ᠡᠷᠢᠶᠡᠨ ᠬᠣᠲᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Eriyen qota.svg
ᠡᠷᠢᠶᠡᠨ ᠬᠣᠲᠠ
ᠬᠣᠰᠢᠭᠤᠨ ᠤ ᠡᠩ ᠲᠡᠢ ᠬᠣᠲᠠ
ᠰᠢᠯᠢᠩᠭᠣᠯ ᠠᠶᠢᠮᠠᠭ ᠳ᠋ᠠᠬᠢ ᠡᠷᠢᠶᠡᠨ ᠬᠣᠲᠠ ᠬᠣᠰᠢᠭᠤᠨ ᠤ ᠨᠤᠲᠤᠭ

ᠡᠷᠢᠶᠡᠨ
ᠥᠪᠥᠷ ᠮᠣᠩᠭᠣᠯ ᠣᠷᠣᠨ ᠳ᠋ᠠᠬᠢ ᠡᠷᠢᠶᠡᠨ ᠬᠣᠲᠠ
ᠤᠯᠤᠰ Flag of the People's Republic of China.svg ᠬᠢᠲᠠᠳ (ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ)
ᠮᠤᠵᠢ᠂ ᠣᠷᠣᠨ ᠥᠪᠥᠷ ᠮᠣᠩᠭᠣᠯ
ᠠᠶᠢᠮᠠᠭ᠂ ᠬᠣᠲᠠ ᠰᠢᠯᠢᠩᠭᠣᠯ
ᠬᠣᠰᠢᠭᠤ᠂ ᠰᠢᠶᠠᠨ ᠡᠷᠢᠶᠡᠨ
ᠰᠤᠮᠤ᠂ ᠱᠢᠶᠠᠨ 3 ᠬᠣᠷᠤᠭ᠎ᠠ᠂ 1 ᠰᠤᠮᠤ
ᠭᠠᠵᠠᠷ ᠨᠤᠲᠤᠭ 4,015 km²
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 963 m
ᠬᠦᠮᠦᠨ ᠠᠮᠠ (2010) 74,200 ᠬᠦᠮᠦᠨ
ᠨᠢᠭᠲᠠᠴᠠ ᠰᠡᠶᠢᠷᠡᠭ 18.5 ᠬᠦᠮᠦᠨ/km²
ᠨᠤᠲᠤᠭ ᠤᠨ ᠣᠯᠠᠨ ᠡᠷᠢᠶᠡᠨ ᠬᠣᠲᠠ ᠶᠢᠨ ᠬᠢᠨ᠂ ᠡᠷᠢᠶᠡᠨ ᠦ ᠬᠢᠨ
1966 ᠣᠨ ᠡᠷᠢᠶᠡᠨ ᠬᠣᠲᠠ ᠪᠣᠯᠵᠤ ᠪᠠᠶᠢᠭᠤᠯᠤᠭᠳᠠᠭᠰᠠᠨ
ᠤᠲᠠᠰᠤᠨ ᠳ᠋ᠣᠭᠠᠷ +86 (0) 0479
ᠴᠠᠬᠢᠮ ᠭᠠᠵᠠᠷ elht.gov.cn

ᠡᠷᠢᠶᠡᠨ (ᠬᠤᠳᠤᠮ ᠮᠣᠩᠭᠣᠯ ᠢᠶᠠᠷ eriyen - ᠡᠷᠡᠢᠡᠨ᠂ ᠬᠢᠲᠠᠳ ᠢᠶᠠᠷ 二连浩特市 [Èrliánhàotè Shì]) ᠭᠡᠵᠦ ᠳᠤᠮᠳᠠᠳᠤ ᠤᠯᠤᠰ ᠤᠨ ᠥᠪᠥᠷ ᠮᠣᠩᠭᠣᠯ ᠣᠷᠣᠨ ᠤ ᠰᠢᠯᠢᠩᠭᠣᠯ ᠠᠶᠢᠮᠠᠭ ᠲᠤ ᠬᠠᠷᠢᠶᠠᠯᠠᠭᠳᠠᠵᠤ ᠪᠤᠢ 4015 km² ᠲᠠᠯᠠᠪᠠᠢ ᠡᠵᠡᠯᠡᠭᠰᠡᠨ᠂ 74200 ᠬᠦᠮᠦᠨ ᠲᠡᠢ ᠬᠣᠰᠢᠭᠤᠨ ᠤ ᠡᠩ ᠲᠡᠢ ᠬᠣᠲᠠ ᠪᠠᠶᠢᠳᠠᠭ᠃ ᠳᠣᠲᠣᠷ᠎ᠠ ᠪᠠᠨ 3 ᠬᠣᠷᠤᠭ᠎ᠠ᠂ 1 ᠰᠤᠮᠤᠨ ᠳᠤ ᠬᠤᠪᠢᠶᠠᠭᠳᠠᠳᠠᠭ᠃ ᠬᠣᠲᠠ ᠬᠥᠳᠡᠭᠡ ᠭᠠᠵᠠᠷ ᠢ ᠬᠠᠮᠲᠤᠳᠬᠠᠭᠰᠠᠨ ᠡᠨᠡᠬᠦ ᠬᠣᠰᠢᠭᠤᠨ ᠤ ᠡᠩ ᠲᠡᠢ ᠡᠷᠢᠶᠡᠨ ᠬᠣᠲᠠ ᠶᠢᠨ ᠴᠥᠮ᠎ᠡ ᠬᠡᠰᠡᠭ ᠪᠤᠶᠤ ᠵᠢᠩᠬᠢᠨᠢ ᠡᠷᠢᠶᠡᠨ ᠬᠣᠲᠠ ᠨᠢ ᠬᠢᠲᠠᠳ–ᠮᠣᠩᠭᠣᠯ ᠤᠨ ᠬᠢᠯᠢ ᠶᠢᠨ ᠳᠤᠮᠳᠠᠳᠤ ᠤᠯᠤᠰ ᠲᠠᠯ᠎ᠠ ᠶᠢᠨ ᠭᠣᠣᠯ ᠪᠣᠭᠣᠮᠲᠠ ᠶᠤᠮ᠃ ᠨᠥᠭᠥᠭᠡ ᠲᠠᠯ᠎ᠠ ᠳᠤ ᠨᠢ ᠮᠣᠩᠭᠣᠯ ᠤᠯᠤᠰ ᠤᠨ ᠵᠠᠮ ᠤᠨ-ᠡᠭᠦᠳᠡ ᠪᠠᠶᠢᠭ᠎ᠠ᠃ ᠨᠠᠶᠢᠮᠠᠨ ᠮᠢᠩᠭᠠᠨ ᠬᠦᠮᠦᠨ ᠲᠡᠢ ᠪᠠᠶᠢᠭᠰᠠᠨ ᠡᠷᠢᠶᠡᠨ 1992 ᠣᠨ ᠳᠤ ᠬᠢᠲᠠᠳ–ᠮᠣᠩᠭᠣᠯ ᠤᠨ ᠬᠢᠯᠢ ᠨᠡᠭᠡᠭᠡᠭᠳᠡᠵᠦ ᠬᠣᠶᠠᠷ ᠤᠯᠤᠰ ᠤᠨ ᠬᠣᠭᠣᠷᠣᠨᠳᠣᠬᠢ ᠠᠷᠠᠯᠵᠢᠶ᠎ᠠ ᠨᠠᠶᠢᠮᠠᠭ᠎ᠠ ᠳᠡᠯᠭᠡᠷᠡᠭᠰᠡᠨ ᠦ ᠠᠴᠢ ᠪᠠᠷ ᠨᠠᠶᠢᠮᠠᠨ ᠲᠦᠮᠡᠨ ᠬᠦᠮᠦᠨ ᠲᠡᠢ ᠪᠣᠯᠵᠤ ᠥᠷᠭᠡᠵᠢᠵᠡᠢ᠃ ᠮᠣᠩᠭᠣᠯ ᠤᠨ ᠲᠡᠮᠦᠷ ᠵᠠᠮ ᠥᠷᠭᠡᠨ᠂ ᠬᠢᠲᠠᠳ ᠤᠨ ᠬᠢ ᠨᠠᠷᠢᠨ ᠴᠠᠷᠢᠭ ᠲᠠᠢ ᠪᠠᠶᠢᠳᠠᠭ ᠲᠤᠯᠠ ᠡᠷᠢᠶᠡᠨ ᠥᠷᠲᠡᠭᠡᠨ ᠳᠦ ᠣᠯᠠᠨ ᠤᠯᠤᠰ ᠤᠨ ᠭᠠᠯᠲᠤ ᠲᠡᠷᠭᠡ ᠳᠤᠭᠤᠢ ᠶᠢ ᠪᠠᠨ ᠰᠣᠯᠢᠳᠠᠭ᠃ ᠭᠣᠪᠢ ᠭᠠᠵᠠᠷ ᠪᠣᠯᠬᠣᠷ ᠵᠢᠯ ᠳᠤ ᠪᠡᠨ 142.3 ᠮᠮ ᠲᠤᠨᠳᠠᠰᠤ ᠤᠨᠠᠳᠠᠭ᠃ I ᠰᠠᠷ᠎ᠠ ᠳᠤ ᠳᠤᠮᠳᠠᠴᠢ ᠪᠠᠷ -15°C ᠬᠦᠢᠲᠡᠨ᠂ VII ᠰᠠᠷ᠎ᠠ ᠳᠤ 23°C ᠬᠠᠯᠠᠭᠤᠨ ᠪᠠᠶᠢᠳᠠᠭ᠃

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ