ᠡᠺᠸᠠᠳᠣᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠺᠸᠠᠳᠣᠷ ᠤᠨ ᠪᠦᠭᠦᠳᠡ ᠨᠠᠶᠢᠷᠠᠮᠳᠠᠬᠤ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: Dios, patria y libertad
"ᠪᠤᠷᠬᠠᠨ᠂ ᠡᠬᠡ ᠣᠷᠣᠨ ᠪᠠ ᠡᠷᠬᠡ ᠴᠢᠯᠦᠭᠡ"
ᠲᠥᠷᠥ ᠵᠠᠰᠠᠭ ᠶᠡᠷᠦᠩᠬᠡᠶᠢᠯᠡᠭᠴᠢ ᠶᠢᠨ ᠵᠠᠰᠠᠭᠯᠠᠯ ᠲᠠᠢ ᠪᠦᠭᠦᠳᠡ ᠨᠠᠶᠢᠷᠠᠮᠳᠠᠬᠤ ᠤᠯᠤᠰ
 -  ᠶᠡᠷᠦᠩᠬᠡᠶᠢᠯᠡᠭᠴᠢ ᠷᠠᠹᠠᠪᠡᠯ ᠺᠣᠷᠷᠧᠠ
 -  ᠳᠡᠳ᠋ ᠶᠡᠷᠦᠩᠬᠡᠶᠢᠯᠡᠭᠴᠢ ᠯᠧᠨᠢᠨ ᠮᠣᠷᠧᠨᠠ
 -  ᠭᠠᠳᠠᠷᠭᠤ ᠶᠢᠨ ᠤᠰᠤ (%) 0
ᠬᠦᠮᠦᠨ ᠠᠮᠠ
 -  ᠲᠣᠭᠠᠴᠠᠭ᠎ᠠ () 13,922,000 
ᠬᠡᠦᠬᠡᠳ ᠦᠨ ᠬᠥᠭᠵᠢᠯ ᠦᠨ ᠢᠨᠳᠧᠺᠰ  0.807 (72)
ᠮᠥᠩᠭᠥᠨ ᠦ ᠨᠢᠭᠡᠴᠡ ᠠᠮᠧᠷᠢᠺᠠ ᠳ᠋ᠣᠯᠯᠠᠷ )
ᠤᠲᠠᠰᠤᠨ ᠤ ᠲᠣᠮᠢᠶ᠎ᠠ 593

ᠡᠺᠸᠠᠳᠣᠷ ᠤᠨ ᠪᠦᠭᠦᠳᠡ ᠨᠠᠶᠢᠷᠠᠮᠳᠠᠬᠤ ᠤᠯᠤᠰ ᠪᠤᠶᠤ ᠡᠺᠸᠠᠳᠣᠷ ᠨᠢ ᠡᠮᠦᠨᠡᠲᠦ ᠠᠮᠧᠷᠢᠺᠠᠡᠶᠢᠨ ᠪᠠᠷᠠᠭᠤᠨ ᠬᠡᠰᠡᠭ ᠲᠦ ᠪᠠᠶᠢᠷᠢᠯᠠᠬᠤ ᠪᠦᠭᠦᠳᠡ ᠨᠠᠶᠢᠷᠠᠮᠳᠠᠬᠤ ᠤᠯᠤᠰ ᠶᠤᠮ᠃ ᠬᠣᠶᠢᠳᠤ ᠲᠠᠯ᠎ᠠ ᠪᠠᠷ ᠢᠶᠠᠨ ᠺᠣᠯᠤᠮᠪᠢᠶ ᠠ᠂ ᠵᠡᠭᠦᠨ ᠪᠣᠯᠤᠨ ᠡᠮᠦᠨ᠎ᠡ ᠲᠠᠯ᠎ᠠ ᠪᠠᠷ ᠢᠶᠠᠨ ᠫᠧᠷᠤᠲᠠᠢ ᠬᠢᠯᠢᠯᠡᠬᠦ ᠪᠥᠭᠡᠳ ᠪᠠᠷᠠᠭᠤᠨ ᠲᠠᠯ᠎ᠠ ᠪᠠᠷ ᠢᠶᠠᠨ ᠨᠣᠮᠣᠬᠠᠨ ᠳᠠᠯᠠᠢᠭᠠ ᠪᠠᠷ ᠬᠦᠷᠢᠶᠡᠯᠡᠭᠳᠡᠨ᠎ᠡ᠃ ᠡᠬᠡ ᠭᠠᠵᠠᠷ ᠠᠴᠠ ᠪᠠᠷᠠᠭᠤᠨ ᠲᠡᠰᠢ 1,000 ᠺᠢᠯᠣᠮᠧᠲ᠋ᠷ ᠵᠠᠶᠢᠲᠠᠢ ᠭᠠᠵᠠᠷ ᠲᠤ United Nations Educational Scientific and Cultural Organization ᠍ ᠶᠢᠨ ᠳᠡᠯᠡᠬᠡᠢ ᠶᠢᠨ ᠥᠪ ᠳᠤ ᠪᠦᠷᠢᠳᠬᠡᠭᠳᠡᠭᠰᠡᠨ ᠭᠠᠯᠠᠫᠠᠭᠣᠰ ᠤᠨ ᠠᠷᠠᠯ ᠤᠳ ᠪᠠᠶᠢᠳᠠᠭ᠃ ᠨᠡᠶᠢᠰᠯᠡᠯ ᠨᠢ ᠺᠢᠲ᠋ᠣ ᠬᠣᠲᠠ᠂ ᠬᠠᠮᠤᠭ ᠤᠨ ᠲᠣᠮᠣ ᠬᠣᠲᠠ ᠨᠢ ᠭᠤᠸᠠᠶᠬᠢᠯ. ᠡᠺᠸᠠᠳᠣᠷ ᠭᠡᠳᠡᠭ ᠨᠡᠷ᠎ᠡ ᠨᠢ ᠢᠰᠫᠠᠨᠢ ᠬᠡᠯᠡᠡᠭᠡᠷᠡ ᠡᠺᠸᠠᠲ᠋ᠣᠷ ᠭᠡᠰᠡᠨ ᠤᠳᠬ᠎ᠠ ᠠᠭᠤᠯᠠᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠡᠺᠸᠠᠳᠣᠷ ᠤᠨ ᠲᠡᠦᠬᠡ

ᠣᠳᠣ ᠶᠢᠨ ᠡᠺᠸᠠᠳᠣᠷ ᠤᠯᠤᠰ ᠤᠨ ᠨᠤᠲᠤᠭ ᠳᠡᠪᠢᠰᠬᠡᠷ ᠳᠡᠭᠡᠷ᠎ᠡ ᠮᠠᠨ ᠤ ᠡᠷᠡᠨ ᠦ ᠡᠮᠦᠨ᠎ᠡ 10000 ᠣᠨ ᠤ ᠣᠷᠴᠢᠮ ᠬᠦᠮᠦᠨ ᠠᠮᠢᠳᠤᠷᠠᠵᠤ ᠪᠠᠶᠢᠭᠰᠠᠨ ᠤᠯᠠ ᠮᠥᠷ ᠣᠯᠳᠠᠭᠰᠠᠨ ᠪᠥᠭᠡᠳ ᠲᠡᠭᠦᠨ ᠡᠴᠡ ᠬᠣᠶᠢᠰᠢ ᠶᠠᠩᠵᠤ ᠪᠦᠷᠢ ᠶᠢᠨ ᠡᠷᠲᠡᠨ ᠦ ᠰᠤᠶᠤᠯ ᠢᠷᠭᠡᠨᠰᠢᠯ ᠦᠳ ᠴᠡᠴᠡᠭᠯᠡᠵᠦ ᠪᠠᠶᠢᠯ᠎ᠠ᠃

ᠺᠢᠲ᠋ᠣ ᠶᠢᠨ ᠬᠠᠭᠠᠨ ᠠᠲ᠋ᠠᠦ᠋ᠠᠯᠫᠠ

15 ᠍ ᠳᠦᠭᠡᠷ ᠵᠠᠭᠤᠨᠢ ᠳᠤᠮᠳᠠ ᠦᠶ᠎ᠡ ᠳᠦ ᠺᠦ᠋ᠰᠺᠣ ᠳᠤ ᠲᠥᠪᠯᠡᠷᠡᠨ ᠬᠦᠴᠦᠷᠬᠡᠭᠵᠢᠵᠦ ᠪᠠᠶᠢᠭᠰᠠᠨ ᠢᠨᠺ ᠤᠨ ᠡᠵᠡᠨ ᠳᠦ ᠭᠦᠷᠦᠨ ᠦ ᠬᠠᠭᠠᠨ ᠲᠤᠫᠠᠺ ᠢᠨᠺᠠ ᠶᠫᠠᠺᠢᠭᠡᠶᠢᠨ ᠠᠶᠠᠨ ᠳᠠᠶᠢᠨ ᠢᠶᠠᠷ ᠢᠨᠺᠠᠳ ᠬᠠᠷᠢᠶᠠᠯᠠᠭᠳᠠᠬᠤ ᠪᠣᠯᠵᠤ᠂ ᠺᠢᠲ᠋ᠣ ᠨᠢ ᠺᠦ᠋ᠰᠺᠣ ᠶᠢᠨ ᠳᠠᠷᠠᠭ᠎ᠠ ᠤᠷᠤᠬᠤ ᠬᠣᠶᠠᠷ ᠳ᠋ᠡᠬᠢ ᠲᠣᠮᠣ ᠬᠣᠲᠠ ᠪᠣᠯᠤᠨ ᠴᠡᠴᠡᠭᠯᠡᠵᠦ ᠪᠠᠶᠢᠪᠠ᠃ 1527 ᠣᠨ ᠳᠤ ᠤᠤᠶᠢᠨ᠎ᠠ ᠺᠠᠫᠠᠺ ᠬᠠᠭᠠᠨ ᠢᠰᠫᠠᠨᠢᠴᠤᠳ ᠤᠨ ᠫᠠᠨᠠᠮᠠᠠᠰ ᠠᠪᠴᠢᠷᠠᠭᠰᠠᠨ ᠧᠦ᠋ᠷᠣᠫᠠ ᠶᠢᠨ ᠬᠠᠯᠳᠠᠪᠤᠷᠢᠲᠤ ᠡᠪᠡᠳᠴᠢᠨ ᠳᠦ ᠨᠡᠷᠪᠡᠭᠳᠡᠵᠦ ᠨᠠᠰᠤ ᠪᠠᠷᠠᠬᠤ ᠳᠤ ᠺᠢᠲ᠋ᠣᠳ ᠥᠰᠦᠭᠰᠡᠨ ᠠᠲ᠋ᠠᠦ᠋ᠠᠯᠫᠠ ᠬᠠᠭᠠᠨ ᠰᠢᠷᠡᠭᠡᠨ ᠦ ᠲᠥᠯᠥᠭᠡ ᠺᠦ᠋ᠰᠺᠣᠳ᠋ ᠰᠠᠭᠤᠳᠠᠭ ᠤᠠᠰᠺᠠᠷᠲᠠᠢ ᠲᠡᠮᠡᠴᠡᠯᠳᠦᠵᠦ᠂ ᠢᠯᠠᠭᠰᠠᠨ ᠪᠣᠯᠪᠠᠴᠤ ᠤᠳᠠᠯ ᠦᠭᠡᠢ ᠥᠪᠡᠷ ᠬᠣᠭᠣᠷᠣᠨᠳᠣ ᠪᠠᠨ ᠪᠢᠰᠢ᠂ ᠢᠰᠫᠠᠨᠢᠴᠤᠳ ᠲᠠᠢ ᠲᠡᠮᠡᠴᠡᠬᠦ ᠡᠴᠡ ᠥᠭᠡᠷ᠎ᠡ ᠠᠷᠭ᠎ᠠ ᠦᠭᠡᠢ ᠪᠣᠯᠪᠠ᠃

1531 ᠣᠨ ᠳᠤ ᠢᠰᠫᠠᠨᠢ ᠍ ᠶᠢᠨ ᠺᠣᠨᠺᠢᠰᠲ᠋ᠠᠳᠣᠷ ᠦᠳ ᠤᠨ ᠤᠳᠤᠷᠢᠳᠤᠭᠴᠢ ᠹᠷᠠᠨᠰᠢᠰᠺᠣ ᠫᠢᠰᠷᠷᠣ ᠭᠠᠯᠲᠤ ᠵᠡᠪᠰᠡᠭ᠂ ᠮᠣᠷᠢ ᠪᠦᠬᠦᠢ᠂ ᠬᠦᠴᠦ ᠪᠡᠷ ᠢᠨᠺ ᠦᠳ ᠡᠴᠡ ᠳᠠᠪᠠᠭᠤ ᠴᠡᠷᠢᠭ ᠦᠳ ᠲᠡᠢ ᠪᠠᠶᠢᠯᠳᠤᠵᠤ᠂ 1532 ᠣᠨ ᠳᠤ ᠠᠲ᠋ᠠᠦ᠋ᠠᠯᠫᠠᠭ ᠣᠯᠵᠠᠯᠠᠨ᠂ 1533 ᠣᠨ ᠭᠡᠬᠦ ᠳᠦ ᠢᠨᠺ ᠤᠨ ᠡᠵᠡᠨᠲᠦ ᠭᠦᠷᠦᠨ ᠢ ᠮᠥᠬᠥᠭᠡᠪᠡ᠃

ᠢᠰᠫᠠᠨᠢᠴᠤᠳ ᠣᠳᠣ ᠶᠢᠨ ᠡᠺᠸᠠᠳᠣᠷ ᠤᠨ ᠨᠤᠲᠤᠭ ᠳᠡᠪᠢᠰᠬᠡᠷ ᠢ ᠫᠧᠷᠤ ᠶᠢᠨ ᠺᠣᠯᠣᠨᠢ ᠶᠢᠨ ᠵᠠᠬᠢᠷᠭᠠᠨ ᠳᠤ ᠬᠠᠮᠢᠶᠠᠷᠤᠭᠤᠯᠤᠭᠰᠠᠨ ᠪᠠᠶᠢᠨ᠎ᠠ᠃ 1717 ᠣᠨ ᠳᠤ ᠪᠣᠭᠣᠲ᠋ᠠ ᠳᠤ ᠲᠥᠪ ᠲᠡᠢ ᠨᠢᠪᠠ-ᠭᠠᠷᠨᠠᠳᠠᠭ ᠤᠨ ᠺᠣᠯᠣᠨᠢ ᠪᠠᠶᠢᠭᠤᠯᠤᠭᠳᠠᠬᠤ ᠳᠤ ᠡᠺᠸᠠᠳᠣᠷ ᠢ ᠲᠡᠭᠦᠨ ᠳᠦ ᠬᠠᠮᠢᠶᠠᠷᠤᠭᠤᠯᠤᠭᠰᠠᠨ ᠪᠣᠯᠪᠠᠴᠤ 1722 ᠣᠨ ᠳᠤ ᠪᠤᠴᠠᠭᠠᠵᠤ ᠫᠧᠷ ᠤᠳ ᠬᠠᠮᠢᠶᠠᠷᠤᠭᠤᠯᠪᠠ᠃

ᠺᠣᠯᠣᠨᠢᠴᠢᠯᠠᠯ ᠤᠨ ᠦᠶ᠎ᠡ ᠶᠢᠨ ᠬᠦᠨᠳᠦ ᠬᠥᠳᠡᠯᠮᠦᠷᠢ ᠵᠡᠷᠭᠡ ᠡᠴᠡ ᠪᠣᠯᠵᠤ ᠢᠨᠳᠢᠶᠠᠨᠴᠤᠳ ᠤᠨ ᠲᠣᠭ᠎ᠠ ᠡᠷᠡᠰ ᠴᠥᠭᠡᠷᠡᠴᠢ᠂ ᠠᠵᠢᠯᠯᠠᠬᠤ ᠬᠦᠴᠦ ᠶᠢ ᠨᠥᠬᠥᠬᠦ ᠶᠢᠨ ᠲᠤᠯᠠᠳᠠ ᠡᠺᠸᠠᠳᠣᠷ ᠲᠤ ᠠᠹᠷᠢᠺᠠᠠ ᠠᠴᠠ ᠬᠠᠷ᠎ᠠ ᠠᠷᠠᠰᠤᠲᠠᠨ ᠪᠣᠭᠣᠯ ᠦᠳ ᠢ ᠣᠯᠠᠨ ᠢᠶᠠᠷ ᠠᠪᠴᠢᠷᠠᠬᠤ ᠪᠣᠯᠪᠠ᠃

ᠡᠮᠦᠨᠡᠲᠦ ᠠᠮᠧᠷᠢᠺᠠ ᠶᠢᠨ ᠴᠢᠯᠦᠭᠡᠯᠡᠭᠴᠢ ᠰᠢᠮᠣᠨ ᠪᠣᠯᠢᠪᠤᠷ
ᠪᠣᠯᠢᠪᠤᠷᠢ ᠶᠢᠨ ᠦᠨᠡᠨᠴᠢ ᠨᠥᠬᠥᠷ ᠠᠨᠲ᠋ᠣᠨᠢ ᠪᠠᠨ ᠬᠣᠣᠰᠧ ᠰᠤᠺᠷᠧ

1789 ᠣᠨ ᠳᠤ ᠭᠠᠷᠤᠭᠰᠠᠨ ᠹᠷᠠᠨᠼᠢ ᠶᠢᠨ ᠬᠤᠪᠢᠰᠬᠠᠯᠠ ᠠᠴᠠ ᠬᠣᠶᠢᠰᠢ ᠧᠦ᠋ᠷᠣᠫᠠ ᠶᠢᠨ ᠨᠡᠶᠢᠭᠡᠮ ᠤᠨ ᠪᠠᠶᠢᠳᠠᠯ ᠥᠭᠡᠷᠡᠴᠢᠯᠡᠭᠳᠡᠵᠦ᠂ 1808 ᠣᠨ ᠳᠤ ᠹᠷᠠᠨᠼᠢ ᠶᠢᠨ ᠬᠠᠭᠠᠨ ᠨᠠᠫᠣᠯᠶᠣᠨ I ᠥᠪᠡᠷ ᠦᠨ ᠠᠬ᠎ᠠ ᠵᠣᠽᠧᠹ ᠪᠤᠨᠠᠫᠠᠷᠲ ᠍ ᠢ ᠢᠰᠫᠠᠨᠢ ᠶᠢᠨ ᠬᠠᠭᠠᠨ ᠬᠣᠣᠰᠧ I ᠬᠡᠮᠡᠨ ᠡᠷᠭᠦᠮᠵᠢᠯᠡᠭᠰᠡᠨ ᠳᠦ ᠡᠮᠦᠨᠡᠲᠦ ᠠᠮᠧᠷᠢᠺᠠ ᠳᠠᠬᠢ ᠢᠰᠫᠠᠨᠢ ᠶᠢᠨ ᠺᠣᠯᠣᠨᠢ ᠨᠤᠭᠤᠳ ᠰᠢᠨ᠎ᠡ ᠬᠠᠭᠠᠨ ᠢ ᠬᠦᠯᠢᠶᠡᠨ ᠵᠥᠪᠰᠢᠶᠡᠷᠡᠬᠦ ᠦᠭᠡᠢ ᠭᠡᠵᠦ ᠰᠢᠢᠳᠪᠡ᠃

1809 ᠣᠨ ᠤ 8 ᠰᠠᠷ᠎ᠠ ᠶᠢᠨ 10 ᠍ ᠳᠦ ᠺᠢᠲ᠋ᠣᠳ ᠬᠤᠪᠢᠰᠬᠠᠯᠲᠤ ᠵᠥᠪᠯᠡᠯ ᠪᠠᠶᠢᠭᠤᠯᠤᠭᠳᠠᠵᠤ᠂ ᠯᠠᠲ᠋ᠢᠨ ᠠᠮᠧᠷᠢᠺᠠ ᠳᠤ ᠡᠷᠬᠡ ᠴᠢᠯᠦᠭᠡᠨ ᠦ ᠲᠥᠯᠥᠭᠡ ᠲᠡᠮᠡᠴᠡᠯ ᠡᠬᠢᠯᠡᠪᠡ᠃ ᠲᠡᠳᠡᠨ ᠦ ᠣᠷᠣᠯᠳᠤᠯᠭ᠎ᠠ ᠶᠢ ᠫᠧᠷᠤ ᠶᠢᠨ ᠺᠣᠯᠣᠨᠢᠢ ᠵᠠᠬᠢᠷᠤᠭᠴᠢ ᠹᠧᠷᠨᠠᠨᠳᠣ ᠠᠪᠠᠰᠺᠠᠷ ᠳᠠᠷᠤᠭᠰᠠᠨ ᠪᠣᠯᠪᠠᠴᠤ ᠯᠠ ᠫᠠᠰᠺᠠᠷᠠᠺᠠᠰᠪᠤᠢᠨᠣᠰ ᠠᠶᠤᠷᠧᠰᠰᠠᠨᠲ᠋ᠠᠶᠣᠪᠣᠭᠣᠲ᠋ᠠ ᠵᠡᠷᠭᠡ ᠭᠠᠵᠠᠷ ᠤᠳ ᠲᠤ ᠬᠤᠪᠢᠰᠬᠠᠯ ᠤᠨ ᠭᠠᠯ ᠠᠰᠴᠢ᠂ ᠲᠢᠪ ᠦᠨ ᠬᠡᠮᠵᠢᠶᠡᠨ ᠦ ᠦᠢᠯᠡ ᠬᠡᠷᠡᠭ ᠪᠣᠯᠤᠨ ᠬᠤᠪᠢᠷᠠᠭᠰᠠᠨ ᠪᠢᠯᠡ᠃

ᠤᠯᠠᠮ ᠢᠶᠠᠷ ᠠᠨᠲ᠋ᠣᠨᠢ ᠪᠠᠨ ᠬᠣᠣᠰᠧ ᠰᠤᠺᠷᠧᠭᠡᠶᠢᠨ ᠤᠳᠤᠷᠢᠳᠤᠭᠰᠠᠨ ᠴᠡᠷᠢᠭ 1822 ᠣᠨ ᠭᠡᠬᠦ ᠳᠦ ᠡᠺᠸᠠᠳᠣᠷ ᠤᠨ ᠨᠤᠲᠤᠭ ᠢ ᠴᠢᠯᠦᠭᠡᠯᠡᠵᠦ ᠴᠢᠳᠠᠭᠰᠠᠨ ᠪᠠᠶᠢᠨ᠎ᠠ᠃

ᠰᠢᠨ᠎ᠡ ᠪᠡᠷ ᠪᠠᠶᠢᠭᠤᠯᠤᠭᠳᠠᠭᠰᠠᠨ ᠶᠡᠬᠡ ᠺᠣᠯᠤᠮᠪᠢᠶ ᠠ ᠤᠨ ᠪᠦᠷᠢᠯᠳᠦᠬᠦᠨ ᠳᠦ ᠪᠠᠭᠲᠤᠭᠰᠠᠨ ᠺᠢᠲ᠋ᠣ ᠨᠢ "ᠡᠮᠦᠨᠡᠲᠦ ᠪᠥᠰᠡ" (Distrito del Sur) ᠬᠡᠮᠡᠨ ᠨᠡᠷᠡᠯᠡᠭᠳᠡᠵᠦ ᠪᠠᠶᠢᠪᠠ᠃ ᠭᠡᠪᠡᠴᠦ ᠶᠡᠬᠡ ᠺᠣᠯᠤᠮᠪᠢᠶ ᠠ ᠳᠤ ᠳᠣᠲᠣᠭᠠᠳᠤ ᠶᠢᠨ ᠵᠥᠷᠢᠴᠡᠯ ᠲᠡᠮᠡᠴᠡᠯ ᠭᠠᠷᠴᠤ᠂ ᠸᠧᠨᠧᠰᠤᠯ ᠡᠷᠦᠬᠡ ᠲᠤᠰᠠᠭᠠᠷᠯᠠᠬᠤ ᠳᠤ ᠺᠢᠲ᠋ᠣ ᠴᠤ 1830 ᠣᠨ ᠤ 5 ᠰᠠᠷ᠎ᠠ ᠶᠢᠨ 13 ᠍ ᠳᠦ ᠲᠤᠰᠠᠭᠠᠷ ᠲᠣᠭᠲᠠᠨᠢᠯ ᠢᠶᠠᠨ ᠵᠠᠷᠯᠠᠪᠠ᠃ ᠬᠠᠷᠠᠮᠰᠠᠯᠲᠠᠢ ᠨᠢ ᠠᠩᠬᠠᠨ ᠤ ᠶᠡᠷᠦᠩᠬᠡᠶᠢᠯᠡᠭᠴᠢ ᠪᠣᠯᠬᠤ ᠶᠣᠰᠣᠲᠠᠢ ᠪᠠᠶᠢᠭᠰᠠᠨ ᠰᠤᠺᠷᠧ ᠠᠯᠠᠭᠳᠠᠵᠤ᠂ 8 ᠰᠠᠷ᠎ᠠ ᠶᠢᠨ 10 ᠍ ᠳᠦ ᠬᠤᠸᠠ ᠶᠢᠨ ᠬᠣᠣᠰᠧ ᠹᠯᠣᠷᠧᠰ ᠲᠤᠰ ᠤᠯᠤᠰ ᠤᠨ ᠠᠩᠬᠠᠨ ᠤ ᠶᠡᠷᠦᠩᠬᠡᠶᠢᠯᠡᠭᠴᠢ ᠪᠡᠷ ᠰᠣᠩᠭᠣᠭᠳᠠᠭᠰᠠᠨ ᠪᠠᠶᠢᠨ᠎ᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠡᠺᠸᠠᠳᠣᠷ&oldid=396304》 ᠍  ᠡᠴᠡ ᠠᠪᠤᠭᠰᠠᠨ

ᠪᠢᠴᠢᠭᠡᠰᠦ