ᠡᠷᠴᠢᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠡᠷᠴᠢᠰ ᠮᠥᠷᠡᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠡᠷᠴᠢᠰ ᠮᠥᠷᠡᠨ

ᠡᠷᠴᠢᠰ ᠮᠥᠷᠡᠨ ᠦ ᠠᠢ ᠰᠠᠪᠠ
ᠡᠬᠡ ᠠᠯᠲᠠᠢ ᠶᠢᠨ ᠨᠢᠷᠤᠭᠤ
ᠠᠳᠠᠭ ᠣᠪᠢ ᠮᠥᠷᠡᠨ
ᠤᠰᠤ ᠪᠠᠨ ᠴᠤᠭᠯᠠᠭᠤᠯᠳᠠᠭ ᠣᠷᠣᠨ ᠨᠤᠭᠤᠳ ᠣᠷᠣᠰᠬᠠᠰᠠᠭᠰᠲ᠋ᠠᠨᠳᠤᠮᠳᠠᠳᠤ ᠤᠯᠤᠰᠮᠣᠩᠭᠣᠯ
ᠤᠷᠲᠤ 4248 ᠺᠢᠯᠣᠮᠧᠲ᠋ᠷ
ᠤᠷᠤᠰᠠᠴᠠ 2150 ᠺᠦᠪ ᠮᠧᠲ᠋ᠷ/ ᠰᠸᠺᠦ᠋ᠨ᠋ᠲ (ᠲᠣᠪᠯᠰᠺ ᠣᠷᠴᠢᠮ ᠳᠤ)
ᠤᠰᠤ ᠴᠤᠭᠯᠠᠭᠤᠯᠬᠤ ᠲᠠᠯᠠᠪᠠᠢ 1643000 ᠺᠦᠸᠠᠳ᠋ ᠺᠢᠯᠣᠮᠧᠲ᠋ᠷ

ᠡᠷᠴᠢᠰ ᠮᠥᠷᠡᠨ ( 额尔齐斯河) ᠨᠢ ᠰᠢᠪᠸᠷᠢᠶ ᠠ  ᠪᠡᠷ ᠤᠷᠤᠰᠳᠠᠭ᠂ ᠣᠪᠢ ᠮᠥᠷᠡᠨ ᠦ ᠬᠠᠮᠤᠭ ᠤᠨ ᠲᠣᠮᠣ ᠴᠢᠳᠬᠤᠯ ᠭᠣᠣᠯ ᠶᠤᠮ᠃ ᠡᠷᠴᠢᠰ ᠮᠥᠷᠡᠨ ᠳᠦ ᠴᠢᠳᠬᠤᠳᠠᠭ ᠭᠣᠣᠯ ᠤᠳ ᠠᠴᠠ ᠬᠠᠮᠤᠭ ᠤᠨ ᠲᠣᠮᠣ ᠨᠢ ᠲᠣᠪᠤᠯ ᠭᠣᠣᠯ ᠪᠣᠯᠤᠨ᠎ᠠ᠃ ᠣᠪᠢ-ᠡᠷᠴᠢᠰ ᠨᠢ ᠠᠽᠢ ᠳᠤ ᠪᠠᠨ ᠲᠣᠮᠣᠬᠠᠨ ᠳᠤ ᠤᠷᠤᠬᠤ ᠠᠢ ᠰᠠᠪᠠ ᠶᠢ ᠪᠦᠷᠢᠳᠦᠭᠦᠯᠳᠡᠭ ᠪᠥᠭᠡᠳ ᠪᠠᠷᠠᠭᠤᠨ ᠰᠢᠪᠸᠷᠢᠶ ᠠᠠᠯᠲᠠᠢ ᠶᠢᠨ ᠨᠢᠷᠤᠭᠤᠨ ᠤ ᠶᠡᠬᠡᠩᠬᠢ ᠬᠡᠰᠡᠭ ᠢ ᠬᠠᠮᠤᠷᠳᠠᠭ᠃ ᠮᠣᠩᠭᠣᠯ ᠤᠨ ᠨᠢᠭᠤᠴᠠ ᠲᠣᠪᠴᠢᠶᠠᠨ ᠤ 198 ᠳ᠋ᠤᠭᠠᠷ ᠪᠦᠯᠦᠭ ᠲ᠋ᠤ 《ᠨᠠᠢᠮᠠᠨ ᠤ ᠬᠦᠴᠦᠭᠦᠯᠦᠭ ᠬᠠᠭᠠᠨ ᠤᠯᠤᠰ ᠢᠶᠠᠨ ᠠᠯᠳᠠᠭᠠᠳ ᠴᠥᠭᠡᠨ ᠬᠦᠮᠦᠨ ᠲᠡᠢ ᠳᠤᠲᠠᠭᠠᠵᠤ ᠶᠠᠪᠤᠭ᠎ᠠ ᠮᠡᠷᠬᠢᠳ ᠦᠨ ᠲᠣᠭᠲᠠᠭ᠎ᠠ ᠲᠠᠢ ᠠᠭᠤᠯᠵᠠᠵᠤ᠂ ᠡᠷᠴᠢᠰ ᠮᠥᠷᠡᠨ ᠦ ᠪᠦᠬᠦᠳᠡᠷᠮᠡ ᠭᠡᠳᠡᠭ ᠭᠠᠵᠠᠷ ᠬᠠᠮᠲᠤᠷᠠᠨ ᠴᠡᠷᠢᠭ ᠢᠶᠡᠨ ᠵᠠᠰᠠᠵᠤ ᠪᠠᠶᠢᠵᠠᠢ》 ᠭᠡᠵᠦ ᠳᠤᠷᠠᠳᠤᠭᠳᠠᠭᠰᠠᠨ ᠪᠠᠶᠢᠳᠠᠭ᠃ ᠡᠷᠴᠢᠯᠡᠬᠦ᠂ ᠲᠡᠷᠡᠴᠢᠯᠡᠨ ᠤᠷᠤᠰᠬᠤ ᠭᠡᠰᠡᠨ ᠦᠭᠡᠨ ᠡᠴᠡ ᠡᠷᠴᠢᠰ ᠭᠣᠣᠯ ᠤᠨ ᠨᠡᠷ᠎ᠡ ᠡᠭᠦᠰᠴᠡᠢ᠃

ᠬᠠᠷ᠎ᠠ ᠡᠷᠴᠢᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠤᠮᠳᠠᠳᠤ ᠤᠯᠤᠰ᠂ ᠮᠣᠩᠭᠣᠯ ᠤᠯᠤᠰ ᠤᠨ ᠬᠢᠯᠢ ᠡᠴᠡ ᠡᠬᠢ ᠠᠪᠴᠤ ᠵᠠᠶᠢᠰᠠᠩ ᠨᠠᠭᠤᠷ ᠲᠦ ᠴᠢᠳᠬᠤᠳᠠᠭ ᠡᠷᠴᠢᠰ ᠭᠣᠣᠯ ᠤᠨ ᠬᠡᠰᠡᠭ ᠢ ᠬᠠᠷ᠎ᠠ ᠡᠷᠴᠢᠰ ᠭᠡᠳᠡᠭ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠴᠢᠰ ᠤᠨ ᠰᠠᠪᠠ᠂ ᠪᠦᠬᠦᠳᠡᠷᠮᠡ (ᠪᠤᠬᠠᠲᠠᠷᠮᠠ) ᠭᠣᠣᠯ
ᠣᠮᠰᠺ ᠬᠣᠲᠠ ᠳᠤᠮᠳᠠᠭᠤᠷ ᠤᠷᠤᠰᠬᠤ ᠡᠷᠴᠢᠰ ᠮᠥᠷᠡᠨ

ᠳᠤᠮᠳᠠᠳᠤ ᠤᠯᠤᠰ ᠍ ᠤᠨ ᠰᠢᠨᠵᠢᠶᠠᠩ ᠤᠨ ᠨᠤᠲᠤᠭ ᠂ ᠮᠣᠩᠭᠣᠯ ᠠᠯᠲᠠᠢ ᠶᠢᠨ ᠨᠢᠷᠤᠭᠤ ᠠᠴᠠ ᠡᠬᠢ ᠠᠪᠬᠤ ᠬᠠᠷ᠎ᠠ ᠡᠷᠴᠢᠰ ᠪᠠᠷᠠᠭᠤᠨ ᠬᠣᠶᠢᠰᠢ ᠤᠷᠤᠰᠤᠨ᠂ ᠵᠠᠶᠢᠰᠠᠩ ᠨᠠᠭᠤᠷ ᠍ ᠢ ᠥᠩᠭᠡᠷᠡᠭᠡᠳ ᠪᠠᠷᠠᠭᠤᠨ ᠰᠢᠪᠸᠷᠢᠶ ᠠ ᠳᠦ ᠬᠠᠨ᠋ᠲᠤ-ᠮᠠᠨᠰᠢᠰᠺ ᠤᠨ ᠣᠷᠴᠢᠮ ᠢᠶᠠᠷ ᠣᠪᠢ ᠮᠥᠷᠡᠨ ᠳᠦ ᠴᠢᠳᠬᠤᠬᠤ ᠠᠴᠠ ᠪᠠᠨ ᠡᠮᠦᠨ᠎ᠡ ᠡᠰᠢᠮ᠂ ᠲᠣᠪᠤᠯ ᠭᠣᠣᠯ ᠤᠳ ᠢ ᠥᠪᠡᠷᠲᠡᠭᠡᠨ ᠨᠢᠭᠡᠳᠬᠡᠨ᠂ ᠨᠡᠶᠢᠲᠡ 4248 ᠺᠢᠯᠣᠮᠧᠲ᠋ᠷ ᠵᠠᠮ ᠢ ᠲᠤᠭᠤᠯᠳᠠᠭ᠃

ᠡᠳ᠋ ᠍ ᠦᠨ ᠵᠠᠰᠠᠭ ᠤᠨ ᠬᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠴᠢᠶ᠎ᠠ ᠪᠣᠯᠤᠨ ᠵᠣᠷᠴᠢᠭᠴᠢ ᠲᠡᠭᠡᠭᠡᠪᠦᠷᠢ ᠶᠢᠨ ᠬᠥᠯᠭᠡ ᠣᠩᠭᠣᠴᠠ ᠨᠤᠭᠤᠳ ᠮᠥᠷᠡᠨ ᠦ ᠤᠰᠤ ᠬᠥᠯᠳᠡᠭᠡᠳᠦᠢ ᠪᠠᠶᠢᠬᠤ 4 ᠍ ᠳᠦᠭᠡᠷ ᠰᠠᠷ᠎ᠠ ᠠᠴᠠ 10 ᠳ᠋ᠤᠭᠠᠷ ᠰᠠᠷ᠎ᠠ ᠳᠤ ᠮᠥᠷᠡᠨ ᠢᠶᠡᠷ ᠰᠦᠯᠵᠢᠯᠳᠦᠳᠡᠭ᠃ ᠣᠷᠣᠰ ᠤᠨ ᠲᠥᠷᠥ ᠶᠢᠨ ᠥᠮᠴᠢᠲᠤ ᠡᠷᠴᠢᠰ ᠮᠥᠷᠡᠨ ᠦ ᠲᠡᠭᠡᠭᠡᠪᠦᠷᠢ  ᠶᠢᠨ ᠺᠣᠮᠫᠠᠨᠢ ᠶᠢᠨ ᠲᠥᠪ ᠣᠹᠹᠢᠰ ᠪᠠᠶᠢᠷᠢᠯᠠᠬᠤ ᠣᠮᠰᠺ ᠬᠣᠲᠠ ᠨᠢ ᠪᠠᠷᠠᠭᠤᠨ ᠰᠢᠪᠸᠷᠢᠶ ᠠ ᠳ᠋ᠡᠬᠢ ᠬᠠᠮᠤᠭ ᠤᠨ ᠲᠣᠮᠣ ᠪᠣᠭᠣᠮᠲᠠ ᠶᠤᠮ᠃ ᠬᠠᠰᠠᠭᠰᠲ᠋ᠠᠨ-ᠳᠤᠮᠳᠠᠳᠤ ᠤᠯᠤᠰ ᠤᠨ ᠬᠢᠯᠢ ᠶᠢᠨ ᠣᠷᠴᠢᠮ ᠳᠤ ᠪᠠᠶᠢᠬᠤ ᠤᠰᠠᠳᠢ-ᠺᠠᠮᠧᠨᠠᠭᠷᠰᠺᠪᠠᠬᠠᠲᠠᠷᠮᠢᠨᠰᠺ ᠳ᠋ᠡᠬᠢ ᠤᠰᠤᠨ ᠴᠠᠬᠢᠯᠭᠠᠨ ᠰᠲ᠋ᠠᠨᠼᠢ ᠦᠳ ᠡᠷᠴᠢᠰ ᠮᠥᠷᠡᠨ ᠦ ᠤᠰᠤ ᠪᠠᠷ ᠲᠡᠵᠢᠭᠡᠭᠳᠡᠳᠡᠭ᠃ ᠤᠰᠠᠳᠢ-ᠺᠠᠮᠧᠨᠠᠭᠷᠰᠺ ᠤᠨ ᠤᠰᠤᠨ ᠴᠠᠬᠢᠯᠭᠠᠨ ᠰᠲ᠋ᠠᠨᠼ ᠤᠨ ᠳᠠᠯᠠᠨᠭ᠌ ᠢ ᠭᠠᠲᠤᠯᠬᠤ ᠬᠥᠯᠭᠡ ᠣᠩᠭᠣᠴᠨ ᠨᠤᠭᠤᠳ ᠳᠡᠯᠡᠬᠡᠢ ᠶᠢᠨ ᠬᠠᠮᠤᠭ ᠤᠨ ᠭᠦᠨᠵᠡᠭᠡᠢ 42 ᠮᠧᠲ᠋ᠷ ᠦᠨ ᠭᠦᠨ ᠲᠡᠢ ᠯᠣᠺ ᠢᠶᠠᠷ ᠨᠡᠪᠲᠡᠷᠡᠳᠡᠭ[1]

1960 ᠂ 70 ᠍ ᠊ᠭᠠᠳ ᠣᠨ ᠳᠤ "ᠠᠰᠢᠭ ᠦᠭᠡᠢ ᠪᠡᠷ" ᠬᠣᠶᠢᠳᠤ ᠮᠥᠰᠦᠨ ᠳᠠᠯᠠᠢ ᠤᠷᠤᠭᠤ ᠤᠷᠤᠰᠤᠨ ᠣᠳᠴᠦ ᠪᠠᠢᠢᠬᠤ ᠭᠣᠣᠯ ᠮᠥᠷᠡᠨ ᠤ ᠤᠰᠤ ᠶᠢ "ᠦᠷ᠎ᠡ ᠳ᠋ᠦᠩ ᠲᠡᠢ" ᠠᠰᠢᠭᠯᠠᠬᠤ ᠶᠢᠨ ᠲᠤᠯᠠᠳᠠ ᠳᠤᠮᠳᠠᠳᠤ ᠠᠽᠢᠶ᠎ᠠ ᠤᠷᠤᠭᠤ ᠤᠷᠤᠰᠬᠠᠬᠤ ᠲᠥᠰᠥᠯ ᠵᠥᠪᠯᠡᠯᠲᠦ ᠬᠣᠯᠪᠣᠭᠠᠲᠤ ᠤᠯᠤᠰ ᠲᠤ ᠬᠡᠷᠡᠭᠵᠢᠵᠦ ᠡᠬᠢᠯᠡᠭᠰᠡᠨ ᠪᠥᠭᠡᠳ ᠡᠭᠦᠨ ᠳᠦ ᠡᠷᠴᠢᠰ ᠮᠥᠷᠡᠨ ᠦ ᠤᠰᠤ ᠶᠢ ᠬᠠᠰᠠᠭᠰᠲ᠋ᠠᠨ᠂ ᠦᠽᠸᠪᠸᠺᠢᠰᠲᠠᠨ ᠤᠷᠤᠭᠤ ᠤᠷᠤᠰᠬᠠᠬᠤ ᠲᠥᠯᠥᠪᠯᠡᠭᠡ ᠪᠠᠭᠲᠠᠵᠤ ᠪᠠᠶᠢᠯ᠎ᠠ᠃ ᠲᠡᠷᠡᠬᠦ ᠠᠪᠤᠷᠭᠤ ᠲᠥᠰᠥᠯ ᠬᠡᠷᠡᠭᠵᠢᠭᠡ ᠦᠭᠡᠢ ᠴᠤ ᠡᠷᠴᠢᠰ-ᠺᠠᠷᠠᠩᠨᠳ᠋ ᠍ ᠤᠨ ᠰᠤᠪᠠᠭ (ᠣᠷᠣᠰ ᠶᠢᠡᠷ ᠺᠠᠨᠠᠯ ᠢᠷᠲ ᠤᠰ — ᠺᠠᠷᠠᠭᠠᠩᠳᠠ) 1962 - 1974 ᠣᠨ ᠳᠤ ᠲᠠᠲᠠᠭᠳᠠᠵᠤ᠂ ᠬᠠᠰᠠᠭ ᠤᠨ ᠬᠠᠭᠤᠷᠠᠢ ᠲᠠᠯ᠎ᠠ ᠬᠡᠭᠡᠷ᠎ᠡ ᠶ᠋ᠢ ᠤᠰᠤ ᠪᠠᠷ ᠲᠡᠳᠬᠦᠨ᠂ ᠲᠤᠰ ᠣᠷᠣᠨ ᠤ ᠠᠵᠤ ᠦᠢᠯᠡᠳᠪᠦᠷᠢ ᠶᠢᠨ ᠲᠥᠪ ᠦᠳ ᠦᠨ ᠨᠢᠭᠡ ᠺᠠᠷᠠᠭᠠᠩᠳᠠ ᠲᠦ ᠬᠦᠷᠬᠦ ᠪᠣᠯᠤᠭᠰᠠᠨ᠃

2000 ᠍ ᠊ᠭᠠᠳ ᠣᠨ ᠳᠤ ᠳᠤᠮᠳᠠᠳᠤ ᠤᠯᠤᠰ ᠤᠨ ᠵᠠᠰᠠᠭ ᠤᠨ ᠭᠠᠵᠠᠷ ᠬᠠᠷ᠎ᠠ ᠡᠷᠴᠢᠰ - ᠺᠠᠷᠠᠮᠠᠢ ᠶᠢ ᠬᠣᠯᠪᠣᠭᠰᠠᠨ ᠰᠤᠪᠠᠭ ᠲᠠᠲᠠᠬᠤ ᠪᠠᠷ ᠶᠠᠷᠢᠵᠤ ᠡᠬᠢᠯᠡᠭᠰᠡᠨ ᠪᠥᠭᠡᠳ ᠬᠠᠰᠠᠭᠰᠲ᠋ᠠᠨ᠂ ᠣᠷᠣᠰ ᠤᠨ ᠵᠦᠭ  ᠦᠨ ᠡᠰᠡᠷᠭᠦᠴᠡᠯ  ᠭᠠᠷᠴᠤ ᠪᠤᠢ[2]

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠴᠢᠰ ᠮᠥᠷᠡᠨ ᠦ ᠰᠠᠪᠠ ᠭᠠᠵᠠᠷ ᠢᠶᠠᠷ ᠮᠣᠩᠭᠣᠯᠲᠦᠷᠦᠭ ᠦᠨᠳᠦᠰᠦᠲᠡᠨ ᠨᠦᠭᠦᠳ ᠡᠷᠲᠡ ᠳᠡᠭᠡᠷ᠎ᠡ ᠦᠶ ᠡ ᠡᠴᠡ ᠪᠠᠨ ᠨᠤᠲᠤᠭᠯᠠᠵᠤ ᠢᠷᠡᠵᠡᠢ᠃ 13 ᠳ᠋ᠤᠭᠠᠷ ᠵᠠᠭᠤᠨ ᠳᠤ ᠶᠡᠬᠡ ᠮᠣᠩᠭᠣᠯ ᠤᠯᠤᠰ ᠍ ᠤᠨ ᠪᠦᠷᠢᠯᠳᠦᠬᠦᠨ ᠳᠦ ᠪᠠᠶᠢᠭᠰᠠᠨ ᠲᠤᠰ ᠨᠤᠲᠤᠭ ᠲᠤ 15-16 ᠳ᠋ᠤᠭᠠᠷ ᠵᠠᠭᠤᠨ ᠳᠤ ᠲᠠᠲ᠋ᠠᠷ ᠤᠨ ᠰᠢᠪᠸᠷᠢᠶ ᠠ ᠶᠢᠨ ᠬᠠᠭᠠᠨᠲᠤ ᠤᠯᠤᠰ ᠣᠷᠣᠰᠢᠨ ᠲᠣᠭᠲᠠᠨᠢᠵᠤ ᠪᠠᠶᠢᠯ᠎ᠠ᠃ ᠭᠡᠪᠡᠴᠦ 1580 ᠍ ᠊ᠭᠠᠳ ᠣᠨ ᠳᠤ ᠣᠷᠣᠰ ᠤᠳ ᠰᠢᠪᠸᠷᠢᠶ ᠠ ᠶᠢᠨ ᠬᠠᠭᠠᠨᠲᠤ ᠤᠯᠤᠰ ᠢ ᠮᠥᠬᠥᠭᠡᠵᠡᠢ᠃ 17 ᠳ᠋ᠤᠭᠠᠷ ᠵᠠᠭᠤᠨ ᠳᠤ ᠣᠶᠢᠷᠠᠳ ᠦᠳ ᠤᠨ ᠪᠠᠶᠢᠭᠤᠯᠤᠭᠰᠠᠨ ᠵᠦᠩᠭᠠᠷ ᠤᠨ ᠬᠠᠭᠠᠨᠲᠤ ᠤᠯᠤᠰ ᠣᠷᠣᠰ ᠤᠨ ᠡᠮᠦᠨᠡᠲᠦ ᠬᠥᠷᠰᠢ ᠪᠣᠯᠵᠤ᠂ ᠡᠷᠴᠢᠰ ᠮᠥᠷᠡᠨ ᠦ ᠳᠡᠭᠡᠳᠦ ᠪᠡᠶ᠎ᠡ ᠶᠢ ᠵᠠᠬᠢᠷᠴᠤ ᠪᠠᠶᠢᠪᠠ᠃ ᠲᠡᠷᠡ ᠦᠶ᠎ᠡ ᠳᠦ ᠰᠢᠪᠸᠷᠢᠶ ᠠ ᠳᠦ ᠣᠷᠣᠰ ᠤᠨ ᠬᠣᠲᠠ ᠨᠤᠭᠤᠳ ᠣᠯᠠᠨ ᠢᠶᠠᠷ ᠪᠠᠶᠢᠭᠤᠯᠤᠭᠳᠠᠵᠤ ᠡᠬᠢᠯᠡᠭᠰᠡᠨ ᠪᠥᠭᠡᠳ 1716 ᠣᠨ ᠳᠤ ᠣᠮᠰᠺ᠂ 1718 ᠣᠨ ᠳᠤ ᠰᠧᠮᠢᠫᠠᠯᠠᠲ᠋ᠢᠨᠰᠺ᠂ 1720 ᠣᠨ ᠳᠤ ᠤᠰᠠᠳᠢ-ᠺᠠᠮᠧᠨᠠᠭᠷᠰᠺ᠂ 1752 ᠣᠨ ᠳᠤ ᠫᠧᠲ᠋ᠷᠣᠫᠠᠸᠯᠪᠠᠰᠺ ᠬᠣᠲᠠ ᠨᠤᠭᠤᠳ ᠪᠤᠢ ᠪᠣᠯᠵᠠᠢ᠃

ᠮᠠᠨᠵᠤ ᠴᠢᠩ ᠤᠯᠤᠰ 1750 ᠍ ᠊ᠭᠠᠳ ᠣᠨ ᠳᠤ ᠵᠦᠩᠭᠠᠷ ᠤᠨ ᠬᠠᠭᠠᠨᠲᠤ ᠤᠯᠤᠰ ᠢ ᠡᠵᠡᠯᠡᠨ ᠠᠪᠴᠤ᠂ ᠤᠯᠠᠮ ᠢᠶᠠᠷ ᠣᠷᠣᠰ-ᠴᠢᠩ ᠦᠨ ᠬᠢᠯᠢ 19 ᠍ ᠳᠦᠭᠡᠷ ᠵᠠᠭᠤᠨ ᠳᠦ ᠲᠣᠭᠲᠠᠭᠰᠠᠨ ᠶᠤᠮ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠡᠷᠴᠢᠰ&oldid=470553》 ᠍  ᠡᠴᠡ ᠠᠪᠤᠭᠰᠠᠨ

ᠪᠢᠴᠢᠭᠡᠰᠦ