ᠡᠷᠢᠲᠷᠧᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠷᠢᠲᠷᠧᠢ ᠤᠯᠤᠰ
ᠡᠷᠢᠲᠷᠧᠢ ᠤᠯᠤᠰ ᠤᠨ ᠲᠥᠷᠥ ᠶᠢᠨ ᠰᠦᠯᠳᠡ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠵᠠᠰᠠᠭ ᠰᠢᠯᠵᠢᠯᠲᠡ ᠶᠢᠨ ᠵᠠᠰᠠᠭ ᠵᠠᠬᠢᠷᠭ᠎ᠠ
 -  ᠶᠡᠷᠦᠩᠬᠡᠶᠢᠯᠡᠭᠴᠢ ᠢᠰ ᠤ ᠠᠴᠠ ᠠᠹᠧᠸᠧᠷᠺᠢ
 -  ᠭᠠᠳᠠᠷᠭᠤ ᠶᠢᠨ ᠤᠰᠤ (%) ᠮᠠᠰᠢ ᠪᠠᠭ᠎ᠠ
ᠬᠦᠮᠦᠨ ᠠᠮᠠ
 -  ᠲᠣᠭᠠᠴᠠᠭ᠎ᠠ () 5,673,520[1] 
 -  ᠲᠣᠭᠠᠯᠠᠯᠭ᠎ᠠ () 5,291,370 
ᠬᠡᠦᠬᠡᠳ ᠦᠨ ᠬᠥᠭᠵᠢᠯ ᠦᠨ ᠢᠨᠳᠧᠺᠰ  0.483 (157)
ᠮᠥᠩᠭᠥᠨ ᠦ ᠨᠢᠭᠡᠴᠡ ᠨᠠᠺᠹᠠ )
ᠴᠠᠭ ᠤᠨ ᠪᠥᠰᠡ +3
ᠤᠲᠠᠰᠤᠨ ᠤ ᠲᠣᠮᠢᠶ᠎ᠠ 291
1 [1], [2].
Eritrea Train Mountain Tunnel.jpg

ᠡᠷᠢᠲᠷᠧᠢ (ᠠᠩᠭᠯᠢ ᠪᠠᠷ Eritrea, ᠡᠲ᠋ᠢᠣᠫ: ኤርትራ ʾErtrā, ᠠᠷᠠᠪ: إرتريا Iritriya), ᠠᠯᠪᠠᠨ ᠶᠣᠰᠣᠭᠠᠷ ᠡᠷᠢᠲᠷᠧᠢ ᠤᠯᠤᠰ ᠨᠢ ᠠᠹᠷᠢᠺᠠ ᠲᠢᠪ ᠦᠨ ᠰᠣᠮᠠᠯ ᠤᠨ ᠬᠣᠶᠢᠭ ᠲᠤ ᠤᠷᠤᠰᠢᠬᠤ ᠤᠯᠤᠰ ᠶᠤᠮ᠃ ᠪᠠᠷᠠᠭᠤᠨ ᠲᠠᠯ᠎ᠠ ᠪᠠᠷ ᠢᠶᠠᠨ ᠰᠤᠳᠠᠨ᠂ ᠡᠮᠦᠨ᠎ᠡ ᠲᠠᠯ᠎ᠠ ᠪᠠᠷ ᠢᠶᠠᠨ ᠡᠲ᠋ᠢᠣᠫ᠂ ᠵᠡᠭᠦᠨ ᠡᠮᠦᠨ᠎ᠡ ᠲᠠᠯ᠎ᠠ ᠪᠠᠷ ᠢᠶᠠᠨ ᠳᠵᠢᠪᠤᠲ᠋ᠢ ᠤᠯᠤᠰ ᠤᠳ ᠲᠠᠢ ᠭᠠᠵᠠᠷ ᠢᠶᠠᠷ ᠬᠢᠯᠢᠯᠡᠳᠡᠭ ᠲᠤᠰ ᠤᠯᠤᠰ ᠨᠢ ᠵᠡᠭᠦᠨ ᠪᠣᠯᠤᠨ ᠵᠡᠭᠦᠨ ᠬᠣᠶᠢᠳᠤ ᠬᠡᠰᠡᠭ ᠢᠶᠡᠷ ᠢᠶᠡᠨ ᠤᠯᠠᠭᠠᠨ ᠲᠡᠩᠭᠢᠰᠡᠭᠡᠷᠡ ᠰᠤᠤᠳᠢ ᠠᠷᠠᠪ ᠶᠸᠮᠸᠨ ᠤᠯᠤᠰ ᠤᠳ ᠠᠴᠠ ᠲᠤᠰᠠᠭᠠᠷᠯᠠᠭᠳᠠᠨ᠎ᠠ᠃ ᠳᠠᠬᠠᠯᠠᠺ ᠣᠯᠲᠣᠷᠢᠭ᠂ ᠲᠡᠭᠦᠨᠴᠢᠯᠡᠨ ᠬᠠᠨᠢᠰᠢ ᠠᠷᠠᠯ ᠤᠳ ᠍ ᠤᠨ ᠬᠡᠳᠦ ᠬᠡᠳᠦᠨ ᠠᠷᠠᠯ ᠨᠢ ᠡᠷᠢᠲᠷᠧᠢ ᠤᠯᠤᠰ ᠲᠤ ᠬᠠᠷᠢᠶᠠᠯᠠᠭᠳᠠᠳᠠᠭ᠃ 118000 ᠣᠷᠴᠢᠮ км² ᠭᠠᠵᠠᠷ ᠨᠤᠲᠤᠭ ᠲᠠᠢ ᠲᠤᠰ ᠤᠯᠤᠰ ᠤᠨ ᠬᠦᠮᠦᠨ ᠠᠮᠠ ᠨᠢ 5 ᠰᠠᠶ᠎ᠠ ᠭᠠᠷᠤᠢ᠃ ᠨᠡᠶᠢᠰᠯᠡᠯ ᠬᠣᠲᠠ ᠨᠢ ᠠᠰᠠᠮᠠᠷᠠ ᠪᠣᠯᠤᠨ᠎ᠠ᠃

ᠡᠳᠦᠭᠡ ᠡᠷᠢᠲᠷᠧᠢ ᠭᠡᠵᠦ ᠨᠡᠷᠡᠯᠡᠭᠳᠡᠬᠦ ᠪᠣᠯᠤᠭᠰᠠᠨ᠂ ᠤᠯᠠᠭᠠᠨ ᠲᠡᠩᠭᠢᠰ ᠦᠨ ᠵᠡᠭᠦᠨ ᠡᠮᠦᠨᠡᠲᠦ ᠬᠡᠰᠡᠭ ᠦᠨ ᠡᠷᠭᠢ ᠬᠠᠪ ᠤᠨ 1000 km ᠭᠠᠷᠤᠢ ᠤᠷᠲᠤ ᠲᠠᠢ ᠨᠤᠲᠤᠭ ᠡᠷᠲᠡᠨ ᠡᠴᠡ ᠨᠠᠰᠢ ᠺᠣᠯᠣᠨᠢᠴᠢᠯᠠᠭᠴᠢᠳ᠂ ᠪᠤᠯᠢᠶᠠᠨ ᠡᠵᠡᠯᠡᠭᠴᠢᠳ ᠦᠨ ᠠᠩᠬᠠᠷᠤᠯ ᠤᠨ ᠲᠥᠪ ᠲᠦ ᠪᠠᠶᠢᠪᠠ᠃ ᠣᠳᠣ ᠶᠢᠨ ᠶᠸᠮᠸᠨ ᠦ ᠨᠤᠲᠤᠭ ᠠᠴᠠ ᠢᠷᠡᠭᠰᠡᠨ ᠡᠮᠦᠨᠡᠲᠦ ᠠᠷᠠᠪᠴᠤᠳ᠂ ᠣᠰᠠᠮᠠᠨ ᠤ ᠲᠦᠷᠦᠭ ᠦᠳ᠂ ᠭᠣᠸᠠ ᠶᠢᠨ ᠫᠣᠷᠲ᠋ᠤᠭᠠᠯ ᠤᠳ᠂ ᠶᠥᠭᠢᠫᠧᠲ᠋ᠴᠦᠳ᠂ ᠪᠷᠢᠲ᠋ᠠᠨᠢᠴᠤᠤᠳ᠂ ᠲᠡᠭᠡᠭᠡᠳ 19 ᠍ ᠳᠦᠭᠡᠷ ᠵᠠᠭᠤᠨ ᠳᠤ ᠢᠲᠠᠯᠢᠴᠢ ᠨᠤᠭᠤᠳ ᠲᠤᠰ ᠨᠤᠲᠤᠭ ᠢ ᠡᠷᠬᠡᠰᠢᠶᠡᠯ ᠳᠦ ᠪᠡᠨ ᠪᠠᠶᠢᠯᠭᠠᠵᠤ ᠪᠠᠶᠢᠪᠠ᠃ ᠮᠥᠨ ᠪᠠᠷᠠᠭᠤᠨ᠂ ᠡᠮᠦᠨᠡᠲᠦ ᠲᠠᠯ᠎ᠠ ᠠᠴᠠ ᠪᠠᠨ ᠴᠤ ᠨᠤᠲᠤᠭ ᠤᠨ ᠣᠪᠤᠭ ᠠᠶᠢᠮᠠᠭ ᠤᠳ ᠤᠨ ᠳᠣᠪᠲᠣᠯᠭᠠᠨ ᠳᠤ ᠥᠷᠲᠦᠳᠡᠭ ᠪᠠᠶᠢᠯ᠎ᠠ᠃ ᠭᠡᠬᠦ ᠳᠦ ᠪᠡᠨ ᠥᠨᠥᠳᠥᠷ ᠦᠨ ᠡᠷᠢᠲᠷᠧᠢ ᠳᠦ ᠬᠠᠮᠤᠭ ᠤᠨ ᠶᠡᠬᠡ ᠨᠥᠯᠥᠭᠡ ᠦᠵᠡᠭᠦᠯᠦᠭᠰᠡᠨ ᠨᠢ ᠢᠲᠠᠯᠢᠴᠢ ᠨᠤᠭᠤᠳ ᠶᠤᠮ᠃ ᠰᠤᠡᠴᠡ ᠶᠢᠨ ᠰᠤᠪᠠᠭ 1869 ᠤᠨ ᠳᠤ ᠨᠡᠭᠡᠭᠡᠭᠳᠡᠭᠰᠡᠨ ᠢᠶᠡᠷ ᠧᠦ᠋ᠷᠣᠫᠠ ᠶᠢᠨ ᠬᠦᠴᠦᠷᠬᠡᠭ ᠤᠯᠤᠰ ᠤᠳ ᠤᠯᠠᠭᠠᠨ ᠲᠡᠩᠭᠢᠰ ᠦᠨ ᠤᠰᠤᠨ ᠵᠠᠮ ᠳᠤ ᠨᠣᠶᠠᠷᠬᠠᠯ ᠢᠶᠠᠨ ᠲᠣᠭᠲᠠᠭᠠᠬᠤ ᠥᠷᠢᠰᠦᠯᠳᠦᠭᠡᠨ ᠦ ᠶᠠᠪᠤᠴᠠ ᠳᠤ ᠢᠲ᠋ᠠᠯᠢ ᠤᠯᠤᠰ ᠡᠷᠢᠲᠷᠧᠢ ᠶᠢ ᠭᠠᠷ ᠲᠤ ᠪᠠᠨ ᠣᠷᠣᠭᠤᠯᠵᠠᠢ᠃ 1890 ᠤᠨ ᠤ 1 ᠰᠠᠷ᠎ᠠ ᠶᠢᠨ 1 ᠍ ᠳᠦ ᠡᠷᠢᠲᠷᠧᠢ ᠠᠯᠪᠠᠨ ᠶᠣᠰᠣᠭᠠᠷ ᠢᠲ᠋ᠠᠯᠢ ᠶᠢᠨ ᠺᠣᠯᠣᠨᠢ ᠪᠣᠯᠤᠭᠰᠠᠨ ᠪᠠᠶᠢᠨ᠎ᠠ᠃ ᠤᠯᠠᠮ ᠢᠶᠠᠷ 1936 ᠤᠨ ᠳᠤ ᠡᠲ᠋ᠢᠣᠫ ᠪᠣᠯᠤᠨ ᠢᠲ᠋ᠠᠯᠢ ᠶᠢᠨ ᠰᠣᠮᠠᠯᠢᠯᠠᠨ ᠳᠤ ᠍ ᠤᠨ ᠬᠠᠮᠲᠤ ᠪᠠᠷ ᠢᠲ᠋ᠠᠯᠢ ᠶᠢᠨ ᠵᠡᠭᠦᠨ ᠠᠹᠷᠢᠺᠠ (Africa Orientale Italiana) ᠮᠤᠵᠢ ᠶᠢ ᠪᠦᠷᠢᠳᠦᠭᠦᠯᠬᠦ ᠪᠣᠯᠪᠠ᠃ ᠪᠷᠢᠲ᠋ᠠᠨ(ᠠᠩᠭᠯᠢ) ᠤᠨ ᠵᠡᠪᠰᠡᠭᠲᠦ ᠬᠦᠴᠦᠨ 1941 ᠤᠨ ᠳᠤ ᠢᠲᠠᠯᠢᠴᠢ ᠨᠤᠭᠤᠳ ᠢ ᠦᠯᠡᠳᠡᠨ ᠬᠥᠭᠡᠭᠡᠵᠦ[2], ᠣᠷᠣᠨ ᠨᠤᠲᠤᠭ ᠤᠨ ᠵᠠᠰᠠᠭ ᠵᠠᠬᠢᠷᠭᠠᠨ ᠳᠤ ᠬᠢᠨᠠᠯᠲᠠ ᠪᠠᠨ ᠲᠣᠭᠲᠠᠭᠠᠭᠰᠠᠨ ᠪᠠᠶᠢᠨ᠎ᠠ᠃ ᠪᠷᠢᠲ᠋ᠠᠨᠢᠴᠤᠤᠳ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠮᠠᠨᠳᠠᠲ ᠍ ᠤᠨ ᠳᠣᠣᠷ᠎ᠠ 1951 ᠤᠨ ᠬᠦᠷᠲᠡᠯ᠎ᠡ ᠡᠷᠢᠲᠷᠧᠢ ᠶᠢ ᠬᠢᠨᠠᠭᠰᠠᠨ ᠪᠥᠭᠡᠳ ᠡᠷᠢᠲᠷᠧᠢ ᠶᠢᠨ ᠣᠷᠣᠰᠢᠨ ᠰᠠᠭᠤᠭᠴᠢᠳ ᠤᠨ ᠬᠦᠰᠡᠯ ᠡᠷᠡᠮᠡᠯᠵᠡᠯ ᠢ ᠦᠯᠦ ᠬᠠᠷᠠᠭᠠᠯᠵᠠᠨ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠰᠢᠬᠠᠯᠲᠠ ᠪᠠᠷ 1950 ᠤᠨ ᠤ 10 ᠰᠠᠷ᠎ᠠ ᠳᠤ ᠡᠷᠢᠲᠷᠧᠢ ᠪᠣᠯᠤᠨ ᠡᠲ᠋ᠢᠣᠫ ᠤᠨ ᠨᠢᠭᠡᠳᠦᠭᠰᠡᠨ ᠤᠯᠤᠰ ᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ 390(A) ᠲᠣᠭᠲᠠᠭᠠᠯ ᠢᠶᠠᠷ ᠪᠠᠶᠢᠭᠤᠯᠵᠠᠢ᠃

ᠤᠯᠠᠭᠠᠨ ᠲᠡᠩᠭᠢᠰ ᠦᠨ ᠡᠷᠭᠢ ᠳᠦ ᠣᠷᠣᠰᠢᠳᠠᠭ ᠪᠠᠶᠢᠯᠳᠣᠬᠣ ᠪᠣᠳᠣᠯᠭ᠎ᠠ ᠶᠢᠨ ᠴᠢᠬᠤᠯᠠ ᠪᠠᠶᠢᠷᠢᠰᠢᠯ ᠪᠣᠯᠤᠨ ᠪᠠᠶᠢᠭᠠᠯᠢ ᠶᠢᠨ ᠪᠠᠶᠠᠯᠢᠭ ᠤᠨ ᠨᠢ ᠤᠯᠠᠮ ᠠᠴᠠ ᠡᠲ᠋ᠢᠣᠫ ᠲᠠᠢ ᠨᠢᠭᠡᠳᠬᠡᠭᠰᠡᠨ ᠪᠥᠭᠡᠳ 1962 ᠤᠨ ᠳᠤ ᠡᠲ᠋ᠢᠣᠫ ᠤᠨ 14 ᠳ᠋ᠡᠬᠢ ᠮᠤᠵᠢ ᠨᠢ ᠪᠣᠯᠵᠠᠢ᠃ 1959 ᠤᠨ ᠠᠴᠠ ᠡᠷᠢᠲᠷᠧᠢ ᠶᠢᠨ ᠰᠤᠷᠭᠠᠭᠤᠯᠢ ᠨᠤᠭᠤᠳ ᠲᠤ ᠡᠲ᠋ᠢᠣᠫ ᠤᠨ ᠠᠯᠪᠠᠨ ᠶᠣᠰᠣᠨ ᠤ ᠬᠡᠯᠡ ᠠᠮᠬᠠᠷ ᠬᠡᠯᠡᠡᠶᠢᠭ ᠵᠢᠭᠠᠬᠤ ᠪᠣᠯᠤᠭᠰᠠᠨ᠃ 1960 ᠍ ᠊ᠭᠠᠳ ᠤᠨ ᠤ ᠡᠬᠢᠨ ᠡᠴᠡ ᠡᠷᠢᠲᠷᠧᠢᠴᠦᠳ ᠲᠤᠰᠠᠭᠠᠷ ᠲᠣᠭᠲᠠᠨᠢᠯ ᠤᠨ ᠢᠶᠠᠨ ᠲᠥᠯᠥᠭᠡ ᠵᠣᠬᠢᠶᠠᠨ ᠪᠠᠶᠢᠭᠤᠯᠤᠯᠲᠠ ᠲᠠᠢ ᠪᠠᠷ ᠲᠡᠮᠡᠴᠡᠵᠦ ᠡᠬᠢᠯᠡᠭᠰᠡᠨ ᠨᠢ 30 ᠵᠢᠯ ᠦᠷᠭᠦᠯᠵᠢᠯᠡᠭᠰᠡᠨ ᠳᠠᠶᠢᠨᠢ ᠡᠬᠢᠯᠡᠯ ᠪᠣᠯᠤᠭᠰᠠᠨ ᠪᠥᠭᠡᠳ 1991 ᠤᠨ ᠳᠤ ᠤᠭ ᠳᠠᠶᠢᠨ ᠳᠠᠭᠤᠰᠴᠠᠢ᠃ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠬᠢᠨᠠᠯᠲᠠᠨ ᠳᠣᠣᠷ᠎ᠠ ᠪᠦᠬᠦ ᠨᠡᠶᠢᠲᠡ ᠶᠢᠨ ᠰᠠᠨᠠᠯ ᠠᠰᠠᠭᠤᠯᠭ᠎ᠠ ᠶᠠᠪᠤᠭᠤᠯᠬᠤ ᠳᠤ ᠡᠷᠢᠲᠷᠧᠢᠴᠦᠳ ᠲᠤᠰᠠᠭᠠᠷ ᠲᠣᠭᠲᠠᠨᠢᠯ ᠤᠨ ᠲᠥᠯᠥᠭᠡ ᠰᠠᠨᠠᠯ ᠥᠭᠭᠦᠭᠰᠡᠨ ᠢᠶᠡᠷ 1993 ᠤᠨ ᠳᠤ ᠡᠷᠢᠲᠷᠧᠢ ᠤᠯᠤᠰ ᠠᠯᠪᠠᠨ ᠶᠣᠰᠣᠭᠠᠷ ᠲᠤᠰᠠᠭᠠᠷ ᠲᠣᠭᠲᠠᠨᠢᠵᠠᠢ[3]

ᠡᠷᠢᠲᠷᠧᠢ ᠤᠯᠤᠰ ᠨᠢ ᠨᠢᠭᠡ ᠨᠠᠮ ᠤᠨ ᠰᠢᠰᠲ᠋ᠧᠮ ᠲᠡᠢ᠃ 1997 ᠤᠨ ᠳᠤ ᠪᠠᠲᠤᠯᠠᠭᠳᠠᠭᠰᠠᠨ ᠦᠨᠳᠦᠰᠦᠨ ᠬᠠᠤᠯᠢ ᠶᠣᠰᠣᠭᠠᠷ ᠲᠤᠰ ᠤᠯᠤᠰ ᠨᠢ ᠨᠢᠭᠡ ᠲᠠᠩᠬᠢᠮ ᠳᠤ ᠫᠠᠷᠯᠠᠮᠧᠨᠲ ᠤᠨ ᠠᠷᠠᠳᠴᠢᠯᠠᠯ ᠪᠦᠬᠦᠢ ᠶᠡᠷᠦᠩᠬᠡᠶᠢᠯᠡᠭᠴᠢ ᠶᠢᠨ ᠵᠠᠰᠠᠭᠯᠠᠯ ᠲᠠᠢ ᠪᠦᠭᠦᠳᠡ ᠨᠠᠶᠢᠷᠠᠮᠳᠠᠬᠤ ᠤᠯᠤᠰ ᠪᠣᠯᠬᠣᠷ ᠵᠢᠭᠠᠭᠳᠠᠭᠰᠠᠨ ᠪᠠᠶᠢᠭ᠎ᠠ ᠴᠤ ᠣᠳᠣ ᠪᠠᠷ ᠰᠢᠯᠵᠢᠯᠲᠡ ᠶᠢᠨ ᠵᠠᠬᠢᠷᠭ᠎ᠠ ᠵᠠᠰᠠᠭ ᠤᠨ ᠡᠷᠬᠡ ᠶᠢ ᠪᠠᠷᠢᠵᠤ ᠪᠠᠶᠢᠭ᠎ᠠ ᠶᠤᠮ᠃ ᠰᠢᠯᠵᠢᠯᠲᠡ ᠶᠢᠨ ᠵᠠᠰᠠᠭ ᠤᠨ ᠭᠠᠵᠠᠷ ᠤᠨ ᠮᠡᠳᠡᠭᠳᠡᠵᠦ ᠪᠤᠢ ᠪᠠᠷ ᠡᠨᠡ ᠨᠢ 1998 ᠤᠨ ᠤ 5 ᠰᠠᠷ᠎ᠠ ᠳᠤ ᠡᠬᠢᠯᠡᠭᠰᠡᠨ᠂ ᠡᠲ᠋ᠢᠣᠫ ᠲᠠᠢ ᠬᠢᠯᠢᠯᠡᠬᠦ ᠬᠢᠯᠢ ᠶᠢᠨ ᠮᠠᠷᠭᠤᠭᠠᠨ ᠲᠠᠢ ᠬᠣᠯᠪᠣᠭ᠎ᠠ ᠲᠠᠢ ᠠᠵᠡᠢ[4]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Department of Economic and Social Affairs Population Division (2009). "World Population Prospects, Table A.1" (.PDF). 2008 revision. United Nations. Retrieved on 2009-12-10.
  2. ᠡᠷᠢᠲᠷᠧᠢ ᠶᠢᠨ ᠪᠥᠰᠡ ᠨᠤᠲᠤᠭ ᠤᠳ (2009 ᠤᠨ ᠤ 12 ᠰᠠᠷ᠎ᠠ ᠶᠢᠨ 10 ᠍ ᠳᠦ ᠠᠪᠤᠭᠰᠠᠨ)
  3. Eritrea – The spreading revolution. Encyclopædia Britannica Article. 2009 ᠣᠨ ᠤ 12 ᠰᠠᠷ᠎ᠠ ᠶᠢᠨ 10 ᠍ ᠳᠦ ᠬᠠᠨᠳᠤᠭᠰᠠᠨ᠃
  4. http://www.parade.com/dictators/2008/slideshows/isayas-afewerki/05.html
http://wiki.uhaan.com/index.php?title=ᠡᠷᠢᠲᠷᠧᠢ&oldid=478210》 ᠍  ᠡᠴᠡ ᠠᠪᠤᠭᠰᠠᠨ

ᠪᠢᠴᠢᠭᠡᠰᠦ