ᠡᠷᠲᠡᠨ ᠦ ᠨᠡᠭᠦᠳᠡᠯᠴᠢᠳ ᠦᠨ ᠨᠡᠭᠦᠳᠡᠯ ᠦᠨ ᠲᠤᠬᠠᠢ ᠳᠣᠮᠣᠭ ᠵᠦᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠲᠣᠪᠠᠭ ᠤᠨ ᠤᠭ ᠭᠠᠷᠤᠯ ᠪᠣᠯᠤᠨ ᠨᠡᠭᠦᠳᠡᠯ ᠦᠨ ᠲᠤᠬᠠᠢ ᠳᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠡᠢ ᠱᠣᠭᠤ ᠶᠢᠨ "ᠸᠡᠢ ᠱᠤ" ᠍ ᠦᠨ (ᠲᠣᠪᠠᠭ ᠤᠨ ᠸᠡᠢ ᠤᠯᠤᠰ ᠤᠨ ᠪᠢᠴᠢᠭ) ᠣᠷᠣᠰᠢᠯ ᠳᠤ ᠲᠣᠪᠠᠭ ᠤᠨ ᠦᠶ᠎ᠡ ᠶᠢᠨ ᠳᠣᠮᠣᠭ ᠢ ᠳᠤᠷᠢᠳᠠᠭᠰᠠᠨ ᠨᠢ: "ᠡᠷᠲᠡ ᠤᠷᠢᠳᠤ ᠰᠢᠷ᠎ᠠ ᠬᠠᠭᠠᠨ (ᠬᠤᠸᠠᠩᠳᠢ)ᠬᠣᠷᠢᠨ ᠲᠠᠪᠤᠨ ᠬᠦᠦᠲᠡᠢ ᠪᠠᠶᠢᠭᠰᠠᠨ ᠤ ᠵᠠᠷᠢᠮ ᠨᠢ ᠳᠣᠲᠣᠭᠠᠳᠤ ᠬᠢᠲᠠᠳ ᠭᠠᠵᠠᠷ ᠲᠤ᠂ ᠵᠠᠷᠢᠮ ᠭᠠᠳᠠᠭᠠᠳᠤ ᠠᠯᠤᠰ ᠪᠥᠭᠯᠡᠭᠦᠦ ᠣᠷᠣᠨ ᠢ ᠡᠵᠡᠯᠡᠨ ᠰᠠᠭᠤᠴᠠᠢ᠃ ᠣᠳᠬᠣᠨ ᠬᠦᠦ ᠴᠢᠨ ᠢ ᠤᠮᠠᠷᠠᠳᠤ ᠭᠠᠵᠠᠷ ᠤᠨ ᠡᠵᠡᠩᠨᠡᠭᠰᠡᠨ ᠪᠥᠭᠡᠳ ᠲᠡᠨᠳᠡ "ᠶᠡᠬᠡ ᠰᠢᠶᠠᠨᠪᠢ" ᠬᠡᠮᠡᠬᠦ ᠠᠭᠤᠯᠠ ᠪᠤᠢ ᠲᠤᠯᠠ ᠲᠥᠶᠢᠨᠬᠦᠦ ᠰᠢᠶᠠᠨᠪᠢ ᠭᠡᠵᠦ ᠨᠡᠷᠡᠯᠡᠵᠡᠢ᠃ (ᠭ᠃ᠰᠦᠬᠡᠪᠠᠭᠠᠲᠤᠷ 1980: 12 ). ᠲᠡᠭᠦᠨ ᠦ ᠳᠠᠷᠠᠭ᠎ᠠ 10 ᠮᠤᠵᠢ ᠶᠢᠨ ᠨᠡᠶᠢᠰᠯᠡᠯ ᠡᠴᠡ ᠬᠣᠶᠢᠰᠢ ᠠᠭᠤᠳᠠᠮ ᠭᠣᠪᠢ ᠨᠤᠲᠤᠭ ᠢ ᠵᠠᠬᠢᠷᠤᠨ ᠮᠠᠯ ᠮᠠᠯᠯᠠᠨ ᠨᠡᠭᠦᠳᠡᠯᠯᠡᠵᠦ᠂ ᠠᠨ ᠭᠥᠷ ᠢᠶᠡᠨ ᠡᠷᠬᠢᠯᠡᠨ ᠪᠠᠶᠢᠴᠠᠢ᠃ ᠵᠠᠩ ᠵᠠᠩᠰᠢᠯ ᠨᠢ ᠡᠭᠡᠯ ᠵᠢᠷ ᠦᠨ᠂ ᠶᠣᠰᠣ ᠵᠢᠷᠤᠮ ᠨᠢ ᠪᠦᠳᠦᠭᠦᠯᠢᠭ ᠬᠢᠯᠪᠠᠷ ᠪᠥᠭᠡᠳ ᠪᠢᠴᠢᠭ ᠵᠣᠬᠢᠶᠠᠭ᠎ᠠ ᠦᠭᠡᠢ᠂ ᠮᠣᠳᠣ ᠰᠡᠶᠢᠯᠦᠨ ᠲᠡᠮᠳᠡᠭᠯᠡᠵᠦ᠂ ᠦᠶ᠎ᠡ ᠦᠶ᠎ᠡ ᠶᠢᠨ ᠬᠡᠷᠡᠭ ᠶᠠᠪᠤᠳᠠᠯ ᠢ ᠬᠣᠯᠠ ᠣᠶᠢᠷ᠎ᠠ ᠶᠢᠨ ᠬᠦᠮᠦᠰ ᠤᠯᠠᠷᠢᠭᠤᠯᠤᠨ ᠤᠯᠠᠮᠵᠢᠯᠠᠭᠰᠠᠨ ᠨᠢ ᠲᠡᠦᠬᠡᠴᠢ ᠲᠦᠰᠢᠮᠡᠳ ᠦᠨ ᠲᠡᠮᠳᠡᠭᠯᠡᠯ ᠮᠡᠲᠦ ᠪᠠᠶᠢᠪᠠ᠃ ᠰᠢᠷ᠎ᠠ ᠬᠠᠭᠠᠨ ᠰᠢᠷᠤᠶᠢᠨ ᠶᠣᠰᠣᠲᠤ ᠸᠠᠩ ᠲᠤᠯᠠ ᠤᠮᠠᠷ᠎ᠠ ᠵᠦᠭ ᠦᠨ ᠬᠢᠨ ᠰᠢᠷᠣᠢ ᠶᠢ "ᠲᠠ", ᠡᠵᠡᠨ ᠢ "ᠪᠠ" ᠬᠡᠮᠡᠬᠦ ᠤᠴᠢᠷ ᠲᠥᠶᠢᠨᠬᠦᠦ "ᠲᠣᠪᠠ" ᠭᠡᠵᠦ ᠣᠪᠤᠭᠯᠠᠭᠰᠠᠨ ᠪᠠᠶᠢᠨ᠎ᠠ᠃ (ᠭ᠃ᠰᠦᠬᠡᠪᠠᠭᠠᠲᠤᠷ) ᠲᠡᠭᠦᠨ ᠦ ᠤᠳᠤᠮ ᠱᠢ ᠴᠵᠠᠨᠢ ᠨᠢ ᠶᠠᠭ᠎ᠠ ᠶᠢᠨ ᠦᠶ᠎ᠡ ᠳᠦ ᠲᠦᠰᠢᠮᠡᠯ ᠪᠣᠯᠵᠤ᠂ ᠭᠠᠨ ᠭᠠᠴᠢᠭ ᠤᠨ ᠰᠢᠮᠨᠤ ᠶᠢ ᠵᠣᠱᠤᠢ ᠭᠣᠣᠯ ᠠᠴᠠ ᠨᠡᠭᠡᠭᠡᠭᠰᠡᠨ ᠲᠤᠯᠠ ᠣᠯᠠᠨ ᠲᠦᠮᠡᠨ ᠦ ᠭᠠᠪᠢᠶ᠎ᠠ ᠶᠢᠨ ᠳᠤ ᠲᠦᠰᠢᠭᠯᠡᠵᠦ᠂ ᠬᠠᠷᠢᠨ ᠱᠤᠨᠢ ᠬᠠᠭᠠᠨ ᠲᠡᠭᠦᠨ ᠢ ᠰᠠᠶᠢᠰᠢᠶᠠᠨ ᠲᠤᠰᠢᠶᠠᠵᠤ᠂ ᠲᠠᠷᠢᠶᠠᠨ ᠤ ᠣᠪᠤᠭ ᠪᠣᠯᠭᠠᠵᠠᠢ᠃ᠭᠤᠷᠪᠠᠨ ᠲᠥᠷᠥ ᠶᠢ ᠥᠩᠭᠡᠷᠡᠨ ᠴᠢᠨᠢ᠂ ᠬᠠᠨ ᠤᠯᠤᠰ ᠬᠦᠷᠴᠦ ᠢᠷᠡᠬᠦ ᠳᠦ ᠪᠡᠨ ᠬᠤᠶᠢᠴᠦᠢ᠂ ᠰᠢᠨᠠᠨᠢ᠂ ᠤᠤᠯ ᠤᠨ ᠲᠤᠩ᠂ ᠾᠦᠩᠨᠦ ᠨᠠᠷᠠᠲᠤ ᠪᠠᠭᠳᠠᠵᠣ ᠣᠯᠠᠨ ᠦᠶ᠎ᠡ ᠶᠢᠨ ᠲᠤᠷᠰᠢ ᠴᠵᠤᠩ ᠴᠵᠢᠤᠭ (ᠬᠢᠲᠠᠳ) ᠬᠡᠷᠴᠡᠭᠡᠢ ᠳᠣᠭᠰᠢᠨ ᠢᠶᠠᠷ ᠬᠥᠨᠥᠭᠡᠨ ᠪᠠᠶᠢᠭᠰᠠᠨ ᠪᠠ ᠱᠢ ᠴᠵᠠᠨ ᠦ ᠤᠳᠤᠮ ᠬᠢᠲᠠᠳ ᠣᠷᠣᠨ ᠲᠠᠢ ᠬᠠᠷᠢᠯᠴᠠᠭ᠎ᠠ ᠦᠭᠡᠢ ᠪᠠᠶᠢᠭᠰᠠᠨ ᠪᠥᠭᠡᠳ ᠲᠡᠶᠢᠮᠦ ᠤᠴᠢᠷ ᠠᠴᠠ ᠰᠤᠳᠤᠷ ᠲᠡᠮᠳᠡᠭᠯᠡᠯ ᠳᠦ ᠲᠡᠮᠳᠡᠭᠯᠡᠭᠡ ᠦᠭᠡᠢ ᠪᠢᠯᠡ᠃ ᠵᠢᠷᠠᠨ ᠳᠣᠯᠣᠭᠠᠨ ᠦᠶ᠎ᠡ ᠪᠣᠯᠤᠭᠠᠳ ᠴᠢᠨ ᠬᠤᠸᠠᠩᠳᠢ (ᠮᠠᠣ ᠬᠠᠭᠠᠨ)ᠬᠦᠷᠴᠦ ᠢᠷᠡᠪᠡ᠃ ᠲᠡᠭᠦᠨ ᠦ ᠴᠡᠭᠡᠷ ᠲᠡᠢ ᠨᠡᠷ᠎ᠡ ᠨᠢ ᠮᠠᠣ ᠶᠤᠮ᠃ ᠲᠡᠷᠡ ᠬᠦᠮᠦᠨ ᠬᠠᠭᠠᠨ ᠰᠠᠭᠤᠭᠠᠳ ᠰᠡᠴᠡᠨ ᠤᠬᠠᠭᠠᠨ ᠲᠠᠢ ᠪᠠᠭᠠᠲᠤᠷᠯᠢᠭ ᠲᠤᠯᠠ ᠬᠣᠯᠠ ᠣᠶᠢᠷ᠎ᠠ ᠶᠢᠨ ᠬᠢᠨ ᠳᠤ ᠪᠠᠨ ᠡᠷᠭᠦᠮᠵᠢᠯᠡᠭᠳᠡᠭᠡᠳ 36 ᠤᠯᠤᠰ᠂ 33 ᠲᠣᠮᠣ ᠣᠪᠤᠭ ᠢ ᠵᠠᠬᠢᠷᠴᠢ ᠨᠡᠷ᠎ᠡ ᠰᠦᠷ ᠨᠢ ᠤᠮᠠᠷ᠎ᠠ ᠳᠠᠬᠢᠨ ᠳᠤ ᠠᠯᠳᠠᠷᠰᠢᠵᠤ ᠡᠰᠡ ᠳᠠᠭᠠᠭᠰᠠᠨ ᠨᠢ ᠦᠭᠡᠢ ᠪᠢᠯᠡ᠃.. ᠢᠩᠭᠢᠭᠡᠳ ᠮᠠᠣ ᠬᠠᠭᠠᠨ ᠠᠴᠠ ᠡᠬᠢᠯᠡᠨ ᠲᠣᠪᠠᠭ᠎ᠠ ᠶᠢᠨᠴᠽᠧᠹᠢᠨᠢ ᠬᠠᠭᠠᠨ ᠬᠦᠷᠲᠡᠯ᠎ᠡ 13 ᠬᠠᠭᠠᠨ ᠤ ᠨᠡᠷ᠎ᠡ ᠶᠢ ᠳᠡᠰ ᠳᠠᠷᠠᠭᠠᠯᠠᠨ ᠪᠢᠴᠢᠭᠡᠳ᠂ ᠵᠠᠷᠢᠮ ᠲᠠᠢ ᠬᠣᠯᠪᠣᠭᠳᠠᠭᠰᠠᠨ ᠳᠣᠮᠣᠭ ᠤᠨ ᠴᠢᠨᠠᠷᠲᠠᠢ ᠦᠢᠯᠡ ᠶᠠᠪᠤᠳᠠᠯ ᠢ ᠲᠠᠡᠴᠬᠫᠮ ᠳᠤᠷᠠᠳᠴᠠᠢ᠃.. ᠮᠠᠣ (ᠮᠠᠤᠳᠤᠨᠢ ᠭ᠃ᠰᠦᠬᠡᠪᠠᠭᠠᠲᠤᠷ 1980:32) ᠬᠠᠭᠠᠨ ᠠᠴᠠ ᠬᠣᠶᠢᠰᠢᠬᠢ 5 ᠳᠠᠬᠢ ᠦᠶ᠎ᠡ ᠶᠢᠨ ᠰᠸᠠᠨ (ᠲᠤᠤᠨᠢ) ᠬᠠᠭᠠᠨ ᠰᠢᠷᠡᠭᠡᠨ ᠳᠦ ᠰᠠᠭᠤᠭᠠᠳ ᠤᠷᠤᠭᠰᠢ ᠨᠡᠭᠦᠨ ᠡᠷᠭᠢᠨ ᠲᠣᠭᠣᠷᠢᠨ ᠮᠢᠩᠭ᠎ᠠ ᠭᠠᠷᠤᠢ ᠭᠠᠵᠠᠷ ᠲᠣᠮᠣ ᠨᠠᠭᠤᠷ ᠲᠤ ᠣᠴᠢᠵᠠᠢ᠃ ᠲᠡᠷᠡ ᠨᠤᠲᠤᠭ ᠨᠢ ᠬᠠᠷᠠᠩᠭᠤᠢ᠂ ᠬᠣᠲᠣᠭᠣᠷ᠂ ᠨᠠᠮᠤᠭ ᠲᠠᠢ ᠪᠠᠶᠢᠪᠠ᠃ ᠲᠡᠭᠡᠭᠡᠳ 12 ᠳᠠᠬᠢ ᠦᠶ᠎ᠡ ᠶᠢᠨ ᠰᠢᠨᠢ (ᠯᠢᠨᠢ) ᠬᠠᠭᠠᠨ ᠰᠢᠷᠡᠭᠡᠨ ᠳᠦ ᠰᠠᠭᠤᠬᠤ ᠳᠤ ᠨᠢ ᠨᠢᠭᠡ ᠪᠣᠭᠳᠠ ᠬᠦᠮᠦᠨ ᠲᠡᠭᠦᠨ ᠦ ᠤᠯᠤᠰ ᠲᠤ ᠦᠭᠦᠯᠡᠭᠰᠡᠨ ᠨᠢ "ᠲᠡᠷᠡ ᠭᠠᠵᠠᠷ ᠠᠯᠤᠰ ᠪᠥᠭᠯᠡᠭᠦᠦ ᠤᠴᠢᠷ ᠨᠡᠶᠢᠰᠯᠡᠯ ᠪᠠᠶᠢᠭᠤᠯᠬᠤ ᠳᠤ ᠲᠣᠬᠢᠷᠠᠬᠤ ᠦᠭᠡᠢ ᠴᠠᠰᠢ ᠨᠡᠭᠦᠬᠦᠲᠦᠩ" ᠭᠡᠵᠡᠢ᠃ ᠲᠡᠷᠡ ᠦᠶ᠎ᠡ ᠳᠦ ᠬᠠᠭᠠᠨ ᠨᠠᠰᠤᠨ ᠥᠨᠳᠥᠷ ᠪᠣᠯᠤᠭᠰᠠᠨ ᠤᠴᠢᠷ ᠬᠦᠦ ᠳᠦ ᠪᠡᠨ ᠰᠠᠭᠤᠷᠢ ᠪᠠᠨ ᠥᠭᠴᠡᠢ᠃ ᠴᠢᠩᠭᠢᠭᠡᠳ ᠬᠦᠦ ᠴᠽᠧᠹᠢᠨᠢ ᠨᠢ ᠤᠷᠤᠭᠰᠢ ᠨᠡᠭᠦᠵᠦ ᠾᠦᠩᠨᠦ ᠶᠢᠨ ᠬᠠᠭᠤᠴᠢᠨ ᠨᠤᠲᠤᠭ ᠲᠤ ᠣᠴᠢᠵᠤ ᠨᠤᠲᠤᠭᠯᠠᠵᠠᠢ᠃ ᠲᠥᠶᠢᠨᠬᠦᠦ ᠨᠦᠭᠦᠬᠦ ᠶᠢᠨ ᠠᠷᠭ᠎ᠠ ᠤᠬᠠᠭᠠᠨ ᠨᠢ ᠰᠸᠠᠨ (ᠲᠤᠤᠨᠢ), ᠰᠢᠨᠢ (ᠯᠢᠨᠢ) ᠬᠣᠶᠠᠷ ᠬᠠᠮᠢᠭ᠎ᠠ ᠠᠴᠠ ᠭᠠᠷᠤᠭᠰᠠᠨ ᠤᠴᠢᠷ ᠬᠦᠮᠦᠰ ᠲᠡᠳᠡᠨ ᠢ "ᠲᠤᠤᠨᠢ" ᠬᠡᠮᠡᠭᠰᠡᠨ ᠨᠢ ᠬᠢᠲᠠᠳ ᠢᠶᠠᠷ "ᠴᠵᠤᠨᠢ ᠶᠠᠨᠢ" ᠭᠡᠰᠡᠨ ᠤᠳᠬ᠎ᠠ ᠲᠠᠢ ᠪᠠᠶᠢᠬᠤ ᠭᠡᠵᠡᠢ (ᠭ᠃ᠰᠦᠬᠡᠪᠠᠭᠠᠲᠤᠷ᠂ 1980:34). ᠲᠣᠪᠠᠭ ᠤᠨ ᠡᠯ᠎ᠡ ᠳᠣᠮᠣᠭ ᠬᠣᠶᠠᠷ ᠦᠨᠳᠦᠰᠦᠨ ᠬᠡᠰᠡᠭ ᠡᠴᠡ ᠪᠦᠷᠢᠯᠳᠦᠵᠦ ᠪᠠᠶᠢᠨ᠎ᠠ᠃ ᠡᠭᠦᠨ ᠳᠦ ᠮᠠᠣ ᠬᠠᠭᠠᠨ ᠬᠦᠷᠲᠡᠯᠡᠬᠢ ᠲᠣᠯᠣᠭᠠᠢ ᠶᠢᠨ ᠬᠡᠰᠡᠭ ᠨᠢ ᠬᠢᠲᠠᠳ ᠤᠨ ᠳᠣᠮᠣᠭ ᠲᠠᠢ ᠵᠣᠬᠢᠶᠠᠮᠠᠯ ᠢᠶᠠᠷ ᠬᠣᠯᠪᠣᠭᠳᠠᠭᠰᠠᠨ ᠪᠠᠶᠢᠨ᠎ᠠ᠃ ᠤᠭ ᠳᠣᠮᠣᠭ ᠢ ᠬᠢᠲᠠᠳ ᠤᠨ ᠨᠣᠶᠠᠷᠬᠠᠭᠴᠢ ᠠᠩᠬᠢ ᠶᠢᠨ ᠦᠵᠡᠯ ᠰᠤᠷᠲᠠᠯ᠂ ᠲᠡᠳᠡᠨ ᠦ ᠡᠷᠬᠡ ᠠᠰᠢᠭ ᠲᠤ ᠨᠡᠶᠢᠴᠡᠭᠦᠯᠦᠨ ᠲᠣᠪᠠᠭ ᠤᠨ ᠳᠣᠮᠣᠭ ᠤᠨ ᠲᠣᠯᠣᠭᠠᠢ ᠳᠤ ᠵᠣᠷᠢᠭᠤᠳᠠ ᠬᠡᠶᠢᠰᠦᠯᠡᠷ᠎ᠡ ᠵᠠᠯᠭᠠᠭᠰᠠᠨ ᠪᠠᠶᠢᠨ᠎ᠠ᠃ ᠮᠠᠣ ᠬᠠᠮᠢᠭ᠎ᠠ ᠠᠴᠠ ᠵᠢᠩᠬᠢᠨᠢ ᠲᠣᠪᠠᠭ ᠤᠨ ᠳᠣᠮᠣᠭ ᠡᠬᠢᠯᠡᠵᠦ ᠪᠠᠶᠢᠨ᠎ᠠ (ᠭ᠃ᠰᠦᠬᠡᠪᠠᠭᠠᠲᠤᠷ᠂ 1980:41). ᠡᠶᠢᠮᠦ ᠡᠴᠡ ᠡᠨᠡᠬᠦ ᠲᠣᠪᠠᠭ ᠤᠨ ᠤᠭ ᠭᠠᠷᠤᠯ ᠲᠠᠢ ᠬᠣᠯᠪᠣᠭ᠎ᠠ ᠲᠠᠢ ᠳᠣᠮᠣᠭ ᠠᠴᠠ ᠮᠠᠣ ᠬᠠᠨᠠᠰ ᠬᠣᠶᠢᠰᠢᠬᠢ ᠪᠤᠶᠤ ᠲᠡᠳᠡᠨ ᠦ ᠨᠡᠭᠦᠳᠡᠯᠡᠯᠲᠡ ᠶᠢᠨ ᠲᠤᠬᠠᠢ ᠬᠡᠰᠡᠭ ᠢ ᠭᠣᠣᠯᠴᠢᠯᠠᠨ ᠠᠩᠬᠠᠷᠤᠭᠰᠠᠨ ᠪᠣᠯᠤᠨ᠎ᠠ ᠸᠡᠢ ᠱᠣᠭᠤ ᠶᠢᠨ "ᠸᠡᠢ ᠱᠤ" ᠍ ᠦᠨ (ᠲᠣᠪᠠᠭ ᠤᠨ ᠸᠡᠢ ᠤᠯᠤᠰ ᠤᠨ ᠪᠢᠴᠢᠭ) ᠣᠷᠣᠰᠢᠯ ᠳᠤ ᠲᠣᠪᠠᠭ ᠤᠨ ᠦᠶ᠎ᠡ ᠶᠢᠨ ᠳᠣᠮᠣᠭ ᠢ ᠳᠤᠷᠢᠳᠠᠭᠰᠠᠨ ᠨᠢ: "ᠡᠷᠲᠡ ᠤᠷᠢᠳᠤ ᠰᠢᠷ᠎ᠠ ᠬᠠᠭᠠᠨ (ᠬᠤᠸᠠᠩᠳᠢ)ᠬᠣᠷᠢᠨ ᠲᠠᠪᠤᠨ ᠬᠦᠦᠲᠡᠢ ᠪᠠᠶᠢᠭᠰᠠᠨ ᠤ ᠵᠠᠷᠢᠮ ᠨᠢ ᠳᠣᠲᠣᠭᠠᠳᠤ ᠬᠢᠲᠠᠳ ᠭᠠᠵᠠᠷ ᠲᠤ᠂ ᠵᠠᠷᠢᠮ ᠭᠠᠳᠠᠭᠠᠳᠤ ᠠᠯᠤᠰ ᠪᠥᠭᠯᠡᠭᠦᠦ ᠣᠷᠣᠨ ᠢ ᠡᠵᠡᠯᠡᠨ ᠰᠠᠭᠤᠴᠠᠢ᠃ ᠣᠳᠬᠣᠨ ᠬᠦᠦ ᠴᠢᠨ ᠢ ᠤᠮᠠᠷᠠᠳᠤ ᠭᠠᠵᠠᠷ ᠤᠨ ᠡᠵᠡᠩᠨᠡᠭᠰᠡᠨ ᠪᠥᠭᠡᠳ ᠲᠡᠨᠳᠡ "ᠶᠡᠬᠡ ᠰᠢᠶᠠᠨᠪᠢ" ᠬᠡᠮᠡᠬᠦ ᠠᠭᠤᠯᠠ ᠪᠤᠢ ᠲᠤᠯᠠ ᠲᠥᠶᠢᠨᠬᠦᠦ ᠰᠢᠶᠠᠨᠪᠢ ᠭᠡᠵᠦ ᠨᠡᠷᠡᠯᠡᠵᠡᠢ᠃ (ᠭ᠃ᠰᠦᠬᠡᠪᠠᠭᠠᠲᠤᠷ 1980: 12 ). ᠲᠡᠭᠦᠨ ᠦ ᠳᠠᠷᠠᠭ᠎ᠠ 10 ᠮᠤᠵᠢ ᠶᠢᠨ ᠨᠡᠶᠢᠰᠯᠡᠯ ᠡᠴᠡ ᠬᠣᠶᠢᠰᠢ ᠠᠭᠤᠳᠠᠮ ᠭᠣᠪᠢ ᠨᠤᠲᠤᠭ ᠢ ᠵᠠᠬᠢᠷᠤᠨ ᠮᠠᠯ ᠮᠠᠯᠯᠠᠨ ᠨᠡᠭᠦᠳᠡᠯᠯᠡᠵᠦ᠂ ᠠᠨ ᠭᠥᠷ ᠢᠶᠡᠨ ᠡᠷᠬᠢᠯᠡᠨ ᠪᠠᠶᠢᠴᠠᠢ᠃ ᠵᠠᠩ ᠵᠠᠩᠰᠢᠯ ᠨᠢ ᠡᠭᠡᠯ ᠵᠢᠷ ᠦᠨ᠂ ᠶᠣᠰᠣ ᠵᠢᠷᠤᠮ ᠨᠢ ᠪᠦᠳᠦᠭᠦᠯᠢᠭ ᠬᠢᠯᠪᠠᠷ ᠪᠥᠭᠡᠳ ᠪᠢᠴᠢᠭ ᠵᠣᠬᠢᠶᠠᠭ᠎ᠠ ᠦᠭᠡᠢ᠂ ᠮᠣᠳᠣ ᠰᠡᠶᠢᠯᠦᠨ ᠲᠡᠮᠳᠡᠭᠯᠡᠵᠦ᠂ ᠦᠶ᠎ᠡ ᠦᠶ᠎ᠡ ᠶᠢᠨ ᠬᠡᠷᠡᠭ ᠶᠠᠪᠤᠳᠠᠯ ᠢ ᠬᠣᠯᠠ ᠣᠶᠢᠷ᠎ᠠ ᠶᠢᠨ ᠬᠦᠮᠦᠰ ᠤᠯᠠᠷᠢᠭᠤᠯᠤᠨ ᠤᠯᠠᠮᠵᠢᠯᠠᠭᠰᠠᠨ ᠨᠢ ᠲᠡᠦᠬᠡᠴᠢ ᠲᠦᠰᠢᠮᠡᠳ ᠦᠨ ᠲᠡᠮᠳᠡᠭᠯᠡᠯ ᠮᠡᠲᠦ ᠪᠠᠶᠢᠪᠠ᠃ ᠰᠢᠷ᠎ᠠ ᠬᠠᠭᠠᠨ ᠰᠢᠷᠤᠶᠢᠨ ᠶᠣᠰᠣᠲᠤ ᠸᠠᠩ ᠲᠤᠯᠠ ᠤᠮᠠᠷ᠎ᠠ ᠵᠦᠭ ᠦᠨ ᠬᠢᠨ ᠰᠢᠷᠣᠢ ᠶᠢ "ᠲᠠ", ᠡᠵᠡᠨ ᠢ "ᠪᠠ" ᠬᠡᠮᠡᠬᠦ ᠤᠴᠢᠷ ᠲᠥᠶᠢᠨᠬᠦᠦ "ᠲᠣᠪᠠ" ᠭᠡᠵᠦ ᠣᠪᠤᠭᠯᠠᠭᠰᠠᠨ ᠪᠠᠶᠢᠨ᠎ᠠ᠃ (ᠭ᠃ᠰᠦᠬᠡᠪᠠᠭᠠᠲᠤᠷ) ᠲᠡᠭᠦᠨ ᠦ ᠤᠳᠤᠮ ᠱᠢ ᠴᠵᠠᠨᠢ ᠨᠢ ᠶᠠᠭ᠎ᠠ ᠶᠢᠨ ᠦᠶ᠎ᠡ ᠳᠦ ᠲᠦᠰᠢᠮᠡᠯ ᠪᠣᠯᠵᠤ᠂ ᠭᠠᠨ ᠭᠠᠴᠢᠭ ᠤᠨ ᠰᠢᠮᠨᠤ ᠶᠢ ᠵᠣᠱᠤᠢ ᠭᠣᠣᠯ ᠠᠴᠠ ᠨᠡᠭᠡᠭᠡᠭᠰᠡᠨ ᠲᠤᠯᠠ ᠣᠯᠠᠨ ᠲᠦᠮᠡᠨ ᠦ ᠭᠠᠪᠢᠶ᠎ᠠ ᠶᠢᠨ ᠳᠤ ᠲᠦᠰᠢᠭᠯᠡᠵᠦ᠂ ᠬᠠᠷᠢᠨ ᠱᠤᠨᠢ ᠬᠠᠭᠠᠨ ᠲᠡᠭᠦᠨ ᠢ ᠰᠠᠶᠢᠰᠢᠶᠠᠨ ᠲᠤᠰᠢᠶᠠᠵᠤ᠂ ᠲᠠᠷᠢᠶᠠᠨ ᠤ ᠣᠪᠤᠭ ᠪᠣᠯᠭᠠᠵᠠᠢ᠃ᠭᠤᠷᠪᠠᠨ ᠲᠥᠷᠥ ᠶᠢ ᠥᠩᠭᠡᠷᠡᠨ ᠴᠢᠨᠢ᠂ ᠬᠠᠨ ᠤᠯᠤᠰ ᠬᠦᠷᠴᠦ ᠢᠷᠡᠬᠦ ᠳᠦ ᠪᠡᠨ ᠬᠤᠶᠢᠴᠦᠢ᠂ ᠰᠢᠨᠠᠨᠢ᠂ ᠤᠤᠯ ᠤᠨ ᠲᠤᠩ᠂ ᠾᠦᠩᠨᠦ ᠨᠠᠷᠠᠲᠤ ᠪᠠᠭᠳᠠᠵᠣ ᠣᠯᠠᠨ ᠦᠶ᠎ᠡ ᠶᠢᠨ ᠲᠤᠷᠰᠢ ᠴᠵᠤᠩ ᠴᠵᠢᠤᠭ (ᠬᠢᠲᠠᠳ) ᠬᠡᠷᠴᠡᠭᠡᠢ ᠳᠣᠭᠰᠢᠨ ᠢᠶᠠᠷ ᠬᠥᠨᠥᠭᠡᠨ ᠪᠠᠶᠢᠭᠰᠠᠨ ᠪᠠ ᠱᠢ ᠴᠵᠠᠨ ᠦ ᠤᠳᠤᠮ ᠬᠢᠲᠠᠳ ᠣᠷᠣᠨ ᠲᠠᠢ ᠬᠠᠷᠢᠯᠴᠠᠭ᠎ᠠ ᠦᠭᠡᠢ ᠪᠠᠶᠢᠭᠰᠠᠨ ᠪᠥᠭᠡᠳ ᠲᠡᠶᠢᠮᠦ ᠤᠴᠢᠷ ᠠᠴᠠ ᠰᠤᠳᠤᠷ ᠲᠡᠮᠳᠡᠭᠯᠡᠯ ᠳᠦ ᠲᠡᠮᠳᠡᠭᠯᠡᠭᠡ ᠦᠭᠡᠢ ᠪᠢᠯᠡ᠃ ᠵᠢᠷᠠᠨ ᠳᠣᠯᠣᠭᠠᠨ ᠦᠶ᠎ᠡ ᠪᠣᠯᠤᠭᠠᠳ ᠴᠢᠨ ᠬᠤᠸᠠᠩᠳᠢ (ᠮᠠᠣ ᠬᠠᠭᠠᠨ)ᠬᠦᠷᠴᠦ ᠢᠷᠡᠪᠡ᠃ ᠲᠡᠭᠦᠨ ᠦ ᠴᠡᠭᠡᠷ ᠲᠡᠢ ᠨᠡᠷ᠎ᠡ ᠨᠢ ᠮᠠᠣ ᠶᠤᠮ᠃ ᠲᠡᠷᠡ ᠬᠦᠮᠦᠨ ᠬᠠᠭᠠᠨ ᠰᠠᠭᠤᠭᠠᠳ ᠰᠡᠴᠡᠨ ᠤᠬᠠᠭᠠᠨ ᠲᠠᠢ ᠪᠠᠭᠠᠲᠤᠷᠯᠢᠭ ᠲᠤᠯᠠ ᠬᠣᠯᠠ ᠣᠶᠢᠷ᠎ᠠ ᠶᠢᠨ ᠬᠢᠨ ᠳᠤ ᠪᠠᠨ ᠡᠷᠭᠦᠮᠵᠢᠯᠡᠭᠳᠡᠭᠡᠳ 36 ᠤᠯᠤᠰ᠂ 33 ᠲᠣᠮᠣ ᠣᠪᠤᠭ ᠢ ᠵᠠᠬᠢᠷᠴᠢ ᠨᠡᠷ᠎ᠡ ᠰᠦᠷ ᠨᠢ ᠤᠮᠠᠷ᠎ᠠ ᠳᠠᠬᠢᠨ ᠳᠤ ᠠᠯᠳᠠᠷᠰᠢᠵᠤ ᠡᠰᠡ ᠳᠠᠭᠠᠭᠰᠠᠨ ᠨᠢ ᠦᠭᠡᠢ ᠪᠢᠯᠡ᠃.. ᠢᠩᠭᠢᠭᠡᠳ ᠮᠠᠣ ᠬᠠᠭᠠᠨ ᠠᠴᠠ ᠡᠬᠢᠯᠡᠨ ᠲᠣᠪᠠᠭ᠎ᠠ ᠶᠢᠨᠴᠽᠧᠹᠢᠨᠢ ᠬᠠᠭᠠᠨ ᠬᠦᠷᠲᠡᠯ᠎ᠡ 13 ᠬᠠᠭᠠᠨ ᠤ ᠨᠡᠷ᠎ᠡ ᠶᠢ ᠳᠡᠰ ᠳᠠᠷᠠᠭᠠᠯᠠᠨ ᠪᠢᠴᠢᠭᠡᠳ᠂ ᠵᠠᠷᠢᠮ ᠲᠠᠢ ᠬᠣᠯᠪᠣᠭᠳᠠᠭᠰᠠᠨ ᠳᠣᠮᠣᠭ ᠤᠨ ᠴᠢᠨᠠᠷᠲᠠᠢ ᠦᠢᠯᠡ ᠶᠠᠪᠤᠳᠠᠯ ᠢ ᠲᠠᠡᠴᠬᠫᠮ ᠳᠤᠷᠠᠳᠴᠠᠢ᠃.. ᠮᠠᠣ (ᠮᠠᠤᠳᠤᠨᠢ ᠭ᠃ᠰᠦᠬᠡᠪᠠᠭᠠᠲᠤᠷ 1980:32) ᠬᠠᠭᠠᠨ ᠠᠴᠠ ᠬᠣᠶᠢᠰᠢᠬᠢ 5 ᠳᠠᠬᠢ ᠦᠶ᠎ᠡ ᠶᠢᠨ ᠰᠸᠠᠨ (ᠲᠤᠤᠨᠢ) ᠬᠠᠭᠠᠨ ᠰᠢᠷᠡᠭᠡᠨ ᠳᠦ ᠰᠠᠭᠤᠭᠠᠳ ᠤᠷᠤᠭᠰᠢ ᠨᠡᠭᠦᠨ ᠡᠷᠭᠢᠨ ᠲᠣᠭᠣᠷᠢᠨ ᠮᠢᠩᠭ᠎ᠠ ᠭᠠᠷᠤᠢ ᠭᠠᠵᠠᠷ ᠲᠣᠮᠣ ᠨᠠᠭᠤᠷ ᠲᠤ ᠣᠴᠢᠵᠠᠢ᠃ ᠲᠡᠷᠡ ᠨᠤᠲᠤᠭ ᠨᠢ ᠬᠠᠷᠠᠩᠭᠤᠢ᠂ ᠬᠣᠲᠣᠭᠣᠷ᠂ ᠨᠠᠮᠤᠭ ᠲᠠᠢ ᠪᠠᠶᠢᠪᠠ᠃ ᠲᠡᠭᠡᠭᠡᠳ 12 ᠳᠠᠬᠢ ᠦᠶ᠎ᠡ ᠶᠢᠨ ᠰᠢᠨᠢ (ᠯᠢᠨᠢ) ᠬᠠᠭᠠᠨ ᠰᠢᠷᠡᠭᠡᠨ ᠳᠦ ᠰᠠᠭᠤᠬᠤ ᠳᠤ ᠨᠢ ᠨᠢᠭᠡ ᠪᠣᠭᠳᠠ ᠬᠦᠮᠦᠨ ᠲᠡᠭᠦᠨ ᠦ ᠤᠯᠤᠰ ᠲᠤ ᠦᠭᠦᠯᠡᠭᠰᠡᠨ ᠨᠢ "ᠲᠡᠷᠡ ᠭᠠᠵᠠᠷ ᠠᠯᠤᠰ ᠪᠥᠭᠯᠡᠭᠦᠦ ᠤᠴᠢᠷ ᠨᠡᠶᠢᠰᠯᠡᠯ ᠪᠠᠶᠢᠭᠤᠯᠬᠤ ᠳᠤ ᠲᠣᠬᠢᠷᠠᠬᠤ ᠦᠭᠡᠢ ᠴᠠᠰᠢ ᠨᠡᠭᠦᠬᠦᠲᠦᠩ" ᠭᠡᠵᠡᠢ᠃ ᠲᠡᠷᠡ ᠦᠶ᠎ᠡ ᠳᠦ ᠬᠠᠭᠠᠨ ᠨᠠᠰᠤᠨ ᠥᠨᠳᠥᠷ ᠪᠣᠯᠤᠭᠰᠠᠨ ᠤᠴᠢᠷ ᠬᠦᠦ ᠳᠦ ᠪᠡᠨ ᠰᠠᠭᠤᠷᠢ ᠪᠠᠨ ᠥᠭᠴᠡᠢ᠃ ᠴᠢᠩᠭᠢᠭᠡᠳ ᠬᠦᠦ ᠴᠽᠧᠹᠢᠨᠢ ᠨᠢ ᠤᠷᠤᠭᠰᠢ ᠨᠡᠭᠦᠵᠦ ᠾᠦᠩᠨᠦ ᠶᠢᠨ ᠬᠠᠭᠤᠴᠢᠨ ᠨᠤᠲᠤᠭ ᠲᠤ ᠣᠴᠢᠵᠤ ᠨᠤᠲᠤᠭᠯᠠᠵᠠᠢ᠃ ᠲᠥᠶᠢᠨᠬᠦᠦ ᠨᠦᠭᠦᠬᠦ ᠶᠢᠨ ᠠᠷᠭ᠎ᠠ ᠤᠬᠠᠭᠠᠨ ᠨᠢ ᠰᠸᠠᠨ (ᠲᠤᠤᠨᠢ), ᠰᠢᠨᠢ (ᠯᠢᠨᠢ) ᠬᠣᠶᠠᠷ ᠬᠠᠮᠢᠭ᠎ᠠ ᠠᠴᠠ ᠭᠠᠷᠤᠭᠰᠠᠨ ᠤᠴᠢᠷ ᠬᠦᠮᠦᠰ ᠲᠡᠳᠡᠨ ᠢ "ᠲᠤᠤᠨᠢ" ᠬᠡᠮᠡᠭᠰᠡᠨ ᠨᠢ ᠬᠢᠲᠠᠳ ᠢᠶᠠᠷ "ᠴᠵᠤᠨᠢ ᠶᠠᠨᠢ" ᠭᠡᠰᠡᠨ ᠤᠳᠬ᠎ᠠ ᠲᠠᠢ ᠪᠠᠶᠢᠬᠤ ᠭᠡᠵᠡᠢ (ᠭ᠃ᠰᠦᠬᠡᠪᠠᠭᠠᠲᠤᠷ᠂ 1980:34). ᠲᠣᠪᠠᠭ ᠤᠨ ᠡᠯ᠎ᠡ ᠳᠣᠮᠣᠭ ᠬᠣᠶᠠᠷ ᠦᠨᠳᠦᠰᠦᠨ ᠬᠡᠰᠡᠭ ᠡᠴᠡ ᠪᠦᠷᠢᠯᠳᠦᠵᠦ ᠪᠠᠶᠢᠨ᠎ᠠ᠃ ᠡᠭᠦᠨ ᠳᠦ ᠮᠠᠣ ᠬᠠᠭᠠᠨ ᠬᠦᠷᠲᠡᠯᠡᠬᠢ ᠲᠣᠯᠣᠭᠠᠢ ᠶᠢᠨ ᠬᠡᠰᠡᠭ ᠨᠢ ᠬᠢᠲᠠᠳ ᠤᠨ ᠳᠣᠮᠣᠭ ᠲᠠᠢ ᠵᠣᠬᠢᠶᠠᠮᠠᠯ ᠢᠶᠠᠷ ᠬᠣᠯᠪᠣᠭᠳᠠᠭᠰᠠᠨ ᠪᠠᠶᠢᠨ᠎ᠠ᠃ ᠤᠭ ᠳᠣᠮᠣᠭ ᠢ ᠬᠢᠲᠠᠳ ᠤᠨ ᠨᠣᠶᠠᠷᠬᠠᠭᠴᠢ ᠠᠩᠬᠢ ᠶᠢᠨ ᠦᠵᠡᠯ ᠰᠤᠷᠲᠠᠯ᠂ ᠲᠡᠳᠡᠨ ᠦ ᠡᠷᠬᠡ ᠠᠰᠢᠭ ᠲᠤ ᠨᠡᠶᠢᠴᠡᠭᠦᠯᠦᠨ ᠲᠣᠪᠠᠭ ᠤᠨ ᠳᠣᠮᠣᠭ ᠤᠨ ᠲᠣᠯᠣᠭᠠᠢ ᠳᠤ ᠵᠣᠷᠢᠭᠤᠳᠠ ᠬᠡᠶᠢᠰᠦᠯᠡᠷ᠎ᠡ ᠵᠠᠯᠭᠠᠭᠰᠠᠨ ᠪᠠᠶᠢᠨ᠎ᠠ᠃ ᠮᠠᠣ ᠬᠠᠮᠢᠭ᠎ᠠ ᠠᠴᠠ ᠵᠢᠩᠬᠢᠨᠢ ᠲᠣᠪᠠᠭ ᠤᠨ ᠳᠣᠮᠣᠭ ᠡᠬᠢᠯᠡᠵᠦ ᠪᠠᠶᠢᠨ᠎ᠠ (ᠭ᠃ᠰᠦᠬᠡᠪᠠᠭᠠᠲᠤᠷ᠂ 1980:41). ᠡᠶᠢᠮᠦ ᠡᠴᠡ ᠡᠨᠡᠬᠦ ᠲᠣᠪᠠᠭ ᠤᠨ ᠤᠭ ᠭᠠᠷᠤᠯ ᠲᠠᠢ ᠬᠣᠯᠪᠣᠭ᠎ᠠ ᠲᠠᠢ ᠳᠣᠮᠣᠭ ᠠᠴᠠ ᠮᠠᠣ ᠬᠠᠨᠠᠰ ᠬᠣᠶᠢᠰᠢᠬᠢ ᠪᠤᠶᠤ ᠲᠡᠳᠡᠨ ᠦ ᠨᠡᠭᠦᠳᠡᠯᠡᠯᠲᠡ ᠶᠢᠨ ᠲᠤᠬᠠᠢ ᠬᠡᠰᠡᠭ ᠢ ᠭᠣᠣᠯᠴᠢᠯᠠᠨ ᠠᠩᠬᠠᠷᠤᠭᠰᠠᠨ ᠪᠣᠯᠤᠨ᠎ᠠ᠃

ᠠᠱᠢᠨᠠᠭ ᠤᠨ ᠳᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠦᠭ ᠦᠳ ᠦᠨ ᠡᠪᠦᠭᠡ ᠠᠱᠢᠨᠠᠭ ᠤᠨ ᠣᠪᠤᠭ ᠤᠨ ᠡᠭᠦᠰᠦᠯ ᠭᠠᠷᠤᠯ ᠤᠨ ᠲᠤᠬᠠᠢ ᠳᠣᠮᠣᠭ ᠤᠨ 3 ᠬᠤᠪᠢᠯᠪᠤᠷᠢ ᠬᠢᠲᠠᠳ ᠤᠨ ᠣᠨ ᠲᠣᠭᠠᠯᠠᠯ ᠤᠨ ᠰᠤᠷᠪᠤᠯᠵᠢ ᠳᠤ ᠪᠠᠶᠢᠳᠠᠭ ᠢ ᠰᠤᠳᠤᠯᠤᠭᠠᠴᠢ ᠯᠠ᠃ᠪᠢᠯᠢᠭᠲᠦ "ᠲᠶᠷᠺ ᠢ ᠮᠣᠩᠭᠣᠯ ᠤ" ᠬᠡᠮᠡᠬᠦ ᠥᠭᠦᠯᠡᠯ ᠳᠦ ᠪᠡᠨ ᠨᠡᠶᠢᠲᠡᠯᠡᠭᠦᠯᠦᠭᠰᠡᠨ ᠢ ᠳᠣᠣᠷ᠎ᠠ ᠰᠡᠶᠢᠷᠡᠭᠦᠯᠪᠡᠯ:

I ᠬᠤᠪᠢᠯᠪᠤᠷᠢ: ᠲᠦᠷᠦᠭ ᠣᠪᠤᠭ ᠤᠨ ᠡᠪᠦᠭᠡ ᠨᠢ ᠪᠠᠷᠠᠭᠤᠨ ᠲᠡᠩᠭᠢᠰ ᠦᠨ ᠪᠠᠷᠠᠭᠤᠨ ᠬᠡᠰᠡᠭ ᠲᠦ ᠣᠷᠣᠰᠢᠳᠠᠭ ᠨᠢᠭᠡᠨ ᠠᠶᠢᠮᠠᠭ ᠪᠠᠶᠢᠴᠠᠢ᠃ ᠡᠨᠡ ᠨᠢ ᠾᠦᠩᠨᠦ ᠶᠢᠨ ᠣᠪᠤᠭ ᠠᠴᠠ ᠭᠠᠷᠤᠭᠰᠠᠨ ᠪᠥᠭᠡᠳ ᠠᠰᠢᠨ᠎ᠠ ᠭᠡᠵᠦ ᠨᠡᠷᠡᠯᠡᠭᠳᠡᠵᠦ ᠪᠠᠶᠢᠭᠰᠠᠨ᠃ ᠲᠡᠷᠡ ᠣᠧᠣᠭ ᠱ» ᠵᠡᠷᠭᠡᠯᠡᠯᠳᠦᠭᠡ ᠬᠢ ᠨᠢᠭᠡᠨ ᠠᠶᠢᠮᠠᠭ ᠲᠠᠢ ᠪᠠᠨ ᠳᠠᠶᠢᠨ ᠪᠠᠶᠢᠳᠠᠯᠠᠨ ᠬᠢᠭᠰᠡᠨ ᠦ ᠤᠯᠠᠮ ᠠᠴᠠ ᠪᠦᠷᠢᠮᠦᠰᠦᠨ ᠬᠢᠳᠤᠭᠳᠠᠵᠤ 10 ᠨᠠᠰᠤᠲᠠᠢ ᠨᠢᠭᠡᠨ ᠵᠢᠭᠠᠯ ᠬᠦᠦ ᠦᠯᠡᠳᠡᠵᠡᠢ᠃ ᠳᠠᠶᠢᠰᠤᠨ ᠤ ᠴᠡᠷᠢᠭ ᠦᠳ ᠲᠡᠭᠦᠨ ᠢ ᠠᠯᠠᠬᠤ ᠭᠡᠰᠡᠨ ᠪᠣᠯᠪᠠᠴᠤ ᠨᠢᠯᠬ᠎ᠠ ᠪᠠᠯᠴᠢᠷ ᠶᠠᠭᠤᠮ᠎ᠠ ᠭᠡᠵᠦ ᠬᠥᠯ ᠭᠠᠷ ᠢ ᠨᠢ ᠬᠤᠭᠤ ᠴᠣᠬᠢᠶ᠎ᠠ ᠳᠤ ᠨᠠᠮᠤᠭ ᠲᠤ ᠬᠠᠶᠠᠵᠠᠢ᠃ ᠭᠡᠲᠡᠯ᠎ᠡ ᠨᠢᠭᠡ ᠥᠯᠥᠭᠴᠢᠨ ᠴᠢᠨᠣ᠎ᠠ ᠢᠷᠡᠵᠦ ᠥᠨᠥᠬᠢ ᠥᠨᠥᠴᠢᠨ ᠬᠡᠦᠬᠡᠳ ᠢ ᠬᠥᠬᠦᠨ ᠦ ᠪᠡᠨ ᠰᠦ᠋ ᠍ ᠪᠡᠷ ᠲᠡᠵᠢᠭᠡᠵᠦ ᠥᠰᠬᠡᠵᠡᠢ᠃ ᠬᠦᠦᠭᠢ ᠠᠮᠢᠳᠤ ᠭᠡᠳᠡᠭ ᠢ ᠰᠣᠨᠣᠰᠤᠭᠠᠳ ᠲᠡᠨᠳᠡᠬᠢ ᠶᠢᠨ ᠬᠠᠭᠠᠨ ᠲᠡᠭᠦᠨ ᠢ ᠠᠯᠠᠭᠤᠯᠬᠤ ᠪᠠᠷ ᠳᠠᠬᠢᠨ ᠬᠦᠮᠦᠰ ᠶᠠᠪᠤᠭᠤᠯᠤᠭᠰᠠᠨ᠃ ᠬᠠᠭᠠᠨ ᠤ ᠬᠦᠮᠦᠰ ᠬᠦᠦ ᠶᠢ ᠴᠢᠨᠣ᠎ᠠ ᠶᠢᠨ ᠳᠡᠷᠭᠡᠳᠡ ᠪᠠᠶᠢᠭ᠎ᠠ ᠶᠢ ᠦᠵᠡᠭᠡᠳ ᠠᠯᠠᠬᠤ ᠶᠢ ᠬᠦᠰᠡᠭᠰᠡᠨ᠃ ᠡᠨᠡ ᠦᠶ᠎ᠡ ᠳᠦ ᠬᠢᠲᠠᠳ ᠤᠨ ᠳᠣᠮᠣᠭ ᠢᠶᠠᠷ ᠥᠯᠥᠭᠴᠢᠨ ᠴᠢᠨᠣ᠎ᠠ ᠨᠢ ᠪᠠᠷᠠᠭᠤᠨ ᠲᠡᠩᠭᠢᠰ ᠦᠨ ᠵᠡᠭᠦᠨ ᠬᠡᠰᠡᠭ ᠲᠦ ᠭᠠᠣ ᠴᠢᠨ ᠤ ᠪᠠᠷᠠᠭᠤᠨ ᠬᠣᠶᠢᠲᠤ ᠬᠡᠰᠡᠭ ᠲᠦ ᠰᠠᠭᠤᠳᠠᠭ ᠭᠡᠵᠡᠢ᠃ ᠠᠭᠤᠯᠠᠨ ᠳᠤ ᠠᠭᠤᠢ ᠪᠠᠶᠢᠳᠠᠭ ᠪᠠ ᠠᠭᠤᠢ ᠨᠢ ᠲᠡᠭᠰᠢ ᠪᠥᠭᠡᠳ ᠡᠷᠭᠢᠨ ᠲᠣᠭᠣᠷᠢᠨ ᠬᠡᠳᠦᠨ ᠵᠠᠭᠤᠨ ᠮᠣᠳᠣ ᠭᠠᠵᠠᠷ ᠥᠳᠬᠡᠨ ᠵᠦᠯᠭᠡ ᠡᠪᠡᠰᠦ ᠨᠣᠭᠣᠭ᠎ᠠ ᠲᠠᠢ᠃ ᠠᠭᠤᠢ ᠳᠥᠷᠪᠡᠨ ᠲᠠᠯ᠎ᠠ ᠠᠴᠠ ᠪᠠᠨ ᠠᠭᠤᠯᠠ ᠪᠠᠷ ᠬᠦᠷᠢᠶᠡᠯᠡᠭᠳᠡᠭᠰᠡᠨ᠃ ᠡᠨᠳᠡ ᠪᠡᠨ ᠥᠯᠥᠭᠴᠢᠨ ᠴᠢᠨᠣ᠎ᠠ ᠲᠠᠢ ᠭᠡᠷᠯᠡᠵᠦ 10 ᠬᠦᠦ ᠲᠦᠷᠦᠭᠰᠡᠨ ᠪᠠ ᠲᠡᠳᠡ ᠨᠢ ᠥᠰᠴᠦ ᠲᠣᠮᠣ ᠪᠣᠯᠤᠭᠠᠳ ᠪᠦᠭᠦᠳᠡ ᠭᠡᠷᠯᠡᠵᠦ ᠬᠡᠦᠬᠡᠳ ᠲᠡᠢ ᠪᠣᠯᠴᠣᠭᠤᠭᠰᠠᠨ᠃ ᠡᠴᠦᠰᠲᠦᠭᠡ ᠲᠡᠳᠡᠨ ᠦ ᠨᠢᠭᠡ ᠨᠢ ᠭᠣᠣᠯᠯᠠᠭᠴᠢ ᠣᠪᠤᠭ ᠪᠣᠯᠤᠭᠰᠠᠨ᠃ ᠲᠡᠳᠡᠨ ᠦ ᠲᠣᠭᠠᠨ ᠳᠤ ᠠᠰᠢᠨ᠎ᠠ ᠪᠠᠶᠢᠭᠰᠠᠨ ᠪᠥᠭᠡᠳ ᠲᠡᠷᠡ ᠪᠡᠷ ᠠᠤᠭ᠎ᠠ ᠶᠡᠬᠡ ᠠᠪᠢᠶᠠᠰ ᠴᠢᠳᠠᠪᠤᠷᠢ ᠪᠠᠷ ᠢᠶᠠᠨ ᠬᠦᠨᠳᠦᠯᠡᠯ ᠬᠦᠯᠢᠶᠡᠵᠦ ᠬᠠᠭᠠᠨ ᠪᠣᠯᠤᠭᠰᠠᠨ ᠪᠠ ᠥᠪᠡᠷ ᠦᠨ ᠤᠷᠤᠰᠢᠬᠤ ᠭᠠᠵᠠᠷ ᠠᠴᠠ ᠨᠢᠭᠡᠨ ᠭᠠᠷᠴᠠ ᠪᠠᠷ ᠭᠠᠷᠴᠤ ᠥᠪᠡᠷ ᠦᠨ ᠭᠠᠷᠤᠯ ᠡᠭᠦᠰᠦᠯ ᠢ ᠳᠤᠷᠠᠰᠴᠤ ᠴᠢᠨᠤᠨ ᠲᠣᠯᠣᠭᠠᠢ ᠶᠢᠨ ᠰᠦᠯᠳᠡ ᠲᠡᠢ ᠪᠣᠯᠤᠭᠰᠠᠨ᠃ ᠲᠡᠭᠦᠨ ᠦ ᠣᠪᠤᠭ ᠪᠠᠭ᠎ᠠ ᠪᠠᠭ᠎ᠠ ᠪᠠᠷ ᠥᠰᠴᠦ ᠦᠷᠡᠵᠢᠭᠰᠡᠭᠡᠷ ᠬᠡᠳᠦᠨ ᠵᠠᠭᠤᠨ ᠥᠷᠬᠥᠳ ᠬᠦᠷᠦᠭᠰᠡᠨ᠃ ᠨᠡᠯᠢᠶᠡᠳ ᠬᠡᠳᠦᠨ ᠦᠶ᠎ᠡ ᠥᠩᠭᠡᠷᠡᠭᠰᠡᠨ ᠦ ᠳᠠᠷᠠᠭ᠎ᠠ ᠠᠰᠢᠨᠢ ᠱᠧ ᠭᠡᠳᠡᠭ ᠨᠢᠭᠡ ᠬᠦᠮᠦᠨ ᠪᠦᠬᠦ ᠠᠶᠢᠮᠠᠭ ᠢᠶᠠᠨ ᠳᠠᠭᠠᠭᠤᠯᠤᠨ ᠠᠭᠤᠢ ᠠᠴᠠ ᠭᠠᠷᠴᠤ ᠷᠡᠦᠷᠠᠨ ᠤ ᠬᠠᠭᠠᠨ ᠤ ᠬᠠᠷᠢᠶᠠᠲᠤ ᠪᠣᠯᠤᠭᠰᠠᠨ᠃ ᠳᠠ ᠶᠡ ᠶᠢᠨ ᠬᠠᠭᠠᠨᠴᠢᠯᠠᠯ ᠤᠨ ᠦᠶ᠎ᠡ ᠳᠦ ᠲᠦᠷᠦᠭ ᠦᠳ ᠶᠡᠬᠡᠬᠡᠨ ᠬᠦᠴᠦᠷᠬᠡᠭᠵᠢᠭᠰᠡᠨ (ᠳᠠᠶᠢᠶ᠎ᠡ᠂ ᠰᠦᠢ ᠤᠯᠤᠰ 605-617 ᠣᠨ). ᠶᠤᠸᠠᠨ ᠸᠡᠢ ᠶᠢᠨ (388-554)ᠳ᠋ᠢᠨᠠᠰᠲ ᠦᠨ ᠰᠡᠭᠦᠯᠴᠢ ᠪᠡᠷ ᠲᠦᠷᠦᠭ ᠦᠨ ᠢᠯᠢ ᠬᠠᠨ ᠲᠧᠯᠧᠴᠦᠳ ᠢ ᠪᠦᠷᠢᠮᠦᠰᠦᠨ ᠳᠠᠷᠤᠵᠤ 50000 ᠡᠷᠦᠬᠡ ᠶᠢ ᠡᠷᠬᠡᠰᠢᠶᠡᠯ ᠳᠦ ᠪᠡᠨ ᠣᠷᠣᠭᠤᠯᠰᠤᠨ ᠤ ᠳᠠᠷᠠᠭ᠎ᠠ ᠷᠡᠦᠷᠠᠨ ᠤ ᠬᠠᠭᠠᠨ ᠠᠨᠠᠬᠤ᠎ᠠ ᠶᠢᠨ ᠠᠴᠠ ᠲᠡᠷᠡ ᠪᠡᠷ ᠲᠤᠶᠢᠯ ᠤᠨ ᠶᠡᠬᠡ ᠪᠡᠷ ᠬᠢᠯᠢᠩᠨᠡᠵᠦ ᠪᠤᠷᠤᠭᠤᠰᠢᠶᠠᠭᠰᠠᠨ ᠬᠠᠷᠢᠭᠤᠲᠠᠢ ᠵᠠᠬᠢᠶ᠎ᠠ ᠢᠯᠡᠭᠡᠭᠰᠡᠨ᠃ ᠢᠯᠢ ᠬᠠᠨ ᠡᠯᠴᠢ ᠶᠢᠨ ᠲᠣᠯᠣᠭᠠᠢ ᠶᠢ ᠠᠪᠴᠤ᠂ ᠷᠡᠦᠷᠠᠨ ᠢ ᠳᠠᠶᠢᠯᠠᠷ᠎ᠠ ᠮᠣᠷᠳᠠᠵᠤ ᠲᠡᠳᠡᠨ ᠢ ᠤᠰᠠᠳᠬᠠᠭᠰᠠᠨ (ᠯᠠ᠃ᠪᠢᠯᠢᠭᠲᠦ᠂ 1998:31). II ᠬᠤᠪᠢᠯᠪᠤᠷᠢ: ... ᠲᠦᠷᠦᠭ ᠣᠪᠤᠭ ᠨᠢ ᠫᠢᠬᠢᠨ ᠯᠢᠩ ᠳᠦ ᠨᠡᠭᠦᠳᠡᠯᠴᠢᠳ ᠦᠨ ᠪᠦᠷᠢᠯᠳᠦᠬᠦᠨ ᠳᠦ ᠬᠣᠯᠢᠯᠳᠤᠨ ᠪᠠᠶᠢᠭᠠᠳ ᠠᠰᠢᠨ᠎ᠠ ᠨᠡᠷ᠎ᠡ ᠲᠡᠢ ᠪᠣᠯᠤᠭᠰᠠᠨ᠃ ᠸᠡᠢ ᠣᠪᠤᠭ ᠤᠨ ᠬᠠᠭᠠᠨ ᠲᠤᠬᠠᠢ-

ᠸᠤ ᠶᠢᠨ ᠦᠶ᠎ᠡ ᠳᠦ ᠴᠵᠦᠢᠺᠸᠠᠭ ᠤᠰᠠᠳᠬᠠᠭᠰᠠᠨ ᠤ ᠳᠠᠷᠠᠭ᠎ᠠ ᠠᠱᠢᠨᠠᠭ ᠤᠨ 500 ᠡᠷᠦᠬᠡ ᠷᠡᠦᠷᠠᠨ ᠳᠤ ᠵᠢᠭᠤᠳᠠᠨ ᠣᠴᠢᠵᠤ ᠠᠯᠲᠠᠢ ᠠᠭᠤᠯᠠ ᠶᠢᠨ ᠡᠮᠦᠨ᠎ᠡ ᠬᠡᠰᠡᠭ ᠲᠦ ᠰᠠᠭᠤᠬᠤ ᠪᠣᠯᠵᠤ ᠷᠡᠦᠷᠠᠨᠴᠤᠳ ᠲᠤ ᠲᠡᠮᠦᠷ ᠣᠯᠵᠠᠪᠤᠷᠢᠯᠠᠬᠤ ᠠᠯᠪᠠ ᠡᠷᠭᠦᠬᠦ ᠪᠣᠯᠤᠭᠰᠠᠨ ... III ᠬᠤᠪᠢᠯᠪᠤᠷᠢ: ᠲᠦᠷᠦᠭ ᠣᠪᠤᠭ ᠤᠨ ᠡᠪᠦᠭᠡ ᠨᠢ ᠾᠦᠩᠨᠦ ᠶᠢᠨ ᠬᠣᠶᠢᠲᠤ ᠬᠡᠰᠡᠭ ᠲᠦ ᠪᠠᠶᠢᠭᠰᠠᠨ ᠰᠤᠭ ᠤᠨ ᠣᠪᠤᠭ ᠤᠨ ᠬᠠᠷᠢᠶᠠᠯᠠᠯᠠᠰᠰᠠᠯᠪᠤᠷᠢᠯᠠᠨ ᠭᠠᠷᠤᠭᠰᠠᠨ᠃ ᠠᠶᠢᠮᠠᠭ ᠤᠨ ᠠᠬᠠᠯᠠᠭᠴᠢ ᠨᠢ ᠠᠫᠠᠨᠪᠤ ᠭᠡᠳᠡᠭ ᠨᠡᠷ᠎ᠡ ᠲᠡᠢ᠃ ᠲᠡᠭᠦᠨ ᠳᠦ 70 ᠠᠬ᠎ᠠ᠂ ᠳᠡᠭᠦᠦ ᠪᠠᠶᠢᠳᠠᠭ᠃ ᠡᠬᠢᠨ ᠦ ᠬᠢ ᠨᠢ ᠢᠴᠡᠵᠢᠨ ᠨᠢᠰ ᠤᠳᠤ ᠭᠡᠳᠡᠭ ᠨᠡᠷ᠎ᠡ ᠲᠡᠢ ᠪᠥᠭᠡᠳ ᠥᠯᠥᠭᠴᠢᠨ ᠴᠢᠨᠤᠨ ᠠᠴᠠ ᠲᠦᠷᠦᠭᠰᠡᠨ᠃ ᠠᠫᠠᠨᠪᠤ ᠶᠢᠨ ᠪᠤᠰᠤᠳ ᠠᠬ᠎ᠠ ᠳᠡᠭᠦᠦ ᠨᠢ ᠤᠭ ᠤᠨ ᠲᠡᠨᠡᠭ ᠮᠠᠩᠬᠤᠤ ᠤᠴᠢᠷ ᠪᠦᠬᠦ ᠣᠪᠤᠭ ᠢᠶᠠᠷ ᠢᠶᠠᠨ ᠤᠰᠠᠳᠬᠠᠭᠳᠠᠭᠰᠠᠨ᠃ ᠨᠢᠰ ᠤᠳ ᠨᠢ ᠰᠠᠯᠬᠢ ᠪᠣᠷᠣᠭ᠎ᠠ ᠶᠢ ᠤᠳᠤᠷᠢᠳᠥᠳᠠᠭ ᠢᠳᠡ ᠰᠢᠳᠢ ᠶᠢᠨ ᠡᠷᠳᠡᠮ ᠲᠡᠢ᠃ ᠲᠡᠷᠡ ᠪᠡᠷ 2 ᠡᠬᠡᠨᠡᠷ ᠠᠪᠤᠭᠰᠠᠨ ᠪᠥᠭᠡᠳ ᠨᠢᠭᠡ ᠥᠬᠢᠨ ᠨᠢ ᠵᠤᠨ ᠰᠢᠭ ᠰᠡᠳᠬᠢᠯ ᠲᠡᠢ ᠨᠥᠭᠥᠭᠡ ᠨᠢ ᠡᠪᠦᠯ ᠰᠢᠭ ᠰᠡᠳᠬᠢᠯ ᠲᠡᠢ ᠭᠡᠵᠦ ᠶᠠᠷᠢᠵᠠᠭᠠᠳᠠᠭ᠃ ᠡᠬᠢᠨ ᠦ ᠬᠢ ᠨᠢ 4 ᠬᠦᠦ ᠲᠥᠷᠦᠭᠦᠯᠦᠭᠰᠡᠨ ᠪᠥᠭᠡᠳ ᠨᠢᠭᠡᠳᠦᠭᠡᠷ ᠬᠦᠦ ᠨᠢ ᠢᠪᠠᠯ ᠪᠣᠯᠤᠭᠰᠠᠨ᠂ ᠬᠣᠶᠠᠷ ᠳ᠋ᠡᠬᠢ ᠨᠢ ᠴᠣᠭᠤ ᠨᠡᠷ᠎ᠡ ᠶᠢᠨ ᠳᠣᠣᠷ᠎ᠠ ᠠᠹᠢ᠂ ᠭᠢᠨᠢ ᠭᠣᠣᠯ ᠤᠨ ᠣᠷᠴᠢᠮ ᠳᠤ ᠬᠠᠭᠠᠨᠴᠢᠯᠠᠵᠤ ᠪᠠᠶᠢᠭᠰᠠᠨ ᠪᠠ ᠭᠤᠷᠪᠠ ᠳᠠᠬᠢ ᠨᠢ ᠴᠢᠰᠢ ᠭᠣᠣᠯ ᠤᠨ ᠣᠷᠴᠢᠮ ᠬᠠᠭᠠᠨᠴᠢᠯᠠᠬᠤ ᠪᠣᠯᠤᠭᠰᠠᠨ᠃ ᠰᠡᠭᠦᠯ ᠦᠨ ᠬᠢ ᠨᠢ ᠪᠠᠰ ᠤᠴᠤ ᠰᠡᠰᠢ ᠠᠭᠤᠯᠠ ᠶᠢᠨ ᠣᠷᠴᠢᠮ ᠠᠮᠢᠳᠤᠷᠠᠵᠤ ᠪᠠᠶᠢᠭᠰᠠᠨ᠃ ᠡᠨᠡ ᠨᠢ ᠬᠠᠮᠤᠭ ᠤᠨ ᠠᠬᠠᠮᠠᠳ ᠬᠦᠦ ᠨᠢ ᠪᠠᠶᠢᠭᠰᠠᠨ᠃ ᠡᠨᠡ ᠠᠭᠤᠯᠠᠨ ᠳᠤ ᠠᠫᠠᠨᠪᠤ ᠶᠢᠨ ᠣᠪᠤᠭᠠᠷᠰᠢᠵᠤ ᠰᠠᠭᠤᠵᠤ ᠪᠠᠶᠢᠭᠰᠠᠨ᠃ ᠲᠡᠨᠳᠡ ᠶᠡᠬᠡᠩᠬᠢ ᠬᠡᠰᠡᠭ ᠲᠦ ᠨᠢ ᠬᠦᠢᠲᠡᠨ ᠰᠢᠭᠦᠳᠡᠷᠢ ᠲᠡᠢ ᠪᠠᠶᠢᠳᠠᠭ᠃ ᠠᠬᠠᠮᠠᠳ ᠬᠦᠦ ᠳᠤᠯᠠᠭᠠᠨ ᠢ ᠠᠪᠴᠤ ᠢᠷᠡᠵᠦ ᠪᠦᠭᠦᠳᠡ ᠶᠢ ᠠᠪᠤᠷᠠᠭᠰᠠᠨ ᠤᠴᠢᠷ ᠠᠴᠠ ᠪᠦᠭᠦᠳᠡ ᠲᠡᠭᠦᠨ ᠢ ᠬᠠᠭᠠᠨ ᠬᠡᠮᠡᠨ ᠬᠦᠯᠢᠶᠡᠨ ᠵᠥᠪᠰᠢᠶᠡᠷᠡᠴᠢ ᠲᠦᠷᠦᠭ ᠬᠡᠮᠡᠬᠦ ᠨᠡᠷ᠎ᠡ ᠲᠡᠢ ᠪᠣᠯᠤᠭᠰᠠᠨ᠃ ᠡᠨᠡ ᠪᠣᠯ ᠨᠳᠤᠯ ᠱᠧ (ᠱᠧ ᠱᠠᠳ) ᠪᠠᠶᠢᠯ᠎ᠠ᠃ ᠨᠳᠤᠯ 10 ᠡᠬᠡᠨᠡᠷ ᠲᠡᠢ ᠪᠠᠶᠢᠭᠰᠠᠨ᠃ ᠲᠡᠭᠦᠨ ᠦ ᠪᠦᠬᠦ ᠬᠡᠦᠬᠡᠳ ᠦᠳ ᠡᠬᠡ ᠶᠢᠨ ᠢᠶᠡᠨ ᠣᠪᠤᠭ ᠢᠶᠠᠷ ᠨᠡᠷᠡᠯᠡᠭᠳᠡᠭᠰᠡᠨ᠃ ᠠᠰᠢᠨ᠎ᠠ ᠪᠣᠯ ᠬᠠᠮᠤᠭ ᠤᠨ ᠪᠠᠭ᠎ᠠ ᠡᠬᠡᠨᠡᠷ ᠦᠨ ᠬᠢ ᠨᠢ ᠬᠦᠦ ᠶᠤᠮ᠃ ᠨᠳᠤᠯ ᠢ ᠨᠠᠰᠤ ᠪᠠᠷᠰᠤᠨ ᠤ ᠳᠠᠷᠠᠭ᠎ᠠ 10 ᠬᠡᠦᠬᠡᠳ ᠦᠨ ᠡᠬᠡᠴᠦᠳ ᠨᠢ ᠨᠢᠭᠡ ᠶᠢ ᠨᠢ ᠰᠣᠩᠭᠣᠵᠤ ᠡᠴᠢᠭᠡᠶᠢᠬᠦ ᠨᠢ ᠣᠷᠣᠨ ᠳᠤ ᠲᠠᠯᠪᠢᠬᠤ ᠶᠢ ᠬᠦᠰᠡᠭᠰᠡᠨ᠃ ᠲᠡᠳᠡ ᠨᠢᠭᠡ ᠲᠣᠮᠣ ᠮᠣᠳᠣᠨ ᠳᠡᠭᠡᠷ᠎ᠡ ᠶᠠᠪᠤᠵᠤ ᠣᠴᠢᠭᠠᠳ ᠥᠪᠡᠷᠰᠡᠳ ᠲᠦ ᠪᠡᠨ "ᠬᠡᠨ ᠨᠢ ᠮᠣᠳᠣᠨ ᠳᠡᠭᠡᠭᠦᠷ ᠪᠤᠰᠤᠳ ᠠᠴᠠ ᠥᠨᠳᠥᠷ ᠦᠰᠦᠷᠦᠨ᠎ᠡ ᠲᠡᠷᠡ ᠨᠢ ᠠᠬᠠᠯᠠᠭᠴᠢ ᠪᠣᠯᠤᠨ᠎ᠠ" ᠭᠡᠵᠦ ᠪᠣᠯᠵᠣᠯ ᠲᠠᠯᠪᠢᠭᠰᠠᠨ᠃ ᠠᠰᠢᠨ᠎ᠠ ᠬᠡᠳᠦᠢ ᠪᠡᠷ ᠪᠠᠭ᠎ᠠ ᠨᠠᠰᠤ ᠲᠠᠢ ᠪᠠᠶᠢᠭᠰᠠᠨ ᠪᠣᠯᠪᠠᠴᠤ ᠮᠠᠰᠢ ᠥᠨᠳᠥᠷ ᠦᠰᠦᠷᠦᠭᠰᠡᠨ ᠤᠴᠢᠷ ᠠᠴᠠ ᠠᠬ᠎ᠠ ᠨᠠᠷ ᠨᠢ ᠲᠡᠭᠦᠨ ᠢ ᠠᠰᠢᠨᠢ ᠱᠧ ᠨᠡᠷ᠎ᠡ ᠪᠡᠷ ᠥᠪᠡᠷ ᠦᠨ ᠬᠠᠭᠠᠨ ᠢᠶᠠᠷ ᠡᠷᠭᠦᠮᠵᠢᠯᠡᠭᠰᠡᠨ (ᠯᠠ᠃ᠪᠢᠯᠢᠭᠲᠦ᠂ 1998:45). ᠲᠦᠷᠦᠭ ᠦᠨ ᠭᠠᠷᠤᠯ ᠡᠭᠦᠰᠦᠯ ᠲᠡᠢ ᠬᠣᠯᠪᠣᠭ᠎ᠠ ᠲᠠᠢ ᠳᠣᠮᠣᠭ ᠤᠨ ᠥᠭᠡᠷ᠎ᠡ ᠨᠢᠭᠡ ᠬᠤᠪᠢᠯᠪᠤᠷᠢ ᠶᠢ ᠶᠦ᠃ᠠ᠃ᠵᠢᠸᠠ᠂ ᠰ᠃ᠫ᠃ᠨᠧᠰᠲ᠋ᠧᠷᠠᠪᠠ ᠨᠠᠷ ᠥᠪᠡᠷ ᠦᠨ ᠠᠵᠢᠯ ᠳᠤ ᠪᠠᠨ ᠲᠤᠰᠬᠠᠵᠠᠢ᠃ ᠡᠨᠡᠬᠦ ᠳᠣᠮᠣᠭ ᠨᠢ ᠳᠡᠭᠡᠷ᠎ᠡ ᠳᠤᠷᠢᠳᠠᠭᠳᠠᠭᠰᠠᠨ ᠭᠤᠷᠪᠠᠨ ᠳᠣᠮᠣᠭ ᠠᠴᠠ ᠦᠢᠯᠡ ᠶᠠᠪᠤᠳᠠᠯ ᠤᠨ ᠬᠤᠪᠢ ᠳᠤ ᠠᠷᠠᠢ

ᠥᠭᠡᠷ᠎ᠡ ᠪᠠᠶᠢᠳᠠᠭ᠃ ᠢᠩᠭᠢᠭᠡᠳ ᠬᠡᠯᠡᠯᠴᠡᠭᠳᠡᠵᠦ ᠪᠠᠶᠢᠭ᠎ᠠ ᠳᠣᠮᠣᠭ ᠤᠨ 4 ᠍ ᠳᠡᠭᠴᠢ ᠬᠤᠪᠢᠯᠪᠤᠷᠢ ᠭᠡᠵᠦ ᠲᠣᠭᠠᠴᠠᠵᠤ ᠪᠣᠯᠬᠤ ᠳᠣᠮᠣᠭ ᠢ ᠳᠤᠷᠢᠳᠠᠪᠠᠰᠤ: ᠲᠤᠴᠵᠶ ᠤᠨ (ᠲᠦᠷᠦᠭ) ᠡᠪᠦᠭᠡ ᠳᠡᠭᠡᠳᠦᠰ ᠢ ᠢᠮᠣ ᠰᠢᠯ ᠪᠠ ᠲᠡᠩᠭᠢᠰ ᠦᠨ ᠰᠦᠨᠡᠰᠦ ᠭᠡᠵᠦ ᠨᠡᠷᠡᠯᠡᠳᠡᠭ ᠪᠠᠶᠢᠴᠠᠢ᠃ ᠲᠡᠩᠭᠢᠰ ᠦᠨ ᠰᠦᠨᠡᠰᠦ ᠠᠰᠢᠳᠡ ᠠᠭᠤᠢ ᠶᠢᠨ ᠪᠠᠷᠠᠭᠤᠨ ᠲᠠᠯ᠎ᠠ ᠳᠤ ᠣᠷᠣᠰᠢᠨ ᠰᠠᠭᠤᠳᠠᠭ ᠪᠠᠶᠢᠭᠰᠠᠨ᠃ ᠢᠮᠣ ᠱᠧᠯ ᠢᠳᠡ ᠰᠢᠳᠢ ᠶᠢᠨ ᠡᠷᠳᠡᠮ ᠡᠵᠡᠮᠰᠢᠭᠰᠡᠨ᠃ ᠲᠡᠩᠭᠢᠰ ᠦᠨ ᠰᠦᠨᠡᠰᠦ ᠶᠢᠨ ᠥᠬᠢᠨ ᠡᠳᠦᠷ ᠪᠦᠷᠢ ᠨᠠᠷᠠ ᠰᠢᠩᠭᠡᠬᠦ ᠦᠶ᠎ᠡ ᠳᠦ ᠴᠠᠭᠠᠨ ᠪᠤᠭᠤ (ᠡᠰᠡᠪᠡᠯ ᠴᠠᠭᠠᠨ ᠪᠤᠭᠤ ᠶᠢᠨ ᠳᠦᠷᠰᠦ) ᠪᠠᠷᠢ ᠳᠤ ᠲᠡᠩᠭᠢᠰ ᠢᠶᠡᠷ ᠶᠠᠪᠤᠳᠠᠭ᠃ ᠬᠠᠷᠢᠨ ᠨᠠᠷᠠ ᠭᠠᠷᠬᠤ ᠦ᠎ᠡ ᠪᠡᠷ ᠪᠤᠴᠠᠭᠠᠵᠤ ᠠᠪᠴᠢᠷᠠᠳᠠᠭ ᠪᠠᠶᠢᠨ᠎ᠠ᠃ ᠡᠭᠦᠨ ᠦ ᠳᠠᠷᠠᠭ᠎ᠠ ᠬᠡᠳᠦᠨ ᠠᠷᠪᠠᠨ ᠵᠢᠯ ᠥᠩᠭᠡᠷᠡᠭᠰᠡᠨ ᠪᠠ ᠨᠢᠭᠡ ᠤᠳᠠᠭ᠎ᠠ ᠶᠡᠬᠡ ᠠᠪᠠ ᠬᠢᠬᠦ ᠪᠡᠷ ᠣᠪᠤᠭ ᠴᠤᠭᠯᠠᠷᠠᠭᠰᠠᠨ᠃ ᠲᠡᠭᠡᠭᠡᠳ ᠲᠡᠩᠭᠢᠰ ᠦᠨ ᠰᠦᠨᠡᠰᠦ ᠥᠬᠢᠨ ᠢ ᠳᠠᠭᠤᠳᠠᠵᠤ ᠠᠪᠴᠤ ᠢᠷᠡᠭᠡᠳ "ᠮᠠᠷᠭᠠᠰᠢ ᠠᠩᠬᠢ ᠶᠢᠨ ᠦᠶ᠎ᠡ ᠪᠡᠷ ᠴᠢᠨᠤ ᠡᠪᠦᠭᠡ ᠳᠡᠭᠡᠳᠦᠰ ᠴᠢᠨᠢ ᠲᠦᠷᠦᠭᠰᠡᠨ ᠨᠢᠭᠡᠨ ᠠᠭᠤᠢ ᠳᠠᠭᠠᠷᠢᠯᠳᠤᠬᠤ ᠪᠣᠯᠤᠨ᠎ᠠ᠃ ᠲᠡᠨᠳᠡ ᠡᠴᠡ ᠠᠯᠲᠠᠨ ᠡᠪᠡᠷ ᠲᠡᠢ ᠴᠠᠭᠠᠨ ᠪᠤᠭᠤ ᠭᠠᠷᠴᠤ ᠢᠷᠡᠨ᠎ᠡ᠃ ᠬᠡᠷᠪᠡ ᠡᠨᠡᠬᠦ ᠪᠤᠭᠤ ᠶᠢ ᠪᠠᠷᠢᠵᠤ ᠴᠢᠳᠠᠪᠠᠯ ᠡᠭᠦᠷᠢᠳᠡ ᠬᠠᠮᠲᠤ ᠠᠮᠢᠳᠤᠷᠠᠬᠤ ᠪᠣᠯᠤᠨ᠎ᠠ᠃ ᠬᠡᠷᠪᠡ ᠪᠠᠷᠢᠵᠤ ᠴᠢᠳᠠᠬᠤ ᠦᠭᠡᠢ ᠪᠣᠯ ᠪᠢᠳᠡᠨ ᠦ ᠬᠣᠯᠪᠣᠭ᠎ᠠ ᠲᠠᠰᠤᠷᠠᠬᠤ ᠪᠣᠯᠤᠨ᠎ᠠ" ᠭᠡᠵᠡᠢ᠃ ᠥᠷᠯᠥᠭᠡ ᠪᠣᠯᠬᠤ ᠳᠤ ᠠᠨ ᠬᠣᠮᠣᠷᠭ᠎ᠠ ᠶᠠᠪᠤᠭᠳᠠᠵᠤ ᠡᠬᠢᠯᠡᠬᠦ ᠦᠶ᠎ᠡ ᠳᠦ ᠠᠯᠲᠠᠨ ᠡᠪᠡᠷ ᠲᠡᠢ ᠴᠠᠭᠠᠨ ᠪᠤᠭᠤ ᠠᠭᠤᠢ ᠠᠴᠠ ᠭᠠᠷᠴᠤ ᠢᠷᠡᠨ᠎ᠡ ᠭᠡᠰᠡᠨ ᠨᠢ ᠦᠨᠡᠨ ᠢᠶᠡᠷ ᠪᠡᠶᠡᠯᠡᠭᠰᠡᠨ᠃ ᠢᠮᠣ ᠲᠡᠭᠦᠨ ᠢ ᠪᠥᠰᠡᠯᠡᠨ ᠠᠪᠤᠭᠠᠳ ᠲᠠᠯ᠎ᠠ ᠲᠠᠯ᠎ᠠ ᠠᠴᠠ ᠨᠢ ᠰᠢᠬᠠᠵᠤ ᠡᠬᠢᠯᠡᠬᠦ ᠦᠶ᠎ᠡ ᠳᠦ ᠮᠤᠯᠲᠤᠷᠠᠵᠤ ᠭᠠᠷᠬᠤ ᠶᠢ ᠵᠠᠪᠳᠤᠭᠰᠠᠨ ᠤᠴᠢᠷ ᠠᠴᠠ ᠠᠯᠠᠭᠰᠠᠨ᠃ ᠢᠮᠣ ᠬᠢᠯᠢᠩᠨᠡᠵᠦ ᠠᠰᠢᠭ ᠤᠨ ᠠᠬᠠᠯᠠᠭᠴᠢ ᠶᠢᠨ ᠲᠣᠯᠣᠭᠠᠢ ᠶᠢ ᠥᠪᠡᠷ ᠦᠨ ᠭᠠᠷ ᠢᠶᠠᠷ ᠲᠠᠰᠤ ᠴᠠᠪᠴᠢᠭᠰᠠᠨ᠃ ᠲᠡᠭᠡᠭᠡᠳ ᠳᠠᠷᠠᠭᠠᠬᠢ ᠲᠠᠩᠭᠠᠷᠢᠭ ᠢ ᠡᠷᠭᠦᠭᠰᠡᠨ᠃ "ᠡᠭᠦᠨ ᠦ ᠳᠠᠷᠠᠭ᠎ᠠ᠂ ᠲᠡᠭᠦᠨ ᠢ ᠠᠯᠠᠭᠰᠠᠨ ᠰᠢᠭ ᠢᠶᠡᠷ ᠨᠧᠪᠤᠳ ᠬᠦᠮᠦᠰ ᠢᠶᠡᠷ ᠲᠠᠬᠢᠯ ᠡᠷᠭᠦᠬᠦ ᠨᠢ ᠪᠢᠳᠡᠨ ᠳᠦ ᠴᠢᠬᠤᠯᠠ ᠬᠡᠷᠡᠭᠲᠡᠢ". ᠠᠰᠢ ᠣᠪᠤᠭ ᠤᠨ ᠡᠨᠡᠬᠦ ᠠᠬᠠᠯᠠᠭᠴᠢ ᠶᠢᠨ ᠦᠷ᠎ᠡ ᠤᠳᠤᠮ ᠢ ᠪᠠᠷᠢᠵᠤ ᠠᠪᠤᠨ ᠲᠣᠯᠣᠭᠠᠢ ᠶᠢ ᠨᠢ ᠠᠪᠴᠤ ᠨᠧᠪᠤᠳ ᠲᠠᠬᠢᠯ ᠡᠷᠭᠦᠭᠰᠡᠨ᠃ ᠣᠳᠣ ᠬᠦᠷᠲᠡᠯ᠎ᠡ ᠲᠤᠴᠵᠢᠶᠦ᠋ᠰ ᠨᠠᠷ ᠬᠦᠮᠦᠰ ᠢ ᠲᠤᠭ ᠰᠦᠯᠳᠡᠨ ᠦ ᠪᠡᠨ ᠡᠮᠦᠨ᠎ᠡ ᠠᠪᠠᠴᠢᠨ ᠲᠠᠬᠢᠯ ᠡᠷᠭᠦᠳᠡᠭ ᠪᠠ ᠡᠭᠦᠨ ᠢ ᠬᠡᠷᠡᠭᠯᠡᠬᠦ ᠨᠢ ᠠᠰᠢ ᠣᠪᠤᠭ ᠤᠨ ᠬᠦᠮᠦᠰ ᠦᠨ ᠶᠡᠷᠦ ᠶᠢᠨ ᠵᠦᠢᠯ ᠪᠠᠶᠢᠳᠠᠭ᠃ ᠡᠭᠦᠨ ᠦ ᠳᠠᠷᠠᠭ᠎ᠠ ᠢᠮᠣ ᠠᠰᠢᠴᠢ ᠨᠦᠭᠦᠳ ᠦᠨ ᠲᠣᠯᠣᠭᠠᠢ ᠶᠢ ᠠᠪᠤᠭᠠᠳ ᠣᠷᠣᠢ ᠲᠡᠩᠭᠢᠰ ᠦᠨ ᠡᠷᠭᠢ ᠳᠦ ᠣᠴᠢᠭᠰᠠᠨ᠃ ᠰᠦᠨᠡᠰᠦᠨ ᠦ ᠥᠬᠢᠨ ᠲᠡᠭᠦᠨ ᠳᠦ "ᠴᠢ ᠥᠪᠡᠷ ᠦᠨ ᠭᠠᠷ ᠢᠶᠠᠷ ᠬᠦᠮᠦᠨ ᠦ ᠲᠣᠯᠣᠭᠠᠢ ᠶᠢ ᠠᠪᠤᠭᠰᠠᠨ᠃ ᠴᠢᠮ᠎ᠠ ᠠᠴᠠ ᠴᠢᠰᠤᠨ ᠤ ᠦᠨᠦᠷ ᠬᠠᠩᠬᠤᠯᠵᠤ ᠪᠠᠶᠢᠨ᠎ᠠ᠃ ᠡᠶᠢᠮᠦ ᠡᠴᠡ ᠴᠢᠮ᠎ᠠ ᠠᠴᠠ ᠳᠡᠭᠡᠳᠦ ᠬᠣᠯᠪᠣᠭ᠎ᠠ ᠪᠠᠨ ᠲᠠᠰᠤᠯᠵᠤ ᠪᠠᠶᠢᠨ᠎ᠠ" ᠭᠡᠵᠡᠢ (ᠰ᠃ᠫ᠃ᠨᠧᠰᠲ᠋ᠧᠷᠠᠪᠠ᠂ 1990:54).

ᠤᠰᠤᠨ ᠤ ᠳᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠪ ᠠᠽᠢᠶ᠎ᠠ ᠶᠢᠨ ᠨᠡᠭᠦᠳᠡᠯᠴᠢᠳ ᠦᠨ ᠤᠭ ᠤᠨ ᠳᠣᠮᠣᠭ ᠤᠳ ᠳᠣᠲᠣᠷ᠎ᠠ ᠠᠴᠠ ᠥᠪᠡᠷᠮᠢᠴᠡ ᠰᠢᠨᠵᠢ᠂ ᠦᠢᠯᠡ ᠶᠠᠪᠤᠳᠠᠯ ᠢᠶᠠᠷ ᠢᠶᠠᠨ ᠠᠱᠢᠨᠠᠭ ᠤᠨ ᠳᠣᠮᠣᠭ ᠲᠠᠢ ᠲᠣᠬᠢᠷᠠᠵᠤ ᠪᠠᠶᠢᠳᠠᠭ ᠨᠢᠭᠡ ᠳᠣᠮᠣᠭ ᠪᠣᠯ ᠤᠰᠤᠨ ᠤ ᠳᠣᠮᠣᠭ ᠪᠣᠯᠤᠨ᠎ᠠ᠃ ᠬᠢᠲᠠᠳ ᠤᠨ ᠵᠢᠭᠤᠯᠴᠢᠨ ᠴᠵᠢᠨ-ᠴᠢᠨᠢ (ᠮᠠᠨ ᠤ ᠡᠷᠡᠨ ᠦ ᠡᠮᠦᠨ᠎ᠡ II ᠵᠠᠭᠤᠨ ᠾᠦᠩᠨᠦ ᠳᠦ ᠣᠯᠵᠠᠯᠠᠭᠳᠠᠨ) ᠰᠠᠭᠤᠵᠤ ᠪᠠᠶᠢᠬᠤ ᠳᠤ ᠪᠠᠨ ᠤᠰᠤᠨ ᠤ ᠭᠠᠷᠤᠯ ᠤᠨ ᠲᠤᠬᠠᠢ ᠳᠣᠮᠣᠭ ᠢ ᠰᠣᠨᠣᠰᠴᠤ ᠪᠢᠴᠢᠵᠦ ᠠᠪᠴᠠᠢ᠃ "... ᠤᠰᠤᠨ ᠤ ᠸᠠᠩ ᠢ "ᠺᠦ᠋ᠫᠢᠮᠠ" ᠥᠭᠡᠷ᠎ᠡ ᠪᠡᠷ ᠬᠡᠯᠪᠡᠷᠢ ᠠᠶᠢᠮᠠᠭ ᠤᠨ ᠸᠠᠩ ᠭᠡᠨ᠎ᠡ᠃ ᠺᠦ᠋ᠫᠢᠮᠠᠭ ᠤᠨ ᠡᠴᠢᠭᠡ ᠨᠠᠨᠢ ᠹᠦ᠋ ᠮᠢ ᠾᠦᠩᠨᠦ ᠶᠢᠨ ᠪᠠᠷᠠᠭᠤᠨ ᠬᠢᠯᠢ ᠶᠢᠨ ᠵᠢᠵᠢᠭ ᠸᠠᠩᠯᠢᠭ ᠢ ᠵᠠᠬᠢᠷᠴᠢ ᠪᠠᠶᠢᠪᠠ᠃ ᠶᠡᠬᠡ ᠶᠠᠴᠵᠢ ᠨᠠᠷ ᠳᠣᠪᠲᠣᠯᠤᠨᠬᠠᠨᠢ ᠹᠦ᠋ ᠮᠢᠭ ᠠᠯᠠᠭᠠᠳ ᠨᠤᠲᠤᠭ ᠢ ᠨᠢ ᠡᠵᠡᠯᠡᠬᠦ ᠳᠦ ᠬᠦᠮᠦᠰ ᠨᠢ ᠾᠦᠩᠨᠦ ᠷᠦᠦ ᠵᠤᠭᠠᠲᠠᠵᠠᠢ᠃ ᠠᠮᠢᠳᠤ ᠦᠯᠡᠳᠡᠭᠰᠡᠨ ᠨᠢᠯᠬ᠎ᠠ ᠺᠦ᠋ᠫᠢᠮᠠᠭ ᠤᠨ ᠠᠰᠠᠷᠠᠭᠴᠢ ᠪᠤ ᠤᠵᠢ ᠱᠢᠬᠤᠤ ᠨᠢ ᠲᠡᠭᠦᠨ ᠢ ᠥᠯᠥᠭᠡᠶᠢᠳᠡᠨ ᠡᠪᠡᠰᠦᠨ ᠳᠣᠲᠣᠷ᠎ᠠ ᠣᠷᠬᠢᠨ ᠬᠣᠭᠣᠯᠠ ᠡᠷᠡᠬᠦ ᠪᠡᠷ ᠣᠳᠴᠠᠢ᠃ ᠡᠷᠭᠢᠵᠦ ᠢᠷᠡᠭᠡᠳ ᠦᠵᠡᠬᠦ ᠳᠦ ᠨᠥᠭᠥᠭᠡ ᠬᠦᠦ ᠳᠦ ᠥᠯᠥᠭᠴᠢᠨ ᠴᠢᠨᠣ᠎ᠠ ᠬᠥᠬᠡᠭᠡ ᠮᠢᠬ᠎ᠠ ᠵᠤᠭᠤᠭᠰᠠᠨ ᠬᠡᠷᠢᠶ᠎ᠡ ᠳᠡᠭᠡᠭᠦᠷ ᠨᠢ ᠡᠷᠭᠢᠯᠳᠦᠵᠦ ᠪᠠᠶᠢᠪᠠ᠃ ᠲᠡᠷᠡ ᠠᠰᠠᠷᠠᠭᠴᠢ ᠲᠡᠭᠦᠨ ᠢ ᠪᠣᠭᠳᠠ ᠬᠦᠮᠦᠨ ᠭᠡᠵᠦ ᠦᠵᠡᠭᠡᠳ ᠾᠦᠩᠨᠦ ᠳᠦ ᠬᠦᠷᠭᠡᠨ ᠠᠪᠠᠴᠢᠬᠤ ᠳᠤ ᠾᠦᠩᠨᠦ ᠶᠢᠨ ᠱᠠᠩᠡᠶᠢ ᠲᠡᠭᠦᠨ ᠢ ᠡᠩᠬᠡᠷᠡᠶᠢᠯᠡᠨ ᠥᠰᠬᠡᠭᠰᠡᠨ ᠪᠠᠶᠢᠨ᠎ᠠ᠃ ᠴᠢᠩᠭᠢᠭᠡᠳ ᠺᠦ᠋ᠫᠢᠮᠠᠭ ᠤᠨ ᠲᠣᠮᠣ ᠪᠣᠯᠬᠣᠷ ᠨᠢ ᠡᠴᠢᠭᠡ ᠶᠢᠨ ᠬᠢ ᠨᠢ ᠬᠠᠷᠢᠶᠠᠲᠤ ᠨᠠᠷ ᠢ ᠪᠡᠭᠴᠢ ᠴᠡᠷᠢᠭ ᠲᠣᠯᠣᠭᠠᠶᠢᠯᠠᠭᠤᠯᠵᠠᠢ᠃ ᠺᠦ᠋ᠫᠢᠮᠠ ᠬᠡᠳᠦᠨ ᠤᠳᠠᠭ᠎ᠠ ᠰᠠᠶᠢᠨ ᠲᠤᠯᠤᠯᠳᠤᠭᠰᠠᠨ ᠪᠠᠶᠢᠪᠠ᠃ ᠲᠡᠷᠡ ᠡᠴᠢᠭᠡ ᠶᠢᠨ ᠢᠶᠡᠨ ᠥᠰᠢᠶ᠎ᠡ ᠶᠢ ᠠᠪᠬᠤ ᠵᠥᠪᠰᠢᠶᠡᠷᠡᠯ ᠢ ᠱᠠᠩᠡᠶ ᠠᠴᠠ ᠠᠪᠤᠭᠠᠳ ᠥᠷᠥᠨ᠎ᠡ ᠵᠦᠭ ᠡᠴᠡ ᠶᠡᠬᠡ ᠶᠠᠴᠵᠢ ᠨᠠᠷ ᠢ ᠳᠣᠪᠲᠣᠯᠤᠨ ᠪᠤᠲᠠ ᠴᠣᠬᠢᠵᠠᠢ᠃ ᠴᠠᠭᠠᠰᠢ ᠨᠢ ᠺᠦ᠋ᠫᠢᠮᠠ ᠠᠶᠢᠮᠠᠭ ᠢᠶᠠᠨ 7 ᠭᠣᠣᠯ ᠳᠤ ᠠᠪᠠᠴᠢᠭᠰᠠᠨ᠃ ᠮᠥᠨ ᠲᠡᠭᠦᠨ ᠳᠦ 10 ᠍ ᠊ᠭᠠᠳ ᠬᠦᠦ ᠪᠠᠶᠢᠭᠰᠠᠨ ..."(ᠭ᠃ᠰᠦᠬᠡᠪᠠᠭᠠᠲᠤᠷ᠂ 2000:45). ᠤᠰᠤᠨᠢ ᠲᠦᠷᠦᠭ ᠦᠨ ᠬᠣᠶᠠᠷ ᠳᠣᠮᠣᠭ ᠢ ᠨᠢᠭᠡᠨ ᠳᠣᠮᠣᠭ ᠤᠨ ᠬᠣᠶᠠᠷ ᠬᠤᠪᠢᠯᠪᠤᠷᠢ ᠮᠥᠨ ᠭᠡᠵᠦ᠎ᠠ᠃ᠶᠦ᠃ᠵᠢᠸ᠂ ᠭ᠃ᠰᠦᠬᠡᠪᠠᠭᠠᠲᠤᠷ ᠨᠠᠷ ᠦᠵᠡᠭᠰᠡᠨ ᠪᠠᠶᠢᠨ᠎ᠠ᠃


ᠡᠷᠭᠦᠨ᠎ᠡ ᠬᠣᠨ ᠤ ᠳᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ ᠤᠨ ᠭᠠᠷᠤᠯ ᠡᠭᠦᠰᠦᠯ᠂ ᠨᠡᠭᠦᠳᠡᠯᠡᠯᠲᠡ ᠶᠢᠨ ᠲᠤᠬᠠᠢ ᠡᠷᠭᠦᠨ᠎ᠡ ᠬᠣᠨ ᠤ ᠳᠣᠮᠣᠭ ᠷᠠᠰᠢ ᠳᠤ ᠳᠤ ᠳᠢᠨ ᠤ "ᠰᠤᠳᠤᠷ ᠤᠨ ᠴᠢᠭᠤᠯᠭᠠᠨ" ᠍ ᠳᠦ ᠲᠡᠮᠳᠡᠭᠯᠡᠭᠳᠡᠭᠰᠡᠨ ᠪᠠᠶᠢᠳᠠᠭ᠃ ᠡᠭᠦᠨ ᠢ ᠳᠣᠣᠷ᠎ᠠ ᠰᠡᠶᠢᠷᠡᠭᠦᠯᠪᠡᠯ:

"ᠣᠳᠣ ᠦᠶ᠎ᠡ ᠬᠦᠷᠲᠡᠯ᠎ᠡ ᠪᠠᠷᠤᠭᠴᠠᠭᠠᠯᠠᠪᠠᠯ 2000 ᠣᠷᠴᠢᠮ ᠵᠢᠯ ᠦᠨ ᠲᠡᠷᠲᠡᠭᠡ ᠡᠷᠲᠡ ᠴᠠᠭ ᠲᠤ ᠮᠣᠩᠭᠣᠯ ᠭᠡᠵᠦ ᠨᠡᠷᠡᠯᠡᠭᠳᠡᠳᠡᠭ ᠪᠠᠶᠢᠭᠰᠠᠨ ᠠᠶᠢᠮᠠᠭ᠂ ᠪᠤᠰᠤᠳ ᠲᠦᠷᠦᠭ ᠠᠶᠢᠮᠠᠭ ᠲᠠᠢ ᠬᠢᠮᠤᠷᠠᠯᠳᠤᠨ ᠲᠤᠯᠤᠯᠳᠤᠵᠤ ᠳᠠᠶᠢᠨ ᠢᠶᠠᠷ ᠰᠢᠪᠲᠤᠷᠠᠭᠰᠠᠨ ᠪᠠᠶᠢᠨ᠎ᠠ᠃ ᠢᠲᠡᠭᠡᠮᠵᠢᠲᠡᠢ ᠬᠦᠨᠳᠦᠲᠦ ᠬᠦᠮᠦᠰ ᠦᠨ /ᠠᠮᠠ ᠪᠠᠷ ᠳᠠᠮᠵᠢᠭᠤᠯᠤᠭᠰᠠᠨ/ ᠥᠭᠦᠯᠡᠯ ᠪᠠᠶᠢᠳᠠᠭ᠃ ᠡᠭᠦᠨ ᠳᠦ ᠪᠤᠰᠤᠳ ᠠᠶᠢᠮᠠᠭ ᠨᠢ ᠮᠣᠩᠭᠣᠯᠴᠤᠳ ᠢ ᠳᠡᠶᠢᠯᠦᠭᠡᠳ 2 ᠡᠷᠡᠭᠲᠡᠢ᠂ 2 ᠡᠮᠡᠭᠲᠡᠢ ᠡᠴᠡ ᠢᠯᠡᠭᠦᠦ ᠬᠦᠮᠦᠨ ᠦᠯᠡᠳᠡᠭᠡᠯ ᠦᠭᠡᠢ ᠪᠡᠷ ᠬᠢᠳᠤᠵᠠᠢ᠃ ᠡᠳᠡᠭᠡᠷ ᠬᠣᠶᠠᠷ ᠡᠷᠦᠬᠡ ᠳᠠᠶᠢᠰᠤᠨ ᠠᠴᠠ ᠠᠶᠤᠬᠤ ᠳᠤ ᠪᠠᠨ ᠬᠦᠷᠱᠢ ᠦᠭᠡᠢ ᠭᠠᠵᠠᠷ ᠵᠤᠭᠲᠠᠭᠠᠨ ᠣᠴᠢᠵᠠᠢ᠃ ᠲᠡᠷᠡ ᠨᠢ ᠶᠡᠷᠦ ᠳᠡᠭᠡᠨ ᠠᠤᠯᠠᠯᠠᠰ᠂ ᠣᠢ ᠪᠠᠷ ᠬᠦᠷᠢᠶᠡᠯᠡᠭᠳᠡᠭᠰᠡᠨ ᠪᠥᠭᠡᠳ ᠶᠡᠬᠡᠳᠡ ᠶᠠᠳᠠᠵᠤ ᠵᠦᠳᠡᠨ ᠪᠠᠶᠢᠵᠤ ᠶᠠᠪᠤᠵᠤ ᠪᠣᠯᠬᠤᠶᠢᠴᠠ ᠬᠦᠷᠬᠦ ᠳᠦ ᠪᠡᠷᠬᠡ ᠭᠠᠭᠴᠠ ᠨᠠᠷᠢᠨ ᠵᠢᠮ ᠡᠴᠡ ᠥᠭᠡᠷ᠎ᠡ ᠲᠡᠰᠢ ᠬᠦᠷᠬᠦ ᠵᠠᠮ ᠭᠠᠭᠴᠠ ᠴᠤ ᠲᠠᠯ᠎ᠠ ᠠᠴᠠ ᠨᠢ ᠪᠠᠶᠢᠬᠤ ᠦᠭᠡᠢ ᠲᠡᠶᠢᠮᠦ ᠭᠠᠵᠠᠷ ᠪᠠᠶᠢᠴᠠᠢ᠃ ᠲᠡᠳᠡᠭᠡᠷ ᠠᠤᠯᠠᠯᠠᠰ ᠤᠨ ᠳᠤᠮᠳᠠ ᠡᠪᠡᠰᠦ ᠡᠯᠪᠡᠭ ᠲᠡᠢ ᠡᠷᠡᠭᠦᠯ ᠲᠠᠯ᠎ᠠ ᠪᠠᠶᠢᠪᠠ᠃ ᠡᠨᠡ ᠨᠤᠲᠤᠭ ᠤᠨ ᠡᠷᠭᠦᠨ᠎ᠡ ᠭᠦᠨ (ᠺᠦᠶᠢᠨ) ᠭᠡᠵᠦ ᠨᠡᠷᠡᠯᠡᠳᠡᠭ᠃ ᠭᠦᠨ ᠨᠢ ᠬᠡᠴᠡ ᠬᠠᠵᠠᠭᠤ ᠭᠠᠵᠠᠷ ᠭᠡᠬᠦ ᠡᠷᠭᠦᠨ᠎ᠡ ᠨᠢ ᠡᠭᠴᠡ ᠭᠡᠰᠡᠨ ᠤᠳᠬ᠎ᠠ ᠲᠠᠢ ᠥᠭᠡᠷ᠎ᠡ ᠪᠡᠷ ᠬᠡᠯᠡᠪᠡᠯ ᠡᠭᠴᠡ ᠨᠢᠷᠤᠭᠤ ᠶᠤᠮ᠃ ᠬᠠᠷᠢᠨ ᠲᠡᠷᠡ ᠬᠣᠶᠠᠷ ᠬᠦᠮᠦᠨ ᠦ ᠨᠡᠷ᠎ᠡ ᠨᠢ ᠨᠣᠬᠠᠰ /ᠨᠢᠺᠦ᠋ᠽ/ ᠪᠠ ᠬᠢᠶᠠᠨ (ᠺᠢᠶᠠᠩ) ᠭᠡᠳᠡᠭ ᠪᠠᠶᠢᠪᠠ᠃ ᠲᠡᠷᠡ᠂ ᠲᠡᠳᠡᠨ ᠦ ᠤᠳᠤᠮ ᠡᠨᠡ ᠨᠤᠲᠤᠭ ᠲᠤ ᠤᠳᠠᠭᠠᠨ ᠵᠢᠯ ᠨᠤᠲᠤᠭᠯᠠᠵᠤ ᠥᠰᠴᠢ ᠦᠷᠡᠵᠢᠭᠰᠡᠨ ᠪᠠᠶᠢᠨ᠎ᠠ᠃ ᠰᠠᠯᠪᠤᠷᠢ ᠪᠦᠷᠢ ᠨᠢ ᠲᠤᠰᠬᠠᠶᠢᠯᠠᠭᠰᠠᠨ ᠨᠡᠷ᠎ᠡ ᠠᠯᠳᠠᠷ ᠢᠶᠠᠷ ᠮᠡᠳᠡᠭᠳᠡᠬᠦ ᠪᠣᠯᠵᠤ ᠲᠤᠰ ᠲᠤ ᠪᠠᠨ ᠣᠪᠤᠭ ᠪᠣᠯᠤᠭᠰᠠᠨ ᠪᠠᠶᠢᠨ᠎ᠠ᠃ ᠣᠪᠤᠭ ᠭᠡᠳᠡᠭ ᠨᠢ ᠲᠤᠬᠠᠶᠢᠯᠠᠭᠰᠠᠨ ᠶᠠᠰᠤ ᠣᠮᠣᠭᠲᠤ ᠬᠠᠷᠢᠶᠠᠯᠠᠭᠳᠠᠳᠠᠭ ᠬᠦᠮᠦᠰ ᠶᠤᠮ᠃ ᠡᠳᠡᠭᠡᠷ ᠣᠪᠤᠭ ᠨᠢ ᠳᠠᠬᠢᠨ ᠰᠠᠯᠠᠭᠠᠯᠠᠳᠠᠭ ᠪᠠᠶᠢᠪᠠ᠃ ᠣᠳᠣ ᠦᠶ᠎ᠡ ᠳᠦ ᠮᠣᠩᠭᠣᠯ ᠠᠶᠢᠮᠠᠭ ᠤᠳ ᠲᠤ ᠵᠢᠷᠤᠮ ᠪᠣᠯᠤᠭᠰᠠᠨ ᠢᠶᠠᠷ ᠡᠳᠡᠭᠡᠷ ᠰᠠᠯᠠᠭᠠᠨ ᠠᠴᠠ ᠭᠠᠷᠤᠭᠰᠠᠨ ᠬᠦᠮᠦᠰ ᠬᠣᠭᠣᠷᠣᠨᠳᠣ ᠪᠠᠨ ᠭᠣᠣᠯ ᠲᠥᠯᠥᠪ ᠰᠠᠳᠤᠨ ᠪᠠᠶᠢᠳᠠᠭ᠃ ᠮᠣᠩᠭᠣᠯ ᠳᠠᠷᠯᠢᠭᠠᠩᠴᠢ ᠨᠤᠭᠤᠳ ᠪᠣᠯ ᠲᠡᠳᠡ ᠶᠤᠮ᠃ ᠮᠣᠩᠭᠣᠯ ᠭᠡᠳᠡᠭ ᠦᠭᠡ ᠨᠢ ᠪᠣᠯ ᠠᠩᠬᠠᠨ ᠮᠤᠩ ᠢᠶᠠᠯ ᠭᠡᠭᠳᠡᠵᠦ ᠪᠠᠶᠢᠭᠰᠠᠨ᠃ ᠥᠭᠡᠷ᠎ᠡ ᠪᠡᠷ ᠬᠡᠯᠡᠪᠡᠯ "ᠹᠣᠷᠣᠮᠠᠳᠡ", "ᠰᠠᠳᠠ ᠳᠡᠯ" (ᠫᠧᠷᠰ ᠢᠶᠡᠷ) ᠶᠤᠮ᠃ ᠮᠣᠩᠭᠣᠯ ᠢᠶᠠᠷ ᠬᠢᠶᠠᠨ (ᠺᠢᠶᠠᠩ)ᠨᠢ ᠠᠭᠤᠯᠠᠨ ᠠᠴᠠ ᠳᠣᠭᠣᠭᠰᠢ ᠤᠷᠤᠰᠤᠭᠴᠢ ᠲᠦᠷᠭᠡᠨ ᠰᠢᠷᠦᠭᠦᠨ ᠬᠦᠴᠦᠲᠡᠢ "ᠲᠣᠮᠣ ᠤᠷᠤᠰᠬᠠᠯ" ᠭᠡᠬᠦ ᠤᠳᠬ᠎ᠠ ᠲᠠᠢ᠃ ᠬᠢᠶᠠᠨᠴᠤᠤᠳ ᠵᠣᠷᠢᠭ ᠲᠠᠢ᠂ ᠵᠢᠷᠦᠬᠡ ᠲᠡᠢ ᠮᠠᠰᠢ ᠡᠷᠡᠯᠬᠡᠭ ᠤᠴᠢᠷ ᠡᠨᠡ ᠦᠭᠡ ᠪᠡᠷ ᠲᠡᠳᠡᠨ ᠢ ᠨᠡᠷᠡᠯᠡᠭᠰᠡᠨ ᠪᠠᠶᠢᠨ᠎ᠠ᠃ ᠬᠢᠶᠠᠳ ᠨᠢ ᠬᠢᠶᠠᠨ ᠭᠡᠳᠡᠭ ᠦᠨ ᠣᠯᠠᠨ ᠲᠣᠭ᠎ᠠ ᠶᠤᠮ᠃ ᠡᠨᠡ ᠣᠪᠤᠭ ᠤᠨ ᠬᠢᠨ ᠤ ᠡᠭᠦᠰᠦᠯ ᠳᠦ ᠪᠡᠨ ᠣᠶᠢᠷ ᠤ ᠨᠢ ᠡᠷᠲᠡ ᠴᠠᠭ ᠲᠤ ᠬᠢᠶᠠᠳ ᠭᠡᠵᠦ ᠨᠡᠷᠡᠯᠡᠵᠦ ᠪᠠᠶᠢᠴᠠᠢ᠃ ᠡᠨᠡ ᠤᠭᠰᠠᠭᠠᠲᠠᠨ ᠲᠡᠷᠡ ᠠᠤᠯᠠᠯᠠᠰ ᠣᠶᠢᠳ ᠤᠨ ᠳᠤᠮᠳᠠ ᠦᠷᠡᠵᠢᠭᠡᠳ ᠨᠤᠲᠤᠭ ᠨᠢ ᠬᠦᠷᠦᠯᠴᠡᠬᠦ ᠦᠭᠡᠢ ᠰᠢᠬᠠᠴᠠᠯᠳᠤᠬᠤ ᠪᠣᠯᠤᠭᠰᠠᠨ ᠳᠤ ᠶᠠᠮᠠᠷ ᠰᠠᠶᠢᠨ ᠠᠷᠭ᠎ᠠ ᠬᠢᠯᠪᠠᠷ ᠵᠠᠮ ᠢᠶᠠᠷ ᠡᠨᠡ ᠬᠡᠴᠡᠭᠦᠦ ᠬᠠᠪᠴᠢᠯ ᠤᠤᠯ ᠤᠨ ᠳᠠᠪᠴᠢᠭᠤ ᠬᠥᠨᠳᠡᠢ ᠡᠴᠡ ᠭᠠᠷᠬᠤ ᠲᠤᠬᠠᠢ ᠪᠡᠶ᠎ᠡ ᠪᠡᠶᠡᠰ ᠲᠡᠢ ᠪᠡᠨ ᠡᠶᠡᠯᠳᠡᠵᠡᠢ᠃ ᠴᠢᠩᠭᠢᠭᠡᠳ ᠲᠡᠳᠡ ᠪᠠᠶᠢᠩᠭᠤ ᠲᠡᠮᠦᠷ ᠬᠠᠶᠢᠯᠤᠭᠤᠯᠳᠠᠭ ᠲᠡᠮᠦᠷ ᠦᠨ ᠬᠥᠳᠡᠷ ᠲᠡᠢ ᠭᠠᠵᠠᠷ ᠢ ᠣᠯᠤᠭᠰᠠᠨ ᠪᠠᠶᠢᠨ᠎ᠠ᠃ ᠲᠡᠳᠡ ᠴᠥᠮ ᠢᠶᠡᠷ ᠢᠶᠡᠨ ᠬᠠᠮᠲᠤ ᠴᠤᠭᠯᠠᠨ ᠣᠢ ᠳᠤ ᠶᠡᠬᠡ ᠲᠦᠯᠡᠭᠡ ᠣᠯᠠᠨ ᠰᠠᠪᠠ ᠨᠡᠭᠦᠷᠡᠰᠦ ᠪᠡᠯᠡᠳᠬᠡᠭᠡᠳ 70 ᠲᠣᠯᠣᠭᠠᠢ ᠦᠬᠡᠷ᠂ ᠠᠳᠤᠭᠤ ᠠᠯᠠᠨ ᠠᠷᠠᠰᠤ ᠶᠢ ᠨᠢ ᠲᠤᠯᠤᠮᠯᠠᠵᠤ ᠥᠪᠴᠢᠨ ᠲᠡᠮᠦᠷᠴᠢᠨ ᠦ ᠬᠥᠭᠡᠷᠭᠡ ᠬᠡᠶᠢᠵᠢᠭᠡ᠃ ᠨᠥᠭᠥᠭᠡ ᠠᠭᠤᠯᠠ ᠶᠢᠨ ᠬᠡᠴᠡᠨ ᠦ ᠬᠣᠷᠮᠣᠢ ᠳᠤ ᠲᠦᠯᠡᠭᠡ ᠨᠡᠭᠦᠷᠡᠰᠦ ᠪᠡᠨ ᠵᠡᠷᠭᠡᠯᠡᠭᠡᠳ 70 ᠬᠥᠭᠡᠷᠭᠡᠷ᠎ᠡ ᠲᠡᠷᠡ ᠬᠡᠴᠡ ᠶᠢ ᠬᠠᠶᠢᠯᠠᠲᠠᠯ᠎ᠠ ᠨᠢ ᠨᠢᠭᠡᠨ ᠵᠡᠷᠭᠡ ᠬᠥᠭᠡᠷᠭᠡᠳᠡᠬᠦ ᠪᠡᠷ ᠲᠡᠷᠡ ᠭᠠᠵᠠᠷ ᠲᠤ ᠪᠡᠯᠡᠳᠬᠡᠵᠡᠢ᠃ ᠲᠡᠨᠳᠡ ᠡᠴᠡ ᠬᠡᠮᠵᠢᠶᠡᠯᠡᠰᠢ ᠦᠭᠡᠢ ᠶᠡᠬᠡ ᠲᠡᠮᠦᠷ ᠠᠪᠬᠤ ᠳᠤ ᠭᠠᠷᠴᠠ ᠨᠡᠭᠡᠭᠡᠭᠳᠡᠵᠡᠢ᠃ ᠲᠡᠳᠡ ᠴᠥᠮ ᠬᠠᠮᠲᠤ ᠲᠡᠷᠡ ᠳᠠᠪᠴᠢᠭᠤ ᠭᠠᠵᠠᠷ ᠠᠴᠠ ᠨᠡᠭᠦᠨ ᠲᠠᠯ᠎ᠠ ᠳᠤ ᠭᠠᠷᠴᠠᠢ᠃ ᠬᠢᠶᠠᠨ ᠠᠴᠠ ᠤᠯᠪᠠᠭ᠎ᠠ ᠲᠠᠢ ᠭᠣᠣᠯ ᠰᠠᠯᠠᠭ᠎ᠠ ᠬᠥᠭᠡᠷᠭᠡᠳᠡᠭᠰᠡᠨ ᠶᠤᠮ ᠭᠡᠵᠦ ᠶᠠᠷᠢᠯᠴᠠᠳᠠᠭ᠃ ᠲᠡᠷᠡᠴᠢᠯᠡᠨ ᠫᠣᠫᠣᠰ ᠭᠡᠳᠡᠭ ᠨᠡᠷ᠎ᠡ ᠪᠡᠷ ᠮᠡᠳᠡᠭᠳᠡᠵᠦ ᠪᠠᠶᠢᠭ᠎ᠠ ᠠᠶᠢᠮᠠᠭ ᠮᠥᠨ ᠲᠡᠳᠡᠨ ᠦ ᠰᠠᠯᠪᠤᠷᠢ ᠳᠤ ᠬᠠᠷᠢᠶᠠᠯᠠᠭᠳᠠᠬᠤ ᠤᠷᠢᠶᠠᠩᠬᠠᠢ ᠠᠶᠢᠮᠠᠭ ᠪᠠᠰᠠ ᠬᠥᠭᠡᠷᠭᠡᠳᠡᠭᠰᠡᠨ ᠪᠠᠶᠢᠨ᠎ᠠ᠃ ᠪᠤᠰᠤᠳ ᠬᠡᠳᠦᠨ ᠠᠶᠢᠮᠠᠭ ᠬᠥᠭᠡᠷᠭᠡᠳᠡᠬᠦ ᠳᠤ ᠣᠷᠣᠯᠴᠠᠭᠰᠠᠨ ᠭᠡᠵᠦ ᠵᠢᠳᠬᠦᠳᠡᠭ ᠪᠣᠯᠪᠠᠴᠤ ᠳᠡᠭᠡᠷ᠎ᠡ ᠳᠤᠷᠢᠳᠠᠭᠰᠠᠨ ᠠᠶᠢᠮᠠᠭ ᠤᠳ ᠲᠡᠳᠡᠨ ᠢ ᠵᠥᠪᠰᠢᠶᠡᠷᠡᠳᠡᠭ ᠦᠭᠡᠢ᠃ ᠬᠠᠷᠢᠨ ᠳᠣᠣᠷ᠎ᠠ ᠲᠣᠳᠣᠷᠬᠠᠢ ᠳᠤᠷᠢᠳᠠᠬᠤ ᠡᠳᠦᠢ ᠲᠡᠳᠦᠢ ᠰᠠᠯᠪᠤᠷᠢ ᠠᠴᠠ ᠪᠦᠷᠢᠳᠦᠭᠰᠡᠨ ᠬᠣᠩᠬᠢᠷ ᠳᠤ ᠠᠶᠢᠮᠠᠭ᠂ ᠲᠡᠷᠡᠴᠢᠯᠡᠨ ᠡᠷᠭᠦᠨ᠎ᠡ ᠭᠦᠨᠳᠡ ᠡᠳᠡᠭᠡᠷ ᠫᠣᠫᠣᠰ ᠬᠢᠶᠠᠨ ᠠᠴᠠ ᠡᠭᠦᠰᠦᠭᠰᠡᠨ ᠲᠡᠷᠡ (ᠠᠶᠢᠮᠠᠭ) ᠡᠶᠡᠯᠳᠡᠵᠦ ᠶᠠᠷᠢᠯᠴᠠᠯ ᠦᠭᠡᠢ ᠪᠤᠰᠤᠳ ᠠᠶᠢᠮᠠᠭ ᠤᠨ ᠭᠣᠯᠣᠮᠲᠠ ᠶᠢ ᠭᠢᠰᠬᠦᠴᠢᠨ ᠪᠤᠰᠤᠳ ᠠᠴᠠ ᠪᠠᠨ ᠲᠦᠷᠦᠭᠦᠯᠡᠨ ᠭᠠᠷᠤᠭᠰᠠᠨ ᠭᠡᠵᠦ ᠪᠠᠲᠤᠯᠠᠨ ᠬᠡᠯᠡᠳᠡᠭ᠃ ᠬᠣᠩᠬᠢᠷ ᠳᠤ ᠨᠠᠷ ᠪᠤᠰᠤᠳ ᠲᠠᠢ ᠪᠠᠨ ᠵᠥᠪᠰᠢᠯᠴᠡᠯ ᠦᠭᠡᠢ ᠪᠡᠷ ᠲᠦᠷᠦᠭᠦᠯᠡᠨ ᠭᠠᠷᠬᠤ ᠳᠤ ᠪᠠᠨ ᠪᠤᠰᠤᠳ ᠤᠨ ᠢᠶᠠᠨ ᠭᠠᠯ ᠭᠣᠯᠣᠮᠲᠠ ᠶᠢ ᠭᠢᠰᠬᠢᠯᠡᠭᠰᠡᠨ ᠦ ᠤᠯᠠᠮ ᠠᠴᠠ ᠮᠡᠳᠡᠭᠡᠵᠢ ᠶᠢᠨ ᠬᠥᠯᠡᠨ ᠦ ᠡᠪᠡᠳᠴᠢᠲᠡᠢ ᠪᠣᠯᠤᠭᠰᠠᠨ ᠭᠡᠳᠡᠭ ᠲᠦ ᠲᠡᠳᠡᠭᠡᠷ ᠠᠶᠢᠮᠠᠭ ᠢᠲᠡᠭᠡᠳᠡᠭ᠃ ᠲᠡᠷᠡ ᠰᠢᠯᠲᠠᠭᠠᠨ ᠢᠶᠠᠷ ᠬᠣᠩᠬᠢᠷ᠎ᠠ ᠳᠤ ᠠᠶᠢᠮᠠᠭ ᠵᠣᠪᠠᠬᠤ ᠪᠣᠯᠵᠠᠢ᠃ ᠲᠡᠷᠡ ᠨᠤᠲᠤᠭ ᠬᠡᠴᠡᠭᠦᠦ᠂ ᠭᠡᠬᠦ ᠳᠦ ᠪᠡᠨ ᠪᠦᠷ ᠲᠡᠶᠢᠮᠦ ᠪᠢᠰᠢ᠂ ᠠᠭᠤᠯᠠ ᠶᠢ ᠬᠠᠶᠢᠯᠤᠭᠤᠯᠰᠤᠨ ᠤ ᠵᠣᠷᠢᠯᠭ᠎ᠠ ᠪᠣᠯ ᠠᠯᠳᠠᠷᠰᠢᠬᠤ ᠥᠭᠡᠷ᠎ᠡ ᠠᠷᠭ᠎ᠠ ᠣᠯᠤᠭᠰᠠᠨ ᠶᠠᠪᠤᠳᠠᠯ ᠶᠤᠮ ᠭᠡᠵᠦ ᠣᠳᠣ ᠦᠶ᠎ᠡ ᠳᠦ ᠡᠨᠳᠡ ᠰᠠᠭᠤᠳᠠᠭ ᠡᠷᠭᠦᠨ᠎ᠡ ᠭᠦᠨ ᠢ ᠦᠵᠡᠭᠢᠭ᠍ᠰᠡᠨᠬᠡᠰᠡᠭ ᠮᠣᠩᠭᠣᠯ ᠪᠠᠲᠤᠯᠠᠨ ᠬᠡᠯᠡᠳᠡᠭ" (ᠷᠠᠰᠢ ᠳᠤ ᠳᠤ ᠳ᠋ᠢᠩ᠂ 1990:45).

ᠡᠷᠭᠦᠨ᠎ᠡ ᠭᠦᠩ ᠦᠨ ᠳᠣᠮᠣᠭ ᠲᠠᠢ ᠰᠡᠳᠦᠪ ᠥᠭᠦᠯᠡᠭᠳᠡᠬᠦᠨ ᠢᠶᠡᠷ ᠢᠶᠡᠨ ᠠᠳᠠᠯᠢ ᠪᠥᠭᠡᠳ ᠵᠠᠷᠢᠮ ᠲᠠᠯ᠎ᠠ ᠪᠠᠷ ᠰᠢᠨ᠎ᠡ ᠨᠡᠮᠡᠭᠳᠡᠯ ᠮᠡᠳᠡᠭᠡ ᠥᠭᠭᠦᠨ ᠬᠣᠶᠠᠷ ᠳᠣᠮᠣᠭ ᠢ ᠬᠣᠵᠢᠭᠤ ᠦᠶ᠎ᠡ ᠶᠢᠨ ᠲᠡᠦᠬᠡᠴᠢ ᠬᠣᠨᠳᠧᠵᠢᠷ᠂ ᠠᠪᠤᠯ ᠭᠠᠽᠢ ᠨᠠᠷ ᠲᠡᠮᠳᠡᠭᠯᠡᠭᠰᠡᠨ ᠪᠠᠶᠢᠨ᠎ᠠ᠃ ᠲᠡᠷᠡ ᠬᠣᠶᠠᠷ ᠳᠣᠮᠣᠭ ᠨᠢ "ᠰᠤᠳᠤᠷ ᠤᠨ ᠴᠢᠭᠤᠯᠭᠠᠨ" ᠍ ᠳᠦ ᠪᠠᠶᠢᠭ᠎ᠠ ᠠᠮᠠᠨ ᠲᠡᠦᠬᠡ ᠲᠡᠢ ᠦᠭᠡ ᠦᠰᠦᠭ ᠢᠶᠡᠷ ᠢᠶᠡᠨ ᠶᠠᠭ ᠨᠡᠶᠢᠯᠡᠭᠰᠡᠨ ᠬᠠᠭᠤᠯᠭ᠎ᠠ ᠨᠢ ᠪᠢᠰᠢ᠂ ᠭᠡᠪᠡᠴᠦ ᠪᠢᠳᠡᠨ ᠦ ᠰᠣᠨᠢᠷᠬᠠᠨ ᠪᠤᠢ ᠳᠣᠮᠣᠭ ᠤᠨ ᠨᠢᠭᠡᠨ ᠬᠤᠪᠢᠯᠪᠤᠷᠢ ᠭᠡᠵᠦ ᠦᠵᠡᠵᠦ ᠪᠣᠯᠬᠤ ᠶᠤᠮ᠃ ᠬᠣᠨᠳᠧᠮᠢᠷ ᠤᠨ ᠵᠣᠬᠢᠶᠠᠯ "ᠮᠣᠩᠭᠣᠯᠴᠤᠳ ᠤᠨ ᠲᠡᠦᠬᠡ" ᠍ ᠳᠦ ᠪᠠᠶᠢᠭ᠎ᠠ ᠳᠣᠮᠣᠭ ᠢ ᠰᠡᠶᠢᠷᠡᠭᠦᠯᠪᠡᠯ: "ᠲᠠᠲ᠋ᠠᠷ ᠤᠨ ᠬᠠᠭᠠᠨ ᠰ ᠲᠠᠨᠵ ᠲᠠᠢ ᠨᠡᠶᠢᠯᠡᠭᠰᠡᠨ ᠮᠠᠦ᠋ᠷᠢ ᠡᠨᠨᠢᠭᠠᠷ ᠤᠨ ᠬᠠᠭᠠᠨ ᠲᠤᠷ᠎ᠠ ᠳᠦ ᠣᠭᠤᠵᠠ ᠬᠠᠭᠠᠨ ᠤ ᠵᠢᠷᠭᠤᠳᠠᠤᠭᠠᠷ ᠦᠶ᠎ᠡ ᠶᠢᠨ ᠤᠳᠤᠮ ᠢᠯᠡᠯ ᠬᠠᠭᠠᠨ ᠢᠯᠠᠭᠳᠠᠨ ᠳᠠᠷᠤᠭᠳᠠᠵᠤ᠂ ᠪᠦᠬᠦ ᠮᠣᠩᠭᠣᠯ ᠤᠨ ᠲᠤᠭᠤᠷᠭᠠᠲᠠᠨ ᠠᠴᠠ ᠢᠯᠡᠯ ᠬᠠᠭᠠᠨ ᠤ ᠬᠦᠦ ᠺᠢᠶᠠᠩ᠂ ᠲᠡᠭᠦᠨ ᠦ ᠬᠠᠲᠤᠨ᠂ ᠺᠢᠶᠠᠨ ᠤ ᠦᠶᠡᠯᠢ ᠳᠡᠭᠦᠦ ᠲᠡᠭᠦᠵᠡ᠂ ᠲᠡᠭᠦᠨ ᠦ ᠭᠡᠷᠭᠡᠢ ᠳᠥᠷᠪᠡᠭᠦᠯᠦᠨ ᠦᠯᠡᠳᠡᠭᠰᠡᠨ ᠪᠥᠯᠦᠭᠡ᠃ ᠲᠡᠷᠡ ᠳᠥᠷᠪᠡ ᠲᠤᠯᠤᠯᠳᠤᠭᠠᠨ ᠤ ᠲᠠᠯᠠᠪᠤᠷ ᠳᠡᠭᠡᠷ᠎ᠡ ᠠᠯᠠᠭᠳᠠᠭᠰᠠᠳ ᠤᠨ ᠳᠤᠮᠳᠠ ᠨᠢᠭᠤᠭᠳᠠᠨ᠂ ᠰᠥᠨᠢ ᠪᠣᠯᠬᠤ ᠳᠤ ᠵᠤᠭᠲᠠᠭᠠᠵᠤ ᠦᠷ ᠢᠶᠡᠷ ᠨᠢᠭᠡᠨ ᠭᠠᠵᠠᠷ ᠢᠶᠠᠨ ᠬᠦᠷᠴᠦ ᠣᠴᠢᠭᠰᠠᠨ ᠨᠢ ᠦᠯᠡᠮᠵᠢ ᠣᠯᠠᠨ ᠬᠠᠳᠤᠨ ᠬᠠᠪᠴᠢᠯ ᠲᠠᠢ ᠠᠤᠯᠠᠯᠠᠰ ᠢᠶᠠᠷ ᠬᠦᠷᠢᠶᠡᠯᠡᠭᠳᠡᠭᠰᠡᠨ ᠭᠠᠵᠠᠷ ᠪᠠᠶᠢᠴᠠᠢ᠃ ᠵᠠᠮ ᠶᠠᠪᠤᠭᠰᠠᠳ ᠠᠭᠤᠯᠠ ᠶᠢᠨ ᠣᠷᠣᠢ ᠳᠤ ᠮᠠᠴᠠᠵᠤ ᠪᠠᠷ᠎ᠠ ᠬᠠᠷᠠᠪᠠᠯ᠂ ᠲᠡᠷᠡ ᠳᠣᠣᠷ᠎ᠠ ᠡᠪᠡᠰᠦ ᠤᠷᠭᠤᠮᠠᠯ ᠲᠡᠭᠦᠯᠳᠡᠷ ᠬᠥᠨᠳᠡᠢ ᠬᠠᠷᠠᠭᠳᠠᠬᠤ ᠳᠤ ᠲᠡᠳᠡ ᠠᠭᠤᠯᠠᠨ ᠠᠴᠠ ᠲᠡᠨᠳᠡ ᠥᠨᠢᠳᠡ ᠰᠠᠭᠤᠴᠠᠢ᠃ ᠡᠨᠡᠬᠦ ᠭᠠᠵᠠᠷ ᠢ ᠲᠦᠷᠦᠭ ᠢᠶᠡᠷ ᠡᠷᠭᠦᠨ᠎ᠡ-ᠭᠦᠨ ᠭᠡᠬᠦ ᠪᠤᠶᠤ ᠡᠭᠴᠡ ᠴᠠᠪᠴᠢᠮ᠎ᠠ ᠭᠠᠵᠠᠷ ᠭᠡᠵᠦ ᠨᠡᠷᠡᠶᠢᠳᠪᠡ᠃ ᠣᠨ ᠴᠠᠭ ᠥᠩᠭᠡᠷᠡᠬᠦ ᠵᠠᠭᠤᠷ᠎ᠠ ᠪᠠᠨ ᠳᠤᠷᠢᠳᠠᠭᠰᠠᠨ ᠳᠥᠷᠪᠡᠨ ᠬᠦᠮᠦᠨ ᠡᠴᠡ ᠣᠯᠠᠨ ᠲᠣᠭᠠᠨ ᠤ ᠠᠶᠢᠮᠠᠭ ᠤᠳᠤᠮᠯᠠᠨ ᠭᠠᠷᠴᠠᠢ᠃ ᠺᠠᠶᠠᠨ ᠤ ᠤᠳᠤᠮ ᠤᠳ ᠢ ᠺᠢ ᠳᠤ᠂ ᠲᠡᠭᠦᠵᠡ ᠶᠢᠨ ᠤᠳᠤᠮ ᠤᠳ ᠢ ᠳᠧᠷᠯᠢᠩᠭᠤ ᠭᠡᠵᠦ ᠨᠡᠷᠡᠯᠡᠳᠡᠭ ᠪᠠᠶᠢᠴᠠᠢ᠃ ᠬᠣᠵᠢᠮ ᠺᠢ ᠳᠤ᠂ ᠳᠧᠷᠯᠢᠩᠭᠤ ᠨᠠᠷ ᠡᠷᠭᠦᠨ᠎ᠡ ᠬᠤᠨ ᠳᠦ  ᠪᠠᠭᠲᠠᠯᠴᠠᠬᠤ ᠦᠭᠡᠢ ᠪᠣᠯᠲᠠᠯ᠎ᠠ ᠦᠷᠡᠵᠢᠨ ᠣᠯᠠᠰᠢᠷᠠᠭᠰᠠᠨ ᠲᠤᠯᠠ ᠲᠡᠷᠡ ᠭᠠᠵᠠᠷ ᠢ ᠣᠭᠣᠷᠴᠢ ᠮᠣᠩᠭᠣᠯ ᠭᠠᠵᠠᠷ ᠣᠷᠣᠨ ᠢ ᠵᠣᠷᠢᠨ ᠲᠡᠷᠡ ᠭᠠᠵᠠᠷ ᠨᠤᠲᠤᠭ ᠤᠨ ᠡᠵᠡᠨ /ᠬᠠᠨ/ ᠍ ᠲᠠᠢ ᠲᠤᠯᠤᠯᠳᠤᠨ ᠢᠯᠠᠯᠲᠠ ᠪᠠᠶᠢᠭᠤᠯᠵᠠᠢ᠃ ᠲᠡᠭᠦᠨ ᠦ ᠳᠠᠷᠠᠭ᠎ᠠ ᠮᠣᠩᠭᠣᠯ ᠭᠠᠵᠠᠷ ᠢ ᠮᠡᠳᠡᠬᠦ ᠪᠦᠷᠢᠨ ᠡᠷᠬᠡ ᠨᠢ ᠺᠠᠶᠤᠩ ᠤᠦᠨᠠᠨ ᠤ ᠡᠯᠳᠦ᠋ᠽ ᠳᠦ ᠪᠠᠲᠤᠵᠢᠭ᠌ᠰᠠᠨ ᠪᠥᠯᠦᠭᠡ"(/ᠬ᠃ᠫᠷᠯᠡᠢ᠂ 1969:44).

ᠠᠪᠤᠯ ᠭᠠᠽᠢ ᠪᠠᠭᠠᠲᠤᠷ ᠬᠠᠭᠠᠨ ᠤ "ᠲᠦᠷᠦᠭ ᠦᠨ ᠤᠭ ᠤᠨ ᠪᠢᠴᠢᠭ ᠪᠠᠶᠢᠭ᠎ᠠ ᠳᠣᠮᠣᠭ", "ᠢᠯᠡᠯ ᠬᠠᠭᠠᠨ᠂ ᠮᠣᠩᠭᠤᠯ ᠬᠠᠮᠢᠭ᠎ᠠ ᠠᠴᠠ ᠤᠳᠤᠮ ᠲᠠᠢ᠂ ᠰᠢᠤᠩ ᠢ ᠬᠠᠭᠠᠨ ᠲᠠᠲ᠋ᠠᠷ ᠬᠠᠭᠠᠨ ᠤ ᠤᠷᠤᠭ ᠤᠨ ᠬᠦᠮᠦᠨ᠃ ᠡᠨᠡ ᠡᠵᠡᠳ ᠬᠣᠭᠣᠷᠣᠨᠳᠣ ᠪᠠᠨ ᠲᠠᠰᠤᠷᠠᠯᠲᠠ ᠦᠭᠡᠢ ᠳᠠᠶᠢᠨ ᠬᠢᠬᠦ ᠪᠥᠭᠡᠳ ᠢᠯᠡᠯ ᠬᠠᠭᠠᠨ ᠢᠮᠠᠭᠲᠠ ᠢᠯᠠᠨ ᠭᠠᠷᠳᠠᠭ ᠪᠠᠶᠢᠴᠠᠢ᠃ ᠬᠣᠵᠢᠮ ᠰᠢᠤᠩ ᠢ ᠬᠠᠭᠠᠨ ᠺᠷᠭᠢᠽᠢ ᠶᠢᠨ ᠬᠠᠭᠠᠨ ᠲᠠᠢ ᠨᠡᠶᠢᠯᠡᠵᠦ᠂ ᠢᠯᠡᠯ ᠬᠠᠭᠠᠨ ᠢ ᠲᠤᠯᠵᠤ ᠪᠦᠷᠢᠮᠦᠰᠦᠨ ᠳᠠᠷᠤᠵᠤ᠂ ᠮᠣᠭᠤᠯ ᠬᠠᠭᠠᠨ ᠤ ᠭᠦᠷᠦᠨ ᠢ ᠳᠣᠷᠣᠶᠢᠲᠠᠭᠤᠯᠤᠨ ᠤᠨᠠᠭᠠᠭᠰᠠᠨ ᠠᠵᠤᠭᠤ᠃ ᠢᠯᠡᠯ ᠬᠠᠭᠠᠨ ᠣᠯᠠᠨ ᠬᠦᠦᠲᠡᠢ ᠪᠣᠯᠪᠠᠴᠤ ᠺᠠᠶᠠᠨ᠂ ᠲᠡᠭᠦᠨ ᠦ ᠦᠶᠡᠯᠢ᠂ ᠨ᠎ᠠ ᠠᠴᠠ ᠲᠡᠳᠡᠨ ᠦ ᠬᠣᠶᠠᠷ ᠭᠡᠷᠭᠡᠢ ᠡᠴᠡ ᠪᠤᠰᠤᠳ ᠨᠢ ᠴᠥᠮ ᠰᠠᠶᠢᠨ ᠲᠤᠯᠤᠯᠳᠤᠭᠠᠨ ᠳᠤ ᠦᠷᠡᠭᠳᠡᠵᠡᠢ᠃ ᠠᠮᠢ ᠭᠠᠷᠤᠭᠰᠠᠨ ᠬᠠᠭᠠᠨ ᠬᠦᠦ ᠳᠦ ᠣᠯᠵᠠᠯᠠᠭᠳᠠᠭᠰᠠᠨ ᠪᠣᠯᠪᠠᠴᠤ ᠠᠷᠪᠠᠨ ᠡᠳᠦᠷ ᠥᠩᠭᠡᠷᠡᠬᠦ ᠳᠦ ᠵᠤᠭᠲᠠᠭᠠᠬᠤ ᠲᠣᠬᠢᠶᠠᠯ ᠣᠯᠳᠠᠵᠤ᠂ ᠥᠷ ᠦᠨ ᠭᠠᠵᠠᠷ ᠡᠭᠡᠵᠦ ᠢᠷᠡᠵᠡᠢ᠃ ᠡᠨᠳᠡ ᠪᠡᠨ ᠪᠠᠶᠢᠬᠤ ᠳᠤ ᠲᠡᠳᠡᠨ ᠳᠦ ᠠᠶᠤᠯᠲᠠᠢ ᠬᠡᠮᠡᠨ ᠬᠡᠯᠡᠯᠴᠡᠵᠦ ᠦᠯᠡᠳᠡᠭᠰᠡᠨ ᠮᠠᠯ ᠢᠶᠠᠨ ᠠᠪᠤᠭᠠᠳ ᠠᠭᠤᠯᠠᠨ ᠳᠤ ᠭᠠᠷᠴᠠᠢ᠃ ᠠᠭᠤᠯᠠ ᠠᠭᠤᠯᠠ ᠶᠢ ᠳᠠᠮᠵᠢᠨ ᠶᠠᠪᠤᠵᠤ᠂ ᠰᠡᠭᠦᠯ ᠳᠦ ᠨᠢ ᠨᠢᠭᠡᠨ ᠥᠨᠳᠥᠷ ᠠᠭᠤᠯᠠᠨ ᠳᠤ ᠬᠦᠷᠴᠦ ᠢᠷᠡᠵᠡᠢ᠃ ᠲᠡᠷᠡ ᠥᠨᠳᠥᠷ ᠠᠭᠤᠯᠠ ᠶᠢ ᠭᠥᠷᠦᠭᠡᠰᠦᠨ ᠦ ᠨᠠᠷᠢᠨ ᠵᠢᠮ ᠢᠶᠡᠷ ᠨᠡᠪᠲᠡᠷᠡᠴᠢ᠂ ᠨᠠᠮᠤᠭᠤᠨ ᠵᠥᠭᠡᠯᠡᠨ ᠡᠯᠪᠡᠭ ᠥᠪᠴᠢ ᠨᠣᠭᠣᠭ᠎ᠠ ᠲᠠᠢ ᠬᠥᠨᠳᠡᠢ ᠶᠢ ᠣᠯᠵᠠᠢ᠃ ᠡᠨᠡ ᠭᠠᠵᠠᠷ ᠲᠡᠳᠡᠨ ᠳᠦ ᠠᠶᠠᠲᠠᠶᠢᠬᠠᠨ ᠰᠠᠨᠠᠭᠳᠠᠵᠠᠢ᠃ ᠡᠨᠡ ᠭᠠᠵᠠᠷ ᠵᠦᠭ ᠪᠥᠷᠢᠰᠡ ᠪᠡᠷᠬᠡ ᠲᠡᠢ ᠠᠭᠤᠯᠠ ᠬᠠᠳᠠ ᠪᠠᠷ ᠬᠦᠷᠢᠶᠡᠯᠡᠭᠳᠡᠭᠰᠡᠨ ᠲᠤᠯᠠ ᠲᠡᠳᠡᠨ ᠢ ᠮᠥᠷᠳᠡᠭᠳᠡᠬᠦ ᠶᠢᠨ ᠠᠶᠤᠯ ᠦᠭᠡᠢ ᠪᠣᠯᠭᠠᠵᠠᠢ᠃ ᠲᠡᠳᠡ ᠡᠨᠡ ᠭᠠᠵᠠᠷ ᠢ ᠢᠷᠭᠠᠨᠢ ᠺᠣᠨ ᠭᠡᠵᠦ ᠨᠡᠷᠡᠯᠡᠵᠡᠢ᠃ ᠢᠷᠭᠠᠨ᠎ᠠ ᠮᠣᠩᠭᠣᠯ ᠢᠶᠠᠷ ᠬᠥᠨᠳᠡᠢ᠂ ᠺᠣᠨ ᠨᠢ ᠪᠥᠬᠡ ᠴᠠᠪ ᠥᠨᠳᠥᠷᠯᠢᠭ ᠭᠡᠰᠡᠨ ᠤᠳᠬ᠎ᠠ ᠲᠠᠢ ᠠᠵᠢ᠃ ᠺᠠᠶᠠᠨ᠂ ᠨ᠎ᠠ ᠠᠴᠠ ᠬᠣᠶᠠᠷ ᠤᠨ ᠤᠳᠤᠮ ᠬᠣᠶᠢᠴᠢᠰ ᠨᠢ ᠦᠷᠡᠵᠢᠨ ᠣᠯᠠᠰᠢᠷᠠᠬᠤ ᠳᠤ ᠺᠠᠶᠠᠨ ᠥᠪᠡᠷ ᠦᠨ ᠤᠳᠤᠮ ᠤᠨ ᠬᠢᠨ ᠢ ᠺᠠᠶᠠᠳ᠂ ᠨ᠎ᠠ ᠠᠴᠠ ᠥᠪᠡᠷ ᠦᠨ ᠤᠳᠤᠮᠲᠠᠨ ᠤ ᠨᠢᠭᠡ ᠬᠡᠰᠡᠭ ᠦᠨ ᠨᠣᠭᠣᠰᠯᠧᠷ /ᠨ᠎ᠠ ᠠᠴᠠ ᠨᠠᠷ/, ᠨᠥᠭᠥᠭᠡ ᠬᠡᠰᠡᠭ ᠢ ᠳᠤᠷᠠᠯᠭᠠᠨ ᠭᠡᠨ᠎ᠡ᠃ ᠡᠨᠡ ᠠᠶᠢᠮᠠᠭ ᠤᠳ ᠡᠨᠳᠡ ᠪᠡᠨ 400 ᠭᠠᠷᠤᠢ ᠣᠨ ᠰᠠᠭᠤᠵᠤ᠂ ᠲᠡᠳᠡᠨ ᠦ ᠨᠤᠲᠤᠭ ᠭᠠᠵᠠᠷ ᠨᠢ ᠳᠠᠪᠴᠢᠳᠠᠬᠤ ᠳᠤ ᠳᠣᠮᠣᠭ ᠠᠴᠠ ᠮᠡᠳᠡᠵᠦ ᠪᠠᠶᠢᠭᠰᠠᠨ ᠠᠭᠤᠳᠠᠮ ᠲᠠᠯ᠎ᠠ ᠨᠤᠲᠤᠭ᠂ ᠳᠡᠭᠡᠳᠦᠰ ᠦᠨ ᠢᠶᠡᠨ ᠭᠠᠵᠠᠷ ᠲᠤ ᠪᠤᠴᠠᠬᠤ ᠪᠠᠷ ᠪᠣᠯᠵᠠᠢ᠃ ᠭᠡᠪᠡᠴᠦ ᠤᠷᠢᠳᠤ ᠶᠢᠨ ᠭᠥᠷᠦᠭᠡᠰᠦᠨ ᠵᠢᠮ ᠪᠦᠷᠢᠮᠦᠰᠦᠨ ᠡᠳᠡᠭᠡᠷᠡᠭᠰᠡᠨ ᠲᠤᠯᠠ ᠲᠡᠳᠡ ᠠᠭᠤᠯᠠ ᠬᠠᠳᠠᠨ ᠠᠴᠠ ᠭᠠᠷᠬᠤ ᠠᠶᠠᠲᠠᠶᠢᠬᠠᠨ ᠰᠡᠪ ᠣᠯᠵᠤ ᠴᠢᠳᠠᠭᠰᠠᠨ ᠦᠭᠡᠢ᠃ ᠨᠢᠭᠡᠨ ᠲᠡᠮᠦᠷ ᠦᠨ ᠳᠠᠷᠬᠠᠨ ᠠᠭᠤᠯᠠᠨ ᠳᠤ ᠲᠡᠮᠦᠷ ᠦᠨ ᠥᠭᠡᠳᠡᠰᠦ ᠪᠡᠷ ᠪᠦᠲᠦᠭᠰᠡᠨ᠂ ᠣᠨᠴᠠ ᠶᠢᠨ ᠵᠤᠵᠠᠭᠠᠨ ᠪᠤᠰᠤ ᠭᠠᠵᠠᠷ ᠢ ᠠᠳᠬᠤᠨ ᠪᠠᠶᠢᠴᠠᠢ᠃ ᠲᠡᠷᠡ ᠠᠭᠤᠯᠠᠨ ᠳᠤ ᠮᠣᠳᠣ᠂ ᠨᠡᠭᠦᠷᠡᠰᠦ ᠶᠡᠬᠡ ᠶᠢ ᠠᠪᠴᠢᠷᠠᠵᠤ ᠰᠢᠲᠠᠭ᠎ᠠ ᠭᠡᠵᠦ ᠲᠡᠷᠡ ᠳᠠᠷᠬᠠᠨ ᠵᠡᠪᠡᠯᠡᠨ ᠬᠡᠯᠡᠵᠡᠢ᠃ ᠠᠭᠤᠯᠠ ᠦᠨᠡᠨ ᠢᠶᠡᠷ ᠬᠡᠳᠦ ᠬᠡᠳᠦᠨ ᠭᠠᠵᠠᠷ ᠢᠶᠠᠷ ᠰᠡᠲᠡ ᠬᠠᠶᠢᠯᠠᠵᠤ ᠠᠴᠢᠶ᠎ᠠ ᠲᠠᠢ ᠲᠡᠮᠡᠭᠡ ᠭᠠᠷᠴᠤ ᠪᠠᠶᠢᠬᠤ ᠪᠠᠷ ᠰᠡᠪ ᠣᠩᠭᠣᠶᠢᠴᠠᠢ᠃ ᠲᠡᠷᠡ ᠰᠡᠪᠢᠷ᠎ᠡ ᠮᠣᠩᠭᠣᠯᠴᠤᠳ ᠢᠷᠭᠠᠨ ᠺᠣᠨ ᠠᠴᠠ ᠭᠠᠷᠴᠠᠢ᠃ ᠲᠡᠷᠡ ᠴᠠᠭ ᠲᠤ ᠮᠣᠩᠭᠣᠯᠴᠤᠳ ᠢ ᠪᠧᠷᠲ᠋ᠧᠴᠡᠨᠢ ᠬᠠᠭᠠᠨ ᠵᠠᠬᠢᠷᠴᠢ ᠪᠠᠶᠢᠴᠠᠢ᠃ ᠲᠠᠲ᠋ᠠᠷ ᠬᠠᠭᠠᠨ ᠤ ᠤᠳᠤᠮ ᠤᠨ ᠡᠵᠡᠳ (ᠬᠠᠭᠠᠳ) ᠮᠣᠩᠭᠣᠯᠴᠤᠳ ᠢ ᠭᠠᠷᠴᠤ ᠢᠷᠡᠭᠰᠡᠨ ᠢ ᠮᠡᠳᠡᠮᠡᠭᠴᠢ ᠵᠡᠷ ᠵᠡᠪᠰᠡᠭ ᠠᠭᠰᠠᠭᠰᠠᠨ ᠪᠣᠯᠪᠠᠴᠤ ᠪᠧᠷᠲ᠋ᠧᠴᠡᠨᠢ ᠬᠠᠭᠠᠨ ᠲᠡᠳᠡᠨ ᠢ ᠪᠦᠷᠢᠮᠦᠰᠦᠨ ᠳᠠᠷᠤᠵᠠᠢ᠃ ᠡᠨᠡ ᠴᠠᠭ ᠨᠢ ᠢᠯᠡᠯ ᠬᠠᠭᠠᠨ ᠢᠯᠠᠭᠳᠠᠵᠤ ᠮᠣᠭᠤᠯ ᠨᠡᠷ᠎ᠡ ᠰᠥᠨᠥᠭᠰᠡᠨ ᠡᠴᠡ ᠬᠣᠶᠢᠰᠢ 450 ᠵᠢᠯ ᠦᠨ ᠳᠠᠷᠠᠭ᠎ᠠ ᠶᠠᠭ ᠲᠣᠬᠢᠶᠠᠯᠳᠤᠵᠠᠢ"(ᠬ᠃ᠫᠷᠯᠡᠢ᠂ 1969:24).

ᠳᠡᠭᠡᠷ᠎ᠡ ᠦᠭᠦᠯᠡᠭᠰᠡᠨ ᠭᠤᠷᠪᠠᠨ ᠳᠣᠮᠣᠭ ᠲᠠᠢ ᠰᠡᠳᠦᠪ ᠥᠭᠦᠯᠡᠭᠳᠡᠬᠦᠨ ᠢᠶᠡᠷ ᠢᠶᠡᠨ ᠠᠳᠠᠯᠢ ᠨᠢᠭᠡᠨ ᠳᠣᠮᠣᠭ ᠢ ᠢᠷᠦᠭᠡ ᠭᠣᠣᠯ ᠤᠨ ᠬᠠᠯᠬᠠᠵᠢᠭ᠌ᠰᠠᠨ ᠬᠠᠮᠨᠢᠭᠠᠨ ᠤᠭᠰᠠᠭᠠᠲᠠᠨ ᠤ ᠬᠤᠴᠴᠠᠭᠤᠯ ᠠᠴᠠ᠎ᠠ᠃ᠠᠮᠤᠷ 1933 ᠣᠨ ᠳᠤ ᠰᠤᠷᠪᠤᠯᠵᠢᠯᠠᠨ ᠣᠯᠵᠤ ᠲᠡᠮᠳᠡᠭᠯᠡᠨ ᠦᠯᠡᠳᠡᠭᠡᠵᠢ ᠪᠡᠨ᠃ ᠤᠭ ᠳᠣᠮᠣᠭ ᠲᠤ: "ᠡᠷᠲᠡ ᠨᠢᠭᠡᠨ ᠴᠠᠭ ᠲᠤ ᠬᠠᠮᠨᠢᠭᠠᠨ ᠦᠨᠳᠦᠰᠦᠲᠡᠨ ᠪᠤᠰᠤᠳ ᠲᠤ ᠬᠢᠳᠤᠭᠳᠠᠨ ᠠᠯᠠᠭᠳᠠᠭᠠᠳ ᠭᠠᠭᠴᠠ ᠨᠢᠭᠡ ᠠᠶᠢᠯ ᠬᠦᠮᠦᠰ᠂ ᠥᠬᠢᠳ ᠬᠡᠦᠬᠡᠳ ᠢᠶᠡᠨ ᠡᠨᠡᠬᠦ ᠠᠭᠤᠯᠠᠨ ᠳᠤ ᠲᠠᠯᠪᠢᠭᠠᠳ᠂ ᠪᠤᠴᠠᠵᠤ ᠭᠡᠷ ᠮᠠᠯ ᠢᠶᠠᠨ ᠠᠪᠬᠤ ᠪᠠᠷ ᠶᠠᠪᠤᠭᠰᠠᠨ ᠨᠢ ᠪᠠᠰᠠ ᠳᠠᠶᠢᠰᠤᠨ ᠢᠶᠠᠨ ᠠᠯᠠᠭᠳᠠᠭᠰᠠᠨ ᠲᠤᠯᠠ ᠲᠡᠷᠬᠡᠦ ᠥᠬᠢᠳ ᠬᠡᠦᠬᠡᠳ ᠨᠢᠦᠬᠦᠯ ᠦᠭᠡᠢ ᠬᠦᠮᠦᠵᠢᠵᠦ᠂ ᠣᠯᠠᠨ ᠪᠣᠯᠤᠭᠰᠠᠭᠠᠷ ᠪᠠᠭᠲᠠᠯᠴᠠᠬᠤ ᠦᠭᠡᠢ ᠪᠣᠯᠵᠤ ᠡᠷᠭᠢᠨ ᠲᠣᠭᠣᠷᠢᠨ ᠳᠠᠬᠢ ᠨᠢᠭᠡᠨ ᠲᠡᠮᠦᠷ ᠲᠦ ᠠᠭᠤᠷᠬᠠᠢ ᠲᠠᠢ ᠬᠠᠳᠠ ᠶᠢ ᠶᠡᠬᠡ ᠲᠦᠯᠡᠭᠡ ᠣᠪᠣᠭᠠᠯᠠᠵᠤ ᠭᠠᠯᠳᠠᠨ ᠬᠠᠶᠢᠯᠭᠠᠵᠤ ᠤᠷᠤᠰᠬᠠᠭᠠᠳ ᠭᠠᠷᠤᠭᠰᠠᠨ ᠬᠡᠮᠡᠳᠡᠭ᠃ ᠡᠭᠦᠨ ᠦ ᠤᠴᠢᠷ ᠠᠴᠠ ᠥᠬᠢᠳ ᠬᠡᠦᠬᠡᠳ ᠦᠳ ᠬᠡᠮᠡᠨ ᠨᠡᠷᠡᠶᠢᠳᠦᠭᠰᠡᠨ ᠠᠭᠤᠯᠠ ᠣᠳᠣ ᠴᠤ ᠬᠡᠨᠲᠡᠢ ᠳᠦ ᠪᠠᠶᠢᠨ᠎ᠠ ᠭᠡᠵᠡᠢ" /ᠠ᠃ᠠᠮᠤᠷ᠂ 1990/.

"ᠮᠣᠩᠭᠣᠯ ᠤᠨ ᠨᠢᠭᠤᠴᠠ ᠲᠣᠪᠴᠢᠶ᠎ᠠ" ᠍ ᠳᠦ ᠪᠠᠶᠢᠳᠠᠭ ᠴᠢᠩᠭᠢᠰ ᠬᠠᠭᠠᠨ ᠤ ᠢᠵᠠᠭᠤᠷ ᠪᠥᠷᠲᠡ ᠴᠢᠨᠣ᠎ᠠ᠂ ᠭᠣᠸ᠎ᠠ ᠮᠠᠷᠠᠯ ᠤᠨ ᠳᠣᠮᠣᠭ ᠨᠢ ᠷᠠᠰᠢ ᠳᠤ ᠠᠳᠠ ᠳᠢᠨ ᠤ "ᠰᠤᠳᠤᠷ ᠤᠨ ᠴᠢᠭᠤᠯᠭᠠᠨ" ᠍ ᠤ ᠡᠷᠭᠦᠨ᠎ᠡ ᠭᠦᠩ ᠦᠨ ᠳᠣᠮᠣᠭ ᠤᠨ ᠦᠷᠭᠦᠯᠵᠢᠯᠡᠯ ᠭᠡᠵᠦ ᠦᠵᠡᠵᠦ ᠪᠣᠯᠬᠤ ᠶᠤᠮ᠃ "ᠮᠣᠩᠭᠣᠯ ᠤᠨ ᠨᠢᠭᠤᠴᠠ ᠲᠣᠪᠴᠢᠶ᠎ᠠ" ᠍ ᠳᠦ ᠥᠭᠭᠦᠭᠦᠯᠬᠦ ᠳᠦ ᠪᠡᠨ "ᠴᠢᠩᠭᠢᠰ ᠬᠠᠭᠠᠨ ᠤ ᠢᠵᠠᠭᠤᠷ ᠳᠡᠭᠡᠳᠦ ᠲᠩᠷᠢ ᠡᠴᠡ ᠵᠠᠶᠠᠭᠠᠲᠤ ᠲᠦᠷᠦᠭᠰᠡᠨ ᠪᠥᠷᠲᠡ ᠴᠢᠨ᠂ ᠭᠡᠷᠭᠡᠢ ᠭᠤᠸ᠎ᠠ ᠮᠠᠷᠠᠯ ᠤᠨ ᠬᠠᠮᠲᠤ ᠲᠡᠩᠭᠢᠰ ᠳᠠᠯᠠᠢ ᠶᠢ ᠭᠡᠲᠦᠯᠵᠦ ᠢᠷᠡᠭᠡᠳ ᠣᠨᠣᠨ ᠮᠥᠷᠡᠨ ᠦ ᠡᠬᠢ ᠪᠤᠷᠬᠠᠨ ᠬᠠᠯᠳᠤᠨ ᠠᠭᠤᠯᠠᠨ ᠳᠤ ᠨᠤᠲᠤᠭᠯᠠᠵᠤ᠂ ᠪᠠᠲᠠᠴᠢᠬᠠᠨ ᠭᠡᠳᠡᠭ ᠨᠢᠭᠡᠨ ᠬᠥᠪᠡᠭᠦᠨ ᠢ ᠲᠥᠷᠦᠭᠦᠯᠵᠡᠢ" ᠭᠡᠰᠡᠨ ᠪᠠᠶᠢᠳᠠᠭ᠃

ᠺᠢᠮᠠᠺ ᠤᠳ ᠤᠨ ᠳᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

V111-1 ᠬ ᠵᠠᠭᠤᠨ ᠤ ᠦᠶ᠎ᠡ ᠳᠦ ᠪᠤᠶᠤ ᠲᠦᠷᠦᠭ ᠦᠨ 2 ᠳ᠋ᠤᠭᠠᠷ ᠬᠠᠭᠠᠨᠲᠤ ᠤᠯᠤᠰ ᠮᠥᠬᠥᠵᠦ ᠲᠦᠷᠦᠭ ᠤᠭᠰᠠᠭᠠᠨ ᠤ ᠬᠢᠨ ᠪᠠᠷᠠᠭᠤᠨ ᠵᠦᠭ ᠨᠡᠭᠦᠳᠡᠯᠯᠡᠬᠦ ᠦᠶ᠎ᠡ ᠶᠢᠨ ᠮᠡᠳᠡᠭᠡᠯᠡᠯ ᠢ ᠠᠭᠤᠯᠠᠭᠰᠠᠨ ᠪᠠᠶᠢᠵᠤ ᠪᠣᠯᠬᠤ "ᠺᠢᠮᠠᠺ ᠤᠳ ᠤᠨ ᠳᠣᠮᠣᠭ" ᠍ ᠢ ᠰ᠃ᠠ᠃ᠫᠯᠶᠧᠲ᠋ᠨᠸ᠎ᠠ ᠶᠢᠨ "ᠺᠣᠽᠧᠸᠨᠢᠺᠢ ᠰᠡᠷ ᠲᠦᠨᠸᠧᠺᠣᠪᠢᠶ᠎ᠠ" ᠵᠣᠬᠢᠶᠠᠯ ᠠᠴᠠ ᠯᠠ᠃ᠪᠢᠯᠢᠭᠲᠦ "ᠲᠠᠲ᠋ᠠᠷ ᠤ ᠢ ᠮᠣᠩᠭᠣᠯ ᠤ" ᠥᠭᠦᠯᠡᠯ ᠳᠦ ᠪᠡᠨ ᠡᠰᠢ ᠲᠠᠲᠠᠭᠰᠠᠨ ᠢ ᠳᠣᠣᠷ᠎ᠠ ᠰᠡᠶᠢᠷᠡᠭᠦᠯᠪᠡᠯ: "ᠠᠬᠠᠮᠠᠳ ᠬᠦᠦ ᠨᠢ ᠬᠠᠭᠠᠨᠲᠤ ᠤᠯᠤᠰ ᠢ ᠵᠠᠬᠢᠷᠴᠢ ᠲ ᠪᠠᠶᠢᠭᠰᠠᠨ ᠪᠠ ᠲᠡᠭᠦᠨ ᠳᠦ ᠬᠠᠮᠤᠭ ᠤᠨ ᠪᠠᠭ᠎ᠠ ᠳᠡᠭᠦᠦ ᠨᠢ ᠠᠲᠠᠭᠠᠷᠬᠠᠭᠰᠠᠨ᠃ ᠪᠠᠭ᠎ᠠ ᠬᠦ ᠶᠢᠨ ᠨᠡᠷ᠎ᠡ ᠶᠢ ᠱᠠᠳᠤ ᠭᠡᠳᠡᠭ᠃ ᠲᠡᠷᠡ ᠲᠣᠮᠣ ᠠᠬ᠎ᠠ ᠶᠢᠨ ᠢᠶᠠᠨ ᠠᠮᠢ ᠨᠠᠰᠤ ᠶᠢ ᠬᠥᠨᠥᠭᠡᠬᠦ ᠶᠢ ᠵᠠᠪᠳᠤᠭᠰᠠᠨ ᠪᠣᠯᠪᠠᠴᠤ ᠪᠦᠲᠦᠭᠡ ᠦᠭᠡᠢ᠃ ᠡᠨᠡ ᠬᠡᠷᠡᠭ ᠡᠴᠡ ᠪᠡᠨ ᠠᠶᠤᠭᠰᠠᠨ ᠲᠡᠷᠡ ᠪᠡᠷ ᠬᠠᠶᠢᠷᠠᠲᠤ ᠪᠠᠨ ᠰᠢᠪᠡᠭᠴᠢᠨ ᠡᠴᠡ ᠠᠪᠴᠤ ᠠᠬ᠎ᠠ ᠠᠴᠠ ᠪᠠᠨ ᠵᠤᠭᠠᠲᠠᠨ ᠮᠣᠳᠣ ᠪᠣᠯᠤᠨ ᠠᠩᠬᠢ ᠶᠢᠨ ᠰᠢᠪᠠᠭᠤ ᠪᠠᠷ ᠡᠯᠪᠡᠭ ᠪᠠᠶᠠᠨ ᠨᠢᠭᠡᠨ ᠲᠣᠮᠣ ᠭᠣᠣᠯ ᠲᠠᠢ ᠭᠠᠵᠠᠷ ᠢᠷᠡᠭᠰᠡᠨ᠃ ᠲᠡᠭᠦᠨ ᠳᠡᠭᠡᠷ᠎ᠡ ᠲᠠᠲ᠋ᠠᠷ ᠭᠠᠷᠤᠯ ᠲᠠᠢ 7 ᠬᠦᠮᠦᠨ ᠢᠷᠡᠵᠦ ᠨᠢᠭᠡᠳᠦᠭᠰᠡᠨ ᠦ ᠨᠢᠭᠡ ᠨᠢ ᠢᠯᠯᠢ᠂ 2 ᠳᠠᠬᠢ ᠨᠢ ᠢᠮᠠᠺ᠂ 3 ᠳᠠᠬᠢ ᠨᠢ ᠲᠠᠲᠠᠷ᠂ 4 ᠳ᠋ᠡᠬᠢ ᠨᠢ ᠪᠠᠶᠢᠨ ᠳᠤᠷ᠂ 5 ᠳᠠᠬᠢ ᠨᠢ ᠺᠢᠫᠴᠠᠺ᠂ 6 ᠳᠠᠬᠢ ᠨᠢ ᠯᠠᠫᠢᠺᠠᠽ᠂ 7 ᠳᠠᠬᠢ ᠨᠢ ᠠᠵᠯᠠᠳ᠃ ᠡᠳᠡᠭᠡᠷ ᠬᠦᠮᠦᠰ ᠨᠢ ᠥᠪᠡᠷ ᠦᠨ ᠢᠶᠡᠨ ᠨᠣᠶᠠᠨ ᠤ ᠰᠦᠷᠦᠭ ᠪᠣᠯᠤᠨ ᠲᠡᠷᠡ ᠭᠠᠵᠠᠷ ᠤᠨ ᠰᠦᠷᠦᠭ ᠢ ᠮᠠᠯᠯᠠᠳᠠᠭ᠃ ᠲᠡᠨᠳᠡ ᠮᠠᠯᠴᠢᠨ ᠦᠯᠡᠳᠡᠭᠡ ᠦᠭᠡᠢ᠂ ᠡᠪᠡᠰᠦ ᠪᠡᠯᠴᠢᠭᠡᠷ ᠬᠠᠶᠢᠰᠤ ᠪᠠᠷ ᠲᠡᠳᠡ ᠱᠣᠳ ᠤᠨ ᠪᠠᠶᠢᠭᠰᠠᠨ ᠭᠠᠵᠠᠷ ᠢᠷᠡᠵᠡᠭᠡᠭᠰᠡᠨ᠃ ᠱᠠᠳᠤ ᠲᠡᠳᠡᠨ ᠢ ᠥᠪᠡᠷ ᠦᠨ ᠢᠶᠡᠨ ᠠᠩᠬᠢ ᠶᠢᠨ ᠣᠯᠵᠠ ᠪᠠᠷ ᠳᠠᠶᠢᠯᠠᠭᠰᠠᠨ᠃ ᠲᠡᠳᠡ ᠡᠪᠦᠯ ᠬᠦᠷᠲᠡᠯ᠎ᠡ ᠲᠡᠨᠳᠡ ᠪᠠᠶᠢᠭᠰᠠᠨ᠃ ᠲᠡᠭᠡᠭᠡᠳ ᠴᠠᠰᠤ ᠣᠷᠣᠵᠤ ᠲᠡᠳᠡ ᠪᠤᠴᠠᠵᠤ ᠴᠢᠳᠠᠬᠤ ᠦᠭᠡᠢ ᠪᠣᠯᠤᠭᠰᠠᠨ᠃ ᠲᠡᠨᠳᠡ ᠡᠪᠡᠰᠦ ᠨᠣᠭᠣᠭ᠎ᠠ ᠶᠡᠬᠡ ᠲᠡᠢ ᠤᠴᠢᠷ ᠠᠴᠠ ᠪᠦᠬᠦᠯᠢ ᠡᠪᠦᠯ ᠦᠨ ᠲᠤᠷᠰᠢ ᠲᠡᠨᠳᠡ ᠪᠠᠶᠢᠵᠠᠭᠠᠭᠰᠠᠨ᠃ ᠬᠠᠪᠤᠷ ᠲᠡᠳᠡ ᠪᠥᠭᠥᠳᠡᠭᠡᠷ ᠢᠶᠡᠨ ᠲᠠᠲ᠋ᠠᠷ ᠤᠨ ᠥᠷᠭᠥᠭᠡ ᠷᠦᠦ ᠨᠢᠭᠡᠨ ᠬᠦᠮᠦᠨ ᠶᠠᠪᠤᠭᠤᠯᠤᠭᠰᠠᠨ᠃ ᠲᠡᠷᠡ ᠲᠡᠨᠳᠡ ᠬᠦᠷᠴᠦ ᠣᠴᠢᠭᠠᠳ ᠪᠦᠬᠦ ᠭᠠᠵᠠᠷ ᠨᠤᠲᠤᠭ ᠨᠢ ᠬᠣᠭᠣᠰᠣᠷᠠᠵᠤ ᠰᠠᠭᠤᠷᠢᠨᠤᠭ ᠤᠳ ᠨᠢ ᠡᠵᠡᠭᠦᠶᠢᠷᠡᠨ᠂ ᠳᠠᠶᠢᠰᠤᠨ ᠢᠷᠡᠵᠦ ᠠᠷᠠᠳ ᠲᠦᠮᠡᠨ ᠢ ᠬᠢᠲᠤᠵᠤ ᠳᠡᠭᠡᠷᠡᠮᠳᠡᠭᠰᠡᠨ ᠪᠠᠶᠢᠬᠤ ᠶᠢ ᠦᠵᠡᠵᠡᠢ᠃ ᠣᠪᠤᠭ ᠠᠴᠠ ᠦᠯᠡᠳᠡᠭᠰᠡᠳ ᠨᠢ ᠲᠡᠷᠬᠡᠦ ᠬᠦᠮᠦᠨ ᠲᠡᠢ ᠬᠠᠮᠲᠤ ᠠᠭᠤᠯᠠᠨ ᠠᠴᠠ ᠪᠠᠭᠤᠭᠰᠠᠨ᠃ ᠲᠡᠷᠡ ᠥᠪᠡᠷ ᠦᠨ ᠢᠶᠡᠨ ᠨᠥᠬᠥᠳ ᠲᠦ ᠱᠠᠳᠤ ᠶᠢᠨ ᠪᠠᠶᠢᠭ᠎ᠠ ᠭᠠᠵᠠᠷ ᠤᠨ ᠲᠤᠬᠠᠢ ᠶᠠᠷᠢᠭᠰᠠᠨ ᠪᠠ ᠲᠡᠳᠡ ᠪᠥᠭᠥᠳᠡᠭᠡᠷ ᠢᠷᠲ ᠤᠰ ᠵᠦᠭ ᠣᠳᠤᠭᠰᠠᠨ᠃ ᠲᠡᠨᠳᠡ ᠣᠴᠢᠭᠠᠳ ᠪᠥᠭᠥᠳᠡᠭᠡᠷ ᠢᠶᠡᠨ ᠱᠠᠳᠤ ᠶᠢ ᠥᠪᠡᠷ ᠦᠨ ᠤᠳᠤᠷᠢᠳᠤᠭᠴᠢ ᠬᠡᠮᠡᠨ ᠬᠦᠯᠢᠶᠡᠨ ᠵᠥᠪᠰᠢᠶᠡᠷᠡᠴᠢ ᠲᠡᠭᠦᠨ ᠳᠦ ᠬᠦᠨᠳᠦᠯᠡᠯ ᠦᠯᠡᠭᠦᠯᠬᠦ ᠪᠣᠯᠤᠭᠰᠠᠨ᠃ ᠪᠤᠰᠤᠳ ᠬᠦᠮᠦᠰ ᠡᠨᠡ ᠮᠡᠳᠡᠭᠡ ᠶᠢ ᠰᠣᠨᠣᠰᠤᠭᠠᠳ ᠮᠥᠨ ᠲᠡᠷᠡ ᠭᠠᠵᠠᠷ ᠢᠷᠡᠵᠦ 700 ᠬᠦᠮᠦᠨ ᠴᠤᠭᠯᠠᠷᠠᠭᠰᠠᠨ᠃ ᠤᠳᠠᠭᠠᠨ ᠬᠤᠭᠤᠴᠠᠭᠠᠨ ᠤ ᠲᠤᠷᠰᠢᠳᠠ ᠲᠡᠳᠡ ᠱᠠᠳᠤ ᠳᠤ ᠠᠯᠪᠠ ᠬᠠᠭᠠᠭᠰᠠᠨ ᠪᠠ ᠳᠠᠷᠠᠭ᠎ᠠ ᠨᠢ ᠲᠡᠳᠡ ᠥᠰᠴᠦ ᠦᠷᠡᠵᠢᠨ ᠬᠣᠲᠤ ᠨᠤᠭᠤᠳ ᠢᠶᠠᠷ ᠲᠠᠷᠠᠭᠰᠠᠨ ᠪᠠ 7 ᠬᠦᠮᠦᠨ ᠦ ᠨᠡᠷ᠎ᠡ ᠪᠡᠷ ᠳᠣᠯᠣᠭᠠᠨ ᠣᠪᠤᠭ ᠪᠥᠷᠢᠯᠳᠦᠨ ᠲᠣᠭᠲᠠᠭᠰᠠᠨ 7 ᠯᠠ᠃ᠪᠢᠯᠫᠭ᠂ 1996/.

ᠨᠡᠮᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ