ᠡᠷᠳᠡᠨᠢᠮᠠᠨᠳᠠᠯ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Arhangai.gif ᠠᠷᠤᠬᠠᠩᠭᠠᠢ ᠠᠶᠢᠮᠠᠭ ᠤᠨ
ᠡᠷᠳᠡᠨᠢᠮᠠᠨᠳᠠᠯ ᠰᠤᠮᠤ
3,400 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ
5,933 ᠬᠦᠮᠦᠨ ᠣᠷᠣᠰᠢᠨ ᠰᠠᠭᠤᠳᠠᠭ
341418 ᠲᠣᠯᠣᠭᠠᠢ ᠮᠠᠯ ᠲᠠᠢ
6 ᠪᠠᠭ ᠨᠢ ᠠᠯᠠᠭ-ᠠᠭᠤᠯᠠ᠂ ᠢᠳᠡᠷ-ᠤᠯᠠᠭᠠᠨ᠂ ᠡᠷᠳᠡᠨᠢ-ᠠᠭᠤᠯᠠ᠂ ᠬᠠᠨ-ᠥᠨᠳᠥᠷ᠂ ᠲᠡᠭᠡᠯᠢ᠂ ᠥᠯᠵᠡᠶᠢᠲᠦ
ᠡᠭᠦᠰᠬᠡᠨ ᠪᠠᠶᠢᠭᠤᠯᠤᠭᠳᠠᠭᠰᠠᠨ ____ ᠣᠨ ᠳᠤ
ᠡᠷᠭᠢᠨ ᠲᠣᠭᠣᠷᠢᠨ ᠳᠤ ᠪᠠᠨ ᠵᠢᠷᠭᠠᠯᠠᠩᠲᠤ ᠴᠡᠴᠡᠷᠯᠢᠭᠬᠠᠶᠢᠷᠬᠠᠨᠪᠠᠲᠤᠴᠡᠩᠭᠡᠯᠶᠡᠬᠡᠲᠠᠮᠢᠷᠥᠨᠳᠥᠷ-ᠤᠯᠠᠭᠠᠨ ᠭᠡᠰᠡᠨ ᠵᠢᠷᠭᠤᠭᠠᠨ ᠰᠤᠮᠤ ᠪᠠᠷ ᠬᠦᠷᠢᠶᠡᠯᠡᠭᠳᠡᠳᠡᠭ᠃

ᠡᠷᠳᠡᠨᠢᠮᠠᠨᠳᠠᠯ ᠰᠤᠮᠤ ᠨᠢ ᠠᠷᠤᠬᠠᠩᠭᠠᠢ ᠠᠶᠢᠮᠠᠭ ᠤᠨ ᠰᠤᠮᠤ ᠶᠤᠮ᠃ ᠰᠤᠮᠤ ᠶᠢᠨ ᠲᠥᠪ ᠨᠢ ᠠᠶᠢᠮᠠᠭ ᠤᠨ ᠲᠥᠪ ᠴᠡᠴᠡᠷᠯᠢᠭ ᠬᠣᠲᠠᠣ ᠠᠴᠠ ᠬᠣᠶᠢᠰᠢ 117 ᠺᠢᠯᠣᠮᠧᠲ᠋ᠷ ᠵᠠᠢ ᠳᠤ ᠣᠷᠣᠰᠢᠨ᠎ᠠ᠃ ᠰᠤᠮᠤ ᠶᠢᠨ ᠲᠥᠪ ᠲᠦ ᠱᠤᠤᠳᠠᠩ ᠤᠨ ᠰᠠᠯᠪᠤᠷᠢ ᠪᠤᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠳᠡᠨᠢᠮᠠᠨᠳᠠᠯ ᠰᠤᠮᠤ ᠨᠢ ᠪᠠᠶᠢᠭᠠᠯᠢ ᠶᠢᠨ ᠦᠵᠡᠰᠬᠦᠯᠡᠩᠲᠦ ᠣᠯᠠᠨ ᠭᠠᠵᠠᠷ ᠤᠳ ᠠᠴᠠ ᠭᠠᠳᠠᠨ᠎ᠠ ᠲᠡᠦᠬᠡ ᠳᠤᠷᠠᠰᠬᠠᠯᠲᠤ ᠣᠯᠠᠨ ᠭᠠᠵᠠᠷ ᠤᠳ ᠲᠠᠢ᠃ ᠡᠨᠡ ᠰᠤᠮᠤ ᠶᠢᠨ ᠨᠤᠲᠤᠭ ᠢᠶᠠᠷ ᠬᠠᠨᠤᠢᠬᠦᠩᠤᠢ ᠵᠡᠷᠭᠡ ᠲᠣᠮᠣᠬᠠᠨ ᠭᠣᠣᠯ ᠤᠳ ᠤᠷᠤᠰᠬᠤ ᠪᠠ ᠡᠨᠡ ᠭᠣᠣᠯ ᠤᠳ ᠤᠨ ᠴᠢᠳᠬᠤᠯ ᠤᠰᠤ ᠶᠡᠬᠡ ᠲᠡᠢ ᠵᠢᠵᠢᠭ ᠭᠣᠣᠯ ᠤᠳ ᠣᠯᠠᠨ ᠪᠤᠢ᠃ ᠡᠨᠡ ᠨᠤᠲᠤᠭ ᠲᠤ ᠬᠠᠩᠭᠠᠢ ᠶᠢᠨ ᠨᠢᠷᠤᠭᠤᠨ ᠤ ᠰᠠᠯᠪᠤᠷᠢ ᠠᠭᠤᠯᠠ᠂ ᠨᠢᠷᠤᠭᠤᠳ ᠪᠣᠯᠬᠤ ᠪᠥᠬᠥᠨ ᠰᠢᠷ᠎ᠠ᠂ ᠬᠠᠯᠢᠭᠤᠨ ᠮᠣᠷᠢᠲᠤ᠂ ᠬᠠᠨ ᠥᠨᠳᠥᠷ ᠵᠡᠷᠭᠡ ᠰᠤᠨᠠᠶᠢᠭᠰᠠᠨ ᠤᠷᠲᠤ ᠨᠤᠷ ᠤᠳ ᠠᠴᠠ ᠭᠠᠳᠠᠨ᠎ᠠ ᠣᠢ ᠮᠣᠳᠣ᠂ ᠠᠨ ᠠᠮᠢᠲᠠᠨ᠂ ᠤᠷᠭᠤᠮᠠᠯ᠂ ᠵᠢᠮᠢᠰ ᠢᠶᠡᠷ ᠪᠠᠶᠠᠯᠢᠭ᠂ ᠶᠡᠬᠡ ᠪᠠᠭ᠎ᠠ ᠬᠠᠯᠵᠠᠨ᠂ ᠳᠤᠮᠳᠠ ᠨᠢᠷᠤᠭᠤ᠂ ᠰᠢᠷ᠎ᠠ ᠳᠠᠪᠠᠭ᠎ᠠ ᠵᠡᠷᠭᠡ ᠰᠦᠷᠯᠢᠭ ᠠᠤᠯᠠᠯᠠᠰ ᠬᠠᠨᠠᠷᠠᠨ ᠦᠵᠡᠭᠳᠡᠨ᠎ᠡ᠃ ᠡᠨᠡ ᠠᠤᠯᠠᠯᠠᠰ ᠤᠨ ᠳᠤᠮᠳᠠ ᠡᠷᠳᠡᠨᠢ ᠶᠢᠨ ᠤᠮᠳᠠ ᠪᠠᠨ ᠪᠣᠯᠤᠭᠰᠠᠨ ᠤᠷᠲᠤ ᠰᠢᠪᠢᠷᠲ᠂ ᠮᠤᠬᠤᠷ ᠬᠤᠵᠢᠷᠲᠤ᠂ ᠬᠠᠨ-ᠥᠨᠳᠥᠷ ᠵᠡᠷᠭᠡ ᠡᠮᠴᠢᠯᠡᠭᠡᠨ ᠳᠦ ᠬᠡᠷᠡᠭᠯᠡᠳᠡᠭ᠂ ᠢᠷᠭᠡᠳ ᠢᠷᠡᠵᠦ ᠰᠤᠪᠢᠯᠠᠯ ᠤᠨ ᠪᠠᠶᠢᠳᠠᠯ ᠢᠶᠠᠷ ᠤᠤᠭᠤᠳᠠᠭ ᠷᠠᠰᠢᠶᠠᠨ ᠪᠠᠶᠢᠳᠠᠭ᠃ ᠡᠨᠡᠬᠦ ᠷᠠᠰᠢᠶᠠᠨ ᠦᠳ ᠲᠤ ᠵᠢᠯ ᠳᠤ ᠪᠡᠨ 3000 ᠣᠷᠴᠢᠮ ᠬᠦᠮᠦᠨ ᠢᠷᠡᠳᠡᠭ ᠭᠡᠰᠡᠨ ᠲᠣᠭᠠᠴᠠᠭ᠎ᠠ ᠴᠤ ᠪᠤᠢ ᠪᠥᠭᠡᠳ ᠠᠮᠠᠷᠠᠭᠴᠢᠳ ᠤᠨ ᠲᠣᠭ᠎ᠠ ᠵᠢᠯ ᠪᠦᠷᠢ ᠥᠰᠦᠭᠰᠡᠭᠡᠷ ᠪᠠᠶᠢᠨ᠎ᠠ᠃ ᠠᠤᠯᠠᠯᠠᠰ ᠬᠣᠭᠣᠷᠣᠨᠳᠣᠬᠢ ᠬᠥᠨᠳᠡᠶᠢᠳᠡ ᠲᠣᠮᠣᠬᠠᠨ ᠭᠣᠣᠯ ᠤᠳ ᠠᠴᠠ ᠭᠠᠳᠠᠨ᠎ᠠ ᠬᠤᠨᠲᠤ᠂ ᠶᠡᠬᠡ ᠨᠠᠭᠤᠷ ᠵᠡᠷᠭᠡ ᠴᠡᠩᠭᠡᠭ ᠪᠣᠯᠤᠨ ᠳᠠᠪᠤᠰᠤ᠂ ᠬᠤᠵᠢᠷ ᠤᠨ ᠨᠥᠭᠡᠴᠡ ᠪᠡᠷ ᠪᠠᠶᠠᠯᠢᠭ ᠨᠠᠭᠤᠷ ᠤᠳ ᠮᠢᠷᠠᠯᠵᠠᠨ ᠳᠠᠪᠠᠯᠭᠠᠯᠠᠵᠤ ᠵᠤᠨ ᠤ ᠤᠯᠠᠷᠢᠯ ᠳᠤ ᠡᠨᠡ ᠨᠤᠲᠤᠭ ᠤᠰᠤᠨ ᠤ ᠰᠢᠪᠠᠭᠤᠳ ᠤᠨ ᠣᠷᠣᠨ ᠪᠣᠯᠤᠨ᠎ᠠ᠃ ᠡᠨᠡ ᠨᠤᠲᠤᠭ ᠤᠨ ᠲᠡᠦᠬᠡ ᠳᠤᠷᠠᠰᠬᠠᠯᠲᠤ ᠭᠠᠵᠠᠷ ᠤᠳ ᠠᠴᠠ ᠳᠤᠷᠠᠳᠪᠠᠯ ᠤᠷᠲᠤ ᠶᠢᠨ ᠠᠮᠠᠨ ᠤ ᠪᠤᠭᠤᠨ ᠬᠥᠰᠢᠶ᠎ᠡ᠂ ᠬᠠᠷ᠎ᠠ ᠬᠤᠯᠠ ᠬᠠᠭᠠᠨ ᠤ ᠪᠠᠯᠭᠠᠰᠤ ᠵᠡᠷᠭᠡ ᠣᠯᠠᠨ ᠭᠠᠵᠠᠷ ᠪᠤᠢ ᠪᠥᠭᠡᠳ ᠡᠨᠡᠬᠦ ᠳᠤᠷᠠᠰᠬᠠᠯᠲᠤ ᠭᠠᠵᠠᠷ ᠤᠳ ᠨᠢ ᠾᠦᠩᠨᠦᠭᠡᠶᠢᠨ ᠦᠶᠡᠰ ᠥᠨᠥ ᠶᠢ ᠬᠦᠷᠲᠡᠯᠡᠬᠢ ᠪᠦᠬᠦ ᠴᠠᠭ ᠦᠶ᠎ᠡ ᠶᠢ ᠬᠠᠮᠤᠷᠬᠤ ᠶᠤᠮ᠃

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠳᠡᠨᠢᠮᠠᠨᠳᠠᠯ ᠰᠤᠮᠤ ᠶᠢᠨ ᠳᠤᠮᠳᠠ ᠰᠤᠷᠭᠠᠭᠤᠯᠢ 1930 ᠣᠨ ᠳᠤ ᠪᠠᠶᠢᠭᠤᠯᠤᠭᠳᠠᠭᠰᠠᠨ᠃ ᠡᠷᠳᠡᠨᠢ ᠪᠣᠯᠤᠨ ᠮᠠᠨᠳᠤᠯ ᠰᠤᠮᠤ ᠨᠤᠭᠤᠳ ᠢ ᠨᠡᠶᠢᠯᠡᠭᠦᠯᠦᠨ ᠪᠠᠶᠢᠭᠤᠯᠤᠭᠰᠠᠨ᠃ ᠬᠠᠨᠤᠢ ᠪᠣᠯᠤᠨ ᠬᠦᠮᠦᠦ ᠶᠢᠨ ᠭᠣᠣᠯ ᠪᠠᠶᠢᠳᠠᠭ ᠪᠥᠭᠡᠳ ᠲᠡᠦᠬᠡᠨ ᠳᠦ ᠲᠡᠮᠳᠡᠭᠯᠡᠭᠰᠡᠨ ᠢᠶᠡᠷ ᠬᠠᠨ ᠤᠯᠤᠰ ᠪᠣᠯᠤᠨ ᠾᠦᠩᠨᠦ ᠭᠦᠷᠦᠨ ᠣᠯᠠᠨ ᠵᠢᠯ ᠳᠠᠶᠢᠨ ᠳᠠᠵᠢᠨ ᠬᠢᠭᠰᠡᠨ ᠦ ᠡᠴᠦᠰ ᠲᠦ ᠨᠠᠶᠢᠷᠠᠮᠳᠠᠯ ᠤᠨ ᠭᠡᠷ᠎ᠡ ᠪᠠᠶᠢᠭᠤᠯᠵᠤ ᠨᠠᠶᠢᠷ ᠨᠠᠭᠠᠳᠤᠮ ᠬᠡᠢ ᠶᠢᠨ ᠬᠣᠶᠠᠷ ᠤᠯᠤᠰ ᠤᠨ ᠨᠡᠷ᠎ᠡ ᠪᠡᠷ ᠬᠠᠨ ᠤᠢ ᠾᠦᠩᠨᠦ ᠤᠢ ᠭᠡᠵᠦ ᠲᠤᠰ ᠬᠣᠶᠠᠷ ᠭᠣᠣᠯ ᠢ ᠨᠡᠷᠡᠯᠡᠭᠰᠡᠨ᠃ ᠮᠤᠬᠤᠷ ᠬᠤᠵᠢᠷᠲᠤ᠂ ᠬᠠᠨᠤᠢ ᠶᠢᠨ ᠬᠦᠷᠮ᠎ᠡ ᠵᠡᠷᠭᠡ ᠷᠠᠰᠢᠶᠠᠨ ᠰᠤᠪᠢᠯᠠᠯ ᠪᠠᠶᠢᠳᠠᠭ᠃ ᠮᠥᠨ ᠬᠠᠷᠠᠬᠤᠯ ᠬᠠᠭᠠᠨ ᠤ ᠪᠠᠯᠭᠠᠰᠤ ᠵᠡᠷᠭᠡ ᠲᠡᠦᠬᠡᠨ ᠳᠤᠷᠠᠰᠬᠠᠯᠲᠤ ᠭᠠᠵᠠᠷ ᠤᠳ ᠡᠯᠪᠡᠭ ᠪᠤᠢ᠃


ᠪᠢᠴᠢᠭᠡᠰᠦ