ᠡᠷᠳᠡᠨᠢᠪᠠᠭᠠᠲᠤᠷ ᠤᠨ ᠱᠠᠭᠳᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠷᠳᠡᠨᠢᠪᠠᠭᠠᠲᠤᠷ ᠤᠨ ᠱᠠᠭᠳᠤᠷ
ᠲᠥᠷᠦᠭᠰᠡᠨ ᠤᠨ 1915 ᠣᠨ
ᠲᠥᠷᠦᠭᠰᠡᠨ ᠭᠠᠵᠠᠷ ᠮᠣᠩᠭᠣᠯ ᠤᠯᠤᠰ ᠍ ᠤᠨ ᠳᠣᠷᠣᠨᠠᠲᠤ ᠠᠶᠢᠮᠠᠭ ᠤᠨ ᠪᠠᠶᠠᠨ᠋ᠲᠦᠮᠡᠨ ᠰᠤᠮᠤ
 ᠨᠠᠰᠤ ᠪᠠᠷᠠᠭᠰᠠᠨ 1978 ᠣᠨ ᠤ 11 ᠰᠠᠷ᠎ᠠ ᠶᠢᠨ 30
(63 ᠨᠠᠰᠤᠯᠠᠭᠰᠠᠨ)
ᠦᠨᠳᠦᠰᠦᠲᠡᠨ ᠮᠣᠩᠭᠣᠯ ᠦᠨᠳᠦᠰᠦᠲᠡᠨ
ᠢᠷᠭᠡᠨ Flag of Mongolia.svg ᠮᠣᠩᠭᠣᠯ
ᠠᠵᠢᠯ ᠪᠠᠭᠰᠢ

ᠡᠷᠳᠡᠨᠢᠪᠠᠭᠠᠲᠤᠷ ᠤᠨ ᠱᠠᠭᠳᠤᠷ - ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠥᠷᠥ ᠶᠢᠨ ᠱᠠᠩᠨᠠᠯᠲ᠂ ᠭᠠᠪᠢᠶᠠᠲᠤ ᠪᠠᠭᠰᠢ᠂ ᠵᠢᠮᠢᠰ᠂ ᠵᠢᠮᠢᠰᠬᠡᠨ᠎ᠡ ᠶᠢᠨ ᠠᠵᠤ ᠠᠬᠤᠢ ᠶᠢ ᠦᠨᠳᠦᠰᠦᠯᠡᠭᠴᠢ ᠶᠢᠨ ᠨᠢᠭᠡ᠂ ᠪᠢᠣᠯᠣᠭᠢ ᠶᠢᠨ ᠪᠠᠭᠰᠢ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

1926-1930 ᠣᠨ ᠳᠤ ᠪᠠᠭ᠎ᠠ ᠰᠤᠷᠭᠠᠭᠤᠯᠢ᠂
1931-1932 ᠣᠨ ᠳᠤ ᠤᠯᠠᠭᠠᠨᠪᠠᠭᠠᠲᠤᠷ ᠬᠣᠳᠠ ᠳᠤ ᠡᠪᠯᠡᠯ ᠦᠨ ᠢᠳᠡᠪᠬᠢᠲᠡᠨ ᠦ ᠳᠠᠮᠵᠢᠶ᠎ᠠ᠂
1934-1935 ᠣᠨ ᠳᠤ ᠨᠠᠮ᠂ ᠤᠯᠤᠰ ᠤᠨ ᠲᠥᠪ ᠰᠤᠷᠭᠠᠭᠤᠯᠢ᠂
1944-1947 ᠣᠨ ᠳᠤ ᠨᠠᠮ ᠤᠨ ᠰᠢᠨ᠎ᠡ ᠬᠦᠴᠦᠨ ᠦ ᠳᠡᠭᠡᠳᠦ ᠰᠤᠷᠭᠠᠭᠤᠯᠢ᠂
1947-1949 ᠣᠨ ᠳᠤ ᠤᠯᠤᠰ ᠤᠨ ᠪᠠᠭᠰᠢ ᠶᠢᠨ ᠳᠡᠭᠡᠳᠦ ᠰᠤᠷᠭᠠᠭᠤᠯᠢ ᠳᠦ ᠰᠤᠷᠤᠯᠴᠠᠵᠤ ᠲᠡᠭᠦᠰᠴᠡᠢ᠃ ᠪᠢᠣᠯᠣᠭᠢ ᠶᠢᠨ ᠪᠠᠭᠰᠢ ᠮᠡᠷᠭᠡᠵᠢᠯ ᠲᠡᠢ᠃
1930-1933 ᠣᠨ ᠳᠤ ᠪᠠᠶᠠᠨ᠋ᠲᠦᠮᠡᠨ /ᠴᠣᠶᠢᠪᠠᠯᠰᠠᠩ/ ᠍ ᠦ ᠬᠣᠷᠰᠢᠶᠠᠨ ᠤ ᠠᠩᠭᠢ ᠳᠤ ᠪᠢᠴᠢᠭᠡᠴᠢ᠂ ᠨᠠᠷᠢᠨ ᠪᠢᠴᠢᠭ ᠦᠨ ᠳᠠᠷᠤᠭ᠎ᠠ᠂ ᠣᠷᠣᠯᠠᠭᠴᠢ ᠳᠠᠷᠤᠭ᠎ᠠ᠂
1933-1934 ᠣᠨ ᠳᠤ ᠳᠣᠷᠣᠨᠠᠲᠤ ᠠᠶᠢᠮᠠᠭ ᠤᠨ ХЗЭ ᠍ ᠦᠨ ᠬᠣᠷᠢᠶᠠᠨ ᠳᠤ ᠬᠡᠯᠲᠡᠰ ᠦᠨ ᠡᠷᠬᠢᠯᠡᠭᠴᠢ᠂
1935-1941 ᠣᠨ ᠳᠤ ᠨᠠᠮ᠂ ᠤᠯᠤᠰ ᠤᠨ ᠲᠥᠪ ᠰᠤᠷᠭᠠᠭᠤᠯᠢ ᠳᠤ ᠪᠠᠭᠰᠢ᠂
1941-1944 ᠣᠨ ᠳᠤ ᠬᠤᠳᠠᠯᠳᠤᠭᠠᠨ ᠤ ᠲᠧᠭᠨᠢᠭᠺᠦ᠋ᠮ ᠳᠦ ᠪᠠᠭᠰᠢ᠂ ᠬᠢᠴᠢᠶᠡᠯ ᠦᠨ ᠡᠷᠬᠢᠯᠡᠭᠴᠢ᠂ ᠵᠠᠬᠢᠷᠤᠯ᠂
1947-1951 ᠣᠨ ᠳᠤ ᠨᠠᠮ ᠤᠨ ᠰᠢᠨ᠎ᠡ ᠬᠦᠴᠦᠨ ᠦ ᠳᠡᠭᠡᠳᠦ ᠰᠤᠷᠭᠠᠭᠤᠯᠢ ᠳᠤ ᠪᠠᠭᠰᠢ᠂
1952-1954 ᠣᠨ ᠳᠤ ᠮᠠᠯ ᠠᠵᠤ ᠠᠬᠤᠢ ᠶᠢᠨ ᠶᠠᠮᠤᠨ ᠤ ᠰᠣᠩᠭᠢᠨ᠎ᠠ ᠳᠠᠬᠢ ᠵᠢᠮᠢᠰᠦᠨ ᠦ ᠰᠠᠯᠪᠤᠷᠢ ᠶᠢᠨ ᠡᠷᠬᠢᠯᠡᠭᠴᠢ᠂
1954 ᠣᠨ ᠠᠴᠠ ᠬᠥᠳᠡᠭᠡ ᠠᠵᠤ ᠠᠬᠤᠢ ᠶᠢᠨ ᠶᠠᠮᠤ᠂ ᠰᠢᠨᠵᠢᠯᠡᠬᠦ ᠤᠬᠠᠭᠠᠨ ᠤ ᠠᠺᠠᠳᠧᠮᠢ ᠶᠢᠨ ᠬᠠᠷᠢᠶ᠎ᠠ ᠱᠠᠮᠠᠷ ᠳ᠋ᠠᠬᠢ ᠵᠢᠮᠢᠰ᠂ ᠵᠢᠮᠢᠰᠬᠡᠨ᠎ᠡ ᠶᠢᠨ ᠡᠷᠳᠡᠮ ᠰᠢᠨᠵᠢᠯᠡᠭᠡᠨ ᠦ ᠲᠥᠪ ᠰᠲ᠋ᠠᠨᠼᠢ ᠶᠢᠨ ᠳᠠᠷᠤᠭ᠎ᠠ᠂ ᠡᠷᠳᠡᠮ ᠰᠢᠯᠵᠢᠯᠡᠭᠡᠨ ᠦ ᠵᠥᠪᠯᠡᠬᠦ ᠠᠵᠢᠯᠲᠠᠨ ᠢᠶᠠᠷ ᠨᠠᠰᠤ ᠡᠴᠦᠰᠯᠡᠲᠡᠯ᠎ᠡ ᠪᠡᠨ ᠠᠵᠢᠯᠯᠠᠵᠠᠢ᠃

1940 ᠍ ᠊ᠭᠡᠳ ᠣᠨ ᠤ ᠰᠡᠭᠦᠯᠴᠢ ᠡᠴᠡ ᠵᠢᠮᠢᠰ᠂ ᠵᠢᠮᠢᠰᠬᠡᠨ᠎ᠡ ᠲᠠᠷᠢᠶᠠᠯᠠᠬᠤ ᠲᠠᠯ᠎ᠠ ᠪᠠᠷ ᠰᠣᠨᠢᠷᠬᠠᠨ ᠰᠤᠳᠤᠯᠵᠤ᠂ ᠬᠡᠪᠯᠡᠯ ᠳᠦ ᠰᠤᠷᠲᠠᠯᠴᠢᠯᠠᠭᠠᠨ ᠤ ᠦᠭᠦᠯᠡᠯ ᠪᠢᠴᠢᠵᠦ ᠪᠠᠶᠢᠭᠠᠳ ᠰᠡᠯᠡᠩᠭᠡ ᠠᠶᠢᠮᠠᠭ ᠤᠨ ᠱᠠᠮᠠᠷ ᠨᠤᠲᠤᠭ ᠢ ᠰᠣᠩᠭᠣᠵᠤ 1954 ᠣᠨ ᠠᠴᠠ ᠲᠠᠷᠢᠶᠠᠯᠠᠬᠤ ᠠᠵᠢᠯ ᠳᠤ ᠥᠪᠡᠷ ᠢᠶᠡᠨ ᠭᠠᠷᠳᠠᠨ ᠣᠷᠣᠯᠴᠠᠵᠤ᠂ ᠤᠳᠤᠷᠢᠳᠤᠨ ᠵᠣᠬᠢᠶᠠᠨ ᠪᠠᠶᠢᠭᠤᠯᠵᠤ᠂ ᠤᠯᠠᠮ ᠢᠶᠠᠷ ᠵᠥᠭᠡᠶᠢᠨ ᠦ ᠠᠵᠤ ᠠᠬᠤᠢ ᠲᠠᠢ ᠬᠣᠣᠰᠯᠠᠨ ᠡᠷᠬᠢᠯᠡᠬᠦ ᠪᠣᠯᠭᠠᠵᠤ ᠥᠷᠭᠡᠵᠢᠭᠦᠯᠦᠭᠰᠡᠨ᠂ ᠮᠣᠩᠭᠣᠯ ᠳᠤ ᠵᠢᠮᠢᠰ᠂ ᠵᠢᠮᠢᠰᠬᠡᠨ᠎ᠡ ᠶᠢᠨ ᠠᠵᠤ ᠠᠬᠤᠢ ᠶᠢ ᠦᠨᠳᠦᠰᠦᠯᠡᠭᠴᠢ ᠶᠢᠨ ᠨᠢᠭᠡ ᠪᠠᠶᠢᠴᠠᠢ᠃

ᠠᠬᠠᠮᠠᠳ ᠪᠠᠭᠰᠢ᠂ ᠬᠥᠳᠡᠭᠡ ᠠᠵᠤ ᠠᠬᠤᠢ ᠶᠢᠨ ᠰᠢᠨᠵᠢᠯᠡᠬᠦ ᠤᠬᠠᠭᠠᠨ᠂ ᠦᠢᠯᠡᠳᠪᠦᠷᠢᠯᠡᠯ ᠦᠨ ᠨᠡᠷᠡᠲᠦ ᠵᠢᠳᠬᠦᠯᠲᠡᠨ ᠡᠨᠡ ᠬᠦᠮᠦᠨ ᠮᠣᠩᠭᠣᠯ ᠠᠷᠠᠳ ᠤᠨ ᠬᠤᠪᠢᠰᠬᠠᠯᠲᠤ ᠨᠠᠮ ᠤᠨ XIII, XIV ᠪᠣᠯᠤᠨ ᠮᠣᠩᠭᠣᠯ ᠤᠨ ᠦᠢᠯᠡᠳᠪᠦᠷᠢᠴᠢᠨ ᠦ ᠡᠪᠯᠡᠯ ᠤᠨ ᠶᠡᠬᠡ ᠬᠤᠷᠠᠯ ᠳᠤ ᠲᠥᠯᠦᠭᠡᠯᠡᠭᠴᠢ ᠪᠡᠷ ᠣᠷᠣᠯᠴᠠᠵᠤ᠂ ᠮᠣᠩᠭᠣᠯ ᠤᠨ ᠦᠢᠯᠡᠳᠪᠦᠷᠢᠴᠢᠨ ᠦ ᠡᠪᠯᠡᠯ ᠤᠨ ᠲᠥᠪ ᠵᠥᠪᠯᠡᠯ ᠦᠨ ᠭᠡᠰᠢᠭᠦᠨ ᠢᠶᠡᠷ ᠰᠣᠩᠭᠣᠭᠳᠠᠵᠤ ᠪᠠᠶᠢᠴᠠᠢ᠃

ᠭᠠᠪᠢᠶ᠎ᠠ ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠭᠠᠪᠢᠶᠠᠲᠤ ᠪᠠᠭᠰᠢ /1951-10-17. №86/
  • ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠥᠷᠥ ᠶᠢᠨ ᠱᠠᠩᠨᠠᠯ /1964/ - ᠮᠣᠩᠭᠣᠯ ᠳᠤ ᠵᠢᠮᠢᠰ᠂ ᠵᠢᠮᠢᠰᠬᠡᠨ᠎ᠡ ᠶᠢᠨ ᠠᠵᠤ ᠠᠬᠤᠢ ᠶᠢ ᠦᠨᠳᠦᠰᠦᠯᠡᠯᠴᠡᠭᠰᠡᠨ ᠦ ᠲᠥᠯᠥᠭᠡ᠃
  • ᠬᠥᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠣᠳᠣᠨ᠂
  • ᠠᠯᠲᠠᠨ ᠭᠠᠳᠠᠰᠤ ᠣᠳᠣᠨ ᠪᠣᠯᠤᠨ ᠪᠤᠰᠤᠳ ᠮᠧᠳᠠᠯ ᠤᠳ ᠢᠶᠠᠷ ᠱᠠᠩᠨᠠᠭᠳᠠᠵᠠᠢ᠃

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

www.gaviyat.pms.mnᠡ ᠡᠴᠡ ᠠᠪᠤᠪᠠ᠃

ᠪᠢᠴᠢᠭᠡᠰᠦ