ᠡᠷᠡᠭᠡᠳᠡᠷ ᠦᠨ ᠯᠤᠪᠰᠠᠩᠳᠠᠭᠪᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠷᠡᠭᠡᠳᠡᠷ ᠦᠨ ᠯᠤᠪᠰᠠᠩᠳᠠᠭᠪᠠ
ᠲᠥᠷᠦᠭᠰᠡᠨ ᠤᠨ 1931 ᠣᠨ
ᠲᠥᠷᠦᠭᠰᠡᠨ ᠭᠠᠵᠠᠷ ᠮᠣᠩᠭᠣᠯ ᠤᠯᠤᠰ ᠍ ᠤᠨ ᠠᠷᠤᠬᠠᠩᠭᠠᠢ ᠠᠶᠢᠮᠠᠭ ᠤᠨ ᠬᠠᠶᠢᠷᠬᠠᠨ ᠰᠤᠮᠤ
ᠦᠨᠳᠦᠰᠦᠲᠡᠨ ᠮᠣᠩᠭᠣᠯ ᠦᠨᠳᠦᠰᠦᠲᠡᠨ
ᠢᠷᠭᠡᠨ Flag of Mongolia.svg ᠮᠣᠩᠭᠣᠯ
ᠠᠵᠢᠯ ᠡᠮᠴᠢ

ᠡᠷᠡᠭᠡᠳᠡᠷ ᠦᠨ ᠯᠤᠪᠰᠠᠩᠳᠠᠭᠪᠠ - ᠮᠣᠩᠭᠣᠯ ᠤᠯᠤᠰ ᠤᠨ ᠠᠷᠠᠳ ᠤᠨ ᠡᠮᠴᠢ᠂ ᠬᠡᠦᠬᠡᠳ ᠦᠨ ᠡᠮᠴᠢ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

1956 ᠣᠨ ᠠᠴᠠ ᠬᠡᠦᠬᠡᠳ ᠦᠨ ᠡᠮᠨᠡᠯᠭᠡ ᠶᠢᠨ ᠲᠠᠰᠤᠭ ᠤᠨ ᠡᠷᠬᠢᠯᠡᠭᠴᠢ᠂ ᠶᠡᠷᠦᠩᠬᠡᠢ ᠡᠮᠴᠢ᠂ АУДС ᠍ ᠦᠨ ᠬᠡᠦᠬᠡᠳ ᠦᠨ ᠡᠮᠭᠡᠭ ᠰᠤᠳᠤᠯᠤᠯ ᠤᠨ ᠪᠠᠭᠰᠢ᠂ ᠲᠡᠩᠬᠡᠮ ᠦᠨ ᠡᠷᠬᠢᠯᠡᠭᠴᠢ᠂ ЭХЯ ᠍ ᠳᠦ ᠬᠡᠦᠬᠡᠳ ᠦᠨ ᠶᠡᠷᠦᠩᠬᠡᠢ ᠮᠡᠷᠭᠡᠵᠢᠯᠲᠡᠨ᠂ ᠡᠬᠡ᠂ ᠨᠢᠯᠬᠠᠰ ᠤᠨ ᠡᠷᠳᠡᠮ ᠰᠢᠨᠵᠢᠯᠡᠭᠡᠨ ᠦ ᠬᠦᠷᠢᠶᠡᠯᠡᠩ ᠦᠨ ᠵᠠᠬᠢᠷᠤᠯ᠂ ᠲᠡᠷᠢᠭᠦᠨ ᠳᠡᠳ᠋ ᠵᠠᠬᠢᠷᠤᠯ᠂ ᠵᠦᠪᠳᠡᠬᠦ ᠡᠮᠴᠢ᠂ ᠲᠡᠮᠦᠷ ᠵᠠᠮ ᠤᠨ ᠡᠮᠨᠡᠯᠭᠡ ᠳᠦ ᠵᠦᠪᠳᠡᠬᠦ ᠡᠮᠴᠢ ᠪᠡᠷ ᠠᠵᠢᠯᠯᠠᠭᠰᠠᠭᠠᠷ ᠢᠷᠡᠵᠡᠢ᠃

АУДС ᠍ ᠳᠦ 17 ᠵᠢᠯ ᠪᠠᠭᠰᠢᠯᠠᠬᠤ ᠳᠤ ᠪᠠᠨ 6000 ᠍ ᠊ᠭᠠᠳ ᠱᠠᠪᠢ ᠲᠠᠢ ᠪᠣᠯᠤᠭᠰᠠᠨ ᠤ ᠳᠣᠲᠣᠷ᠎ᠠ ᠬᠡᠦᠬᠡᠳ ᠦᠨ ᠨᠡᠷᠡᠲᠦ ᠡᠮᠴᠢ ᠣᠯᠠᠨ ᠢ ᠲᠥᠷᠦᠭᠦᠯᠵᠡᠢ᠃ 1956 ᠣᠨ ᠠᠴᠠ ᠬᠣᠶᠢᠰᠢ 40 ᠭᠠᠷᠤᠢ ᠵᠢᠯ ᠳᠤ 80 ᠍ ᠊ᠭᠠᠳ ᠮᠢᠩᠭᠠᠨ ᠬᠡᠦᠬᠡᠳ ᠢ ᠡᠮᠡᠴᠢᠯᠡᠭᠰᠡᠨ ᠦ ᠳᠣᠲᠣᠷ᠎ᠠ ᠦᠺᠷᠠᠶᠢᠨ᠂ ᠡᠨᠡᠳᠬᠡᠭ᠂ ᠪᠣᠯᠭᠠᠷᠢ᠂ ᠰᠣᠯᠣᠩᠭᠣᠰ᠂ ᠭᠧᠷᠮᠠᠨ᠂ ᠶᠠᠫᠣᠨ ᠬᠡᠦᠬᠡᠳ ᠦᠳ ᠢ ᠡᠮᠡᠴᠢᠯᠡᠵᠡᠢ᠃

ᠴᠧᠷᠨᠣᠪ ᠤᠯ ᠤᠨ ᠠᠲ᠋ᠣᠮ ᠤᠨ ᠴᠠᠬᠢᠯᠭᠠᠨ ᠰᠲ᠋ᠠᠨᠼᠢ ᠶᠢᠨ ᠰᠦᠢᠷᠡᠯ ᠦᠨ ᠦᠶ᠎ᠡ ᠳᠦ ᠲᠤᠶᠠᠭᠠᠨ ᠤ ᠬᠣᠣᠷᠳᠠᠯᠭ᠎ᠠ ᠳᠤ ᠥᠷᠲᠦᠭᠰᠡᠨ ᠬᠡᠦᠬᠡᠳ ᠦᠳ ᠢ ᠤᠯᠠᠮᠵᠢᠯᠠᠯᠲᠤ ᠨᠠᠷᠠᠰᠤᠨ ᠣᠢ ᠶᠢᠨ ᠠᠭᠠᠷ ᠵᠠᠰᠠᠯ᠂ ᠭᠡᠭᠦᠦᠨ ᠦ ᠰᠠᠭᠠᠮ᠎ᠠ᠂ ᠴᠢᠴᠠᠷᠭᠠᠨ ᠤ ᠲᠣᠰ᠂ ᠴᠢᠴᠠᠷᠭᠠᠨ ᠤ ᠤᠮᠳᠠᠭ᠎ᠠ ᠬᠡᠷᠡᠭᠯᠡᠵᠦ ᠡᠮᠴᠢᠯᠡᠭᠰᠡᠨ ᠠᠷᠭ᠎ᠠ ᠨᠢ ᠳᠡᠯᠡᠬᠡᠢ ᠶᠢᠨ ᠪᠤᠰᠤᠳ ᠣᠷᠣᠨ ᠨᠤᠭᠤᠳ ᠲᠤ ᠥᠨᠳᠥᠷ ᠦᠨᠡᠯᠡᠭᠳᠡᠭᠰᠡᠨ ᠪᠠᠶᠢᠨ᠎ᠠ᠃

ᠪᠦᠲᠦᠭᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠬᠡᠦᠬᠡᠳ ᠦᠨ ᠪᠥᠭᠡᠷ᠎ᠡ᠂ ᠰᠢᠭᠡᠰᠦᠨ ᠦ ᠵᠠᠮ ᠤᠨ ᠡᠪᠡᠳᠴᠢᠯᠡᠯ᠂ ᠰᠤᠯᠢᠳᠠᠭ᠎ᠠ ᠡᠪᠡᠳᠴᠢᠨ ᠦ ᠲᠠᠯ᠎ᠠ ᠪᠠᠷ ᠡᠷᠳᠡᠮ ᠰᠢᠨᠵᠢᠯᠡᠭᠡᠨ ᠦ ᠪᠦᠲᠦᠭᠡᠯ ᠦᠳ ᠲᠤᠭᠤᠷᠪᠢᠭᠰᠠᠨ ᠨᠢ ᠭᠠᠳᠠᠭᠠᠳᠤ ᠶᠢᠨ ᠮᠡᠷᠭᠡᠵᠢᠯ ᠨᠢᠭᠡᠲᠡᠨ ᠨᠦᠭᠦᠳ ᠡᠴᠡ ᠥᠨᠳᠥᠷ ᠦᠨᠡᠯᠡᠯᠲᠡ ᠠᠪᠴᠠᠢ᠃

ᠴᠣᠯᠠ ᠵᠡᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠠᠨᠠᠭᠠᠬᠤ ᠤᠬᠠᠭᠠᠨ ᠤ ᠳ᠋ᠣᠺᠲ᠋ᠣᠷ /1990/ - ᠰᠡᠳᠦᠪ:《ᠲᠠᠷᠬᠠᠪᠤᠷ ᠵᠦᠢ ᠶᠢᠨ ᠪᠣᠯᠤᠨ ᠡᠮᠨᠡᠯ ᠵᠦᠢ ᠶᠢᠨ ᠰᠤᠳᠤᠯᠭ᠎ᠠ ᠪᠠᠷ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠬᠡᠦᠬᠡᠳ ᠦᠨ ᠨᠡᠶᠢᠲᠡ ᠡᠪᠡᠳᠴᠢᠯᠡᠯ ᠦᠨ ᠪᠦᠲᠦᠴᠡ ᠳᠦ ᠪᠥᠭᠡᠷᠡᠨ ᠦ ᠡᠪᠡᠳᠴᠢᠨ ᠦ ᠡᠵᠡᠯᠡᠬᠦ ᠬᠤᠪᠢ》
  • ᠫᠷᠣᠹᠧᠰᠰᠣᠷ /1992/,
  • ᠮᠣᠩᠭᠣᠯ ᠤᠨ ᠠᠨᠠᠭᠠᠬᠤ ᠤᠬᠠᠭᠠᠨ ᠤ ᠠᠺᠠᠳᠧᠮᠢ ᠶᠢᠨ ᠠᠺᠠᠳᠧᠮᠢᠴᠢ /1994/ ᠴᠣᠯᠠ ᠬᠦᠷᠢᠲᠦᠵᠡᠢ᠃

ᠭᠠᠪᠢᠶ᠎ᠠ ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠡ᠂ ᠨᠢᠯᠬᠠᠰ᠂ ᠬᠡᠦᠬᠡᠳ ᠦᠨ ᠡᠷᠡᠭᠦᠯ ᠮᠡᠨᠳᠦ ᠶᠢ ᠬᠠᠮᠠᠭᠠᠯᠠᠬᠤ ᠦᠢᠯᠡ ᠬᠡᠷᠡᠭ ᠲᠦ ᠦᠨᠡᠲᠡᠢ ᠬᠤᠪᠢ ᠨᠡᠮᠡᠷᠢ ᠣᠷᠣᠭᠤᠯᠤᠭᠰᠠᠨ ᠤᠴᠢᠷ

  • ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠬᠦᠮᠦᠨ ᠦ ᠭᠠᠪᠢᠶᠠᠲᠤ ᠡᠮᠴᠢ /1986-04-03. №79/,
  • ᠮᠣᠩᠭᠣᠯ ᠤᠯᠤᠰ ᠤᠨ ᠠᠷᠠᠳ ᠤᠨ ᠡᠮᠴᠢ /2000-12-26. №174/,
  • ᠬᠥᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠣᠳᠤᠨ᠂
  • 《ᠠᠯᠲᠠᠨ ᠭᠠᠳᠠᠰᠤ》 ᠣᠳᠤᠨ᠂ ᠣᠢ ᠶᠢᠨ ᠬᠦᠨᠳᠦᠲᠦ ᠮᠧᠳᠠᠯ ᠤᠳ᠂
  • ᠡᠷᠡᠭᠦᠯ ᠮᠡᠨᠳᠦ᠂ ᠰᠢᠨᠵᠢᠯᠡᠬᠦ ᠤᠬᠠᠭᠠᠨ᠂ ᠮᠣᠩᠭᠣᠯ ᠤᠨ ᠦᠢᠯᠡᠳᠪᠦᠷᠢᠴᠢᠨ ᠦ ᠡᠪᠯᠡᠯ᠂ МЭХ ᠍ ᠤ ᠲᠡᠷᠢᠭᠦᠨ ᠦ ᠠᠵᠢᠯᠲᠠᠨ ᠴᠣᠯᠠ᠂ ᠲᠡᠮᠳᠡᠭ᠂
  • ᠮᠣᠩᠭᠣᠯ ᠤᠨ ᠬᠡᠦᠬᠡᠳ ᠦᠨ ᠲᠥᠯᠦᠭᠡ ᠦᠨᠳᠦᠰᠦᠨ ᠦ ᠲᠥᠪ ᠦᠨ 《ᠬᠡᠦᠬᠡᠳ ᠦᠨ ᠨᠥᠬᠥᠷ ᠪᠤᠶᠠᠨ ᠤ ᠡᠵᠡᠨ》 ᠴᠣᠮᠣ᠂
  • 《ᠮᠣᠩᠭᠣᠯ ᠤᠨ ᠰᠠᠷᠠᠨ ᠡᠵᠢ》 ᠨᠡᠶᠢᠭᠡᠮᠯᠢᠭ ᠦᠨ 《ᠰᠠᠷᠠᠨ ᠡᠵᠢ ᠶᠢᠨ ᠡᠷᠬᠢᠮ ᠬᠦᠦ》 ᠡᠷᠭᠦᠮᠵᠢᠯᠡᠯ᠂
  • ᠮᠣᠩᠭᠣᠯ ᠠᠷᠠᠳ ᠤᠨ ᠬᠤᠪᠢᠰᠬᠠᠯᠲᠤ ᠨᠠᠮ᠂ ᠮᠣᠩᠭᠣᠯ ᠤᠨ ᠠᠬᠠᠮᠠᠳ ᠤᠨ ᠬᠣᠯᠪᠣᠭ᠎ᠠ᠂ ᠮᠣᠩᠭᠣᠯ ᠤᠨ ᠤᠯᠠᠭᠠᠨ ᠵᠠᠭᠠᠯᠮᠠᠢ ᠶᠢᠨ ᠨᠡᠶᠢᠭᠡᠮᠯᠢᠭ ᠤᠨ ᠬᠦᠨᠳᠦᠲᠦ ᠲᠡᠮᠳᠡᠭ᠂
  • ᠦᠺᠷᠠᠶᠢᠨ ᠤᠯᠤᠰ ᠤᠨ ᠭᠠᠪᠢᠶᠠᠨ ᠤ III ᠵᠡᠷᠭᠡ ᠶᠢᠨ ᠣᠳᠣᠨ ᠢᠶᠠᠷ /ᠮᠣᠩᠭᠣᠯ ᠤᠯᠤᠰ ᠠᠴᠠ ᠠᠩᠬ᠎ᠠ/ ᠱᠠᠩᠨᠠᠭᠳᠠᠵᠠᠢ᠃

ᠭᠡᠭᠡᠨ ᠳᠤᠷᠠᠰᠬᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ