ᠡᠷᠲᠡᠨ ᠦ ᠭᠷᠧᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠷᠲᠡᠨ ᠦ ᠭᠷᠧᠺ ᠦᠨ ᠭᠣᠣᠯᠯᠠᠬᠤ ᠤᠯᠤᠰ ᠤᠳ᠃ ᠫᠲ᠋ᠣᠯᠧᠮᠧᠢ ᠶᠢᠨ ᠬᠠᠭᠠᠨᠲᠤ ᠤᠯᠤᠰ (ᠬᠠᠷ᠎ᠠ ᠬᠥᠬᠡ)᠂ ᠰᠧᠯᠧᠸᠬᠢᠳ ᠦᠨ ᠡᠵᠡᠨᠲᠦ ᠤᠯᠤᠰ (ᠰᠢᠷ᠎ᠠ)᠂ ᠮᠠᠺᠧᠳᠠᠨ (ᠨᠣᠭᠣᠭᠠᠨ) ᠪᠠ ᠡᠫᠢᠷ (ᠶᠠᠭᠠᠨ)᠃

ᠡᠷᠲᠡᠨ ᠦ ᠭᠷᠧᠺ ᠤᠨ ᠰᠤᠶᠤᠯ ᠢᠷᠭᠡᠨᠰᠢᠯ ᠨᠢ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 4 ᠳ᠋ᠠᠬᠢ ᠮᠢᠩᠭᠠᠨ ᠵᠢᠯ ᠡᠴᠡ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ I ᠵᠠᠭᠤᠨ ᠬᠦᠷᠲᠡᠯ᠎ᠡ ᠭᠠᠵᠠᠷ ᠤᠨ ᠳᠤᠮᠳᠠᠳᠤ ᠲᠡᠩᠭᠢᠰ ᠤᠨ ᠣᠷᠴᠢᠮ ᠳᠤ ᠴᠡᠴᠡᠭᠯᠡᠨ ᠬᠥᠭᠵᠢᠵᠦ ᠪᠠᠶᠢᠭᠰᠠᠨ ᠰᠤᠶᠤᠯ ᠶᠤᠮ᠃ ᠡᠨᠡ ᠰᠤᠶᠤᠯ ᠢᠷᠭᠡᠨᠰᠢᠯ ᠨᠢ ᠳᠡᠯᠡᠬᠡᠢ ᠳᠠᠬᠢᠨ ᠳᠤ ᠰᠢᠨᠵᠢᠯᠡᠬᠦ ᠤᠬᠠᠭᠠᠨ᠂ ᠹᠢᠯᠣᠰᠣᠹᠢ᠂ ᠵᠠᠰᠠᠭᠯᠠᠯ᠂ ᠤᠷᠠᠯᠢᠭ᠂ ᠪᠠᠷᠢᠯᠭ᠎ ᠠ ᠪᠡᠷ ᠢᠶᠠᠨ ᠮᠠᠰᠢ ᠠᠯᠳᠠᠷᠲᠠᠢ ᠪᠢᠯᠡ᠃ ᠡᠷᠲᠡᠨ ᠦ ᠭᠷᠧᠺ ᠲᠦ ᠭᠷᠧᠺ ᠬᠡᠯᠡ ᠪᠡᠷ ᠶᠠᠷᠢᠭᠰᠠᠳ ᠠᠴᠠ ᠭᠠᠳᠠᠨ᠎ᠠ ᠵᠠᠩ ᠵᠠᠩᠰᠢᠯ᠂ ᠱᠠᠰᠢᠨ ᠰᠢᠲᠦᠯᠭᠡ᠂ ᠠᠮᠢᠳᠤᠷᠠᠯ᠂ ᠵᠠᠰᠠᠭᠯᠠᠯ ᠤᠨ ᠬᠡᠯᠪᠡᠷᠢ ᠨᠢ ᠢᠵᠢᠯ ᠭᠠᠵᠠᠷ ᠤᠨ ᠳᠤᠮᠳᠠᠳᠤ ᠲᠡᠩᠭᠢᠰ ᠦᠨ ᠡᠷᠭᠢ ᠣᠷᠴᠢᠮ ᠤᠨ ᠬᠦᠮᠦᠰ ᠢ ᠣᠷᠣᠭᠤᠯᠤᠨ ᠠᠪᠴᠤ ᠦᠵᠡᠳᠡᠭ᠃ ᠡᠷᠲᠡᠨ ᠦ ᠭᠷᠧᠺ ᠦᠨ ᠬᠠᠮᠤᠭ ᠤᠨ ᠠᠯᠳᠠᠷᠲᠠᠢ ᠦᠶ᠎ᠡ ᠨᠢ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 480-323ᠤᠨ ᠬᠦᠷᠲᠡᠯᠡᠬᠢ ᠬᠤᠭᠤᠴᠠᠭ᠎ᠠ ᠶᠢ ᠬᠠᠮᠤᠷᠬᠤ ᠰᠣᠩᠭᠣᠳᠠᠭ ᠡᠷᠢᠨ ᠪᠥᠭᠡᠳ ᠭᠷᠧᠺᠴᠦᠳ ᠬᠥᠭᠵᠢᠯ ᠳᠡᠪᠰᠢᠯ ᠦᠨ ᠢᠶᠡᠨ ᠣᠷᠭᠢᠯ ᠳᠤ ᠬᠦᠷᠴᠦ᠂ ᠭᠠᠶᠢᠬᠠᠯᠲᠠᠢ ᠤᠷᠠᠯᠢᠭ ᠤᠨ ᠪᠦᠲᠦᠭᠡᠯ ᠦᠳ ᠢ ᠦᠢᠯᠡᠳᠴᠦ ᠦᠯᠡᠳᠡᠭᠡᠭᠰᠡᠨ ᠪᠢᠯᠡ᠃ ᠡᠨᠡ ᠦᠶ᠎ᠡ ᠳᠦ ᠭᠷᠧᠺ ᠦᠳ ᠶᠡᠬᠡᠪᠴᠢᠯᠡᠨ ᠶᠠᠮᠠᠷ ᠨᠢᠭᠡᠨ ᠬᠠᠭᠠᠨ ᠶᠢᠡᠷ ᠤᠳᠤᠷᠢᠳᠤᠭᠤᠯᠤᠭᠳᠠᠭ᠎ ᠠ ᠦᠭᠡᠢ ᠪᠠᠶᠢᠪᠠ᠃ ᠲᠡᠳᠡ ᠥᠪᠡᠷ ᠢᠶᠡᠨ ᠤᠳᠤᠷᠢᠳᠬᠤ ᠶᠣᠰᠣ ᠶᠢ ᠡᠷᠬᠢᠮᠯᠡᠨ ᠭᠷᠧᠺ ᠦᠨ ᠬᠣᠲᠠ ᠤᠯᠤᠰ ᠤᠳ ᠤᠨ ᠬᠣᠯᠪᠣᠭ᠎ᠠ ᠶᠢ ᠪᠤᠢ ᠪᠣᠯᠭᠠᠨ ᠣᠷᠣᠰᠢᠵᠤ ᠪᠠᠶᠢᠭᠰᠠᠨ ᠶᠤᠮ᠃ ᠪᠠᠰᠠ ᠱᠠᠰᠢᠨ ᠰᠢᠲᠦᠯᠭᠡ᠂ ᠬᠡᠯᠡ ᠰᠤᠶᠤᠯ᠂ ᠤᠷᠠᠯᠢᠭ᠂ ᠠᠬᠤᠢ ᠢᠵᠢᠯ ᠭᠷᠧᠺ ᠦᠨ ᠬᠣᠲᠠ ᠨᠤᠭᠤᠳ ᠣᠯᠢᠮᠫᠢᠺ ᠤᠨ ᠨᠠᠭᠠᠳᠤᠮ ᠢ ᠠᠩᠬ᠎ᠠ ᠵᠣᠬᠢᠶᠠᠨ ᠪᠠᠶᠢᠭᠤᠯᠤᠭᠰᠠᠨ ᠶᠤᠮ᠃  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 146ᠤᠨ ᠳᠤ ᠭᠷᠧᠺ ᠦᠨ ᠬᠣᠲᠠ ᠤᠯᠤᠰ ᠤᠳ ᠷᠤᠮᠠ ᠤᠨ ᠲᠦᠷᠢᠮᠡᠭᠡᠶᠢᠯᠡᠯ ᠳᠦ ᠡᠪᠦᠳᠦᠭ ᠰᠥᠬᠦᠷᠡᠭᠰᠡᠨ ᠴᠤ ᠨᠡᠶᠢᠲᠡ ᠶᠢᠨ ᠤᠨ ᠲᠤᠭᠠᠯᠠᠯ ᠤᠨ ᠳᠦᠷᠪᠡᠳᠦᠭᠡᠷ ᠵᠠᠭᠤᠨ ᠤ ᠦᠶ᠎ᠡ ᠳᠦ ᠲᠡᠳᠡᠨ ᠦ ᠬᠠᠷᠢᠶᠠᠨ ᠠᠴᠠ ᠭᠠᠷᠴᠤ ᠸᠢᠽᠠᠨᠲ᠋ᠢ ᠍ ᠶᠢᠨ ᠡᠵᠡᠨᠲᠦ ᠤᠯᠤᠰ ᠤᠨ ᠮᠡᠳᠡᠯ ᠳᠦ ᠣᠷᠣᠵᠠᠢ᠃ ᠣᠳᠲᠠᠮᠠᠨ ᠤ ᠲᠦᠷᠦᠭ ᠦᠳ 1453ᠤᠨ ᠳᠤ ᠸᠢᠽᠠᠨᠲ ᠢ ᠲᠦᠯᠬᠢᠨ ᠤᠨᠠᠭᠠᠭᠰᠠᠨ ᠪᠢᠯᠡ᠃ ᠤᠷᠲᠤ ᠤᠳᠠᠭᠠᠨ ᠬᠤᠭᠤᠴᠠᠭᠠᠨ ᠤ ᠲᠤᠷᠰᠢ ᠣᠷᠣᠰᠢᠨ ᠲᠣᠭᠲᠠᠨᠢᠭᠰᠠᠨ ᠡᠷᠲᠡᠨ ᠦ ᠭᠷᠧᠺ ᠦᠨ ᠤᠯᠤᠰ ᠲᠥᠷᠥ᠂ ᠡᠳ᠋ ᠍ ᠦᠨ ᠵᠠᠰᠠᠭ ᠤᠨ ᠨᠣᠶᠠᠷᠬᠠᠬᠤ ᠪᠠᠶᠢᠳᠠᠯ ᠨᠢ ᠥᠪᠡᠷ ᠦᠨ ᠥᠨᠳᠥᠷ ᠬᠥᠭᠵᠢᠯᠲᠡᠢ ᠰᠤᠶᠤᠯ ᠢᠷᠭᠡᠨᠰᠢᠯ ᠢ ᠪᠤᠢ ᠪᠣᠯᠭᠠᠭᠰᠠᠨ ᠪᠥᠭᠡᠳ ᠭᠦᠨ ᠤᠬᠠᠭᠠᠨ᠂ ᠪᠢᠴᠢᠭ ᠰᠤᠶᠤᠯ᠂ ᠵᠦᠴᠦᠭᠡ ᠶᠢᠨ ᠤᠷᠠᠯᠢᠭ ᠨᠢ ᠷᠣᠮᠠᠴᠤᠳ᠂ ᠳᠤᠮᠳᠠᠳᠤ ᠵᠠᠭᠤᠨ ᠤ ᠠᠷᠠᠪ ᠤᠳ᠂ ᠰᠡᠷᠭᠦᠨ ᠮᠠᠨᠳᠤᠯᠲᠠ ᠶᠢᠨ ᠦᠶ᠎ᠡ ᠶᠢᠨ ᠧᠦ᠋ᠷᠣᠫᠠ ᠳᠠᠶᠠᠭᠠᠷ ᠭᠦᠨᠵᠡᠭᠡᠢ ᠨᠥᠯᠥᠭᠡ ᠦᠵᠡᠭᠦᠯᠦᠭᠰᠡᠭᠡᠷ ᠪᠠᠶᠢᠭᠰᠠᠨ ᠪᠢᠯᠡ᠃ ᠡᠷᠲᠡᠨ ᠦ ᠭᠷᠧᠺ ᠦᠨ ᠹᠢᠯᠣᠰᠣᠹᠢᠴᠤᠳ ᠤᠨ ᠦᠵᠡᠯ ᠰᠠᠨᠠᠭᠠᠨ ᠤ ᠦᠨ᠎ᠡ ᠴᠡᠨ᠎ᠡ ᠣᠳᠣ ᠬᠦᠷᠲᠡᠯ᠎ᠡ ᠵᠦᠢᠷᠯᠡᠰᠢ ᠦᠭᠡᠢ ᠦᠨ᠎ᠡ ᠴᠡᠨ᠎ ᠠ ᠶᠢ ᠠᠭᠤᠯᠠᠭᠰᠠᠭᠠᠷ ᠪᠠᠶᠢᠳᠠᠭ ᠪᠠ ᠤᠷᠠᠨ ᠪᠠᠷᠢᠯᠭ᠎ᠠ ᠶᠢᠨ ᠡᠳ᠋ ᠬᠡᠰᠡᠭ ᠦᠳ ᠨᠢ ᠥᠨᠥ ᠶᠢᠨ ᠪᠠᠷᠢᠯᠭ᠎ᠠ ᠪᠠᠶᠢᠭᠤᠯᠤᠮᠵᠢ ᠨᠤᠭᠤᠳ ᠲᠤ ᠴᠤ ᠲᠤᠰᠬᠠᠯ ᠢᠶᠠᠨ ᠣᠯᠤᠭᠰᠠᠨ ᠪᠠᠶᠢᠳᠠᠭ᠃ ᠣᠷᠴᠢᠨ ᠴᠠᠭ ᠤᠨ ᠠᠷᠠᠳᠴᠢᠯᠠᠯ ᠤᠨ ᠦᠨᠳᠦᠰᠦ ᠰᠠᠭᠤᠷᠢ ᠶᠢ ᠠᠩᠬ᠎ᠠ ᠡᠷᠲᠡᠨ ᠦ ᠭᠷᠧᠺ ᠦᠳ ᠲᠠᠯᠪᠢᠭᠰᠠᠨ ᠪᠢᠯᠡ᠃ ᠴᠤᠬᠤᠮ ᠳᠠᠭᠠᠨ ᠥᠷᠥᠨ᠎ᠡ ᠶᠢᠨ ᠰᠤᠶᠤᠯ ᠢᠷᠭᠡᠰᠢᠯ ᠦᠨ ᠥᠯᠥᠭᠡᠢ ᠨᠤᠲᠤᠭ᠂ ᠡᠬᠡ ᠪᠤᠯᠠᠭ ᠨᠢ ᠡᠷᠲᠡᠨ ᠦ ᠬᠦᠴᠦᠷᠬᠡᠭ ᠹᠢᠨᠢᠺᠶᠸᠵᠠᠫᠲᠪᠠᠪᠢᠯᠤᠨ ᠤᠯᠤᠰ ᠤᠳ ᠪᠤᠰᠤ ᠡᠷᠲᠡᠨ ᠦ ᠭᠷᠧᠺ ᠬᠡᠮᠡᠨ ᠬᠦᠯᠢᠶᠡᠨ ᠵᠥᠪᠰᠢᠶᠡᠷᠡᠳᠡᠭ ᠪᠢᠯᠡ᠃

ᠭᠠᠷᠴᠠᠭ

ᠡᠷᠲᠡᠨ ᠦ ᠭᠷᠧᠺ ᠦᠨ ᠭᠠᠵᠠᠷ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡᠬᠦ ᠰᠤᠶᠤᠯ ᠢᠷᠭᠡᠨᠰᠢᠯ ᠨᠢ ᠪᠠᠯᠺᠠᠨ ᠤ ᠬᠣᠶᠢᠭ ᠲᠤ ᠲᠥᠪᠯᠡᠷᠡᠨ ᠵᠡᠭᠦᠨ ᠪᠣᠯᠤᠨ ᠡᠮᠦᠨᠡᠲᠦ ᠢᠲ᠋ᠠᠯᠢ ᠍ ᠶᠢᠨ ᠨᠤᠲᠤᠭ᠂ ᠭᠠᠵᠠᠷ ᠤᠨ ᠳᠤᠮᠳᠠᠳᠤ ᠲᠡᠩᠭᠢᠰ ᠤᠨ ᠠᠷᠠᠯ ᠤᠳ᠂ ᠪᠠᠷᠠᠭᠤᠨ ᠠᠽᠢᠶ᠎ᠠ᠂ ᠣᠶᠢᠷᠠᠬᠢ ᠳᠣᠷᠣᠨᠠᠲᠤ᠂ ᠤᠮᠠᠷᠠᠳᠤ ᠠᠹᠷᠢᠺᠠ ᠶᠢᠨ ᠡᠷᠭᠢ ᠳᠦ ᠥᠪᠡᠷ ᠦᠨ ᠨᠥᠯᠥᠭᠡ ᠪᠡᠨ ᠲᠣᠭᠲᠠᠭᠠᠵᠤ ᠪᠠᠶᠢᠭᠰᠠᠨ ᠠᠵᠢ᠃

ᠡᠬᠢᠨ ᠦᠶ᠎ᠡ ᠶᠢᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠢᠨᠣᠢ ᠶᠢᠨ ᠦᠶ᠎ᠡ (ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 2200 -1400 ᠤᠨ )[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠨᠣᠰ ᠤᠨ ᠣᠷᠳᠣᠨ᠃ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ1700 ᠤᠨ ᠤ ᠣᠷᠴᠢᠮ ᠪᠠᠶᠢᠭᠤᠯᠤᠭᠳᠠᠵᠠᠢ᠃ ᠤᠭ ᠣᠷᠳᠣᠨ ᠨᠢ ᠮᠢᠨᠦᠢᠴᠤᠳ ᠤᠨ ᠭᠡᠨᠡᠳᠲᠡ ᠶᠢᠨ ᠰᠦᠢᠷᠡᠯ ᠦᠨ ᠭᠡᠷᠡᠴᠢ ᠪᠣᠯᠳᠠᠭ ᠪᠢᠯᠡ᠃
 ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 6000 ᠤᠨ ᠤ ᠣᠷᠴᠢᠮ ᠳᠤ ᠵᠢᠭᠠᠰᠤ᠂ ᠳᠠᠯᠠᠢ ᠶᠢᠨ ᠠᠮᠢᠲᠠᠳ ᠢᠶᠠᠷ ᠡᠯᠪᠡᠭ ᠡᠭᠧᠢ ᠶᠢᠨ ᠲᠡᠩᠭᠢᠰ ᠲᠤ ᠤᠷᠤᠰᠢᠬᠤ ᠲᠠᠷᠢᠶᠠᠯᠠᠩ ᠡᠷᠬᠢᠯᠡᠬᠦ ᠳᠦ ᠨᠡᠩ ᠲᠣᠬᠢᠷᠠᠮᠵᠢᠲᠠᠢ᠂ ᠤᠰᠤᠨ ᠲᠡᠭᠡᠭᠡᠪᠦᠷᠢ ᠶᠢᠨ ᠴᠢᠬᠤᠯᠠ ᠵᠠᠩᠭᠢᠯᠠᠭ᠎ᠠ ᠺᠷᠢᠳ᠋ ᠬᠡᠮᠡᠬᠦ ᠠᠷᠠᠯ ᠳᠡᠭᠡᠷ᠎ᠡ ᠪᠠᠭ᠎ᠠ ᠠᠽᠢᠶ᠎ᠠ ᠠᠴᠠ ᠬᠦᠮᠦᠰ ᠢᠷᠡᠵᠦ ᠰᠠᠭᠤᠷᠢᠭᠰᠠᠨ ᠨᠢ ᠮᠢᠨᠣᠢ ᠶᠢᠨ ᠰᠤᠶᠤᠯ ᠤᠨ ᠡᠬᠢᠯᠡᠯ ᠢ ᠲᠠᠯᠪᠢᠵᠠᠢ᠃ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 2200 ᠵᠢᠯ ᠦᠨ ᠦᠶ᠎ᠡ ᠳᠦ ᠬᠠᠭᠠᠨᠲᠤ ᠤᠯᠤᠰ ᠤᠨ ᠬᠡᠯᠪᠡᠷᠢ ᠶᠢ ᠣᠯᠵᠠᠢ᠃ ᠳᠣᠮᠣᠭ ᠲᠤ ᠦᠭᠦᠯᠡᠭᠰᠡᠨ ᠢᠶᠡᠷ ᠮᠢᠨᠦᠢ ᠭᠡᠳᠡᠭ ᠨᠢ ᠺᠷᠢᠳ᠋ ᠠᠷᠠᠯ ᠤᠨ ᠬᠠᠭᠠᠨ ᠮᠢᠨᠣᠰ ᠤᠨ ᠨᠡᠷ᠎ᠡ ᠪᠥᠭᠡᠳ ᠲᠡᠷᠡ ᠪᠡᠷ ᠺᠨᠣᠰ ᠬᠡᠮᠡᠬᠦ ᠬᠣᠲᠠ ᠶᠢ ᠨᠡᠶᠢᠰᠯᠡᠯ ᠢᠶᠡᠨ ᠪᠣᠯᠭᠠᠭᠰᠠᠨ ᠠᠵᠢ᠃ ᠺᠷᠢᠳ᠋ᠠᠴᠦᠳ ᠢ ᠭᠷᠧᠺ ᠦᠳ ᠲᠡᠢ ᠢᠵᠢᠯ ᠪᠤᠰᠤ᠂ ᠤᠭᠰᠠᠭ᠎ᠠ ᠭᠠᠷᠤᠯ ᠥᠭᠡᠷ᠎ᠡ ᠬᠦᠮᠦᠰ ᠭᠡᠵᠦ ᠦᠵᠡᠳᠡᠭ ᠪᠠᠶᠢᠭᠰᠠᠨ ᠪᠣᠯᠪᠠᠴᠤ ᠰᠡᠭᠦᠯ ᠦᠨ ᠦᠶ᠎ᠡ ᠶᠢᠨ ᠰᠤᠳᠤᠯᠭ᠎ᠠ ᠪᠠᠷ ᠡᠷᠲᠡᠨ ᠦ ᠭᠷᠧᠺ ᠦᠳ ᠲᠡᠢ ᠠᠳᠠᠯᠢ ᠬᠡᠯᠡ ᠲᠡᠢ ᠪᠠᠶᠢᠭᠰᠠᠨ ᠬᠡᠮᠡᠨ ᠦᠵᠡᠬᠦ ᠬᠠᠨᠳᠤᠯᠭ᠎ᠠ ᠪᠤᠢ ᠪᠣᠯᠤᠭᠰᠠᠨ ᠪᠠᠶᠢᠨ᠎ᠠ᠃

ᠮᠢᠨᠣᠶᠢᠴᠤᠳ ᠡᠭᠧᠢ ᠶᠢᠨ ᠲᠡᠩᠭᠢᠰ ᠦᠨ ᠰᠤᠶᠤᠯ ᠢᠷᠭᠡᠨᠰᠢᠯ ᠦᠨ ᠣᠷᠭᠢᠯ ᠨᠢ ᠪᠠᠶᠢᠭᠰᠠᠨ ᠪᠥᠭᠡᠳ ᠦᠰᠦᠭ ᠪᠢᠴᠢᠭ ᠲᠡᠢ᠂ ᠲᠡᠮᠦᠷᠯᠢᠭ ᠪᠣᠯᠪᠠᠰᠤᠷᠠᠭᠤᠯᠬᠤ ᠪᠣᠯᠤᠨ ᠪᠤᠰᠤᠳ ᠲᠧᠭᠨᠣᠯᠣᠭᠢ ᠶᠢᠨ ᠲᠠᠯ᠎ᠠ ᠪᠠᠷ ᠥᠨᠳᠥᠷ ᠮᠡᠳᠡᠯᠭᠡ ᠴᠢᠳᠠᠪᠤᠷᠢ ᠲᠠᠢ ᠪᠠᠶᠢᠪᠠ᠃ ᠲᠡᠳᠡ ᠮᠥᠨ ᠪᠠᠷᠢᠯᠭ᠎ᠠ ᠪᠠᠶᠢᠰᠢᠩ ᠢ ᠪᠠᠨ ᠭᠠᠶᠢᠬᠠᠯᠲᠠᠢ ᠪᠠᠬᠠᠳᠤᠮ᠎ᠠ ᠰᠠᠶᠢᠬᠠᠨ ᠥᠩᠭᠡ ᠪᠡᠷ ᠪᠤᠳᠤᠵᠤ᠂ ᠴᠢᠮᠡᠭᠯᠡᠳᠡᠭ ᠪᠠᠶᠢᠭᠰᠠᠨ ᠠᠵᠢ᠃ ᠮᠢᠨᠣᠶᠢᠴᠤᠳ ᠤᠨ ᠬᠥᠭᠵᠢᠯ ᠴᠡᠴᠡᠭᠯᠡᠯᠲᠡ᠂ ᠬᠤᠳᠠᠯᠳᠤᠭᠠᠨ ᠤ ᠰᠦᠯᠵᠢᠶᠡᠨ ᠳᠦ ᠲᠠᠭᠠᠲᠠᠢ ᠪᠠᠶᠢᠷᠢᠰᠢᠯ ᠡᠵᠡᠯᠡᠵᠦ ᠪᠠᠶᠢᠭ᠎ᠠ ᠨᠢ ᠬᠥᠷᠰᠢ ᠤᠯᠤᠰ ᠤᠳ ᠲᠤ ᠨᠢ᠂ ᠲᠡᠷᠡ ᠳᠤᠮᠳᠠ ᠪᠠᠨ ᠪᠠᠭ᠎ᠠ ᠠᠽᠢᠶ᠎ᠠ ᠶᠢᠨ ᠬᠢᠲ᠋ᠲ᠋ᠢᠲ ᠤᠯᠤᠰ ᠲᠤ ᠲᠡᠳᠦᠶᠢᠯᠡ ᠲᠠᠭᠠᠲᠠᠢ ᠪᠠᠶᠢᠭᠰᠠᠨ ᠦᠭᠡᠢ᠃ ᠬᠢᠲ᠋ᠲ᠋ᠢᠲᠡᠭᠦᠳᠡ ᠺᠷᠢᠳ᠋᠋ ᠍ ᠢ ᠬᠡᠳᠦ ᠬᠡᠳᠦᠨ ᠤᠳᠠᠭ᠎ᠠ ᠡᠵᠡᠯᠡᠬᠦ ᠶᠢ ᠵᠠᠪᠳᠤᠵᠤ ᠪᠠᠶᠢᠭᠰᠠᠨ ᠴᠤ ᠠᠮᠵᠢᠯᠲᠠ ᠣᠯᠤᠭᠰᠠᠨ ᠦᠭᠡᠢ ᠠᠵᠢ᠃

ᠮᠢᠨᠣᠶᠢᠴᠤᠳ ᠤᠨ ᠬᠤᠪᠢ ᠳᠤ ᠭᠠᠵᠠᠷ ᠲᠠᠷᠢᠶᠠᠯᠠᠩ ᠮᠠᠰᠢ ᠦᠷ᠎ᠡ ᠠᠰᠢᠭ ᠲᠠᠢ ᠠᠵᠢᠯᠯᠠᠬᠤ ᠲᠤᠶᠢᠯ ᠤᠨ ᠪᠣᠯᠤᠯᠴᠠᠭ᠎ᠠ ᠲᠠᠢ ᠪᠠᠶᠢᠭᠰᠠᠨ ᠨᠢ ᠲᠡᠳᠡᠨ ᠢ ᠠᠭᠠᠵᠢᠮ ᠳᠤ ᠪᠠᠨ ᠬᠦᠴᠦᠷᠬᠡᠭᠵᠢᠵᠦ ᠪᠥᠰᠡ ᠨᠤᠲᠤᠭ ᠲᠤ ᠪᠠᠨ ᠨᠥᠯᠥᠭᠡ ᠲᠡᠢ ᠪᠣᠯᠬᠤ ᠳᠤ ᠨᠢ ᠭᠣᠣᠯ ᠨᠥᠯᠥᠭᠡ ᠦᠵᠡᠭᠦᠯᠵᠡᠢ᠃ ᠺᠷᠢᠳ᠋᠋ ᠲᠦ ᠳᠦᠷᠪᠡᠨ ᠤᠯᠠᠷᠢᠯ ᠤᠨ ᠲᠤᠷᠰᠢ ᠣᠯᠢᠪᠠᠤᠰᠤᠨ ᠦᠵᠦᠮ᠂ ᠦᠷ᠎ᠡ ᠲᠠᠷᠢᠶ᠎ᠠ ᠲᠠᠷᠢᠶᠠᠯᠠᠬᠤ ᠳᠤ ᠪᠣᠯᠤᠮᠵᠢ ᠲᠠᠢ ᠮᠠᠰᠢ ᠰᠠᠶᠢᠬᠠᠨ ᠴᠠᠭ ᠠᠭᠠᠷ ᠲᠠᠢ ᠪᠠᠶᠢᠵᠠᠢ᠃ ᠡᠨᠡᠬᠦ ᠪᠣᠯᠤᠮᠵᠢ ᠨᠢ ᠮᠢᠨᠦᠢᠴᠤᠳ ᠲᠤ ᠡᠷᠡᠭᠦᠯ ᠬᠦᠨᠡᠰᠦᠨ ᠦ ᠪᠠᠶᠢᠩᠭᠤ ᠶᠢᠨ ᠲᠠᠰᠤᠷᠠᠯᠲᠠ ᠦᠭᠡᠢ ᠬᠠᠩᠭᠠᠯᠲᠠ ᠶᠢ ᠪᠤᠢ ᠪᠣᠯᠭᠠᠭᠰᠠᠨ ᠪᠥᠭᠡᠳ ᠬᠦᠮᠦᠨ ᠠᠮᠠ ᠨᠢ ᠬᠤᠷᠳᠤᠴᠠ ᠲᠠᠢ ᠥᠰᠴᠦ᠂ ᠮᠢᠨᠣᠶᠢᠴᠤᠳ ᠡᠭᠧᠢ ᠶᠢᠨ ᠲᠡᠩᠭᠡᠰ ᠦᠨ ᠡᠷᠭᠢ ᠲᠤ ᠪᠠᠶᠢᠷᠢ ᠰᠠᠭᠤᠷᠢ ᠲᠠᠢ ᠪᠣᠯᠵᠠᠢ᠃ ᠰᠣᠨᠢᠷᠬᠠᠯᠲᠠᠢ ᠨᠢ ᠮᠢᠨᠣᠶᠢᠴᠤᠳ ᠥᠪᠡᠷᠰᠡᠳ ᠦᠨ ᠬᠢᠭᠰᠡᠨ ᠪᠦᠲᠦᠭᠡᠭᠳᠡᠬᠦᠨ ᠢᠶᠡᠨ ᠬᠠᠭᠠᠨ ᠳᠤ ᠪᠠᠨ ᠠᠪᠴᠢᠷᠠᠵᠤ ᠲᠤᠰᠢᠶᠠᠨ ᠣᠷᠣᠨ ᠳᠤ ᠨᠢ ᠥᠪᠡᠷ ᠲᠦᠨᠢ ᠬᠡᠷᠡᠭᠴᠡᠭᠡᠲᠦ ᠵᠦᠢᠯᠡᠰ ᠢᠶᠡᠨ ᠬᠠᠭᠠᠨ ᠤ ᠰᠢᠢᠳᠪᠦᠷᠢ ᠪᠡᠷ ᠰᠤᠯᠢᠵᠤ ᠠᠪᠳᠠᠭ ᠪᠠᠶᠢᠵᠠᠢ᠃  ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 1400 ᠤᠨ ᠤ ᠣᠷᠴᠢᠮ ᠳᠤ ᠡᠭᠧᠢ ᠶᠢᠨ ᠲᠡᠩᠭᠢᠰ ᠲᠦ ᠪᠣᠯᠤᠭᠰᠠᠨ ᠴᠤᠪᠤᠷᠠᠯ ᠭᠠᠵᠠᠷ ᠬᠥᠳᠡᠯᠦᠯᠲᠡ᠂ ᠭᠠᠯᠲᠤ ᠠᠭᠤᠯᠠ ᠶᠢᠨ ᠲᠣᠮᠣ ᠲᠡᠰᠦᠷᠡᠯᠲᠡ ᠡᠴᠡ ᠪᠤᠢ ᠪᠣᠯᠤᠭᠰᠠᠨ ᠲᠣᠭᠣᠰᠣ ᠰᠢᠷᠣᠢ ᠨᠢ ᠳᠡᠯᠡᠬᠡᠢ ᠶᠢᠨ ᠠᠭᠠᠷ ᠮᠠᠨᠳᠠᠯ ᠳᠤ ᠴᠠᠴᠤᠭᠳᠠᠨ ᠬᠡᠳᠦᠨ ᠵᠢᠯ ᠦᠨ ᠲᠤᠷᠰᠢ ᠨᠠᠷᠠᠨ ᠤ ᠰᠢᠭᠤᠳ ᠲᠤᠰᠬᠠᠯ ᠢ ᠪᠠᠭᠤᠷᠠᠭᠤᠯᠤᠭᠰᠠᠨ ᠨᠢ ᠳᠡᠯᠡᠬᠡᠢ ᠶᠢᠨ ᠠᠭᠤᠷ ᠠᠮᠢᠰᠬᠤᠯ ᠳᠤ ᠬᠦᠴᠦᠲᠡᠢ ᠨᠥᠯᠦᠭᠡᠯᠡᠵᠡᠢ᠃ ᠭᠠᠯᠲᠤ ᠠᠭᠤᠯᠠ ᠶᠢᠨ ᠲᠡᠰᠤᠷᠠᠯᠲᠡ ᠡᠴᠡ ᠪᠤᠢ ᠪᠣᠯᠤᠭᠰᠠᠨ ᠽᠸᠨᠠᠮᠢ ᠨᠢ ᠬᠡᠳᠦᠬᠡᠨ ᠬᠣᠷᠤᠮ ᠤᠨ ᠳᠣᠲᠣᠷ᠎ᠠ ᠪᠦᠬᠦ ᠬᠤᠳᠠ ᠶᠢᠨ ᠬᠥᠯᠭᠡ ᠤᠩᠭᠤᠴᠠ ᠨᠤᠭᠤᠳ ᠢ ᠨᠢ ᠪᠣᠭᠣᠮᠲᠠ ᠲᠠᠢ ᠨᠢ ᠰᠦᠢᠷᠡᠭᠦᠯᠵᠦ᠂ ᠭᠠᠳᠠᠭᠠᠳᠤ ᠣᠷᠴᠢᠨ ᠠᠴᠠ ᠪᠦᠷᠢᠨ ᠲᠠᠰᠤᠯᠠᠭᠰᠠᠨ ᠪᠥᠭᠡᠳ᠂ ᠳᠠᠷᠠᠭ᠎ᠠ ᠶᠢᠨ ᠬᠡᠳᠦᠨ ᠵᠢᠯ ᠦᠨ ᠲᠤᠷᠰᠢ ᠤᠷᠭᠤᠴᠠ ᠠᠪᠴᠤ ᠴᠢᠳᠠᠭ᠎ᠠ ᠦᠭᠡᠢ ᠮᠢᠨᠣᠶᠢᠴᠤᠳ ᠪᠣᠭᠣᠨᠢ ᠬᠤᠭᠤᠴᠠᠭᠠᠨ ᠤ ᠳᠣᠲᠣᠷ᠎ᠠ ᠪᠦᠬᠦ ᠲᠠᠯ᠎ᠠ ᠪᠠᠷ ᠢᠶᠠᠨ ᠳᠣᠷᠣᠶᠢᠳᠠᠨ᠂ ᠮᠥᠬᠥᠯ ᠦᠨ ᠱᠠᠲᠤᠨ ᠳᠤ ᠪᠠᠨ ᠣᠷᠣᠵᠠᠢ᠃ ᠶᠡᠬᠡᠳᠡ ᠳᠣᠷᠣᠶᠢᠲᠠᠭᠰᠠᠨ ᠮᠢᠨᠣᠶᠢᠴᠤᠳ ᠢ ᠮᠢᠺᠧᠨᠴᠤᠳ ᠪᠠᠶᠢᠯᠳᠤᠨ ᠳᠠᠭᠠᠭᠤᠯᠤᠭᠰᠠᠨ ᠢᠶᠠᠷ ᠡᠨᠡ ᠡᠷᠡᠨ ᠲᠡᠭᠦᠰᠳᠡᠭ ᠪᠠᠶᠢᠨ᠎ᠠ᠃

ᠮᠢᠺᠧᠨ ᠦ ᠭᠷᠧᠺ (ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 1550 -1000 ᠤᠨ )[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠮᠧᠮᠨᠠᠨ ᠤ ᠠᠯᠲᠠᠨ ᠪᠠᠭ᠃

ᠮᠢᠺᠧᠨ ᠦ ᠡᠷᠢᠨ ᠨᠢ ᠫᠧᠯᠣᠫᠣᠨᠧᠰ ᠲᠤ ᠨᠣᠶᠠᠯᠠᠬᠤ ᠨᠥᠯᠥᠭᠡ ᠪᠦᠬᠦᠢ ᠪᠣᠯᠵᠤ ᠢᠷᠡᠭᠰᠡᠨ ᠮᠢᠺᠸᠨᠴᠤᠳ ᠦᠨ ᠨᠡᠷ᠎ ᠠ ᠡᠴᠡ ᠭᠠᠷᠤᠯᠲᠠᠢ ᠠᠵᠢ᠃ ᠮᠢᠺᠧᠨᠴᠤᠳ ᠢ ᠬᠠᠮᠤᠭ ᠤᠨ ᠠᠩᠬᠠᠨ ᠤ ᠭᠷᠧᠺᠴᠦᠳ ᠭᠡᠵᠦ ᠦᠵᠡᠳᠡᠭ᠃ ᠤᠴᠢᠷ ᠨᠢ ᠮᠢᠺᠧᠨᠴᠤᠳ ᠨᠢ ᠭᠷᠧᠺ ᠬᠡᠯᠡ ᠪᠡᠷ ᠶᠠᠷᠢᠳᠠᠭ ᠪᠠᠶᠢᠭᠰᠠᠨ ᠨᠢ ᠭᠡᠷᠡᠴᠢᠯᠡᠭᠳᠡᠭᠰᠡᠨ ᠪᠠᠶᠢᠨ᠎ᠠ᠃ ᠮᠢᠺᠧᠨ ᠦ ᠰᠤᠶᠤᠯ ᠨᠢ ᠮᠢᠨᠣᠶᠢᠴᠤᠳ ᠤᠨ ᠳᠠᠷᠠᠭ᠎ᠠ ᠬᠦᠴᠦ ᠪᠡᠨ ᠠᠪᠴᠤ ᠡᠬᠢᠯᠡᠵᠡᠢ᠃ ᠲᠡᠳᠡ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 4000 ᠤᠨ ᠤ ᠣᠷᠴᠢᠮ ᠠᠴᠠ ᠪᠠᠯᠺᠠᠨ ᠤ ᠬᠣᠶᠢᠭ ᠤᠨ ᠤᠮᠠᠷᠠᠳᠤ ᠬᠡᠰᠡᠭ ᠤᠨ ᠠᠭᠤᠯᠠᠷᠬᠠᠭ ᠤᠷᠤᠨ ᠡᠴᠡ ᠵᠡᠭᠦᠨ ᠲᠡᠰᠢ ᠨᠡᠭᠦᠳᠡᠯᠯᠡᠨ ᠰᠠᠭᠤᠷᠢᠰᠢᠭᠰᠠᠨ ᠪᠥᠭᠡᠳ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 1400 ᠤᠨ ᠭᠡᠬᠦ ᠳᠦ ᠬᠡᠳᠦᠶᠢᠨ ᠪᠠᠶᠠᠨ᠂ ᠬᠦᠴᠦᠷᠬᠡᠭ ᠨᠥᠯᠥᠭᠡ ᠶᠡᠬᠡ ᠪᠣᠯᠵᠤ ᠢᠷᠡᠭᠰᠡᠨ ᠪᠠᠶᠢᠨ᠎ᠠ᠃ ᠡᠭᠦᠨ ᠢ ᠨᠢ ᠢᠯᠡᠳᠭᠡᠬᠦ ᠮᠡᠲᠦ ᠲᠡᠳᠡᠨ ᠦ ᠪᠤᠯᠠᠰᠢ ᠪᠤᠩᠬᠤᠨ ᠠᠴᠠ ᠠᠯᠲᠠᠨ ᠴᠢᠮᠡᠭᠯᠡᠯ᠂ ᠬᠦᠷᠡᠯ ᠢᠯᠳᠦ᠂ ᠮᠥᠩᠭᠥᠨ ᠠᠶᠠᠭ᠎ ᠠ ᠨᠤᠭᠤᠳ ᠣᠯᠳᠠᠳᠠᠭ ᠪᠠᠶᠢᠨ᠎ᠠ᠃ ᠮᠢᠺᠧᠨᠴᠤᠳ ᠲᠤᠰ ᠲᠤᠰ ᠲᠤ ᠪᠠᠨ ᠬᠠᠭᠠᠳ ᠪᠦᠬᠦᠢ ᠬᠣᠲᠠ ᠤᠯᠤᠰ ᠤᠳ ᠤᠨ ᠬᠣᠯᠪᠣᠭ᠎ᠠ ᠬᠡᠯᠪᠡᠷᠢ ᠲᠡᠢ ᠪᠡᠷ ᠣᠷᠣᠰᠢᠵᠤ ᠪᠠᠶᠢᠵᠠᠢ᠃ ᠲᠡᠳᠡᠨ ᠦ ᠳᠤᠮᠳᠠ ᠠᠴᠠ ᠫᠢᠯᠣᠰ ᠨᠢ ᠭᠠᠶᠢᠬᠠᠯᠲᠠᠢ ᠴᠢᠮᠡᠭᠯᠡᠯᠳᠦ ᠬᠡᠷᠡᠮ᠂ ᠬᠦᠨᠡᠰᠦᠨ ᠦ ᠬᠠᠳᠠᠭᠠᠯᠠᠮᠵᠢ᠂ ᠤᠰᠤᠨ ᠰᠠᠩ᠂ ᠳᠠᠮᠵᠢᠭᠤᠯᠬᠤ ᠰᠢᠰᠲ᠋ᠧᠮ ᠪᠦᠬᠦᠢ ᠣᠷᠳᠤᠨ ᠤᠳ ᠢᠶᠠᠷ ᠢᠶᠠᠨ ᠶᠡᠬᠡᠳᠡ ᠨᠡᠷ᠎ᠡ ᠳᠦ ᠭᠠᠷᠴᠠᠢ᠃ ᠬᠤᠳᠠᠯᠳᠤᠭ᠎ᠠ᠂ ХАА ᠨᠢ ᠮᠢᠺᠢᠶᠠᠨᠴᠤᠤᠳ ᠤᠨ ᠡᠳ᠋ ᠍ ᠦᠨ ᠵᠠᠰᠠᠭ ᠤᠨ ᠭᠣᠣᠯ ᠲᠤᠯᠭᠠᠭᠤᠷᠢ ᠪᠠᠶᠢᠭᠰᠠᠨ ᠶᠤᠮ᠃

ᠮᠢᠨᠣᠶᠢᠴᠤᠳ ᠠᠴᠠ ᠬᠡᠯᠡ᠂ ᠱᠠᠰᠢᠨ᠂ ᠤᠷᠠᠨ ᠪᠠᠷᠢᠯᠭ᠎ᠠ ᠶᠢᠨ ᠬᠢᠴᠡ ᠮᠠᠶ᠋ᠢᠭ ᠢᠶᠠᠷ ᠢᠶᠠᠨ ᠡᠷᠡᠰ ᠢᠯᠭᠠᠭ᠎ᠠ ᠲᠠᠢ ᠪᠠᠶᠢᠭᠰᠠᠨ ᠠᠵᠢ᠃ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ1400 ᠍ ᠊ᠭᠠᠳ ᠤᠨ ᠳᠤ ᠮᠢᠺᠧᠨᠴᠤᠳ ᠮᠢᠨᠣᠢ ᠶᠢ ᠪᠠᠶᠢᠯᠳᠤᠨ ᠳᠠᠭᠠᠭᠤᠯᠤᠭᠰᠠᠨ ᠪᠠᠶᠢᠨ᠎ᠠ᠃

ᠮᠢᠺᠧᠨᠴᠤᠳ ᠨᠡᠯᠢᠶᠡᠳ ᠳᠠᠶᠢᠨᠴᠢ ᠤᠯᠤᠰ ᠪᠠᠶᠢᠭᠰᠠᠨ ᠪᠥᠭᠡᠳ ᠲᠤᠯᠤᠯᠳᠤᠭᠠᠨ ᠤ ᠭᠣᠣᠯ ᠬᠡᠷᠡᠭᠰᠡᠯ ᠨᠢ ᠬᠣᠣᠰ ᠳᠤᠭᠤᠢᠳᠤ ᠲᠤᠯᠤᠯᠳᠤᠭᠠᠨ ᠤ ᠮᠣᠷᠢᠨ ᠲᠡᠷᠭᠡ ᠪᠠᠶᠢᠵᠠᠢ᠃ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 1200 ᠤᠨ ᠤ ᠦᠶ᠎ᠡ ᠳᠦ ᠭᠣᠮᠧᠷ ᠤᠨ ᠢᠤᠳᠠ ᠳᠣᠮᠣᠭ ᠲᠤ ᠦᠭᠦᠯᠡᠳᠡᠭ ᠲᠷᠣᠢ ᠬᠣᠲᠠ ᠶᠢᠨ ᠳᠠᠶᠢᠨ ᠢ ᠮᠢᠺᠧᠨᠴᠤᠳ ᠬᠢᠭᠰᠡᠨ ᠨᠢ ᠬᠠᠭᠤᠴᠢ ᠰᠤᠳᠤᠯᠭ᠎ᠠ ᠪᠠᠷ ᠪᠠᠲᠤᠯᠠᠭᠳᠠᠳᠠᠭ ᠪᠠᠶᠢᠨ᠎ᠠ᠃ ᠤᠭ ᠳᠠᠶᠢᠨ ᠨᠢ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 1230-1180 ᠤᠨ ᠤ ᠣᠷᠴᠢᠮ ᠳᠤ ᠪᠣᠯᠤᠭᠰᠠᠨ ᠪᠥᠭᠡᠳ ᠮᠢᠺᠧᠨᠴᠤᠳ ᠲᠷᠣᠢ ᠬᠣᠲᠠ ᠶᠢ ᠲᠦᠷᠢᠮᠡᠭᠡᠶᠢᠯᠡᠨ ᠡᠵᠡᠯᠡᠵᠦ᠂ ᠲᠣᠨᠣᠨ ᠳᠡᠭᠡᠷᠡᠮᠳᠡᠨ᠂ ᠳᠠᠬᠢᠨ ᠰᠡᠷᠭᠦᠭᠡᠵᠤ ᠳᠡᠶᠢᠯᠦᠬᠦ ᠦᠭᠡᠢ ᠪᠣᠯᠲᠠᠯ᠎ᠠ ᠨᠢ ᠰᠦᠢᠳᠬᠡᠨ ᠰᠢᠲᠠᠭᠠᠵᠠᠢ᠃ ᠶᠸᠵᠠᠫᠲ ᠪᠣᠯᠤᠨ ᠬᠢᠲ᠋ᠲ᠋ᠢᠲ ᠦᠳ ᠤᠨ ᠲᠡᠮᠳᠡᠭᠯᠡᠯ ᠳᠦ ᠮᠢᠺᠧᠨᠴᠤᠳ ᠲᠷᠣᠢ ᠶᠢ ᠡᠵᠡᠯᠡᠭᠡᠳ ᠪᠤᠴᠠᠬᠤ ᠳᠤ ᠪᠠᠨ ᠶᠡᠬᠡᠬᠡᠨ ᠭᠠᠮᠰᠢᠭ ᠵᠣᠪᠠᠯᠠᠩ ᠳᠤ ᠤᠨᠠᠭᠰᠠᠨ ᠬᠡᠮᠡᠭᠰᠡᠨ ᠪᠠᠶᠢᠳᠠᠭ᠃ ᠶᠡᠬᠡᠩᠬᠢ ᠮᠢᠺᠧᠨᠴᠤᠳ ᠡᠷᠭᠢᠨ ᠢᠷᠡᠵᠦ ᠴᠢᠳᠠᠭ᠎ᠠ ᠦᠭᠡᠢ ᠠᠵᠢ᠃  ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 1000 ᠤᠨ ᠤ ᠣᠷᠴᠢᠮ ᠳᠤ ᠭᠠᠵᠠᠷ ᠤᠨ ᠳᠤᠮᠳᠠᠳᠤ ᠲᠡᠩᠭᠢᠰ ᠦᠨ ᠵᠡᠭᠦᠨ ᠬᠡᠰᠡᠭ ᠦᠢᠮᠡᠭᠡᠨ ᠰᠠᠮᠠᠭᠤᠨ ᠳᠠᠶᠢᠨ ᠲᠤᠯᠤᠯᠳᠤᠭᠠᠨ ᠢᠶᠠᠷ ᠲᠠᠰᠤᠷᠠᠬᠤ ᠦᠭᠡᠢ ᠪᠠᠶᠢᠭᠰᠠᠨ ᠨᠢ ᠮᠢᠺᠧᠨᠴᠤᠳ ᠤᠨ ᠨᠢᠭᠡᠳᠦᠯ ᠢ ᠦᠭᠡᠢ ᠪᠣᠯᠭᠠᠵᠤ᠂ ᠮᠦᠬᠦᠯ ᠳᠤ ᠣᠷᠣᠭᠤᠯᠤᠭᠰᠠᠨ ᠪᠠᠶᠢᠨ᠎ᠠ᠃ ᠮᠢᠺᠧᠨᠴᠤᠳ ᠢ ᠥᠭᠡᠷ᠎ᠡ ᠨᠢᠭᠡ ᠭᠷᠧᠺ ᠠᠶᠢᠮᠠᠭ ᠪᠣᠯᠬᠤ ᠳᠣᠷᠢᠨᠴᠤᠳ ᠪᠠᠶᠢᠯᠳᠤᠨ ᠳᠠᠭᠠᠭᠤᠯᠤᠭᠰᠠᠨ ᠢᠶᠠᠷ ᠭᠷᠧᠺ ᠦᠨ ᠬᠠᠷᠠᠩᠭᠤᠢ ᠡᠷᠢᠨ ᠡᠬᠢᠯᠡᠳᠡᠭ ᠪᠠᠶᠢᠨ᠎ᠠ᠃

ᠭᠷᠧᠺ ᠦᠨ ᠬᠠᠷᠠᠩᠭᠤᠢ ᠡᠷᠢᠨ (ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 1000-750 ᠤᠨ )[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠷᠧᠺ ᠳᠠᠶᠠᠭᠠᠷ ᠶᠠᠪᠤᠭᠳᠠᠵᠤ ᠪᠠᠶᠢᠭᠰᠠᠨ ᠦᠢᠮᠡᠭᠡᠨ ᠰᠠᠮᠠᠭᠤᠨ ᠳᠤ 200 ᠭᠠᠷᠤᠢ ᠵᠢᠯ ᠨᠢ ᠭᠷᠧᠺ ᠦᠨ ᠨᠡᠶᠢᠲᠡ ᠬᠦᠮᠦᠨ ᠠᠮᠠ ᠳᠤ ᠲᠤᠩ ᠮᠠᠭᠤ ᠨᠥᠯᠦᠭᠡ ᠦᠭᠴᠦ᠂ ᠶᠠᠳᠠᠭᠤᠷᠠᠯ ᠭᠠᠵᠠᠷ ᠠᠪᠴᠤ᠂ ᠪᠦᠬᠦᠢᠯᠠ ᠭᠷᠧᠺ ᠦᠨ ᠡᠳ᠋ ᠍ ᠦᠨ ᠵᠠᠰᠠᠭ ᠢ ᠦᠯᠡᠮᠵᠢ ᠳᠣᠷᠣᠶᠢᠲᠠᠭᠤᠯᠤᠭᠰᠠᠨ ᠪᠠᠶᠢᠨ᠎ᠠ᠃ ᠡᠨᠡ ᠦᠶ᠎ᠡ ᠶᠢ ᠲᠡᠦᠬᠡᠨ ᠳᠦ ᠭᠷᠧᠺ ᠦᠨ ᠬᠠᠷᠠᠩᠭᠤᠢ ᠡᠷᠢᠨ ᠭᠡᠵᠦ ᠨᠡᠷᠡᠯᠡᠳᠡᠭ ᠪᠢᠯᠡ᠃ ᠭᠷᠧᠺᠴᠦᠳ ᠡᠨᠡ ᠬᠤᠭᠤᠴᠠᠭᠠᠨ ᠳᠤ ᠥᠪᠡᠷᠰᠡᠳ ᠦᠨ ᠪᠦᠲᠦᠭᠡᠭᠰᠡᠨ ᠰᠤᠶᠤᠯ ᠢᠷᠭᠡᠨᠰᠢᠯ ᠦᠨ ᠣᠨᠴᠠᠯᠢᠭ ᠪᠣᠯᠤᠨ ᠬᠣᠲᠠ ᠤᠯᠤᠰ ᠤᠳ᠂ ᠠᠪᠤᠷᠭᠤ ᠣᠷᠳᠣᠨ᠂ ᠰᠦᠮ᠎ᠡ ᠨᠦᠭᠦᠳ ᠪᠠᠶᠢᠭᠤᠯᠬᠤ᠂ ᠪᠢᠴᠢᠭ ᠦᠰᠦᠭ ᠭᠡᠬᠦ ᠮᠡᠲᠦ ᠵᠦᠢᠯᠡᠰ ᠦᠳ ᠢ ᠤᠮᠠᠷᠲᠠᠭᠰᠠᠨ ᠮᠡᠲᠦ ᠪᠠᠶᠢᠪᠠ᠃ ᠮᠢᠺᠧᠨ ᠦ ᠬᠦᠴᠦᠷᠬᠡᠭ ᠬᠠᠭᠠᠳ ᠤᠳ ᠤᠨ ᠣᠷᠣᠨ ᠳᠤ ᠦᠯᠦ ᠮᠡᠳᠡᠭᠳᠡᠬᠦ ᠵᠢᠵᠢᠭ ᠵᠠᠬᠢᠷᠤᠭᠴᠢ ᠨᠠᠷ ᠪᠥᠰᠡ ᠨᠤᠲᠤᠭ ᠢᠶᠠᠨ ᠤᠳᠤᠷᠢᠳᠤᠨ᠂ ᠭᠷᠧᠺ ᠳᠠᠶᠠᠭᠠᠷ ᠢᠶᠠᠨ ᠬᠦᠴᠦ ᠴᠢᠳᠠᠯ᠂ ᠡᠳ᠋ ᠪᠠᠶᠠᠯᠢᠭ ᠢᠶᠠᠷ ᠳᠤᠲᠠᠮᠠᠭ ᠪᠠᠶᠢᠯ᠎ᠠ᠃ ᠭᠠᠵᠠᠷ ᠲᠠᠷᠢᠶᠠᠯᠠᠩ ᠡᠷᠬᠢᠯᠡᠬᠦ ᠳᠦ ᠵᠣᠬᠢᠮᠵᠢ ᠦᠭᠡᠢ ᠪᠣᠯᠵᠤ᠂ ᠬᠣᠲᠠ ᠨᠤᠭᠤᠳ ᠲᠤ ᠰᠠᠭᠤᠷᠢᠰᠢᠬᠤ ᠬᠦᠮᠦᠰ ᠦᠨ ᠲᠣᠭ᠎ᠠ ᠡᠷᠡᠰ ᠴᠥᠭᠡᠷᠡᠵᠦ᠂ ᠵᠠᠷᠢᠮ ᠬᠣᠲᠠ ᠨᠤᠭᠤᠳ ᠬᠣᠷᠢ ᠬᠦᠷᠬᠦ ᠦᠭᠡᠢ ᠬᠦᠮᠦᠨ ᠲᠡᠢ ᠦᠯᠡᠳᠡᠵᠦ ᠪᠠᠶᠢᠭᠰᠠᠨ ᠭᠠᠰᠢᠭᠤᠨ ᠪᠠᠷᠢᠮᠲᠠ ᠨᠤᠭᠤᠳ ᠪᠠᠶᠢᠳᠠᠭ ᠠᠵᠢ᠃ ᠪᠤᠴᠠᠨ ᠤᠷᠢᠳᠤ ᠶᠢᠨ ᠬᠦᠴᠦᠷᠬᠡᠭ ᠭᠷᠧᠺ ᠪᠤᠢ ᠪᠣᠯᠬᠤ ᠳᠤ ᠤᠷᠲᠤ ᠤᠳᠠᠭᠠᠨ ᠬᠤᠭᠤᠴᠠᠭ᠎ᠠ ᠱᠠᠭᠠᠷᠳᠠᠭᠳᠠᠵᠤ ᠪᠠᠶᠢᠨ᠎ᠠ᠃ ᠮᠢᠺᠧᠨ ᠦ ᠰᠤᠶᠤᠯ ᠤᠨ ᠲᠡᠭᠦᠰᠦᠯ ᠦᠶ᠎ᠡ ᠳᠦ ᠬᠠᠷ᠎ᠠ ᠲᠤᠭᠤᠯᠭᠠᠨ ᠤ ᠬᠤᠳᠠᠯᠳᠤᠭ᠎ᠠ ᠡᠷᠴᠢᠮ ᠲᠡᠢ ᠪᠣᠯᠵᠤ ᠢᠷᠡᠭᠰᠡᠨ ᠪᠥᠭᠡᠳ ᠬᠦᠷᠡᠯ ᠵᠡᠪᠰᠡᠭ᠂ ᠬᠥᠳᠡᠯᠮᠦᠷᠢ ᠶᠢᠨ ᠪᠠᠭᠠᠵᠢ ᠬᠡᠷᠡᠭᠰᠡᠯ ᠦᠢᠯᠡᠳᠪᠦᠷᠢᠯᠡᠬᠦ ᠨᠢ ᠡᠯᠪᠡᠭ ᠪᠣᠯᠵᠤ ᠢᠷᠡᠵᠡᠢ᠃ ᠲᠡᠮᠦᠷ ᠦᠨ ᠬᠥᠳᠡᠷ ᠪᠣᠯᠪᠠᠰᠤᠷᠠᠭᠤᠯᠵᠤ ᠲᠡᠮᠦᠷ ᠵᠡᠪᠰᠡᠭ᠂ ᠬᠥᠳᠡᠯᠮᠦᠷᠢ ᠶᠢᠨ ᠪᠠᠭᠠᠵᠢ ᠬᠡᠷᠡᠭᠰᠡᠯ ᠦᠢᠯᠡᠳᠪᠦᠷᠢᠯᠡᠵᠦ ᠡᠬᠢᠯᠡᠭᠰᠡᠨ ᠨᠢ ᠡᠳ᠋ ᠍ ᠦᠨ ᠵᠠᠰᠠᠭ ᠲᠤ ᠦᠷ᠎ᠡ ᠨᠥᠯᠥᠭᠡ ᠪᠡᠨ ᠥᠭᠴᠦ᠂ ᠭᠷᠧᠺ ᠦᠨ ᠬᠦᠮᠦᠨ ᠠᠮᠠ ᠶᠢᠨ ᠠᠮᠢᠵᠢᠷᠠᠭ᠎ᠠ ᠰᠠᠶᠢᠵᠢᠷᠠᠵᠤ ᠳᠠᠬᠢᠨ ᠰᠡᠷᠭᠦᠵᠦ ᠡᠬᠢᠯᠡᠭᠰᠡᠨ ᠪᠠᠶᠢᠨ᠎ᠠ᠃ ᠡᠨᠡᠬᠦ ᠤᠨᠠᠯᠲᠠ ᠶᠢᠨ ᠵᠢᠯ ᠦᠳ ᠨᠢ ᠪᠦᠬᠦᠯᠢ ᠪᠦᠲᠦᠨ 250 ᠵᠢᠯ ᠦᠷᠭᠦᠯᠵᠢᠯᠡᠭᠰᠡᠨ ᠠᠵᠢ᠃

ᠡᠷᠲᠡᠨ ᠦ ᠭᠷᠧᠺ ᠦᠨ ᠡᠷᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠦᠶ᠎ᠡ(ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 750-480 ᠤᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠺᠷᠣᠫᠣᠯᠢᠰ᠂ ᠫᠠᠷᠹᠧᠨᠣᠨ ᠤ ᠰᠦᠮ᠎ᠡ

ᠡᠨᠡ ᠦᠶ᠎ᠡ ᠳᠦ ᠬᠣᠲᠠ ᠤᠯᠤᠰ ᠤᠳ ᠤᠨ ᠠᠩᠬᠠᠨ ᠤ ᠡᠭᠦᠰᠦᠯ ᠰᠠᠭᠤᠷᠢ ᠨᠤᠭᠤᠳ ᠲᠠᠯᠪᠢᠭᠳᠠᠨ᠂ ᠪᠠᠷᠢᠯᠭ᠎ᠠ᠂ ᠤᠷᠠᠨ ᠪᠠᠷᠢᠮᠠᠯ ᠤᠨ ᠥᠪᠡᠷ ᠦᠨ ᠭᠡᠰᠡᠨ ᠣᠨᠴᠠᠯᠢᠭ ᠪᠠᠶᠢᠳᠠᠯ ᠲᠥᠯᠥᠪᠰᠢᠨ᠂ ᠭᠣᠮᠧᠷ ᠠᠯᠳᠠᠷᠲᠤ ᠢᠷᠠᠭᠤ ᠨᠠᠶᠢᠷᠠᠭ ᠢᠶᠠᠨ ᠲᠤᠭᠤᠷᠪᠢᠭᠰᠠᠨ ᠪᠢᠯᠡ᠃ ᠭᠠᠵᠠᠷ ᠤᠨ ᠳᠤᠮᠳᠠᠳᠤ ᠲᠡᠩᠭᠢᠰ ᠲᠦ ᠨᠣᠶᠠᠷᠬᠠᠵᠤ ᠪᠠᠶᠢᠭᠰᠠᠨ ᠬᠠᠭᠠᠳ ᠤᠨ ᠤᠭᠰᠠᠭ᠎ᠠ ᠵᠠᠯᠭᠠᠮᠵᠢᠯᠠᠬᠤ ᠶᠣᠰᠣ ᠶᠢ ᠬᠠᠯᠠᠵᠤ᠂ ᠨᠡᠶᠢᠲᠡ ᠶᠢᠨ ᠰᠠᠨᠠᠯ ᠢᠶᠠᠷ ᠰᠢᠢᠳᠳᠡᠭ ᠤᠯᠤᠰ ᠲᠥᠷᠥ ᠶᠢᠨ ᠰᠢᠨ᠎ᠡ ᠲᠣᠭᠲᠠᠯᠴᠠᠭ᠎ᠠ ᠶᠢ ᠪᠤᠢ ᠪᠣᠯᠭᠠᠭᠰᠠᠨ ᠪᠠᠶᠢᠨ᠎ᠠ᠃ ᠬᠣᠲᠠ ᠤᠯᠤᠰ ᠤᠳ ᠶᠡᠷᠦᠩᠬᠡᠢ ᠳᠤ ᠪᠡᠨ ᠥᠪᠡᠷ ᠦᠨ ᠡᠷᠡᠭᠲᠡᠢ ᠡᠮᠡᠭᠲᠡᠢ ᠲᠡᠭᠰᠢ ᠡᠷᠬᠡᠳᠦ ᠢᠷᠭᠡᠳ ᠦᠨ ᠡᠷᠬᠡ᠂ ᠡᠭᠦᠷᠭᠡ᠂ ᠬᠠᠷᠢᠭᠤᠴᠠᠯᠭ᠎ᠠ ᠪᠠᠷ ᠪᠠᠲᠤᠯᠠᠭᠠᠵᠢᠭᠰᠠᠨ ᠨᠡᠶᠢᠭᠡᠮ᠂ ᠤᠯᠤᠰ ᠲᠥᠷᠥ᠂ ᠡᠳ᠋ ᠍ ᠦᠨ ᠵᠠᠰᠠᠭ ᠤᠨ ᠬᠠᠮᠲᠤ ᠶᠢᠨ ᠤᠳᠤᠷᠢᠳᠤᠯᠭ᠎ᠠ ᠲᠠᠢ ᠪᠠᠶᠢᠵᠠᠢ᠃ ᠬᠣᠲᠠ ᠶᠢᠨ ᠢᠷᠭᠡᠳ ᠨᠢ ᠪᠣᠭᠣᠯ ᠪᠣᠯᠤᠨ ᠬᠠᠷᠢ ᠨᠤᠲᠤᠭ ᠤᠨ ᠢᠷᠭᠡᠳ ᠡᠴᠡ ᠡᠷᠡᠰ ᠢᠯᠭᠠᠭ᠎ᠠ ᠲᠠᠢ ᠡᠷᠬᠡ ᠮᠡᠳᠡᠯ ᠲᠡᠢ ᠪᠠᠶᠢᠭᠰᠠᠨ ᠠᠵᠢ᠃ ᠢᠷᠭᠡᠨᠰᠢᠯ ᠳᠦ ᠲᠤᠬᠠᠢ ᠶᠢᠨ ᠬᠦᠮᠦᠨ ᠦ ᠨᠡᠶᠢᠭᠡᠮ ᠳᠦ ᠡᠵᠡᠯᠡᠬᠦ ᠪᠠᠶᠢᠷᠢ ᠰᠠᠭᠤᠷᠢ᠂ ᠡᠳ᠋ ᠪᠠᠶᠠᠯᠢᠭ ᠤᠨ ᠬᠡᠮᠵᠢᠶ᠎ᠡ ᠬᠠᠮᠢᠶᠠᠷᠬᠤ ᠦᠭᠡᠢ ᠪᠡᠷ ᠪᠦᠭᠦᠳᠡ ᠬᠠᠤᠯᠢ ᠶᠢᠨ ᠳᠣᠣᠷ᠎ᠠ ᠢᠵᠢᠯ ᠡᠷᠬᠡ ᠲᠡᠢ ᠭᠡᠵᠦ ᠲᠤᠩᠬᠠᠭᠯᠠᠭᠰᠠᠨ ᠨᠢ ᠬᠦᠮᠦᠨ ᠲᠥᠷᠥᠯᠬᠢᠲᠡᠨ ᠦ ᠲᠡᠦᠬᠡᠨ ᠳᠦ ᠠᠩᠬᠠᠨ ᠤ ᠬᠢ ᠶᠤᠮ᠃ ᠵᠠᠷᠢᠮ ᠬᠣᠲᠠ ᠨᠤᠭᠤᠳ ᠨᠠᠰᠤᠨ ᠳᠤ ᠬᠦᠷᠦᠭᠰᠡᠨ ᠪᠦᠬᠦ ᠬᠦᠮᠦᠨ ᠬᠣᠲᠠ ᠶᠢᠨ ᠤᠳᠤᠷᠢᠳᠬᠤ ᠳᠤ ᠰᠠᠨᠠᠯ ᠢᠶᠠᠨ ᠥᠭᠴᠦ ᠪᠠᠶᠢᠭᠰᠠᠨ ᠨᠢ ᠳᠡᠪᠰᠢᠯᠲᠡ ᠲᠡᠢ ᠶᠠᠪᠤᠳᠠᠯ ᠪᠠᠶᠢᠭᠰᠠᠨ ᠶᠤᠮ᠃ ᠭᠡᠪᠡᠴᠦ ᠡᠮᠡᠭᠲᠡᠢ ᠬᠦᠮᠦᠰ ᠰᠠᠨᠠᠯ ᠥᠭᠳᠡᠭ ᠦᠭᠡᠢ ᠪᠠᠶᠢᠭᠰᠠᠨ ᠪᠥᠭᠡᠳ ᠡᠷᠬᠡ ᠵᠦᠢ ᠶᠢᠨ ᠴᠢᠳᠠᠮᠵᠢ ᠶᠢᠨ ᠢᠶᠠᠨ ᠬᠤᠪᠢ ᠳᠤ ᠠᠯᠢ ᠴᠤ ᠲᠠᠯ᠎ᠠ ᠪᠠᠷ ᠢᠶᠠᠨ ᠡᠷᠡᠭᠲᠡᠢ ᠬᠦᠮᠦᠨ ᠡᠴᠡ ᠳᠣᠣᠷ᠎ᠠ ᠲᠦᠪᠰᠢᠨ ᠳᠦ ᠪᠠᠶᠢᠭᠰᠠᠨ ᠠᠵᠢ᠃ ᠬᠣᠲᠠ ᠨᠤᠭᠤᠳ ᠤᠨ ᠪᠦᠲᠦᠴᠡ ᠨᠢ ᠬᠣᠭᠣᠷᠣᠨᠳᠣ ᠪᠠᠨ ᠪᠠᠷᠤᠭ ᠢᠵᠢᠯ ᠪᠠᠶᠢᠭᠰᠠᠨ ᠪᠠ ᠲᠥᠪ ᠲᠦ ᠪᠡᠨ ᠣᠷᠳᠣᠨ᠂ ᠶᠣᠰᠣᠯᠠᠯ ᠤᠨ ᠲᠥᠪ ᠦᠳ ᠲᠡᠢ ᠵᠠᠬ᠎ᠠ ᠪᠠᠷ ᠢᠶᠠᠨ ᠭᠠᠵᠠᠷ ᠲᠠᠷᠢᠶᠠᠯᠠᠩ᠂ ᠮᠠᠯ ᠠᠵᠤ ᠠᠬᠤᠢ ᠶᠢᠨ ᠡᠳ᠋ᠯᠡᠪᠦᠷᠢ ᠭᠠᠵᠠᠷ ᠲᠠᠢ ᠪᠠᠶᠢᠭᠰᠠᠨ ᠪᠢᠯᠡ᠃ ᠢᠷᠭᠡᠳ ᠦᠨ ᠶᠡᠬᠡᠩᠬᠢ ᠨᠢ ᠬᠣᠲᠠ ᠶᠢᠨ ᠲᠥᠪ ᠡᠴᠡ ᠠᠯᠤᠰᠬᠠᠨ ᠹᠧᠷᠮ ᠳᠡᠭᠡᠷ᠎ᠡ ᠡᠰᠡᠪᠡᠯ ᠲᠠᠷᠢᠶᠠᠯᠠᠩ ᠤᠨ ᠲᠠᠯᠠᠪᠠᠢ ᠳᠤ ᠬᠥᠳᠡᠯᠮᠦᠷᠢ ᠡᠷᠬᠢᠯᠡᠨ ᠠᠮᠢᠳᠤᠷᠠᠳᠠᠭ ᠪᠠᠶᠢᠪᠠ᠃ ᠠᠯᠳᠠᠷᠲᠠᠢ ᠪᠠᠶᠠᠨ ᠲᠠᠩᠰᠤᠭ ᠬᠣᠲᠠ ᠤᠯᠤᠰ ᠤᠳ ᠥᠪᠡᠷ ᠦᠨ ᠭᠡᠰᠡᠨ ᠮᠠᠰᠢ ᠰᠠᠶᠢᠨ ᠤᠰᠤᠨ ᠪᠣᠭᠣᠮᠲᠠ ᠲᠠᠢ ᠪᠠᠶᠢᠭᠰᠠᠨ ᠪᠠ ᠪᠤᠰᠤᠳ ᠲᠠᠢ ᠪᠠᠨ ᠬᠤᠳᠠᠯᠳᠤᠭ᠎ᠠ ᠡᠷᠬᠢᠯᠡᠨ ᠤᠯᠠᠮ ᠬᠥᠭᠵᠢᠵᠦ ᠪᠠᠶᠢᠯ᠎ᠠ᠃ ᠬᠣᠲᠠ ᠨᠤᠭᠤᠳ ᠤᠨ ᠲᠥᠪ ᠳᠤ ᠨᠡᠶᠢᠲᠡᠯᠢᠭ ᠰᠦᠮ᠎ᠡ ᠲᠠᠬᠢᠯᠭ᠎ᠠ ᠶᠢᠨ ᠠᠷᠢᠭᠤᠨ ᠭᠠᠵᠠᠷ ᠪᠠᠶᠢᠭᠰᠠᠨ ᠪᠠ ᠲᠡᠭᠦᠨ ᠦ ᠨᠢᠭᠡ ᠨᠢ ᠠᠹᠢᠩ ᠳᠦ ᠤᠷᠤᠰᠢᠬᠤ ᠠᠺᠷᠣᠫᠣᠯᠢᠰ ᠶᠤᠮ᠃ ᠮᠥᠨ ᠬᠣᠲᠠ ᠶᠢ ᠭᠠᠳᠠᠨ᠎ᠠ ᠶᠢᠨ ᠬᠠᠯᠳᠠᠯᠭ᠎ᠠ ᠠᠴᠠ ᠬᠠᠮᠠᠭᠠᠯᠠᠬᠤ ᠵᠣᠷᠢᠯᠭ᠎ᠠ ᠪᠠᠷ ᠥᠨᠳᠥᠷ ᠴᠢᠯᠠᠭᠤᠨ ᠬᠡᠷᠡᠮ ᠨᠦᠭᠦᠳ ᠢ ᠪᠠᠶᠢᠭᠤᠯᠳᠠᠭ ᠪᠠᠶᠢᠪᠠ᠃ ᠲᠡᠮᠦᠷ ᠵᠡᠪᠰᠡᠭ ᠥᠷᠭᠡᠨ ᠬᠡᠷᠡᠭᠯᠡᠵᠦ ᠡᠬᠢᠯᠡᠭᠰᠡᠨ ᠨᠢ ᠬᠥᠳᠡᠯᠮᠦᠷᠢ ᠶᠢ ᠦᠷ᠎ᠡ ᠠᠰᠢᠭ ᠲᠠᠢ ᠵᠠᠷᠤᠴᠠᠭᠤᠯᠬᠤ ᠳᠤ ᠳᠥᠬᠥᠮ ᠪᠣᠯᠵᠤ᠂ ᠤᠯᠠᠮ ᠢᠶᠠᠷ ᠡᠳ᠋ ᠍ ᠦᠨ ᠵᠠᠰᠠᠭ ᠤᠨ ᠬᠦᠴᠦᠷᠬᠡᠭ ᠪᠠᠶᠢᠳᠠᠯ ᠢ ᠪᠤᠢ ᠪᠣᠯᠭᠠᠭᠰᠠᠨ ᠪᠠᠶᠢᠨ᠎ᠠ᠃ ᠪᠠᠶᠢᠭᠠᠯᠢ ᠴᠠᠭ ᠠᠭᠤᠷ᠂ ᠪᠠᠶᠢᠭᠠᠯᠢ ᠶᠢᠨ ᠨᠥᠭᠡᠴᠡ ᠶᠢᠨ ᠲᠠᠭᠠᠲᠠᠢ ᠣᠷᠴᠢᠨ᠂ ᠡᠷᠬᠡ ᠴᠢᠯᠦᠭᠡᠲᠦ ᠪᠠᠶᠢᠳᠠᠯ ᠨᠢ ᠬᠦᠮᠦᠨ ᠠᠮᠠ ᠶᠢᠨ ᠬᠤᠷᠳᠤᠴᠠ ᠲᠠᠢ ᠥᠰᠦᠯᠲᠡ ᠶᠢ ᠪᠤᠢ ᠪᠣᠯᠭᠠᠵᠠᠢ᠃ ᠭᠷᠧᠺᠴᠦᠳ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 500 ᠤᠨ ᠤ ᠣᠷᠴᠢᠮ ᠠᠴᠠ ᠥᠪᠡᠷᠰᠡᠳ ᠦᠨ ᠡᠬᠡ ᠨᠤᠲᠤᠭ ᠠᠴᠠ ᠭᠠᠳᠠᠭᠰᠢᠯᠠᠵᠤ᠂ ᠥᠨᠥ ᠶᠢᠨ ᠡᠮᠦᠨᠡᠲᠦ ᠹᠷᠠᠨᠼᠢᠢᠰᠫᠠᠨᠢ᠂ ᠡᠮᠦᠨᠡᠲᠦ ᠢᠲ᠋ᠠᠯᠢ᠂ ᠤᠮᠠᠷᠠᠳᠤ ᠠᠹᠷᠢᠺᠠ ᠪᠣᠯᠤᠨ ᠬᠠᠷ᠎ᠠ ᠲᠡᠩᠭᠢᠰ ᠤᠨ ᠡᠷᠭᠢ ᠣᠷᠴᠢᠮ ᠤᠨ ᠭᠠᠵᠠᠷ ᠤᠳ ᠢᠶᠠᠷ ᠺᠣᠯᠣᠨᠢ ᠬᠣᠲᠠ ᠤᠯᠤᠰ ᠤᠳ ᠢᠶᠠᠨ ᠪᠠᠶᠢᠭᠤᠯᠵᠤ᠂ ᠨᠤᠲᠤᠭ ᠤᠨ ᠤᠤᠭᠠᠯ ᠬᠦᠮᠦᠨ ᠠᠷᠠᠳ ᠲᠠᠢ ᠬᠣᠯᠢᠯᠳᠤᠨ᠂ ᠨᠡᠶᠢᠲᠡᠯᠢᠭ ᠥᠪᠡᠷᠮᠢᠴᠡ ᠰᠤᠶᠤᠯ ᠢᠷᠭᠡᠨᠰᠢᠯ ᠢ ᠪᠤᠢ ᠪᠣᠯᠭᠠᠭᠰᠠᠨ ᠪᠠᠶᠢᠨ᠎ᠠ᠃ ᠭᠷᠧᠺ ᠦᠨ ᠬᠣᠲᠠ ᠤᠯᠤᠰ ᠤᠳ ᠤᠨ ᠬᠦᠮᠦᠰ ᠳᠣᠷᠢᠨ᠂ ᠢᠣᠨᠢᠶᠠᠨ᠂ ᠠᠦᠯᠢᠶᠠᠨ ᠭᠡᠰᠡᠨ ᠦᠨᠳᠦᠰᠦᠨ 3 ᠠᠶᠠᠯᠭ᠎ᠠ ᠪᠠᠷ ᠶᠠᠷᠢᠯᠴᠠᠳᠠᠭ ᠪᠠᠶᠢᠵᠠᠢ᠃

ᠰᠣᠩᠭᠣᠳᠠᠭ ᠡᠷᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠹᠢᠨ ᠤ ᠡᠵᠡᠨᠲᠦ ᠤᠯᠤᠰ (ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 480-359 ᠤᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

athens emipre

ᠮᠠᠺᠧᠳᠣᠨ ᠤ ᠵᠠᠰᠠᠭᠯᠠᠯ (ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 359-323ᠤᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠮᠠᠷᠠᠳᠤ ᠭᠷᠧᠺ ᠦᠨ ᠵᠢᠵᠢᠭ᠍ᠭᠡᠨ ᠤᠯᠤᠰ ᠤᠨ ᠬᠠᠭᠠᠨ ᠹᠢᠯᠢᠫᠫ ᠬᠤᠶᠠᠷᠳᠤᠭᠠᠷ ᠪᠣᠯᠤᠨ ᠲᠡᠭᠦᠨ ᠦ ᠬᠦᠦ ᠠᠤᠭ᠎ᠠ ᠠᠯᠧᠺᠰᠠᠨᠳᠠᠷ ᠨᠠᠷ ᠭᠷᠧᠺ ᠦᠨ ᠬᠡᠨ ᠴᠤ ᠠᠩᠵᠠᠷᠬᠤ ᠦᠭᠡᠢ ᠵᠢᠵᠢᠭ᠍ᠭᠡᠨ ᠭᠠᠵᠠᠷ ᠨᠤᠲᠤᠭ ᠢ ᠠᠰᠠᠷ ᠬᠦᠴᠦᠷᠬᠡᠭ ᠡᠵᠡᠨᠲᠦ ᠭᠦᠷᠦᠨ ᠪᠣᠯᠭᠠᠨ ᠬᠤᠪᠢᠷᠠᠭᠠᠭᠰᠠᠨ ᠶᠤᠮ᠃ ᠮᠠᠺᠧᠳᠠᠨ ᠪᠣᠯ ᠤᠮᠠᠷᠠᠳᠤ ᠭᠷᠧᠺ ᠦᠨ ᠲᠥᠪ ᠬᠡᠰᠡᠭ ᠲᠦ ᠤᠷᠤᠰᠢᠬᠤ ᠵᠢᠵᠢᠭ᠍ᠭᠡᠨ ᠬᠠᠭᠠᠨᠲᠤ ᠤᠯᠤᠰ ᠪᠠᠶᠢᠭᠰᠠᠨ ᠢᠶᠠᠨ ᠪᠦᠬᠦ ᠭᠷᠧᠺ ᠢ ᠲᠡᠷᠡ ᠴᠢᠭ ᠢᠶᠡᠷ ᠨᠢ ᠥᠪᠡᠷ ᠦᠨ ᠮᠡᠳᠡᠯ ᠳᠦ ᠪᠡᠨ ᠣᠷᠣᠭᠤᠯᠤᠨ ᠤᠯᠠᠮ ᠢᠶᠠᠷ ᠲᠤᠬᠠᠢ ᠶᠢᠨ ᠦᠶ᠎ᠡ ᠶᠢᠨ ᠬᠠᠮᠤᠭ ᠤᠨ ᠬᠦᠴᠦᠷᠬᠡᠭ ᠤᠯᠤᠰ ᠪᠣᠯᠬᠤ ᠫᠧᠷᠰ ᠢ ᠪᠠᠶᠢᠯᠳᠤᠨ ᠳᠠᠭᠠᠭᠤᠯᠤᠭᠰᠠᠨ ᠠᠵᠢ᠃ ᠮᠠᠺᠧᠳᠣᠨᠴᠤᠳ ᠭᠷᠧᠺᠴᠦᠳ ᠡᠴᠡ ᠥᠭᠡᠷ᠎ᠡ ᠬᠡᠯᠡ ᠲᠡᠢ ᠪᠠᠶᠢᠭᠰᠠᠨ ᠪᠥᠭᠡᠳ ᠬᠡᠵᠢᠶ᠎ᠡ ᠴᠤ ᠭᠷᠧᠺᠴᠦᠳ ᠰᠢᠭ ᠬᠣᠲᠠ ᠤᠯᠤᠰ ᠪᠠᠶᠢᠭᠤᠯᠵᠤ ᠪᠠᠶᠢᠭᠰᠠᠨ ᠦᠭᠡᠢ᠃

ᠡᠷᠲᠡᠨ ᠦ ᠭᠷᠧᠺ ᠦᠨ ᠳᠤᠷᠤᠢᠲᠤᠯ ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

.

ᠠᠹᠢᠨ ᠤ ᠡᠵᠡᠨᠲᠦ ᠤᠯᠤᠰ ᠪᠤᠶᠤ ᠳᠧᠯ ᠤᠨ ᠬᠣᠯᠪᠣᠭ᠎ᠠ᠂ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 431ᠤᠨ᠃ ᠫᠧᠯᠣᠫᠣᠨᠧᠰ ᠦᠨ ᠳᠠᠶᠢᠨ ᠤ ᠡᠮᠦᠨᠡᠬᠡᠨ

=== ᠡᠯᠯᠢᠨ ᠦ ᠦᠶ᠎ᠡ (ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 323-31ᠤᠨ) === ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 331ᠤᠨ ᠳᠤ ᠭᠠᠤᠭᠮᠧᠯᠢᠭ ᠤᠨ ᠲᠤᠯᠤᠯᠳᠤᠭᠠᠨ ᠳᠤ ᠭᠤᠷᠪᠠᠳᠤᠭᠠᠷ ᠳᠠᠷᠢ ᠬᠠᠭᠠᠨ ᠮᠠᠺᠧᠳᠣᠨ ᠤ ᠠᠤᠭ᠎ᠠ ᠠᠯᠧᠺᠰᠠᠨᠳᠠᠷ ᠲᠤ ᠪᠤᠲᠠ ᠨᠢᠷᠭᠡᠭᠳᠡᠵᠦ᠂ ᠪᠠᠪᠢᠯᠤᠨ ᠬᠣᠲᠠ ᠤᠨ ᠵᠠᠯᠠᠭᠤ ᠪᠠᠶᠢᠯᠳᠤᠨ ᠳᠠᠭᠠᠭᠤᠯᠤᠭᠴᠢᠳ ᠬᠠᠭᠠᠯᠭ᠎ᠠ ᠪᠠᠨ ᠨᠡᠭᠡᠭᠡᠯ᠎ᠡ᠃ ᠠᠤᠭ᠎ᠠ ᠠᠯᠧᠺᠰᠠᠨᠳᠠᠷ ᠬᠠᠭᠠᠨ ᠪᠠᠪᠢᠯᠤᠨ ᠤ ᠤᠤᠭᠠᠯ ᠣᠷᠣᠰᠢᠨ ᠰᠠᠭᠤᠭᠴᠢᠳ ᠲᠤ ᠴᠢᠯᠦᠭᠡᠯᠡᠭᠴᠢ᠂ ᠠᠪᠤᠷᠠᠭᠴᠢ ᠶᠢᠨ ᠳᠦᠷᠢ ᠪᠡᠷ ᠣᠷᠣᠵᠤ ᠢᠷᠡᠭᠰᠡᠨ ᠭᠡᠳᠡᠭ᠃ ᠠᠯᠧᠺᠰᠠᠨᠳᠠᠷ ᠤᠨ ᠵᠠᠰᠠᠭᠯᠠᠯ ᠤᠨ ᠦᠶ᠎ᠡ ᠳᠦ ᠪᠠᠪᠢᠯᠤᠨ ᠬᠣᠲᠠ ᠳᠠᠬᠢᠨ ᠰᠤᠶᠤᠯ᠂ ᠰᠢᠨᠵᠢᠯᠡᠬᠦ ᠤᠬᠠᠭᠠᠨ᠂ ᠬᠤᠳᠠᠯᠳᠤᠭᠠᠨ ᠤ ᠲᠥᠪ ᠪᠣᠯᠤᠨ ᠬᠥᠭᠵᠢᠵᠡᠢ᠃ ᠭᠡᠪᠡᠴᠦ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 323 ᠤᠨ ᠳᠤ ᠨᠧᠪᠤᠴᠢᠳᠠᠨᠧᠽᠵᠠᠷ ᠤᠨ ᠣᠷᠳᠣᠨ ᠳᠤ ᠠᠯᠧᠺᠰᠠᠨᠳᠠᠷ ᠬᠠᠭᠠᠨ ᠨᠠᠰᠤ ᠨᠥᠭᠴᠢᠬᠦ ᠳᠦ᠂ ᠡᠵᠡᠨᠲᠦ ᠤᠯᠤᠰ ᠨᠢ ᠪᠤᠲᠠᠷᠠᠴᠤ᠂ ᠲᠡᠭᠦᠨ ᠦ ᠵᠠᠩᠵᠤᠨ ᠨᠤᠭᠤᠳ ᠤᠨ ᠤᠳᠤᠷᠢᠳᠤᠯᠭ᠎ᠠ ᠳᠣᠣᠷ᠎ᠠ ᠬᠤᠪᠢᠶᠠᠭᠳᠠᠵᠤ ᠬᠣᠭᠣᠷᠣᠨᠳᠣ ᠪᠠᠨ ᠳᠠᠶᠢᠲᠤᠬᠤ ᠳᠤ ᠬᠡᠳᠦ ᠬᠡᠳᠦᠨ ᠤᠳᠠᠭ᠎ᠠ ᠳᠠᠶᠢᠨ ᠤ ᠬᠥᠯ ᠳᠦ ᠨᠡᠷᠪᠡᠭᠳᠡᠭᠰᠡᠨ ᠪᠠᠶᠢᠨ᠎ᠠ᠃ ᠪᠠᠶᠢᠩᠭᠤ ᠶᠢᠨ ᠰᠠᠮᠠᠭᠤᠨ ᠲᠠᠢ ᠪᠠᠶᠢᠭᠰᠠᠨ ᠡᠨᠡ ᠦᠶ᠎ᠡ ᠳᠦ ᠬᠦᠮᠦᠰ ᠪᠠᠪᠢᠯᠤᠨ ᠬᠣᠲᠠ ᠠᠴᠠ ᠳᠠᠶᠢᠵᠢᠬᠤ ᠪᠣᠯᠵᠤ᠂ ᠬᠦᠮᠦᠨ ᠠᠮᠠ ᠶᠢᠨ ᠲᠣᠭ᠎ᠠ ᠡᠷᠡᠰ ᠴᠥᠭᠡᠷᠡᠴᠦ ᠡᠬᠢᠯᠡᠵᠡᠢ᠃ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 275 ᠤᠨ ᠳᠤ ᠪᠠᠪᠢᠯᠤᠨ ᠤ ᠣᠷᠣᠰᠢᠨ ᠰᠠᠭᠤᠭᠴᠢᠳ ᠢ ᠰᠢᠨ᠎ᠡ ᠨᠡᠶᠢᠰᠯᠡᠯ ᠰᠧᠯᠧᠸᠬᠢᠶᠠ ᠤᠷᠤᠭᠤ ᠨᠡᠭᠦᠯᠭᠡᠭᠰᠡᠨ ᠪᠠᠶᠢᠨ᠎ᠠ᠃ ᠡᠨᠡ ᠨᠡᠭᠦᠯᠭᠡᠨ ᠰᠢᠯᠵᠢᠭᠦᠯᠦᠯᠲᠡ ᠨᠢ ᠪᠠᠪᠢᠯᠤᠨ ᠬᠣᠳᠠ ᠳᠤ ᠳᠠᠬᠢᠨ ᠰᠡᠷᠭᠦᠬᠦ ᠦᠭᠡᠢ ᠳᠤᠷᠤᠶᠢᠲᠤᠯ ᠢ ᠠᠪᠴᠢᠷᠠᠵᠠᠢ᠃ᠡᠭᠦᠨ ᠡᠴᠡ ᠡᠭᠦᠳᠦᠯᠲᠡᠢ ᠶᠡᠬᠡ ᠵᠠᠪᠬᠠᠶᠢᠷᠠᠯ ᠤᠨ ᠦᠶ᠎ᠡ ᠡᠬᠢᠯᠡᠵᠦ ᠭᠷᠧᠺ ᠳᠠᠶᠠᠭᠠᠷ ᠪᠡᠶ᠎ᠡ ᠪᠡᠨ ᠦᠨᠡᠯᠡᠭᠴᠢᠳ ᠣᠯᠠᠰᠢᠷᠠᠭᠰᠠᠨ ᠪᠠᠶᠢᠨ᠎ᠠ᠃ ᠶᠡᠬᠡᠪᠴᠢᠯᠡᠨ ᠵᠠᠯᠠᠭᠤ ᠥᠬᠢᠳ ᠡᠮᠡᠰ ᠪᠡᠶ᠎ᠡ ᠪᠡᠨ ᠦᠨᠡᠯᠡᠳᠡᠭ ᠪᠠᠶᠢᠭᠰᠠᠨ ᠪᠥᠭᠡᠳ ᠪᠠᠶᠠᠨ ᠨᠣᠶᠠᠳ ᠲᠦᠰᠢᠮᠡᠳ ᠲᠡᠢ ᠶᠠᠪᠤᠳᠠᠭ ᠪᠠᠶᠢᠯ᠎ᠠ᠃

ᠷᠤᠮᠠᠨᠢᠶ ᠠ ᠭᠷᠧᠺ (ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 31-395 ᠤᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠰᠠᠩᠲᠤ ᠶᠢᠨ ᠭᠷᠧᠺ (395-1453 ᠤᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠯᠢᠨᠺ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ