ᠡᠷᠳᠡᠨᠢ ᠶᠢᠨ ᠡᠷᠡᠬᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠡᠷᠳᠡᠨᠢ ᠶᠢᠨ ᠲᠣᠪᠴᠢ, ᠪᠦᠲᠦᠨ ᠨᠡᠷ᠎ᠡ ᠪᠡᠷ ᠢᠶᠡᠨ ᠬᠠᠭᠠᠳ ᠤᠨ ᠦᠨᠳᠦᠰᠦᠨ ᠦ ᠡᠷᠳᠡᠨᠢ ᠶᠢᠨ ᠲᠣᠪᠴᠢ ᠭᠡᠰᠡᠨ ᠨᠡᠷ᠎ᠡ ᠲᠡᠢ ᠮᠣᠩᠭᠣᠯ ᠤᠨ ᠲᠡᠭᠦxᠡᠶᠢᠨ ᠲᠣᠮᠣᠬᠠᠨ ᠵᠣᠬᠢᠶᠠᠯ ᠤᠳ ᠤᠨ ᠨᠢᠭᠡ᠃ 1662 ᠣᠨ ᠳᠤ ᠣᠷᠳᠣᠰ ᠍ ᠤᠨ ᠰᠠᠭᠭᠠᠨ ᠰᠡᠴᠡᠨ ᠬᠤᠩᠲᠠᠶᠢᠵᠢ ᠵᠣᠬᠢᠶᠠᠭᠰᠠᠨ᠃

ᠡᠷᠳᠡᠨᠢ ᠶᠢᠨ ᠲᠣᠪᠴᠢ ᠵᠣᠬᠢᠶᠠᠯ ᠪᠢᠴᠢᠭᠳᠡᠵᠦ ᠳᠠᠭᠤᠰᠤᠭ᠎ᠠ ᠦᠭᠡᠢ ᠪᠠᠶᠢᠬᠤ ᠦᠶᠡᠰ ᠢᠶᠡᠨ ᠮᠣᠩᠭᠣᠯ ᠤᠨ ᠢᠵᠠᠭᠤᠷᠲᠠᠨ ᠨᠤᠭᠤᠳ ᠤᠨ ᠳᠤᠮᠳᠠ ᠲᠦᠭᠡᠨ ᠳᠡᠯᠭᠡᠷᠴᠢ ᠤᠩᠰᠢᠭᠰᠠᠨ ᠬᠦᠮᠦᠨ ᠲᠡᠭᠦᠨ ᠢ ᠬᠠᠭᠤᠯᠤᠨ ᠲᠠᠷᠠᠭᠠᠵᠤ ᠪᠠᠶᠢᠴᠠᠢ᠃ᠲᠡᠶᠢᠮᠦ ᠴᠤ ᠤᠴᠢᠷ ᠠᠴᠠ ᠣᠳᠣ ᠬᠠᠭᠠᠳ ᠤᠨ ᠦᠨᠳᠦᠰᠦᠨ ᠦ ᠡᠷᠳᠦᠨ ᠦ ᠲᠣᠪᠴᠢ ᠣᠷᠣᠰᠢᠪᠠᠢ ᠭᠡᠵᠦ ᠪᠢᠴᠢᠭᠰᠡᠨ ᠬᠠᠭᠤᠯᠪᠤᠷᠢ ᠮᠠᠰᠢ ᠣᠯᠠᠨ ᠶᠠᠩᠵᠤ ᠪᠠᠷ ᠪᠠᠶᠢᠳᠠᠭ᠃ ᠬᠠᠯᠬ᠎ᠠᠣᠶᠢᠷᠠᠳ ᠪᠣᠯᠤᠨ ᠥᠪᠥᠷ ᠮᠣᠩᠭᠣᠯ ᠍ ᠤᠨ ᠣᠯᠠᠨ ᠴᠢᠭᠤᠯᠭᠠᠨ ᠳᠤ ᠡᠷᠳᠡᠨᠢ ᠶᠢᠨ ᠲᠣᠪᠴᠢ ᠶᠢᠨ ᠬᠠᠭᠤᠯᠪᠤᠷᠢ ᠪᠠᠶᠢᠨ᠎ᠠ᠃

1962 ᠣᠨ ᠳᠤ ᠡᠷᠳᠡᠨᠢ ᠶᠢᠨ ᠲᠣᠪᠴᠢ ᠶᠢ ᠪᠦᠬᠦ ᠨᠡᠶᠢᠲᠡ ᠳᠦ ᠵᠣᠷᠢᠭᠤᠯᠤᠨ ᠬᠡᠪᠯᠡᠵᠦ ᠭᠠᠷᠭᠠᠭᠰᠠᠨ᠃ ᠡᠷᠳᠡᠨᠢ ᠶᠢᠨ ᠲᠣᠪᠴᠢ ᠶᠢᠨ ᠣᠯᠠᠨ ᠶᠠᠩᠵᠤ ᠶᠢᠨ ᠬᠠᠭᠤᠯᠪᠤᠷᠢ ᠬᠣᠭᠣᠷᠣᠨᠳᠣ ᠪᠠᠨ ᠵᠥᠷᠢᠭᠦᠦ ᠲᠡᠢ ᠪᠠᠶᠢᠳᠠᠭ᠃ ᠲᠡᠶᠢᠮᠦ ᠤᠴᠢᠷ ᠠᠴᠠ ᠠᠯᠢ ᠨᠢ ᠵᠢᠩᠬᠢᠨᠢ ᠡᠬᠡ ᠪᠤᠢ ᠭᠡᠳᠡᠭ ᠢ ᠲᠣᠳᠣᠷᠠᠭᠤᠯᠬᠤ ᠪᠣᠯᠤᠮᠵᠢ ᠪᠠᠭᠠᠲᠠᠢ᠃ ᠮᠣᠩᠭᠣᠯ ᠤᠨ ᠡᠷᠳᠡᠮᠲᠡᠨ ᠨᠠᠰᠤᠨᠪᠠᠯᠵᠢᠷ ᠡᠷᠳᠡᠨᠢ ᠶᠢᠨ ᠲᠣᠪᠴᠢ ᠶᠢ ᠬᠡᠪᠯᠡᠬᠦ ᠳᠦ ᠪᠡᠨ 4 ᠶᠠᠩᠵᠤ ᠶᠢᠨ ᠳᠡᠪᠲᠡᠷ ᠢ ᠬᠠᠷᠢᠴᠠᠭᠤᠯᠤᠨ ᠵᠡᠷᠭᠡᠴᠡᠭᠦᠯᠵᠦ ᠬᠡᠪᠯᠡᠭᠦᠯᠦᠭᠰᠡᠨ ᠪᠠᠶᠢᠨ᠎ᠠ᠃ ᠥᠪᠥᠷ ᠮᠣᠩᠭᠣᠯ᠂ ᠮᠣᠩᠭᠣᠯ ᠤᠯᠤᠰ ᠠᠴᠠ ᠭᠠᠳᠠᠨ᠎ᠠ ᠮᠠᠨᠵᠤ ᠢᠶᠠᠷ ᠪᠢᠴᠢᠭᠰᠡᠨ ᠡᠷᠳᠡᠨᠢ ᠶᠢᠨ ᠲᠣᠪᠴᠢ ᠪᠠᠰᠠ ᠪᠠᠶᠢᠳᠠᠭ᠃

ᠰᠠᠭᠭᠠᠨ ᠰᠡᠴᠡᠨ ᠡᠷᠳᠡᠨᠢ ᠶᠢᠨ ᠲᠣᠪᠴᠢ ᠶᠢ ᠪᠢᠴᠢᠬᠦ ᠳᠦ ᠪᠡᠨ 7 ᠵᠦᠢᠯ ᠦᠨ ᠳᠡᠪᠲᠡᠷ ᠢ ᠭᠣᠣᠯ ᠪᠣᠯᠭᠠᠨ ᠠᠰᠢᠭᠯᠠᠭᠰᠠᠨ᠃ ᠡᠭᠦᠨ ᠳᠦ:

 1. ᠤᠳᠬ᠎ᠠ ᠳᠤ ᠴᠢᠬᠤᠯᠠ ᠬᠡᠷᠡᠭᠯᠡᠭᠴᠢ ᠬᠡᠮᠡᠬᠦ ᠰᠤᠳᠤᠷ
 2. ᠭᠠᠶᠢᠬᠠᠮᠰᠢᠭ ᠦᠵᠡᠭᠳᠡᠬᠦᠢ ᠴᠡᠴᠡᠭ ᠦᠨ ᠴᠣᠮᠣᠷᠯᠢᠭ ᠨᠡᠷᠡᠲᠦ ᠱᠠᠰᠲᠢᠷ
 3. ᠴᠢᠨᠠᠷ᠂ ᠰᠢᠯᠲᠠᠭᠠᠨ᠂ ᠦᠨᠳᠦᠰᠦ ᠶᠢ ᠤᠬᠠᠭᠤᠯᠤᠭᠴᠢ ᠤᠯᠠᠭᠠᠨ ᠳᠡᠪᠲᠡᠷ
 4. ᠰᠢᠷᠠᠪ ᠬᠤᠲᠤᠭ ᠤᠨ ᠵᠣᠬᠢᠶᠠᠭᠰᠠᠨ ᠬᠠᠭᠠᠳ ᠤᠨ ᠦᠨᠳᠦᠰᠦᠨ ᠦ ᠲᠤᠭᠤᠵᠢ
 5. ᠡᠷᠳᠡᠮᠲᠡᠨ ᠦ ᠰᠡᠳᠬᠢᠯ ᠢ ᠭᠡᠶᠢᠭᠦᠯᠬᠦᠢ ᠴᠡᠴᠡᠭᠯᠢᠭ ᠲᠦ ᠬᠡᠮᠡᠬᠦ ᠬᠢᠲᠠᠳ ᠱᠠᠰᠲᠢᠷ
 6. ᠡᠷᠬᠢᠮ ᠳᠡᠭᠡᠳᠦ ᠴᠢᠭᠠᠷᠪᠠ ᠬᠠᠭᠠᠨ ᠤ ᠪᠠᠶᠢᠯᠭᠠᠭᠰᠠᠨ ᠨᠣᠮ ᠤᠨ ᠴᠠᠭᠠᠨ ᠲᠡᠦᠬᠡ
 7. ᠰᠢᠷ᠎ᠠ ᠲᠤᠭᠤᠵᠢ

ᠡᠨᠡ 7 ᠵᠣᠬᠢᠶᠠᠯ ᠠᠴᠠ 1,6,7 ᠨᠢ ᠣᠳᠣ ᠣᠯᠳᠠᠳᠠᠭ᠃ ᠨᠥᠭᠥᠭᠡ 4 ᠨᠢ ᠪᠠᠶᠢᠳᠠᠭ ᠦᠭᠡᠢ᠃ ᠰᠠᠭᠭᠠᠨ ᠰᠡᠴᠡᠨ ᠳᠦ ᠴᠠᠭᠠᠨ ᠲᠡᠦᠬᠡ ᠬᠠᠳᠠᠭᠠᠯᠠᠭᠳᠠᠵᠤ ᠪᠠᠶᠢᠭᠰᠠᠨ ᠪᠣᠯᠤᠯᠲᠠᠢ᠃ ᠲᠡᠶᠢᠮᠦ ᠴᠤ ᠤᠴᠢᠷ ᠠᠴᠠ ᠲᠡᠭᠦᠨ ᠢ ᠨᠡᠯᠢᠶᠡᠨ ᠲᠦᠯᠬᠢᠭᠦᠦ ᠠᠰᠢᠭᠯᠠᠭᠰᠠᠨ᠃ ᠥᠪᠡᠷ ᠢᠶᠡᠨ ᠪᠠᠭ᠎ᠠ ᠪᠠᠶᠢᠬᠤ ᠳᠤ ᠪᠠᠨ ᠡᠷᠳᠡᠮᠲᠡᠨ ᠮᠡᠷᠭᠡᠳ ᠢ ᠳᠠᠭᠠᠵᠤ ᠣᠯᠠᠨ ᠰᠤᠳᠤᠷ᠂ ᠲᠤᠭᠤᠵᠢ ᠤᠩᠰᠢᠵᠤ ᠣᠶᠢᠯᠠᠭᠠᠭᠰᠠᠨ᠂ xᠣᠵᠢᠮ ᠨᠢ ᠡᠷᠳᠡᠨᠢ ᠶᠢᠨ ᠲᠣᠪᠴᠢ ᠶᠢ ᠪᠢᠴᠢᠬᠦ ᠳᠦ ᠪᠡᠨ ᠪᠠᠭ᠎ᠠ ᠵᠠᠯᠠᠭᠤ ᠳᠤ ᠪᠠᠨ ᠣᠯᠵᠤ ᠠᠪᠤᠭᠰᠠᠨ ᠢᠶᠠᠨ ᠠᠰᠢᠭᠯᠠᠭᠰᠠᠨ ᠭᠡᠵᠦ ᠦᠵᠡᠳᠡᠭ᠃ ᠵᠣᠬᠢᠶᠠᠯ ᠤᠨ ᠡᠬᠢᠯᠡᠯ ᠨᠢ ᠭᠠᠯᠪᠠ ᠶᠢᠷᠲᠢᠨᠴᠦ ᠲᠣᠭᠲᠠᠭᠰᠠᠨ ᠠᠴᠠ ᠡᠬᠢᠯᠡᠭᠡᠳ ᠮᠠᠨᠵᠤ ᠴᠢᠩ ᠤᠯᠤᠰ ᠤᠨ ᠡᠩᠬᠠᠮᠤᠭᠤᠯᠠᠩ ᠤᠨ ᠬᠠᠭᠠᠨ ᠤ ᠠᠩᠬᠠᠳᠤᠭᠠᠷ ᠣᠨ /1662 ᠣᠨ/ ᠬᠦᠷᠲᠡᠯ᠎ᠡ ᠬᠤᠭᠤᠴᠠᠭ᠎ᠠ ᠶᠢ ᠬᠠᠮᠤᠷᠤᠭᠤᠯᠤᠨ ᠪᠢᠴᠢᠭᠰᠡᠨ ᠪᠠᠶᠢᠨ᠎ᠠ᠃

ᠡᠷᠳᠡᠨᠢ ᠶᠢᠨ ᠲᠣᠪᠴᠢ ᠶᠢᠨ ᠭᠣᠣᠯ ᠠᠭᠤᠯᠭ᠎ᠠ ᠨᠢ:

 1. ᠭᠠᠯᠪᠠ ᠶᠢᠷᠲᠢᠨᠴᠦ ᠲᠣᠭᠲᠠᠭᠰᠠᠨ᠂ ᠬᠦᠮᠦᠨ ᠠᠮᠢᠲᠠᠨ ᠡᠭᠦᠰᠦᠭᠰᠡᠨ
 2. ᠡᠨᠡᠳᠬᠡᠭ᠂ ᠲᠥᠪᠡᠳ ᠦᠨ ᠬᠠᠭᠠᠳ ᠤᠨ ᠢᠵᠠᠭyyᠷ ᠪᠤᠷᠬᠠᠨ ᠤ ᠱᠠᠰᠢᠨ ᠤ ᠲᠡᠦᠬᠡ
 3. ᠮᠣᠩᠭᠣᠯ ᠤᠨ ᠬᠠᠭᠠᠳ ᠪᠤᠷᠬᠠᠨ ᠤ ᠱᠠᠰᠢᠨ ᠢ ᠳᠡᠯᠭᠡᠷᠡᠭᠦᠯᠦᠭᠰᠡᠨ ᠲᠡᠦᠬᠡ
 4. ᠮᠢᠩ ᠤᠯᠤᠰ᠂ ᠮᠠᠨᠵᠤ ᠴᠢᠩ ᠤᠯᠤᠰ ᠤᠨ ᠲᠡᠦᠬᠡ ᠶᠢᠨ ᠲᠣᠪᠴᠢ

ᠭᠠᠳᠠᠭᠠᠳᠤ ᠬᠡᠯᠡᠨ ᠳᠦ ᠬᠥᠷᠪᠡᠭᠦᠯᠡᠭᠳᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠮᠤᠭ ᠤᠨ ᠠᠩᠬ᠎ᠠ ᠪᠠᠷᠠᠭᠤᠨ ᠳᠤ ᠪᠤᠶᠤ ᠭᠧᠷᠮᠠᠨ ᠬᠡᠯᠡ ᠪᠡᠷ ᠴᠧᠬᠡ ᠶᠢᠨ ᠰᠠᠨᠸᠠᠷᠲᠠᠨ ᠢᠰᠠᠺ ᠶᠠᠺᠣᠸ ᠰᠢᠮ᠎ᠡ ᠳᠦᠲ ᠬᠥᠷᠪᠡᠭᠦᠯᠵᠦ 1829 ᠣᠨ ᠳᠤ ᠬᠡᠪᠯᠡᠭᠦᠯᠵᠡᠢ᠃ ᠬᠣᠵᠢᠭᠤ ᠦᠶ᠎ᠡ ᠶᠢᠨ ᠵᠣᠩ ᠺᠷᠶᠦᠭᠦᠷ ᠦᠨ ᠠᠩᠭᠯᠢ ᠬᠡᠯᠡᠭᠡᠷᠬᠡ ᠣᠷᠴᠢᠭᠤᠯᠭ᠎ᠠ ᠨᠢ ᠬᠠᠭᠠᠳ ᠤᠨ ᠡᠷᠳᠡᠨᠢ ᠶᠢᠨ ᠲᠣᠪᠴᠢ ᠪᠠᠨ: 1662 ᠣᠨ ᠬᠦᠷᠲᠡᠯᠡᠬᠢ ᠵᠡᠭᠦᠨ ᠮᠣᠩᠭᠣᠯᠴᠤᠳ ᠤᠨ ᠲᠡᠦᠬᠡ (The Bejeweled Summary of the Origin of the Khan: A History of the Eastern Mongols to 1662) ᠭᠡᠳᠡᠭ ᠨᠡᠷ᠎ᠡ ᠲᠡᠢ ᠪᠡᠷ ᠬᠡᠪᠯᠡᠭᠳᠡᠵᠡᠢ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ