ᠶᠡᠰᠦᠰ ᠾᠷᠢᠰᠲ᠋

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠢᠢᠰᠦᠶᠢᠰ ᠾᠷᠢᠰᠲ᠋ᠦ᠋ᠰ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠪᠷᠠᠽᠢᠯ ᠤᠯᠤᠰ ᠤᠨ ᠷᠢᠤ᠋ ᠳ᠋ᠸ ᠵᠠᠨ᠋ᠸᠶᠢᠷᠤ᠋ ᠬᠣᠲᠠ ᠳᠠᠬᠢ ᠾᠷᠢᠰᠲ ᠤᠨ ᠬᠥᠰᠢᠶ᠎ᠡ

ᠶᠡᠰᠦᠰ ᠾᠷᠢᠰᠲ᠋ (ᠪᠦᠲᠦᠨ ᠨᠡᠷ᠎ᠡ: ᠢᠶᠰᠢᠠ ᠪᠧᠨ ᠢᠣᠰᠧᠹ - ᠢᠣᠰᠧᠹ ᠤᠨ ᠬᠦᠦ ᠶᠡᠰᠦᠰ) ᠾᠷᠢᠰᠲ᠋ᠢᠳᠬᠦᠯᠢ ᠶᠢᠨ ᠭᠣᠣᠯ ᠲᠥᠯᠥᠭᠡᠯᠡᠭᠴᠢ ᠪᠠ ᠡᠭᠦᠰᠬᠡᠭᠰᠡᠨ ᠬᠦᠮᠦᠨ ᠶᠤᠮ᠃ ᠾᠷᠢᠰᠲ ᠲᠦ ᠢᠲᠡᠭᠡᠭᠴᠢᠳ ᠲᠡᠭᠦᠨ ᠢ 《ᠬᠠᠭᠤᠴᠢᠨ ᠭᠡᠷ᠎ᠡ》 ᠍ ᠍ ᠍ ᠳᠦ ᠪᠢᠴᠢᠭᠳᠡᠭᠰᠡᠨ ᠵᠥᠩᠨᠡᠯ ᠦᠨ ᠠᠪᠤᠷᠠᠭᠴᠢ᠂ ᠠᠷᠢᠭᠤᠨ ᠭᠤᠷᠪᠠᠯ ᠤᠨ ᠨᠢᠭᠡ ᠬᠡᠮᠡᠨ ᠦᠵᠡᠵᠦ᠂ ᠢᠲᠡᠭᠡᠳᠡᠭ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠰᠦᠰ ᠭᠡᠳᠡᠭ ᠭᠷᠧᠺ ᠬᠡᠯᠡᠨ ᠦ 'Ίησους (Iᠶᠡsous)《, ᠢᠪᠡᠷᠡᠢ ᠬᠡᠯᠡᠨ ᠦ 《יהושע (Yehoshua)》 ᠡᠰᠡᠪᠡᠯ 《ישוע (Jeshua)》 ᠭᠡᠬᠦ ᠦᠭᠡᠨ ᠡᠴᠡ ᠭᠠᠷᠤᠯᠲᠠᠢ ᠪᠥᠭᠡᠳ ᠶᠣᠬᠠᠪᠠ ᠪᠣᠯ ᠠᠪᠤᠷᠠᠭᠴᠢ ᠭᠡᠰᠡᠨ ᠤᠳᠬ᠎ᠠ ᠲᠠᠢ᠃ ᠾᠷᠢᠰᠲ᠋ ᠭᠡᠳᠡᠭ ᠨᠢ ᠶᠡᠰᠦᠰ ᠭᠡᠳᠡᠭ ᠨᠡᠷ᠎ᠡ ᠶᠢᠨ ᠭᠷᠧᠺ ᠬᠤᠪᠢᠯᠪᠤᠷᠢ ᠪᠥᠭᠡᠳ ᠮᠥᠨ ᠯᠠ ᠠᠪᠤᠷᠠᠭᠴᠢ᠂ ᠮᠧᠰᠰᠢᠶᠠ ᠭᠡᠰᠡᠨ ᠤᠳᠬ᠎ᠠ ᠲᠠᠢ ᠶᠤᠮ᠃

ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠰᠦᠰ ᠲᠦᠷᠦᠭᠰᠡᠨ ᠨᠢ

ᠶᠡᠰᠦᠰ ᠾᠷᠢᠰᠲ ᠤᠨ ᠲᠠᠯ᠎ᠠ ᠪᠠᠷ ᠬᠢ ᠮᠡᠳᠡᠭᠡᠯᠡᠯ ᠨᠢ 》ᠰᠢᠨ᠎ᠡ ᠭᠡᠷ ᠢᠶᠡᠨ《 ᠍ ᠍ ᠍ ᠦ ᠡᠬᠢᠨ ᠦ 4 ᠨᠣᠮ ᠳᠤ ᠪᠢᠴᠢᠭᠳᠡᠭᠰᠡᠨ ᠪᠠᠶᠢᠳᠠᠭ᠃ ᠪᠠᠶᠠᠷ ᠤᠨ ᠮᠡᠳᠡᠭᠡᠨ ᠦ 4 ᠨᠣᠮ ᠤᠨ 2 ᠨᠣᠮ ᠳᠤ ᠾᠷᠢᠰᠲ ᠤᠨ ᠲᠥᠷᠥᠯᠲᠡ ᠶᠢᠨ ᠲᠠᠯ᠎ᠠ ᠪᠠᠷ ᠳᠡᠯᠭᠡᠷᠡᠩᠭᠦᠢ ᠳᠤᠷᠠᠳᠤᠭᠰᠠᠨ ᠪᠠᠶᠢᠳᠠᠭ᠃ ᠯᠤᠺ ᠤᠨ ᠰᠠᠶᠢᠨ ᠮᠡᠳᠡᠭᠡᠨ ᠳᠦ ᠲᠩᠷᠢ ᠡᠯᠴᠢ ᠭᠠᠪᠷᠢᠶᠡᠯ ᠭᠠᠯᠢᠯ ᠬᠣᠲᠠ ᠯᠤᠤ ᠶᠠᠪᠤᠵᠤ᠂ ᠣᠩᠭᠣᠨ ᠪᠦᠰᠡᠭᠦᠢ ᠮᠠᠷᠢ ᠲᠠᠢ ᠠᠭᠤᠯᠵᠠᠨ᠂ ᠲᠡᠭᠦᠨ ᠳᠦ ᠾᠷᠢᠰᠲ᠋ᠢ ᠶᠢ ᠲᠥᠷᠥᠭᠦᠯᠬᠦ ᠪᠣᠯᠤᠭᠰᠠᠨ ᠲᠤᠬᠠᠢ ᠬᠡᠯᠡᠳᠡᠭ᠃ ᠮᠠᠷᠢ ᠨᠢ ᠳᠠᠪᠢᠳᠠ ᠶᠢᠨ ᠤᠳᠤᠮ ᠤᠨ ᠢᠣᠰᠧᠹ ᠭᠡᠭᠴᠢ ᠬᠦᠮᠦᠨ ᠲᠡᠢ ᠰᠦᠢ ᠲᠠᠯᠪᠢᠭᠰᠠᠨ ᠪᠠᠶᠢᠯ᠎ᠠ᠃ ᠮᠠᠲᠠᠢ ᠶᠢᠨ ᠰᠠᠶᠢᠨ ᠮᠡᠳᠡᠭᠡᠨ ᠳᠦ ᠢᠣᠰᠧᠹ ᠮᠠᠷ ᠢ ᠬᠥᠯ ᠬᠦᠨᠳᠦ ᠪᠣᠯᠤᠭᠰᠠᠨ ᠢ ᠮᠡᠳᠡᠭᠡᠳ ᠮᠠᠷᠢ ᠠᠴᠠ ᠨᠢᠭᠤᠴᠠ ᠪᠠᠷ ᠰᠦᠢ ᠪᠡᠨ ᠴᠤᠴᠠᠯᠬᠤ ᠭᠡᠲᠡᠯ᠎ᠡ ᠭᠠᠪᠷᠧᠯ ᠲᠩᠷᠢ ᠡᠯᠴᠢ ᠲᠡᠭᠦᠨ ᠳᠦ ᠦᠵᠡᠭᠳᠡᠨ ᠤᠴᠢᠷ ᠢ ᠲᠠᠶᠢᠯᠪᠤᠷᠢᠯᠠᠭᠰᠠᠨ ᠢᠶᠠᠷ ᠢᠣᠰᠧᠹ ᠮᠠᠷ ᠢ ᠡᠬᠡᠨᠡᠷ ᠢᠶᠡᠨ ᠪᠣᠯᠭᠠᠨ ᠠᠪᠳᠠᠭ᠃ ᠯᠤᠺ ᠤᠨ ᠰᠠᠶᠢᠨ ᠮᠡᠳᠡᠭᠡᠨ ᠳᠦ ᠲᠡᠷᠡ ᠦᠶ᠎ᠡ ᠪᠡᠷ ᠪᠦᠬᠦ ᠨᠡᠶᠢᠲᠡ ᠶᠢᠨ ᠬᠦᠮᠦᠨ ᠠᠮᠠ ᠶᠢᠨ ᠲᠣᠭᠠᠯᠠᠯᠭ᠎ᠠ ᠪᠣᠯᠬᠤ ᠪᠣᠯᠤᠭᠰᠠᠨ ᠲᠤᠯᠠ ᠪᠦᠬᠦ ᠬᠦᠮᠦᠨ ᠲᠥᠷᠥᠯᠬᠢ ᠨᠤᠲᠤᠭ ᠲᠤ ᠪᠠᠨ ᠣᠴᠢᠵᠤ ᠪᠥᠷᠢᠳᠬᠡᠭᠦᠯᠬᠦ ᠱᠠᠭᠠᠷᠳᠠᠯᠭ᠎ᠠ ᠲᠠᠢ ᠪᠣᠯᠤᠭᠰᠠᠨ ᠪᠠ ᠲᠡᠷᠡ 2 ᠢᠰᠷᠸᠯ ᠤᠨ ᠪᠧᠲ᠋ᠯᠧᠾᠧᠮ ᠬᠣᠲᠠ ᠤᠷᠤᠭᠤ ᠶᠠᠪᠤᠪᠠ᠃ ᠲᠡᠨᠳᠡ ᠪᠠᠶᠢᠬᠤ ᠦᠶᠡᠳᠡᠭᠡ ᠮᠠᠷᠢ ᠠᠩᠬᠠᠨ ᠤ ᠬᠦᠦ ᠪᠡᠨ ᠲᠥᠷᠥᠭᠦᠯᠦᠨ ᠶᠡᠰᠦᠰ ᠭᠡᠵᠦ ᠨᠡᠷᠡᠯᠡᠭᠰᠡᠨ ᠲᠤᠬᠠᠢ ᠮᠠ᠋ ᠍ ᠍ ᠍ ᠲᠠᠢ ᠪᠣᠯᠤᠨ ᠯᠤᠤᠶᠢ ᠨᠣᠮᠣᠨ ᠳᠤ ᠬᠣᠶᠠᠭᠤᠯᠠᠨ ᠳᠤ ᠨᠢ ᠦᠭᠦᠯᠡᠳᠡᠭ᠃ ᠲᠡᠳᠡᠨ ᠳᠡᠭᠡᠷ᠎ᠡ ᠳᠣᠷᠣᠨ᠎ᠠ ᠵᠦᠭ ᠡᠴᠡ ᠢᠷᠡᠭᠰᠡᠨ ᠮᠡᠷᠭᠡᠳ ᠪᠣᠯᠤᠨ ᠲᠠᠯ᠎ᠠ ᠶᠢᠨ ᠬᠣᠨᠢᠴᠢᠳ ᠢᠷᠡᠨ ᠬᠦᠨᠳᠦᠯᠡᠯ ᠦᠵᠡᠭᠦᠯᠦᠭᠰᠡᠨ ᠲᠠᠯ᠎ᠠ ᠪᠠᠷ ᠳᠤᠷᠠᠳᠤᠭᠰᠠᠨ ᠪᠠᠶᠢᠳᠠᠭ᠃ ᠣᠷᠣᠢ ᠨᠢ ᠲᠩᠷᠢ ᠡᠯᠴᠢ ᠢᠣᠰᠧᠹ ᠤᠨ ᠵᠡᠭᠦᠳᠦᠨ ᠳᠦ ᠳᠠᠬᠢᠨ ᠦᠵᠡᠭᠳᠡᠵᠦ ᠶᠸᠵᠠᠫᠲ ᠤᠷᠤᠭᠤ ᠵᠢᠭᠤᠲᠠ ᠭᠡᠰᠡᠨ ᠲᠤᠯᠠ ᠢᠣᠰᠧᠹ ᠡᠬᠡᠨᠡᠷ᠂ ᠬᠦᠦ ᠬᠣᠶᠠᠷ ᠢᠶᠠᠨ ᠠᠪᠤᠭᠠᠳ ᠵᠢᠭᠤᠲᠠᠳᠠᠭ᠃ ᠤᠴᠢᠷ ᠲᠡᠷᠡ ᠦᠶ᠎ᠡ ᠳᠦ ᠢ ᠨᠤᠭᠤᠳᠠᠭ ᠬᠠᠭᠠᠨᠴᠢᠯᠠᠵᠤ ᠪᠠᠶᠢᠭᠰᠠᠨ ᠬᠧᠷᠣ᠋ ᠍ ᠍ ᠍ ᠳᠤ ᠬᠠᠭᠠᠨ ᠶᠡᠰᠦᠰᠦ ᠶᠢ ᠠᠯᠠᠬᠤ ᠪᠠᠷ ᠰᠠᠨᠠᠭᠠᠷᠬᠠᠭᠰᠠᠨ ᠪᠠᠶᠢᠴᠠᠢ᠃ ᠴᠠᠭ ᠲᠠᠶᠢᠪᠤᠩ ᠪᠣᠯᠬᠤ ᠳᠤ ᠲᠡᠳᠡ ᠪᠤᠴᠠᠨ ᠢᠷᠡᠵᠦ ᠨᠠᠵᠠᠷ ᠬᠣᠳᠠ ᠳᠤ ᠰᠠᠭᠤᠷᠢᠰᠢᠭᠰᠠᠨ᠃ ᠲᠡᠭᠦᠨ ᠦ ᠳᠠᠷᠠᠭ᠎ᠠ 30 ᠨᠠᠰᠤᠲᠠᠢ ᠪᠠᠶᠢᠬᠤ ᠦᠶᠡᠳᠡᠭᠡ᠂ ᠢᠣᠬᠣᠨ ᠪᠠᠫᠲ᠋ᠢᠰᠲ ᠢᠶᠠᠷ ᠤᠰᠤᠨ ᠪᠠᠲᠤᠯᠠᠭ᠎ᠠ ᠬᠢᠯᠭᠡᠵᠦ᠂ 40 ᠬᠣᠨᠣᠭ ᠤᠨ ᠲᠤᠷᠰᠢ ᠴᠥᠯ ᠳᠦ ᠮᠠᠴᠠᠭ ᠪᠠᠷᠢᠨ᠂ ᠳᠠᠷᠠᠭ᠎ᠠ ᠨᠢ ᠭᠠᠯᠢᠯ ᠳᠤ ᠪᠠᠶᠢᠬᠤ ᠳᠤ ᠪᠠᠨ ᠥᠪᠡᠷ ᠦᠨ ᠦᠢᠯᠡᠴᠢᠯᠡᠯ ᠢᠶᠡᠨ ᠡᠬᠢᠯᠡᠭᠰᠡᠨ᠃ ᠲᠡᠷᠡ ᠪᠡᠷ ᠬᠠᠮᠤᠭ ᠠᠴᠠ ᠳᠣᠲᠣᠨᠣ 12 ᠳᠠᠭᠠᠯᠳᠤᠭᠴᠢ ᠲᠠᠢ ᠪᠠᠶᠢᠭᠰᠠᠨ᠃

ᠦᠢᠯᠡᠴᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠷᠢᠰᠲ ᠤᠨ ᠦᠢᠯᠡᠴᠢᠯᠡᠯ ᠦᠨ ᠲᠠᠯ᠎ᠠ ᠪᠠᠷ ᠮᠥᠨ ᠯᠠ ᠰᠠᠶᠢᠨ ᠮᠡᠳᠡᠭᠡᠨ ᠦ 4 ᠨᠣᠮ ᠳᠤ ᠳᠤᠷᠠᠳᠤᠭᠰᠠᠨ ᠪᠠᠶᠢᠳᠠᠭ᠃ ᠲᠡᠭᠦᠨ ᠦ ᠦᠢᠯᠡᠴᠢᠯᠡᠯ ᠣᠶᠢᠷᠠᠯᠴᠠᠭ᠎ᠠ ᠪᠠᠷ МЭ 28-29 ᠣᠨ ᠤ ᠦᠶ᠎ᠡ ᠳᠦ ᠡᠬᠢᠯᠡᠭᠰᠡᠨ ᠪᠥᠭᠡᠳ ᠢᠣᠷᠳᠠᠨ ᠭᠣᠣᠯ ᠳᠤ ᠤᠰᠤᠨ ᠪᠠᠲᠤᠯᠠᠭ᠎ᠠ ᠬᠢᠯᠭᠡᠵᠦ ᠡᠬᠢᠯᠡᠭᠰᠡᠨ᠃ ᠲᠡᠷᠡ ᠪᠡᠷ ᠢᠭᠴᠧᠢᠰᠮ ᠍ ᠍ ᠍ ᠤᠨ ᠨᠣᠮᠯᠠᠯ ᠪᠣᠯᠤᠨ ᠲᠩᠷᠢ ᠶᠢᠨ ᠤᠯᠤᠰ ᠤᠨ ᠲᠠᠯ᠎ᠠ ᠪᠠᠷ ᠰᠤᠷᠭᠠᠯ ᠨᠣᠮᠯᠠᠵᠤ᠂ ᠡᠪᠡᠳᠴᠢᠲᠡᠢ ᠨᠢᠭᠡᠨ ᠪᠣᠯᠤᠨ ᠴᠢᠳᠬᠥᠷ ᠲᠦ ᠡᠵᠡᠮᠳᠡᠭᠦᠯᠦᠭᠰᠡᠨ ᠬᠦᠮᠦᠰ ᠢ ᠡᠳᠡᠭᠡᠭᠡᠵᠦ ᠪᠠᠶᠢᠯ᠎ᠠ᠃ ᠭᠡᠮ ᠨᠢᠭᠦᠯ ᠲᠡᠢ ᠬᠦᠮᠦᠨ ᠵᠣᠬᠢᠬᠤ ᠰᠢᠳᠬᠡᠯ ᠢᠶᠡᠨ ᠬᠦᠷᠲᠡᠬᠦ ᠪᠥᠭᠡᠳ ᠨᠢᠭᠦᠯ ᠢᠶᠡᠨ ᠬᠦᠯᠢᠶᠡᠨ ᠵᠥᠪᠰᠢᠶᠡᠷᠡᠭᠰᠡᠨ ᠬᠦᠨᠳᠦ ᠪᠤᠷᠬᠠᠨ ᠮᠥᠨ ᠬᠠᠶᠢᠷ᠎ᠠ ᠢᠪᠡᠭᠡᠯ᠂ ᠡᠨᠡᠷᠢᠯ ᠢᠶᠡᠨ ᠬᠠᠷᠠᠮ ᠦᠭᠡᠢ ᠥᠭᠬᠦ ᠲᠤᠬᠠᠢ ᠰᠤᠷᠭᠠᠯ ᠵᠢᠭᠠᠭᠠᠳᠠᠭ ᠪᠠᠶᠢᠭᠰᠠᠨ ᠪᠠᠶᠢᠨ᠎ᠠ᠃ ᠲᠡᠷᠡ ᠪᠡᠷ ᠥᠪᠡᠷ ᠢ ᠪᠡᠨ ᠪᠤᠷᠬᠠᠨ ᠤ ᠬᠦᠦ ᠬᠡᠮᠡᠨ ᠡᠷᠭᠦᠮᠵᠢᠯᠡᠭᠰᠡᠨ ᠪᠥᠭᠡᠳ ᠡᠭᠦᠨ ᠳᠦ ᠨᠢ ᠶᠡᠸᠷᠧᠢᠴᠦᠳ ᠲᠡᠳᠦᠶᠢᠯᠡᠨ ᠢᠲᠡᠭᠡᠭᠡ ᠦᠭᠡᠢ᠃

ᠢᠪᠡᠷᠡᠢ ᠪᠢᠪᠯᠢ ᠪᠤᠶᠤ ᠬᠠᠭᠤᠴᠢᠨ ᠭᠡᠷ᠎ᠡᠨᠳ ᠮᠧᠰᠰᠢᠶᠠ ᠨᠡᠷ᠎ᠡ ᠲᠡᠢ ᠠᠪᠤᠷᠠᠭᠴᠢ ᠢᠷᠡᠭᠡᠳᠦᠢ ᠳᠦ ᠢᠷᠡᠵᠦ ᠥᠪᠡᠷ ᠦᠨ ᠠᠷᠠᠳ ᠲᠦᠮᠡᠨ ᠳᠦ ᠲᠤᠰᠠᠯᠠᠨ᠎ᠠ ᠬᠡᠮᠡᠨ ᠵᠥᠩᠨᠡᠵᠦ ᠪᠢᠴᠢᠭᠳᠡᠭᠰᠡᠨ ᠪᠠᠶᠢᠳᠠᠭ ᠪᠥᠭᠡᠳ ᠢᠰᠤᠶᠢᠯᠴᠤᠳ ᠲᠡᠷᠬᠡᠦ ᠠᠪᠤᠷᠠᠭᠴᠢ ᠶᠢ ᠷᠤᠮᠠᠨᠢᠶ ᠠ ᠳᠠᠷᠤᠯᠠᠯ ᠠᠴᠠ ᠴᠢᠯᠦᠭᠡᠯᠡᠨ᠎ᠡ ᠬᠡᠮᠡᠨ ᠣᠶᠢᠯᠠᠭᠠᠭᠰᠠᠨ᠃ ᠾᠷᠢᠰᠲ᠋ᠢ ᠶᠢ ᠳᠠᠭᠠᠭᠴᠢ ᠳᠤ ᠪᠣᠯᠤᠨ ᠲᠡᠭᠦᠨ ᠦ ᠠᠷᠪᠠᠨ ᠬᠣᠶᠠᠷ ᠱᠠᠪᠢ ᠨᠢ ᠲᠡᠭᠦᠨ ᠢ ᠮᠧᠰᠰᠢᠶᠠ ᠮᠥᠨ ᠭᠡᠳᠡᠭ ᠢ ᠬᠦᠯᠢᠶᠡᠨ ᠵᠥᠪᠰᠢᠶᠡᠷᠡᠭᠰᠡᠨ ᠪᠠᠶᠢᠳᠠᠭ᠃ ᠾᠷᠢᠰᠲ᠋ ᠨᠢ 》ᠳᠠᠶᠢᠰᠤᠨ ᠢᠶᠠᠨ ᠬᠦᠷᠲᠡᠯ᠎ᠡ ᠬᠠᠶᠢᠷᠠᠯᠠᠵᠤ᠂ ᠨᠠᠶᠢᠷ ᠲᠠᠯᠪᠢᠨ᠂ ᠠᠬ᠎ᠠ ᠳᠡᠭᠦᠰ ᠮᠡᠲᠦ ᠬᠠᠷᠢᠴᠠᠬᠤ ᠬᠡᠷᠡᠭᠲᠡᠢ《 ᠬᠡᠮᠡᠨ ᠵᠢᠭᠠᠭᠠᠳᠠᠭ ᠪᠠᠶᠢᠭᠰᠠᠨ᠃

ᠴᠣᠪᠳᠣᠯᠠᠯ ᠤᠨ ᠦᠬᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠣᠪᠳᠣᠯᠠᠭᠳᠠᠭᠰᠠᠨ ᠾᠷᠢᠰᠲ᠋

МЭ 30 ᠡᠰᠡᠪᠡᠯ 33 ᠣᠨ ᠤ ᠳᠡᠭᠡᠭᠦᠷ ᠥᠩᠭᠡᠷᠡᠬᠦ ᠪᠠᠶᠠᠷ ᠍ ᠍ ᠍ ᠤᠨ ᠡᠮᠦᠨᠡᠬᠢ ᠡᠳᠦᠷ ᠾᠷᠢᠰᠲ᠋ ᠢᠶᠡᠷᠤᠰᠠᠯᠢᠮ ᠬᠣᠲᠠ ᠤᠷᠤᠭᠤ ᠢᠷᠡᠭᠰᠡᠨ᠃ ᠲᠡᠭᠦᠨ ᠢ ᠬᠦᠮᠦᠰ ᠬᠠᠯᠠᠭᠤᠨ ᠳᠣᠲᠣᠨᠣ ᠪᠠᠷ ᠬᠦᠯᠢᠶᠡᠨ ᠠᠪᠤᠨ ᠪᠠᠶᠠᠷᠯᠠᠵᠤ ᠪᠠᠶᠢᠯ᠎ᠠ᠃ ᠲᠡᠷᠡ ᠪᠡᠷ ᠢᠶᠡᠷᠤᠰᠠᠯᠢᠮ ᠬᠣᠳᠠ ᠳᠤ ᠳᠠᠭᠠᠯᠳᠤᠭᠴᠢ ᠨᠠᠷ ᠲᠠᠢ ᠪᠠᠨ ᠰᠡᠭᠦᠯᠴᠢ ᠶᠢᠨ ᠣᠷᠣᠢ ᠶᠢᠨ ᠵᠣᠭᠣᠭ ᠢ ᠪᠠᠷᠢᠭᠰᠠᠨ ᠪᠠᠶᠢᠳᠠᠭ᠃ ᠲᠡᠳᠡ ᠬᠣᠭᠣᠯᠠᠨ ᠳᠤ ᠪᠠᠨ ᠤᠰᠤᠨ ᠦᠵᠦᠮ ᠦᠨ ᠰᠢᠭᠦᠰᠦ᠂ ᠪᠠᠷᠢᠭᠰᠠᠨ ᠲᠠᠯᠬ᠎ᠠ ᠢᠳᠡᠭᠰᠡᠨ ᠪᠥᠭᠡᠳ ᠤᠰᠤᠨ ᠦᠵᠦᠮ ᠦᠨ ᠰᠢᠭᠦᠰᠦ ᠨᠢ ᠾᠷᠢᠰᠲ᠋ ᠬᠦᠮᠦᠰ ᠦᠨ ᠲᠥᠯᠥᠭᠡ ᠥᠭᠭᠦᠭᠰᠡᠨ ᠴᠢᠰᠤ ᠶᠢ ᠲᠥᠯᠦᠭᠡᠯᠡᠵᠦ᠂ ᠲᠠᠯᠬ᠎ᠠ ᠨᠢ ᠾᠷᠢᠰᠲ᠋ᠢ ᠶᠢ ᠲᠥᠯᠦᠭᠡᠯᠡᠳᠡᠭ ᠪᠠᠶᠢᠨ᠎ᠠ᠃ ᠣᠳᠣ ᠴᠤ ᠾᠷᠢᠰᠲ ᠲᠦ ᠢᠲᠡᠭᠡᠭᠴᠢᠳ ᠡᠭᠦᠨ ᠢ ᠰᠠᠨᠠᠨ ᠳᠤᠷᠠᠰᠴᠤ ᠲᠠᠯᠬ᠎ᠠ ᠪᠠ ᠰᠢᠭᠦᠰᠦ ᠶᠢ ᠢᠳᠡᠳᠡᠭ᠃ ᠬᠣᠭᠣᠯᠠᠯᠠᠵᠤ ᠳᠠᠭᠤᠰᠤᠭᠰᠠᠨ ᠤ ᠳᠠᠷᠠᠭ᠎ᠠ ᠶᠡᠰᠦᠰ ᠳᠠᠭᠠᠯᠳᠤᠭᠴᠢ ᠨᠠᠷ ᠤᠨ ᠢᠶᠠᠨ ᠬᠠᠮᠲᠤ ᠪᠠᠷ ᠰᠢᠣᠨ ᠠᠭᠤᠯᠠᠨ ᠳᠤ ᠪᠠᠶᠢᠬᠤ ᠴᠡᠴᠡᠷᠯᠢᠭ ᠲᠦ ᠣᠴᠢᠭᠠᠳ ᠪᠠᠶᠢᠵᠤ ᠪᠠᠶᠢᠲᠠᠯ᠎ᠠ ᠲᠡᠭᠦᠨ ᠦ ᠳᠠᠭᠠᠯᠳᠤᠭᠴᠢ ᠢᠭᠤᠳᠠᠰᠤ ᠲᠡᠭᠦᠨ ᠡᠴᠡ ᠤᠷᠪᠠᠨ 30 ᠮᠥᠩᠭᠥ ᠪᠡᠷ ᠵᠣᠭᠣᠰ ᠢᠶᠠᠷ ᠲᠡᠭᠦᠨ ᠢ ᠬᠤᠳᠠᠯᠳᠤᠨ ᠰᠦᠮ᠎ᠡ ᠶᠢᠨ ᠵᠡᠷᠭᠡᠲᠦ ᠨᠦᠭᠦᠳ ᠲᠦ ᠪᠠᠷᠢᠵᠤ ᠥᠭᠭᠦᠭᠰᠡᠨ᠃ ᠲᠡᠭᠡᠭᠡᠳ ᠲᠡᠳᠡ ᠲᠡᠭᠦᠨ ᠢ ᠵᠠᠭᠠᠯᠮᠠᠶᠢᠳᠠ ᠴᠣᠪᠳᠣᠯᠠᠭᠰᠠᠨ ᠪᠠ ᠨᠠᠰᠤ ᠪᠠᠷᠠᠬᠤ ᠦᠶ᠎ᠡ ᠳᠦ ᠨᠢ ᠢᠶᠡᠷᠤᠰᠠᠯᠢᠮ᠎ᠠ ᠶᠢᠨ ᠢᠭᠴᠧᠢ ᠶᠢᠨ ᠰᠦᠮ᠎ᠡ ᠶᠢᠨ ᠬᠥᠰᠢᠭ ᠭᠣᠣᠯ ᠢᠶᠠᠷ ᠢᠶᠠᠨ ᠤᠷᠠᠭᠳᠠᠵᠤ᠂ 3 ᠴᠠᠭ ᠤᠨ ᠲᠤᠷᠰᠢ ᠲᠠᠰ ᠬᠠᠷᠠᠩᠭᠤᠢ ᠪᠣᠯᠵᠤ᠂ ᠭᠠᠵᠠᠷ ᠬᠥᠳᠡᠯᠦᠭᠰᠡᠨ ᠭᠡᠵᠦ ᠪᠢᠴᠢᠭᠳᠡᠭᠰᠡᠨ ᠪᠠᠶᠢᠳᠠᠭ᠃

ᠦᠬᠦᠯ ᠦᠨ ᠳᠠᠷᠠᠭᠠᠬᠢ ᠠᠮᠢᠯᠠᠯ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠨ᠎ᠡ ᠭᠡᠷᠢᠶᠡᠨ ᠳᠦ ᠲᠡᠮᠳᠡᠭᠯᠡᠭᠳᠡᠭᠰᠡᠭᠡᠷ ᠾᠷᠢᠰᠲ᠋ᠢ ᠶᠢ ᠦᠬᠦᠭᠰᠡᠨ ᠦ ᠲᠡᠭᠦᠨ ᠦ ᠳᠠᠭᠠᠯᠳᠤᠭᠴᠢ ᠨᠠᠷ ᠲᠡᠭᠦᠨ ᠢ ᠬᠠᠳᠤᠨ ᠪᠤᠯᠠᠰᠢᠨ ᠳᠤ ᠣᠷᠣᠰᠢᠭᠤᠯᠤᠭᠰᠠᠨ ᠪᠠᠶᠢᠨ᠎ᠠ᠃ ᠭᠡᠪᠡᠴᠦ ᠾᠷᠢᠰᠲ᠋ 3 ᠡᠳᠦᠷ ᠦᠨ ᠳᠠᠷᠠᠭ᠎ᠠ ᠠᠮᠢᠯᠠᠭᠰᠠᠨ ᠪᠥᠭᠡᠳ 40 ᠬᠣᠨᠣᠭ ᠤᠨ ᠲᠤᠷᠰᠢ ᠳᠠᠭᠠᠯᠳᠤᠭᠴᠢ ᠨᠠᠷ ᠲᠠᠢ ᠪᠠᠨ ᠬᠠᠮᠲᠤ ᠠᠮᠢᠳᠤᠷᠠᠭᠠᠳ ᠲᠩᠷᠢ ᠦᠷᠦᠭᠦ ᠬᠥᠭᠡᠷᠴᠡᠢ᠃ ᠲᠡᠷᠡ ᠪᠡᠷ ᠬᠥᠭᠡᠷᠬᠦ ᠡᠴᠡ ᠪᠡᠨ ᠡᠮᠦᠨ᠎ᠡ ᠳᠠᠭᠠᠯᠳᠤᠭᠴᠢ ᠨᠠᠷᠠᠲᠤ ᠪᠠᠨ ᠥᠪᠡᠷ ᠦᠨ ᠬᠢ ᠨᠢ ᠲᠠᠯ᠎ᠠ ᠪᠠᠷ ᠳᠡᠯᠡᠬᠡᠢ ᠶᠢᠨ ᠪᠦᠬᠦ ᠦᠨᠳᠦᠰᠦᠲᠡᠨ ᠳᠦ᠂ ᠬᠡᠯᠲᠡᠩ ᠳᠦ ᠬᠡᠯᠡ ᠭᠡᠳ ᠢᠲᠡᠭᠡᠭᠰᠡᠨ ᠬᠦᠮᠦᠨ ᠪᠦᠷᠢ ᠮᠥᠩᠬᠡ ᠠᠮᠢ ᠲᠠᠢ ᠪᠣᠯᠤᠨ᠎ᠠ ᠭᠡᠵᠦ ᠠᠮᠠᠯᠠᠭᠰᠠᠨ ᠪᠠᠶᠢᠳᠠᠭ᠃ ᠡᠨᠡ ᠲᠠᠯ᠎ᠠ ᠪᠠᠷ ᠰᠠᠶᠢᠨ ᠮᠡᠳᠡᠭᠡᠨ ᠦ ᠳᠥᠷᠪᠡᠨ ᠨᠣᠮ ᠤᠨ ᠰᠡᠭᠦᠯᠴᠢ ᠶᠢᠨ ᠪᠦᠯᠦᠭ ᠦᠳ ᠪᠦᠷ ᠳᠡᠭᠡᠷ᠎ᠡ ᠪᠢᠴᠢᠭᠳᠡᠭᠰᠡᠨ ᠪᠠᠶᠢᠳᠠᠭ ᠶᠤᠮ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Jesus Christ

ᠪᠢᠴᠢᠭᠡᠰᠦ