ᠡᠷᠳᠡᠨᠢᠬᠠᠶᠢᠷᠬᠠᠨ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠡᠷᠳᠡᠨᠢᠬᠠᠶᠢᠷᠬᠠᠨ ᠨᠢ ᠵᠠᠪᠬᠠᠨ ᠠᠶᠢᠮᠠᠭ ᠤᠨ ᠰᠤᠮᠤ ᠶᠤᠮ᠃

ᠡᠷᠳᠡᠨᠢᠬᠠᠶᠢᠷᠬᠠᠨ ᠰᠤᠮᠤ ᠨᠢ ᠡᠷᠲᠡᠨ ᠡᠴᠡ ᠬᠠᠯᠬ᠎ᠠ ᠶᠢᠨ ᠵᠠᠰᠠᠭᠲᠤ ᠬᠠᠨ ᠠᠶᠢᠮᠠᠭ ᠤᠨ ᠰᠡᠴᠡᠨ ᠵᠠᠰᠠᠭ ᠤᠨ ᠬᠣᠰᠢᠭᠤ᠂ ᠪᠣᠭᠳᠠ ᠬᠠᠭᠠᠨᠲᠤ ᠮᠣᠩᠭᠣᠯ ᠤᠯᠤᠰ ᠤᠨ ᠦᠶ᠎ᠡ ᠳᠦ ᠰᠠᠷᠲᠠᠭᠤᠯ ᠰᠡᠴᠡᠨ ᠸᠠᠩ ᠤᠨ ᠬᠣᠰᠢᠭᠤ᠂ 1924 ᠣᠨ ᠠᠴᠠ ᠬᠠᠨ ᠲᠠᠶᠢᠰᠢᠷᠢ ᠤᠤᠯ ᠤᠨ ᠠᠶᠢᠮᠠᠭ ᠤᠨ ᠰᠡᠴᠡᠨ ᠰᠠᠷ᠎ᠠ ᠳᠤ ᠤᠤᠯ ᠤᠨ ᠬᠣᠰᠢᠭᠤᠨ ᠤ ᠨᠤᠲᠤᠭ ᠤᠨ ᠲᠥᠪ ᠬᠡᠰᠡᠭ ᠪᠣᠯᠬᠤ ᠬᠠᠩᠭᠠᠢ ᠨᠢᠷᠤᠭᠤᠨ ᠤ ᠰᠠᠯᠪᠤᠷᠢ ᠠᠤᠯᠠᠯᠠᠰ ᠠᠴᠠ ᠶᠡᠬᠡ ᠨᠠᠭᠤᠷ ᠤᠳ ᠤᠨ ᠬᠣᠲᠣᠭᠣᠷ ᠤᠨ ᠪᠥᠰᠡ ᠨᠤᠲᠤᠭ ᠢ ᠬᠠᠮᠤᠷᠤᠭᠰᠠᠨ 409.9 ᠮᠢᠩᠭᠠᠨ ᠭᠠ ᠲᠠᠯᠠᠪᠠᠢ ᠡᠵᠡᠯᠡᠨ ᠣᠷᠣᠰᠢᠳᠠᠭ .ᠰᠤᠮᠤ ᠶᠢᠨ ᠲᠥᠪ ᠠᠯᠲᠠᠨ ᠨᠢ 48º 07 ' ᠥᠷᠭᠡᠷᠢᠭ᠂ 95º 43' ᠤᠷᠲᠤᠷᠢᠭ ᠳᠠᠯᠠᠢ ᠶᠢᠨ ᠲᠥᠪᠰᠢᠨ ᠡᠴᠡ ᠳᠡᠭᠡᠭᠰᠢ 1850 ᠮᠧᠲ᠋ᠷ ᠲᠦ ᠡᠷᠭᠦᠭᠳᠡᠭᠰᠡᠨ ᠬᠠᠶᠢᠷᠬᠠᠨ ᠬᠤᠳᠳᠤᠭ᠂ ᠤᠯᠠᠭᠠᠨᠪᠠᠭᠠᠲᠤᠷ ᠠᠴᠠ 1100 ᠺᠢᠯᠣᠮᠧᠲ᠋ᠷ᠂ ᠠᠶᠢᠮᠠᠭ ᠤᠨ ᠲᠥᠪ ᠡᠴᠡ 115 ᠺᠢᠯᠣᠮᠧᠲ᠋ᠷ ᠠᠯᠤᠰᠯᠠᠭᠳᠠᠭᠰᠠᠨ , 1924 ᠣᠨ ᠳᠤ ᠬᠠᠨᠲᠠᠶᠢᠰᠢᠷᠢ ᠤᠤᠯ ᠤᠨ ᠠᠶᠢᠮᠠᠭ ᠢ ᠪᠠᠶᠢᠭᠤᠯᠵᠤ ᠵᠠᠰᠠᠭ ᠵᠠᠬᠢᠷᠭᠠᠨ ᠤ ᠨᠢᠭᠡᠴᠡ ᠨᠦᠭᠦᠳ ᠢ ᠰᠢᠨ᠎ᠡ ᠪᠡᠷ ᠵᠣᠬᠢᠶᠠᠨ ᠪᠠᠶᠢᠭᠤᠯᠬᠤ ᠳᠤ ᠲᠤᠰ ᠰᠤᠮᠤ ᠶᠢᠨ ᠨᠤᠲᠤᠭ ᠲᠤ ᠰᠡᠴᠡᠨ ᠰᠠᠷ᠎ᠠ ᠳᠤ-ᠤᠤᠯ᠂ ᠰᠢᠨ᠎ᠡ ᠬᠣᠰᠢᠭᠤᠨ ᠤ ᠬᠠᠷᠢᠶᠠᠨ ᠳᠤ ᠪᠠᠶᠢᠭᠰᠠᠨ ᠨᠤᠲᠤᠭ ᠤᠳ ᠲᠤ ᠪᠤᠭᠤ ᠳᠤ᠂ ᠴᠣᠭᠲᠤ-ᠠᠭᠤᠯᠠ᠂ ᠡᠷᠳᠡᠨᠢ-ᠠᠭᠤᠯᠠ᠂ ᠠᠶᠢᠷᠠᠭ ᠰᠤᠮᠤᠳ ᠢ ᠪᠠᠶᠢᠭᠤᠯᠵᠠᠢ᠃ 1931 ᠣᠨ ᠳᠤ ᠬᠢᠭᠰᠡᠨ ᠥᠭᠡᠷᠡᠴᠢᠯᠡᠯᠲᠡ ᠪᠡᠷ ᠴᠢᠩᠳᠠᠳᠤᠨ᠎ᠠ-ᠥᠯᠵᠡᠶᠢᠲᠦ(ᠣᠳᠣ ᠶᠢᠨ ᠡᠷᠳᠡᠨᠢᠬᠠᠶᠢᠷᠬᠠᠨ ᠢᠷᠠᠭᠤ) ᠰᠤᠮᠤ ᠶᠢ 13 ᠪᠠᠭ ᠲᠠᠢ ᠪᠠᠷ ᠪᠠᠶᠢᠭᠤᠯᠵᠤ , ᠲᠥᠪᠥᠶᠢᠰᠢ ᠨᠢ ᠤᠰᠤᠨ ᠵᠦᠢᠯ ᠳᠦ ᠰᠠᠭᠤᠷᠢᠰᠢᠭᠤᠯᠵᠠᠢ᠃ 1952 ᠣᠨ ᠳᠤ ᠡᠷᠳᠡᠨᠢᠬᠠᠶᠢᠷᠬᠠᠨ ᠰᠤᠮᠤ ᠶᠢ ᠴᠢᠨᠳᠠᠮᠠᠨ᠎ᠠ-ᠥᠯᠵᠡᠶᠢᠲᠦ ᠰᠤᠮᠤ ᠠᠴᠠ 6 ᠪᠠᠭ , ᠵᠠᠪᠬᠠᠨᠠᠮᠠᠨᠳᠠᠯ ᠰᠤᠮᠤ ᠠᠴᠠ 1 ᠪᠠᠭ ᠠᠪᠴᠤ ᠪᠠᠶᠢᠭᠤᠯᠤᠨ ᠡᠷᠳᠡᠨᠢᠬᠠᠶᠢᠷᠬᠠᠨ ᠭᠡᠳᠡᠭ ᠲᠣᠮᠣ ᠠᠶᠢᠯ ᠤᠨ ᠲᠤᠯᠭ᠎ᠠ ᠶᠢᠨ ᠴᠢᠯᠠᠭᠤ ᠶᠢ ᠲᠤᠯᠤᠨ ,ᠭᠠᠯ ᠭᠣᠯᠣᠮᠲᠠ ᠶᠢ ᠠᠰᠠᠭᠠᠵᠤ᠂ ᠰᠢᠨ᠎ᠡ ᠬᠥᠷᠦᠰ ᠰᠠᠭᠤᠷᠢᠨ ᠳᠡᠭᠡᠷ᠎ᠡ᠂ ᠰᠤᠮᠤ᠂ᠪᠠᠭ ,ᠪᠠᠶᠢᠭᠤᠯᠤᠯᠭ᠎ᠠ ᠨᠤᠭᠤᠳ ᠤᠨ ᠢᠶᠠᠨ ᠰᠢᠨᠡᠬᠡᠨ ᠤᠳᠤᠷᠢᠳᠤᠯᠭ᠎ᠠ ᠨᠤᠭᠤᠳ ᠲᠠᠢ ᠪᠠᠨ ᠬᠥᠭᠵᠢᠯ ᠳᠡᠪᠰᠢᠯ , ᠠᠮᠢᠳᠤᠷᠠᠯ ᠲᠡᠮᠡᠴᠡᠯ ᠦᠨ ᠬᠠᠷᠭᠤᠢ ᠵᠠᠮ ᠳᠤ ᠣᠷᠣᠭᠰᠠᠨ ᠲᠡᠦᠬᠡᠨ ᠵᠠᠮᠨᠠᠯ ᠲᠠᠢ ᠪᠥᠯᠦᠭᠡ᠃ ᠬᠣᠵᠢᠮ 1956 ᠣᠨ ᠳᠤ ᠲᠦᠳᠦᠪ ᠲᠡᠢ ᠰᠤᠮᠤ ᠠᠴᠠ ᠪᠡᠷᠬᠡ ᠶᠢᠨ 5 ᠍ ᠳᠦᠭᠡᠷ ᠪᠠᠭ ᠨᠡᠶᠢᠯᠡᠵᠡᠢ᠃ ᠡᠷᠳᠡᠨᠢᠬᠠᠶᠢᠷᠬᠠᠨ ᠰᠤᠮᠤ ᠪᠠᠷᠠᠭᠤᠨ ᠲᠠᠯ᠎ᠠ ᠪᠠᠷ ᠢᠶᠠᠨ ᠴᠡᠴᠡᠨ-ᠠᠭᠤᠯᠠ ᠰᠤᠮᠤ ᠲᠠᠢ 76.5 ᠺᠢᠯᠣᠮᠧᠲ᠋ᠷ , ᠬᠣᠶᠢᠳᠤ ᠲᠠᠯ᠎ᠠ ᠪᠠᠷ ᠢᠶᠠᠨ ᠲᠦᠳᠦᠪ ᠲᠡᠢ ᠰᠤᠮᠤ ᠲᠠᠢ 20 ᠺᠢᠯᠣᠮᠧᠲ᠋ᠷ , ᠵᠡᠭᠦᠨ ᠬᠣᠶᠢᠲᠤ ᠲᠠᠯ᠎ᠠ ᠪᠠᠷ ᠢᠶᠠᠨ ᠢᠷᠠᠭᠤ ᠰᠤᠮᠤ ᠲᠠᠢ 122 ᠺᠢᠯᠣᠮᠧᠲ᠋ᠷ᠂ ᠵᠡᠭᠦᠨ ᠡᠮᠦᠨ᠎ᠡ ᠲᠠᠯ᠎ᠠ ᠪᠠᠷ ᠢᠶᠠᠨ ᠠᠯᠳᠠᠷᠬᠠᠭᠠᠨ ᠰᠤᠮᠤ ᠲᠠᠢ 10 ᠺᠢᠯᠣᠮᠧᠲ᠋ᠷ᠂ ᠤᠷᠳᠤ ᠲᠠᠯ᠎ᠠ ᠪᠠᠷ ᠢᠶᠠᠨ ᠳᠥᠷᠪᠡᠯᠵᠢᠨ ᠰᠤᠮᠤ ᠲᠠᠢ 38 ᠺᠢᠯᠣᠮᠧᠲ᠋ᠷ ᠬᠢᠯᠢᠯᠡᠳᠡᠭ᠃ ᠨᠤᠲᠤᠭ ᠤᠨ ᠬᠣᠶᠢᠳᠤ ᠬᠡᠰᠡᠭ ᠢᠶᠡᠷ ᠪᠠᠭᠠᠨᠠᠭᠤᠷ ᠤᠨ ᠪᠡᠷᠬᠡ ,ᠲᠦᠳᠦᠪ ᠲᠡᠢ ᠠᠭᠤᠯᠠ ,ᠲᠣᠰᠤᠨ , ᠠᠭᠤᠵᠢᠮ ᠤᠨ ᠬᠢᠷ᠎ᠠ , ᠶᠡᠬᠡ ᠪᠢᠯᠢᠴᠢᠷ , ᠨᠠᠯᠠᠤ᠂ ᠮᠥᠰᠦᠨ , ᠬᠠᠷᠭᠠᠨ᠎ᠠ ᠶᠢᠨ ᠰᠠᠯᠠᠭ᠎ᠠ , ᠰᠡᠨᠵᠢᠲᠦ ᠶᠢᠨ ᠬᠢᠷᠠᠭᠤ ᠳᠤ , ᠳᠤᠮᠳᠠ ᠬᠡᠰᠡᠭ ᠢᠶᠡᠷ ᠲᠣᠪᠬᠣᠰᠢ , ᠪᠣᠷᠣ ᠬᠢᠷᠢ ᠶᠢᠨ ᠡᠯᠡᠰᠦᠨ ᠮᠠᠩᠬᠠᠨ , ᠴᠠᠭᠠᠨ ᠬᠠᠶᠢᠷᠬᠠᠨ , ᠠᠯᠲᠠᠨ , ᠠᠷᠤ ᠪᠠᠶᠠᠨ ᠠᠶᠢᠷᠠᠭ᠂ ᠬᠦᠢᠲᠡᠨ ᠨᠢᠷᠤᠭᠤ᠂ ᠵᠠᠯᠠᠭ᠎ᠠ ᠬᠠᠭᠤ ᠶᠢ ᠪᠠᠨ᠂ ᠡᠮᠦᠨᠡᠲᠦ ᠬᠡᠰᠡᠭ ᠢᠶᠡᠷ ᠢᠶᠡᠨ ᠤᠯᠠᠭᠠᠨᠰ ᠢᠶᠡᠷ᠂ ᠪᠠᠷᠠᠭᠤᠨ ᠵᠡᠭᠦᠨ ᠵᠣᠰᠣ᠂ ᠥᠪᠥᠷ ᠪᠠᠶᠠᠨ ᠠᠶᠢᠷᠠᠭ᠂ ᠴᠣᠭᠲᠤ ᠬᠠᠶᠢᠷᠬᠠᠨ ᠵᠡᠷᠭᠡ ᠠᠭᠤᠯᠠ ᠬᠢᠷ᠎ᠠ ᠴᠠᠷᠠᠮ ᠤᠳ᠂ ᠤᠯᠠᠭᠴᠢᠨ ᠤ ᠬᠠᠷ᠎ᠠ ᠨᠠᠭᠤᠷ᠂ ᠪᠠᠭ᠎ᠠ ᠨᠠᠭᠤᠷ᠂ ᠵᠢᠭᠠᠬᠠᠨ ᠨᠠᠭᠤᠷ᠂ ᠤᠷᠲᠤ ᠪᠤᠯᠠᠭ᠂ ᠰᠠᠯᠠᠭ᠎ᠠ᠂ ᠪᠠᠶᠠᠨᠵᠢᠷᠦᠬᠡ᠂ ᠥᠪᠥᠷ ᠤᠯᠠᠭᠴᠢᠨ᠂ ᠲᠡᠭᠡᠯᠢ᠂ ᠮᠥᠰᠦᠨ᠂ ᠪᠤᠷᠭᠠᠰᠤ ᠳᠤ᠂ ᠰᠢᠪᠠᠷ ᠲᠤ᠂ ᠮᠤᠬᠤᠷ ᠲᠤ᠂ ᠨᠠᠷᠢᠨ ᠭᠣᠣᠯ ᠤᠳ ᠪᠦᠬᠦᠢ ᠭᠣᠪᠢ ᠬᠠᠩᠭᠠᠢ ᠬᠣᠣᠰᠯᠠᠭᠰᠠᠨ ᠠᠭᠤᠳᠠᠮ᠂ ᠦᠵᠡᠰᠬᠦᠯᠡᠩ ᠲᠡᠭᠦᠯᠳᠡᠷ ᠨᠤᠲᠤᠭ ᠲᠠᠢ ᠪᠢᠯᠡ᠃ ᠰᠤᠮᠤ ᠶᠢᠨ ᠨᠤᠲᠤᠭ ᠤᠨ ᠠᠭᠤᠯᠠᠷᠬᠠᠭ ᠬᠡᠰᠡᠭ ᠢᠶᠡᠷ ᠬᠠᠷ᠎ᠠ ᠮᠣᠳᠣᠨ ᠣᠢ᠂ ᠪᠤᠷᠭᠠᠰᠤ᠂ ᠬᠠᠷᠭ᠎ᠠ ᠠᠴᠠ᠂ ᠮᠢᠭᠮᠠᠨᠰᠠᠩᠵ᠂ ᠸᠠᠨᠵᠢᠩᠭᠠᠷᠪᠣ᠂ ᠰᠡᠪᠡᠷᠡᠭᠡ᠂ ᠠᠯᠲᠠᠨ ᠭᠠᠩᠨᠠᠭᠤᠷ᠂ ᠲᠠᠪᠤᠨ ᠰᠠᠯᠠᠭ᠎ᠠ ᠳᠡᠭᠲᠦ᠂ ᠮᠠᠨᠴᠢᠨ ᠵᠡᠮᠪᠡ᠂ ᠥᠪᠳᠡᠯ᠂ ᠭᠣᠮᠪᠣ᠂ ᠵᠢᠷᠭᠣᠮᠪᠣ ᠵᠡᠷᠭᠡ ᠡᠮ ᠦᠨ ᠤᠷᠭᠤᠮᠠᠯ ᠤᠳ᠂ ᠦᠬᠡᠷ ᠦᠨ ᠨᠢᠳᠦ᠂ ᠤᠯᠠᠭᠠᠯᠠᠵᠠᠭᠠᠨ᠎ᠠ᠂ ᠲᠣᠰᠢᠯᠣᠢ᠂ ᠭᠡᠭᠦᠦᠨ ᠰᠠᠭᠠᠮ᠎ᠠ᠂ ᠮᠥᠭᠥ᠂ ᠨᠣᠬᠠᠢ ᠶᠢᠨ ᠬᠣᠰᠢᠭᠤ ᠵᠡᠷᠭᠡ ᠴᠡᠴᠡᠭ ᠵᠢᠮᠢᠰ ᠤᠷᠭᠤᠳᠠᠭ᠃ ᠮᠥᠨ ᠳᠡᠭᠡᠷ᠎ᠡ ᠦᠶᠡᠰ ᠤᠯᠠᠮᠵᠢᠯᠠᠨ ᠬᠡᠷᠡᠭᠯᠡᠵᠦ᠂ ᠴᠢᠨᠠᠷ ᠴᠢᠨᠰᠠᠭ᠎ᠠ ᠨᠢ ᠲᠠᠨᠢᠭᠳᠠᠵᠤ ᠰᠤᠳᠤᠷ ᠨᠣᠮᠣᠨ ᠳᠤ ᠲᠡᠮᠳᠡᠭᠯᠡᠭᠳᠡᠭᠰᠡᠨ ᠪᠠᠭᠠᠨᠠᠭᠤᠷ ᠤᠨ ᠰᠢᠩᠬᠤᠨ᠂ ᠵᠠᠮᠪᠠᠯᠠ ᠶᠢᠨ ᠮᠣᠳᠣᠨ ᠤ ᠵᠣᠳᠣᠭ᠂ ᠨᠠᠭᠤᠷᠮᠠᠭ ᠤᠨ ᠭᠢᠸᠠᠩ᠂ ᠮᠥᠰᠥᠩ ᠦᠨ ᠪᠤᠯᠠᠭ ᠤᠨ ᠵᠢᠭᠠᠩ᠂ ᠮᠤᠬᠤᠷ ᠲᠤ᠂ ᠨᠠᠷᠢᠨ ᠭᠣᠣᠯ ᠤᠨ ᠭᠣᠨᠢᠳ᠂ ᠣᠯᠠᠨ ᠲᠦᠷᠦᠭᠦᠨ ᠦ ᠳᠡᠭᠲᠦ ᠬᠤᠵᠢᠷ ᠶᠡᠬᠡ ᠬᠠᠶᠢᠷᠬᠠᠨ ᠤ ᠰᠡᠨᠳᠡᠷ᠎ᠡ᠂ ᠪᠠᠷᠤᠭᠰᠢᠭᠤᠨ᠂ ᠰᠢᠪᠠᠷ ᠲᠤ᠂ ᠨᠠᠷᠢᠨ ᠭᠣᠣᠯ ᠤᠨ ᠬᠠᠶᠠᠭ᠎ᠠ ᠶᠢᠨ ᠬᠤᠨᠴᠢᠷ ᠵᠡᠷᠭᠡ ᠬᠣᠪᠣᠷ ᠨᠠᠨᠳᠢᠨ ᠡᠮ ᠦᠨ ᠤᠷᠭᠤᠮᠠᠯ ᠤᠳ ᠡᠨᠡ ᠨᠤᠲᠤᠭ ᠲᠤ ᠤᠷᠭᠤᠳᠠᠭ᠃ ᠲᠡᠭᠦᠯᠢ ᠶᠢᠨ ᠵᠢᠭᠠᠬᠠᠨ ᠨᠠᠭᠤᠷ ᠤᠨ ᠷᠠᠰᠢᠶᠠᠨ᠂ ᠪᠠᠶᠠᠨᠵᠢᠷᠦᠬᠡ ᠶᠢᠨ ᠭᠣᠣᠯ ᠤᠨ ᠡᠬᠢᠨ ᠦ ᠵᠡᠭᠦᠨ ᠪᠤᠯᠠᠭ ᠤᠨ ᠷᠠᠰᠢᠶᠠᠨ ᠨᠤᠭᠤᠳ ᠬᠦᠮᠦᠨ ᠦ ᠬᠣᠳᠣᠭᠣᠳᠣ ᠭᠡᠳᠡᠰᠦ ᠳᠣᠲᠣᠷ᠂ ᠰᠢᠷ᠎ᠠ ᠪᠠᠷ ᠬᠥᠯᠯᠡᠭᠰᠡᠨ ᠡᠪᠡᠳᠴᠢᠨ ᠢ ᠢᠯᠠᠭᠠᠷᠢᠰᠢᠭᠤᠯᠬᠤ ᠳᠤ ᠪᠠᠨ ᠣᠨᠴᠠᠭᠠᠢ᠃ ᠰᠤᠮᠤ ᠶᠢᠨ ᠨᠤᠲᠤᠭ ᠲᠤ ᠠᠯᠲᠠ᠂ ᠣᠭᠶᠤ᠂ ᠵᠡᠰ᠂ ᠨᠣᠮᠢᠨ᠂ ᠤᠰᠤᠨ ᠪᠠ ᠤᠲᠤᠭᠠᠲᠤ ᠪᠣᠯᠣᠷ ᠵᠡᠷᠭᠡ ᠦᠨᠡᠲᠦ ᠡᠷᠳᠡᠨᠢᠰ᠂ ᠲᠡᠮᠦᠷ ᠦᠨ ᠬᠥᠳᠡᠷ ᠵᠠᠨᠠᠷ᠂ ᠭᠠᠨᠲᠢᠭ᠂ ᠴᠠᠬᠢᠭᠤᠷ᠂ ᠵᠣᠩᠰᠢ᠂ ᠱᠣᠬᠣᠢ ᠶᠢᠨ ᠴᠢᠯᠠᠭᠤ᠂ ᠲᠥᠷᠥᠯ ᠪᠦᠷᠢ ᠶᠢᠨ ᠥᠩᠭᠡ ᠶᠢᠨ ᠰᠢᠷᠤᠶᠢᠨ ᠪᠤᠳᠤᠭ ᠵᠡᠷᠭᠡ ᠡᠷᠦᠳᠡᠰᠦ ᠪᠠᠶᠠᠯᠢᠭ ᠲᠠᠢ᠃ ᠮᠠᠨ ᠤ ᠨᠤᠲᠤᠭ ᠤᠨ ᠬᠢᠨ ᠤ ᠰᠢᠲᠦᠭᠡᠨ ᠪᠣᠯᠤᠭᠰᠠᠨ ᠠᠯᠲᠠᠨᠤᠮᠠᠩᠵᠤᠰᠢᠷᠢ ᠭᠡᠵᠦ ᠨᠡᠷᠡᠯᠡᠳᠡᠭ ᠶᠡᠬᠡ ᠭᠣᠪᠢ ᠶᠢᠨ ᠰᠦᠷᠯᠢᠭ ᠠᠤᠯᠠᠯᠠᠰ ᠴᠣᠭᠲᠤ ᠬᠠᠶᠢᠷᠬᠠᠨ᠂ ᠴᠠᠭᠠᠨ ᠬᠠᠶᠢᠷᠬᠠᠨ᠂ ᠰᠡᠨᠵᠢᠲᠦ ᠴᠣᠬᠢᠶ᠎ᠠ᠂ ᠬᠠᠷᠭᠠᠨ᠎ᠠ ᠶᠢᠨ ᠮᠠᠨᠳᠤᠭ᠎ᠠ᠂ ᠲᠣᠪᠬᠣᠰᠢ᠂ ᠪᠡᠷᠬᠡ᠂ ᠠᠯᠲᠠᠨ ᠵᠡᠷᠭᠡ ᠠᠭᠤᠯᠠ ᠴᠠᠷᠠᠮ ᠤᠳ , ᠲᠣᠪᠬᠣᠰᠢ ᠶᠢᠨ ᠠᠷᠤ᠂ ᠪᠠᠭᠠᠨᠠᠭᠤᠷ ᠤᠨ ᠭᠠᠴᠠᠭ᠎ᠠ᠂ ᠶᠡᠬᠡ ᠪᠠᠭ᠎ᠠ ᠠᠪᠤᠭᠠᠰ᠂ ᠬᠥᠰᠢᠶ᠎ᠡ ᠳᠦ᠂ ᠬᠥᠯ ᠦᠨ ᠠᠮᠠ᠂ ᠲᠣᠰᠤᠨ᠂ ᠲᠡᠭᠦᠯᠢ ᠶᠢᠨ ᠬᠦᠮᠦᠨ ᠴᠢᠯᠠᠭᠤᠨ ᠬᠥᠰᠢᠶ᠎ᠡ ᠨᠦᠭᠦᠳ᠂ ᠤᠷᠲᠤ ᠪᠤᠯᠠᠭ , ᠳᠠᠭᠠᠨ ᠳᠡᠯ᠂ ᠪᠠᠭ᠎ᠠ ᠬᠥᠯ ᠦᠨ ᠰᠦᠭ ᠵᠢᠷᠤᠭ᠂ ᠠᠰᠬᠠᠲᠤ᠂ ᠠᠭᠤᠢ ᠳᠤ᠂ ᠰᠡᠨᠵᠢᠲᠦ ᠶᠢᠨ ᠭᠦᠨᠵᠡ ᠶᠢᠨ ᠵᠠᠮ᠂ ᠴᠣᠭᠲᠤ ᠬᠠᠶᠢᠷᠬᠠᠨ ᠤ ᠠᠭᠤᠢ ᠨᠤ ᠤᠳ᠂ ᠶᠡᠬᠡ᠂ ᠪᠠᠭ᠎ᠠ , ᠬᠠᠷ᠎ᠠ ᠨᠠᠭᠤᠷ᠂ ᠮᠤᠬᠤᠷ ᠲᠤ᠂ ᠨᠠᠷᠢᠨ ᠭᠣᠣᠯ ᠤᠨ ᠡᠬᠢ ᠵᠡᠷᠭᠡ ᠲᠡᠦᠬᠡ ᠳᠤᠷᠠᠰᠬᠠᠯᠲᠤ ᠪᠣᠯᠤᠨ ᠦᠵᠡᠰᠬᠦᠯᠡᠩᠲᠦ ᠭᠠᠵᠠᠷ ᠤᠳ ᠪᠠᠶᠢᠳᠠᠭ᠃ ᠮᠠᠨ ᠤ ᠨᠤᠲᠤᠭ ᠠᠷᠭᠠᠯᠢ᠂ ᠤᠭᠠᠯᠵᠠ᠂ ᠪᠤᠭᠤ ᠰᠣᠭᠣ ᠦᠨᠡᠭᠡ᠂ ᠴᠢᠨᠣ᠎ᠠ ᠪᠣᠷᠣ ᠭᠥᠷ ᠡᠴᠡ᠂ ᠴᠠᠭᠠᠨ ᠵᠡᠭᠡᠷ᠎ᠡ᠂ ᠶᠠᠩᠭᠢᠷ᠂ ᠨᠣᠬᠠᠢ ᠵᠢᠭᠡᠬᠡ᠂ ᠳᠣᠷᠣᠭᠣ᠂ ᠲᠠᠷᠪᠠᠭ᠎ᠠ ᠵᠤᠷᠠᠮ᠎ᠠ ᠪᠣᠯᠤᠨ ᠳᠡᠯᠡᠬᠡᠢ ᠳᠦ ᠬᠣᠪᠣᠷ᠂ ᠤᠯᠠᠭᠠᠨ ᠨᠣᠮ ᠳᠤ ᠣᠷᠣᠭᠰᠠᠨ ᠢᠷᠪᠢᠰ᠂ ᠰᠢᠯᠦᠭᠦᠰᠦ ᠵᠡᠷᠭᠡ ᠠᠨ ᠠᠮᠢᠲᠠᠨ ᠬᠤᠨ ᠭᠠᠯᠠᠭᠤ᠂ ᠲᠣᠭᠣᠷᠤᠤ ᠲᠣᠭᠣᠳᠠᠭ᠂ ᠶᠣᠰᠣ᠂ ᠬᠣᠶᠢᠯᠣᠭ , ᠲᠠᠰ᠂ ᠪᠦᠷᠭᠦᠳ᠂ ᠢᠲᠠᠭᠤ᠂ ᠬᠥᠲᠥᠭᠦᠦ᠂ ᠬᠥᠬᠡᠭᠡ᠂ ᠱᠣᠩᠬᠣᠷ᠂ ᠤᠬᠢᠯᠠ᠂ ᠰᠢᠷ᠎ᠠ ᠰᠢᠪᠠᠭᠤ ᠵᠡᠷᠭᠡ ᠵᠢᠭᠦᠷᠲᠡᠨ ᠡᠯᠪᠡᠭ ᠲᠣᠬᠢᠶᠠᠯᠳᠤᠨ᠎ᠠ᠃ ᠰᠠᠷᠲᠠᠭᠤᠯ ᠴᠡᠴᠡᠨ ᠸᠠᠩ ᠤᠨ ᠬᠣᠰᠢᠭᠤᠨ ᠳᠤ ᠪᠠᠨ ᠠᠴᠢᠲᠤ ᠯᠠᠮᠠ᠂ ᠪᠢᠯᠢᠭᠲᠦ ᠯᠠᠮᠠ ᠭᠡᠰᠡᠨ ᠬᠣᠶᠠᠷ ᠬᠤᠳᠳᠤᠭ ᠲᠤ ᠬ᠃ᠸᠠᠩᠳᠠᠨᠳᠣᠷᠵᠢ᠂ ᠪ᠃ᠳᠠᠰᠢᠳᠣᠷᠵᠢ᠂ ᠭᠠᠯᠤᠤᠲᠠᠢ ᠶᠢᠨ ᠬᠦᠷᠢᠶᠡᠨ ᠦ ᠬᠠᠩᠪᠤ ᠯᠠᠮᠠ ᠠᠭᠷᠠᠮᠪᠠ ᠳ᠃ᠨᠠᠷᠠᠨᠲᠤᠩᠭᠠᠯᠠᠭ᠂ ᠵᠢᠭᠡᠯᠢ᠂ ᠰ᠃ᠲᠡᠮᠦᠷ-ᠣᠴᠢᠷ , ᠲᠦᠮᠡᠨᠵᠢᠢ᠂ ᠰ᠃ᠢᠳᠠᠮ ᠢᠶᠠᠨ᠂ ᠰ᠃ᠭᠦᠷᠡᠰ ᠲᠦ ᠵᠡᠷᠭᠡ ᠪᠤᠷᠬᠠᠨ ᠱᠠᠰᠢᠨ ᠤ ᠭᠦᠨ ᠤᠬᠠᠭᠠᠨᠲᠠᠨ ᠮᠡᠷᠭᠡᠳ ᠦᠳ᠂ ᠲᠥᠷᠥ ᠨᠦᠭᠡᠮ ᠦᠨ ᠵᠢᠳᠬᠦᠯᠲᠡᠨ ᠴ᠃ᠳᠤᠭᠠᠷᠰᠦ᠋ᠷᠦᠩ᠂ ᠭ᠃ᠨᠢᠮ᠎ᠠ ᠳᠤ ᠪᠠᠨ , ᠡᠬᠡ ᠣᠷᠣᠨᠴᠢ ᠶᠣ᠃ᠲᠥᠷᠬᠡᠦ᠂ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ ᠨ᠃ᠭᠣᠣᠵᠢᠪᠠ᠂ ᠳ᠃ᠰᠡᠳᠦᠪᠠᠽᠠᠷ᠂ ᠤᠯᠤᠰ ᠠᠷᠠᠳ ᠤᠨ ᠠᠵᠤ ᠠᠬᠤᠢ , ᠰᠤᠶᠤᠯ , ᠡᠷᠡᠭᠦᠯ ᠢ ᠬᠠᠮᠠᠭᠠᠯᠠᠬᠤ ᠪᠠᠶᠢᠭᠤᠯᠤᠯᠭ᠎ᠠ ᠨᠤᠭᠤᠳ ᠤᠨ ᠰᠠᠯᠪᠤᠷᠢ ᠠᠴᠠ ᠲᠥᠷᠥᠨ ᠭᠠᠷᠤᠭᠰᠠᠨ ᠭᠠᠪᠢᠶᠠᠲᠤ ᠨᠤᠭᠤᠳ ᠳ᠃ᠱᠣᠭᠣᠪᠠᠢ , ᠨ᠃ᠳᠠᠰᠢ-ᠥᠯᠵᠡᠢ᠂ ᠯᠠ᠃ᠶᠤᠶᠢᠷᠠ᠂ ᠷ᠃ᠱᠠᠭᠳᠤᠷᠰᠦ᠋ᠷᠦᠩ᠂ ᠷ᠃ᠰᠤᠨᠳᠤᠶᠢᠵᠠᠪ᠂ ᠣ᠃ᠪᠠᠳᠮᠰᠡᠷᠡᠩ᠂ ᠤᠯᠤᠰ ᠤᠨ ᠨᠠᠴᠢᠨ ᠭ᠃ᠳᠠᠨᠢᠭᠠᠢ ᠮ᠃ᠰᠡᠳᠡᠬᠦ᠂ ᠮ᠃ᠳᠠᠷᠮᠠᠪᠠᠽᠠᠷ᠂ ᠡᠷᠳᠡᠮᠲᠡᠨ ᠳ᠃ᠭᠣᠲᠤᠪ ᠳ᠃ᠪᠠᠳᠮᠠᠳᠣᠷᠵᠢ ᠷ᠃ᠨᠠᠩᠰᠠᠯ , ᠳ᠃ᠵᠠᠮᠢᠶᠠᠨᠰᠦ᠋ᠷᠦᠩ᠂ ᠭ᠃ᠰᠦ᠋ᠷᠦᠩᠵᠢᠷᠭᠠᠯ ᠨ᠃ᠰᠠᠷᠠᠨᠲᠤᠶᠠᠭ᠎ᠠ᠂ ᠭ᠃ᠪᠠᠰᠠᠩᠵᠠᠪ ᠷ᠃ᠰᠤᠨᠳᠤᠶᠢᠵᠠᠪ᠂ ᠷ᠃ᠱᠠᠭᠳᠤᠷᠵᠠᠪ᠂ ᠪ᠃ᠭᠣᠮᠪᠣᠰᠦ᠋ᠷᠦᠩ᠂ ᠣ᠃ ᠪᠠᠳᠮᠰᠡᠷᠡᠩ᠂ ᠲ᠃ᠯᠣᠳᠤᠶᠢ᠂ ᠰ᠃ᠪᠦᠷᠢᠨᠵᠢᠷᠭᠠᠯ , ᠬ᠃ᠣᠳᠬᠣᠨᠪᠢᠯᠢᠭ᠂ ᠶᠠ᠃ᠸᠷᠣᠯᠢᠶᠠᠵᠤ᠂ ᠵ᠃ᠴᠡᠶᠢᠷᠡᠭᠵᠢᠨ ᠨᠠᠷ ᠤᠨ ᠠᠯᠳᠠᠷᠲᠠᠨ ᠨᠤᠭᠤᠳ ᠲᠥᠷᠥᠨ ᠭᠠᠷᠴᠠᠢ᠃ ᠡᠳ᠋ ᠍ ᠦᠨ ᠵᠠᠰᠠᠭ ᠤᠨ ᠭᠣᠣᠯ ᠦᠨᠳᠦᠰᠦ ᠨᠢ ᠲᠠᠪᠤᠨ ᠬᠣᠰᠢᠭᠤ ᠮᠠᠯ ᠶᠤᠮ᠃ ᠡᠷᠳᠡᠨᠢᠬᠠᠶᠢᠷᠬᠠᠨ ᠰᠤᠮᠤ ᠨᠢ 400 ᠭᠠᠷᠤᠢ ᠡᠷᠦᠬᠡ , 2000 ᠰᠢᠬᠠᠭᠠᠮ ᠬᠦᠮᠦᠨ ᠠᠮᠢᠲ ᠲᠠᠢ ,140 ᠭᠠᠷᠤᠢ ᠮᠢᠩᠭᠠᠨ ᠲᠣᠯᠣᠭᠠᠢ ᠮᠠᠯᠲᠠ ᠲᠠᠢ , 40 ᠍ ᠊ᠭᠡᠳ ᠮᠢᠩᠭᠠᠲᠤ ᠮᠠᠯᠴᠢᠨ ᠲᠠᠢ ᠨᠡᠶᠢᠲᠡ ᠰᠦᠷᠦᠭ ᠦᠨ 70 ᠬᠤᠪᠢ ᠨᠢ ᠬᠣᠨᠢᠨ ᠰᠦᠷᠦᠭ ᠶᠠᠭᠤᠮ᠎ᠠ᠃ ᠠᠷᠪᠢᠨ ᠶᠡᠬᠡ᠂ ᠰᠠᠶᠢᠨ᠂ ᠴᠢᠨᠠᠷ ᠤᠨ ᠨᠣᠣᠰᠣ ᠰᠠᠷᠲᠠᠭᠤᠯ ᠡᠭᠦᠯᠳᠡᠷ ᠦᠨ ᠬᠣᠨᠢᠨ ᠤ ᠭᠣᠣᠯ ᠴᠥᠮ᠎ᠡ ᠨᠢ ᠮᠠᠨ ᠤ ᠰᠤᠮᠤ ᠳᠤ ᠪᠠᠶᠢᠳᠠᠭ᠃ ᠡᠶᠢᠨᠬᠦᠦ ᠡᠷᠳᠡᠨᠢᠬᠠᠶᠢᠷᠬᠠᠨ ᠰᠤᠮᠤ ᠶᠢᠨ ᠨᠤᠲᠤᠭ ᠤᠨ ᠣᠨᠴᠠᠯᠢᠭ ᠪᠠᠶᠢᠳᠠᠯ᠂ ᠬᠦᠮᠦᠨ ᠵᠣᠨ ᠣᠯᠠᠨ , ᠦᠵᠡᠰᠬᠦᠯᠡᠩᠲᠦ ᠲᠣᠭᠲᠠᠴᠠ ᠪᠦᠬᠦᠢ ᠨᠤᠲᠤᠭ ᠤᠰᠤᠨ ᠤ ᠲᠤᠬᠠᠢ ᠲᠣᠪᠴᠢ ᠦᠭᠦᠯᠬᠦ ᠳᠦ ᠡᠶᠢᠮᠦ ᠠᠵᠤᠭᠤ᠃ ᠵᠠᠬ᠎ᠠ ᠵᠡᠭᠡᠯᠢ ᠶᠢᠨ ᠡᠳ᠋ ᠍ ᠦᠨ ᠵᠠᠰᠠᠭ ᠲᠦᠷᠭᠡᠨ ᠰᠢᠭᠤᠷᠬᠠᠢ ᠬᠥᠭᠵᠢᠵᠦ ᠪᠠᠶᠢᠭ᠎ᠠ ᠥᠨᠥ ᠦᠶ᠎ᠡ ᠳᠦ ᠡᠨᠡ ᠨᠤᠲᠤᠭ ᠤᠨ ᠪᠠᠶᠢᠭᠠᠯᠢ ᠶᠢᠨ ᠬᠣᠣᠰ ᠦᠭᠡᠢ ᠭᠣᠸ᠎ᠠ ᠦᠵᠡᠰᠬᠦᠯᠡᠩ ᠢ ᠠᠰᠢᠭᠯᠠᠨ ᠠᠶᠠᠯᠠᠯ ᠵᠢᠭᠤᠯᠴᠢᠯᠠᠯ ᠤᠨ ᠰᠠᠯᠪᠤᠷᠢ ᠶᠢ ᠠᠮᠵᠢᠯᠲᠠ ᠲᠠᠢ ᠬᠥᠭᠵᠢᠭᠦᠯᠬᠦ ᠪᠣᠯᠤᠮᠵᠢ ᠲᠠᠢ ᠶᠤᠮ᠃

ᠪᠢᠴᠢᠭᠡᠰᠦ