ ᠳᠠᠭᠠᠤ ᠬᠦᠮᠦᠰ ᠥᠷᠯᠥᠭᠡᠨ ᠦ ᠴᠠᠢ ᠪᠠᠷ ᠠᠮᠲᠠᠲᠠᠨ ᠢᠳᠡᠳᠡᠭ (ᠭᠣᠣᠯᠴᠢᠯᠠᠨ ᠨᠠᠨᠳᠢᠨ ᠴᠢᠪᠠᠭ᠎ᠠ), ᠡᠭᠦᠨ ᠦ ᠳᠠᠷᠠᠭ᠎ᠠ ᠪᠠᠷ ᠬᠦᠮᠦᠰ ᠢᠢ ᠳᠦ ᠪᠠᠶᠠᠷ ᠤᠨ ᠴᠢᠬᠤᠯᠠ ᠬᠡᠰᠡᠭ ᠪᠣᠯᠬᠤ ᠮᠥᠷᠭᠥᠯ ᠦᠢᠯᠡᠳᠬᠦ ᠶᠣᠰᠣᠯᠠᠯ ᠳᠤ ᠶᠠᠪᠤᠳᠠᠭ (ᠰᠠᠯᠠᠭ᠎ᠠ ᠳᠤ). ᠮᠥᠷᠭᠥᠯ ᠦᠨ ᠶᠣᠰᠣᠯᠠᠯ ᠢ ᠦᠢᠯᠡᠳᠬᠦ ᠶᠢᠨ ᠢᠶᠡᠨ ᠡᠮᠦᠨᠡᠬᠢ ᠦᠶ᠎ᠡ ᠪᠡᠷ ᠬᠦᠮᠦᠰ ᠵᠠᠪᠠᠯ ᠪᠤᠶᠠᠨ ᠤ ᠦᠢᠯᠡᠰ ᠬᠢᠬᠦ ᠶᠣᠰᠣᠲᠠᠢ ᠪᠠ ᠭᠣᠣᠯᠴᠢᠯᠠᠨ ᠶᠠᠳᠠᠭᠤ ᠬᠦᠮᠦᠰ ᠲᠦ ᠮᠥᠩᠭᠥ ᠲᠥᠭᠦᠷᠢᠭ ᠬᠠᠨᠳᠢᠪᠯᠠᠳᠠᠭ᠃ ᠪᠠᠶᠠᠷ ᠤᠨ ᠡᠳᠦᠷ ᠢᠶᠡᠷ:

  • ᠠᠵᠠ ᠵᠢᠷᠭᠠᠯ ᠪᠠᠶᠠᠷ ᠪᠠᠶᠠᠰᠬᠤᠯᠠᠩ ᠲᠠᠢ ᠪᠠᠶᠢᠬᠤ ᠬᠡᠷᠡᠭᠲᠡᠢ᠃
  • ᠰᠠᠶᠢᠨ ᠦᠢᠯᠡᠰ ᠬᠡᠬ ᠶᠣᠰᠣᠲᠠᠢ᠃
  • ᠹᠠᠵᠢᠷᠢ ᠮᠥᠷᠭᠥᠯ ᠢ ᠦᠢᠯᠡᠳᠬᠦ ᠬᠡᠷᠡᠭᠲᠡᠢ᠃
  • ᠥᠷᠯᠥᠭᠡ ᠡᠷᠲᠡ ᠰᠡᠷᠡᠬᠦ ᠶᠣᠰᠣᠲᠠᠢ᠃
  • ᠮᠣᠰᠺᠢ ᠪᠤᠶᠤ ᠰᠦᠮ᠎ᠡ ᠳᠦ ᠮᠥᠷᠭᠥᠯ ᠦᠢᠯᠡ ᠳᠦ ᠬᠢ ᠭᠡᠵᠦ ᠢᠷᠡᠭᠰᠡᠨ ᠴᠠᠭ ᠠᠴᠠ ᠪᠠᠨ ᠬᠣᠶᠢᠰᠢ ᠮᠥᠰᠰᠢᠯᠤᠮᠠᠨᠴᠤᠳ ᠵᠥᠪᠬᠡᠨ ᠮᠥᠷᠭᠥᠯ ᠯᠠ ᠦᠢᠯᠡᠳᠳᠡᠭ᠃ ᠡᠭᠦᠨ ᠡᠴᠡ ᠥᠭᠡᠷ᠎ᠡ ᠵᠦᠢᠯ ᠦᠨ ᠲᠠᠯ᠎ᠠ ᠪᠠᠷ ᠡᠰᠡᠪᠡᠯ ᠥᠭᠡᠷ᠎ᠡ ᠶᠠᠭᠤᠮᠠᠨ ᠤ ᠲᠠᠯ᠎ᠠ ᠪᠠᠷ ᠶᠠᠷᠢᠵᠤ ᠪᠣᠯᠬᠤ ᠦᠭᠡᠢ᠃ ᠮᠣᠰᠺᠢ ᠠᠴᠠ ᠭᠠᠷᠤᠭᠰᠠᠨ ᠤ ᠳᠠᠷᠠᠭ᠎ᠠ ᠪᠣᠯᠤᠨ᠎ᠠ᠃
  • ᠪᠤᠰᠤᠳ ᠮᠥᠰᠰᠠᠯᠮᠠᠨᠴᠤᠤᠳᠠᠳ ᠲᠠᠢ ᠢᠢ ᠳᠦ ᠮᠤᠪᠠᠷᠠᠺ ᠬᠡᠮᠡᠨ ᠮᠡᠨᠳᠦᠯᠡᠬᠦ ᠶᠣᠰᠣᠲᠠᠢ᠃
  • ᠮᠥᠷᠭᠥᠯ ᠦᠢᠯᠡᠳᠴᠦ ᠪᠠᠶᠢᠬᠤ ᠦᠶᠡᠳᠡᠭᠡ ᠳᠠᠷᠠᠭᠠᠬᠢ ᠲᠠᠷᠨᠢ ᠨᠤᠭᠤᠳ ᠢ ᠤᠩᠰᠢᠨ᠎ᠠ: ᠠᠯᠯᠠᠾ ᠠᠺᠪᠤᠷ᠂ ᠠᠯᠯᠠᠾ ᠠᠺᠪᠤᠷ᠂ ᠠᠯᠯᠠᠾ ᠠᠺᠪᠤᠷ᠃ ᠯᠠ ᠢᠯᠠᠭᠠᠬᠠ ᠢᠯᠡ’ᠯᠠ᠂ ᠯᠠ ᠯᠠ ᠸᠠᠯ ᠯᠠᠬᠤ ᠠᠺᠪᠤᠷ᠂ ᠠᠯᠯᠠᠾ ᠠᠺᠪᠤᠷ ᠸᠠᠯᠢᠯ ᠯᠠᠬᠢ ᠯᠠ ᠬᠠᠮᠤᠭᠠᠳ᠃ ᠢᠢ ᠳᠦ ᠪᠣᠯᠬᠤ ᠭᠠᠵᠠᠷ ᠢᠷᠡᠭᠰᠡᠨ ᠲᠣᠬᠢᠶᠠᠯᠳᠤᠯ ᠳᠤ ᠲᠠᠷᠨᠢ ᠤᠩᠰᠢᠬᠤ ᠶᠢ ᠪᠣᠯᠢᠨ᠎ᠠ᠂ ᠡᠰᠡᠪᠡᠯ ᠢᠮᠠᠮ ᠪᠤᠶᠤ ᠯᠠᠮ᠎ᠠ ᠦᠢᠯᠡ ᠠᠵᠢᠯᠯᠠᠭ᠎ᠠ ᠡᠬᠢᠯᠡᠭᠦᠯᠬᠦ ᠴᠠᠭ ᠲᠤ᠃
  • ᠮᠥᠷᠭᠥᠯ ᠦᠢᠯᠡᠳᠬᠦ ᠭᠠᠵᠠᠷ ᠯᠤᠤ ᠢᠷᠡᠵᠦ ᠪᠤᠴᠠᠬᠤ ᠳᠤ ᠪᠠᠨ ᠥᠭᠡᠷ᠎ᠡ ᠥᠭᠡᠷ᠎ᠡ ᠵᠠᠮ ᠢᠶᠠᠷ ᠶᠠᠪᠤᠬᠤ ᠬᠡᠷᠡᠭᠲᠡᠢ᠃

ᠢᠢ ᠳᠦ ᠤᠨ ᠮᠥᠷᠭᠥᠯ ᠦᠨ ᠦᠶ᠎ᠡ ᠪᠡᠷ ᠬᠦᠮᠦᠰ ᠭᠣᠣᠯᠴᠢᠯᠠᠨ ᠲᠣᠮᠣ ᠲᠠᠯᠠᠪᠠᠢ ᠳᠤ᠂ ᠲᠣᠮᠣ ᠨᠡᠶᠢᠭᠡᠮ ᠦᠨ ᠲᠥᠪ ᠦᠳ ᠡᠰᠡᠪᠡᠯ ᠮᠣᠰᠺᠢ ᠪᠤᠶᠤ ᠲᠣᠮᠣ ᠰᠦᠮ᠎ᠡ ᠬᠡᠶᠢᠳ ᠦᠳ ᠮᠥᠷᠭᠥᠯ ᠦᠢᠯᠡᠳᠳᠡᠭ᠃ ᠮᠥᠷᠳᠡᠯᠭᠡ ᠳᠠᠭᠤᠰᠤᠭᠰᠠᠨ ᠢᠶᠠᠷ ᠯᠠᠮᠠ ᠨᠠᠷ ᠠᠯᠯᠠᠾ ᠪᠤᠷᠬᠠᠨ ᠤ ᠰᠤᠷᠭᠠᠯ ᠤᠳ ᠠᠴᠠ ᠤᠩᠰᠢᠵᠤ᠂ ᠪᠤᠷᠬᠠᠨ ᠠᠴᠠ ᠥᠷᠦᠰᠢᠶᠡᠯ ᠭᠤᠶᠤᠵᠤ᠂ ᠡᠩᠬᠡ ᠲᠠᠶᠢᠪᠤᠩ ᠤᠨ ᠢ ᠬᠦᠰᠡᠵᠦ᠂ ᠮᠥᠨ ᠡᠨᠡ ᠳᠡᠯᠡᠬᠡᠢ ᠶᠢᠨ ᠪᠦᠬᠦ ᠠᠮᠢᠲᠠᠳ ᠢ ᠢᠪᠡᠭᠡᠬᠦ ᠶᠢ ᠬᠦᠰᠡᠳᠡᠭ᠃ ᠡᠭᠦᠨ ᠡᠴᠡ ᠭᠠᠳᠠᠨ᠎ᠠ ᠯᠠᠮᠠ ᠨᠠᠷ ᠬᠦᠮᠦᠰ ᠲᠦ ᠢᠢ ᠳᠦ ᠪᠠᠶᠠᠷ ᠤᠨ ᠶᠣᠰᠣᠯᠠᠯ ᠤᠨ ᠠᠵᠢᠯᠯᠠᠭᠠᠨ ᠤ ᠲᠠᠯ᠎ᠠ ᠪᠠᠷ ᠲᠠᠨᠢᠯᠴᠠᠭᠤᠯᠳᠠᠭ᠂ ᠵᠢᠱᠢᠶᠡᠯᠡᠪᠡᠯ ᠵᠠᠺᠠ ᠳᠤ ᠤᠨ ᠲᠠᠯ᠎ᠠ ᠪᠠᠷ᠃ ᠰᠤᠷᠭᠠᠯ ᠬᠠᠶᠢᠷᠠᠯᠠᠵᠤ ᠪᠠᠶᠢᠭ᠎ᠠ ᠦᠶ᠎ᠡ ᠳᠦ ᠬᠦᠮᠦᠰ ᠬᠣᠭᠣᠷᠣᠨᠳᠣ ᠪᠠᠨ᠂ ᠲᠠᠩᠬᠢᠮ ᠠᠴᠠ ᠭᠠᠷᠴᠤ ᠡᠰᠡᠪᠡᠯ ᠥᠭᠡᠷ᠎ᠡ ᠨᠢᠭᠡᠨ ᠮᠥᠷᠭᠥᠯ ᠦᠢᠯᠡᠳᠬᠦ ᠶᠢ ᠬᠠᠲᠠᠭᠤ ᠬᠣᠷᠢᠭᠯᠠᠳᠠᠭ᠃ ᠶᠣᠰᠣᠯᠠᠯ ᠤᠨ ᠠᠵᠢᠯᠯᠠᠭ᠎ᠠ ᠳᠠᠭᠤᠰᠤᠭᠰᠠᠨ ᠢᠶᠠᠷ ᠮᠥᠰᠰᠢᠯᠤᠮᠠᠨᠴᠤᠳ ᠭᠡᠷ ᠪᠦᠯᠢ ᠪᠣᠯᠤᠨ ᠨᠠᠶᠢᠵᠠ ᠨᠥᠬᠦᠳᠲᠡᠢ ᠪᠡ ᠠᠭᠤᠯᠵᠠᠵᠤ᠂ ᠭᠡᠷ ᠲᠦ ᠪᠡᠨ ᠡᠰᠡᠪᠡᠯ ᠠᠯᠪᠠᠨ ᠪᠠᠶᠢᠭᠤᠯᠤᠯᠭ᠎ᠠ ᠨᠤᠭᠤᠳ ᠲᠦᠷᠢᠶᠡᠰᠦᠯᠡᠨ ᠪᠠᠶᠠᠷ ᠤᠨ ᠦᠢᠯᠡ ᠠᠵᠢᠯᠯᠠᠭ᠎ᠠ ᠵᠣᠬᠢᠶᠠᠨ ᠪᠠᠶᠢᠭᠤᠯᠳᠠᠭ ᠶᠤᠮ᠃ ᠢᠢ ᠳᠦ ᠪᠠᠶᠠᠷ ᠤᠨ ᠦᠶ᠎ᠡ ᠪᠡᠷ ᠥᠪᠡᠷ ᠦᠨ ᠬᠡᠦᠬᠡᠳ ᠦᠳ ᠪᠣᠯᠤᠨ ᠬᠠᠮᠢᠶᠠᠲᠠᠨ ᠤ ᠪᠠᠨ ᠬᠡᠦᠬᠡᠳ ᠦᠳ ᠲᠦ ᠢᠢᠳᠢ ᠪᠤᠶᠤ ᠪᠡᠯᠭᠡ ᠲᠠᠷᠠᠭᠠᠳᠠᠭ᠃

ᠯᠠᠯᠤ ᠶᠢᠨ ᠱᠠᠰᠢᠨ ᠤ ᠤᠯᠠᠮᠵᠢᠯᠠᠯᠲᠤ ᠶᠣᠰᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠢ ᠳᠦ ᠠᠯᠠ-ᠹᠢᠲ᠋ᠷᠢ ᠶᠢᠨ ᠪᠠᠶᠠᠷ ᠨᠢ ᠷᠠᠮᠤᠭᠠᠳᠠᠭᠠᠨ ᠤ ᠲᠡᠭᠦᠰᠬᠡᠯ ᠢ ᠲᠡᠮᠳᠡᠭᠯᠡᠳᠡᠭ᠃ ᠡᠨᠡᠬᠦ ᠪᠠᠶᠠᠷ ᠨᠢ ᠮᠥᠰᠰᠢᠯᠤᠮᠠᠨᠴᠤᠳ ᠲᠤ ᠲᠡᠳᠡᠨ ᠦ ᠭᠣᠣᠯ ᠦᠨᠡᠲᠦ ᠵᠦᠢᠯ ᠢ ᠲᠣᠳᠣᠷᠬᠠᠶᠢᠯᠠᠵᠤ ᠥᠭᠳᠡᠭ᠃ ᠵᠢᠱᠢᠶᠡᠯᠡᠪᠡᠯ: ᠶᠠᠳᠠᠭᠤᠰ ᠤᠨ ᠵᠣᠪᠠᠯᠠᠩ ᠤᠨ ᠲᠠᠯ᠎ᠠ ᠪᠠᠷ ᠣᠶᠢᠯᠠᠭᠠᠭᠤᠯᠵᠤ᠂ ᠬᠦᠮᠦᠨ ᠴᠢᠨᠠᠷ᠂ ᠢᠲᠡᠭᠡᠯ ᠨᠠᠶᠢᠳᠠᠪᠤᠷᠢ᠂ ᠲᠡᠪᠴᠢᠶᠡᠷᠢ ᠪᠣᠯᠤᠨ ᠲᠤᠤᠱᠲᠠᠢ ᠪᠠᠶᠢᠬᠤ ᠶᠢᠨ ᠲᠠᠯ᠎ᠠ ᠪᠠᠷ ᠰᠤᠷᠭᠠᠯ ᠬᠠᠶᠢᠷᠠᠯᠠᠳᠠᠭ᠃ ᠵᠠᠷᠢᠮ ᠰᠤᠳᠤᠯᠤᠭᠠᠴᠢᠳ ᠬᠦᠮᠦᠰ ᠮᠠᠴᠠᠭ ᠪᠠᠷᠢᠭᠰᠠᠨ ᠢᠶᠠᠷ ᠠᠮᠢᠳᠤᠷᠠᠯ ᠤᠨ ᠳᠠᠷᠠᠭᠠᠬᠢ ᠶᠢᠷᠲᠢᠨᠴᠦ ᠶᠢᠨ ᠲᠠᠯ᠎ᠠ ᠪᠠᠷ ᠣᠶᠢᠯᠠᠭᠠᠯᠲᠠ ᠠᠪᠴᠤ ᠪᠡᠶᠡᠲᠦ ᠪᠣᠯᠤᠨ ᠪᠡᠶᠡᠲᠦ ᠪᠤᠰᠤ ᠦᠵᠡᠭᠳᠡᠯ  ᠦᠨ ᠲᠠᠯ᠎ᠠ ᠪᠠᠷ ᠣᠶᠢᠯᠠᠭᠠᠯᠲᠠ ᠠᠪᠳᠠᠭ ᠭᠡᠵᠦ ᠦᠵᠡᠳᠡᠭ᠃ ᠮᠥᠰᠰᠢᠯᠤᠮᠠᠨᠴᠤᠳ ᠡᠨᠡ ᠪᠠᠶᠠᠷ ᠢ ᠲᠡᠮᠳᠡᠭᠯᠡᠭᠰᠡᠨ ᠢᠶᠡᠷ ᠳᠡᠯᠡᠬᠡᠢ ᠳᠦ ᠣᠷᠣᠰᠢᠳᠠᠭ ᠪᠤᠵᠠᠷ ᠮᠠᠭᠤ ᠮᠠᠭᠤᠬᠠᠢ ᠵᠦᠢᠯᠡᠰ ᠡᠴᠡ ᠠᠩᠭᠢᠵᠢᠷᠠᠬᠤ ᠳᠤ ᠲᠤᠰᠠ ᠦᠵᠡᠭᠦᠯᠳᠡᠭ ᠪᠠ ᠪᠤᠷᠬᠠᠨ ᠳᠤ ᠲᠠᠯᠠᠷᠬᠠᠯ ᠢᠶᠠᠨ ᠢᠯᠡᠷᠬᠡᠶᠢᠯᠡᠵᠦ ᠲᠡᠭᠦᠨ ᠦ ᠢᠪᠡᠭᠡᠯ ᠰᠠᠶᠢᠨ ᠰᠠᠶᠢᠬᠠᠨ ᠤ ᠲᠥᠯᠦᠭᠡ ᠲᠠᠯᠠᠷᠬᠠᠯᠠᠯ᠎ᠠ ᠢᠯᠡᠷᠬᠡᠶᠢᠯᠡᠵᠦ ᠪᠠᠶᠢᠨ᠎ᠠ ᠬᠡᠮᠡᠨ ᠦᠵᠡᠳᠡᠭ᠃

ᠪᠢᠴᠢᠭᠡᠰᠦ