ᠡᠷᠡᠬᠦᠦ ᠬᠣᠲᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠡᠷᠡᠬᠦᠦ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠡᠷᠡᠬᠦᠦ ᠬᠣᠲᠠ
ᠮᠤᠵᠢ ᠶᠢᠨ ᠵᠠᠬᠢᠷᠬᠤ ᠬᠣᠲᠠ
ᠡᠷᠡᠬᠦᠦ ᠬᠣᠲᠠ ᠳᠠᠬᠢ ᠬᠠᠰᠠᠩ ᠤᠨ ᠰᠦᠮ᠎ᠡ

ᠰᠦᠯᠳᠡ ᠲᠤᠭ

ᠰᠦᠯᠳᠡ ᠲᠡᠮᠳᠡᠭ

ᠡᠷᠡᠬᠦᠦ
ᠤᠯᠤᠰ ᠣᠷᠣᠨ Flag of Russia.svg ᠣᠷᠣᠰ
ᠮᠤᠵᠢ ᠡᠷᠡᠬᠦᠦ
ᠮᠤᠵᠢ ᠶᠢᠨ ᠬᠣᠲᠠ ᠡᠷᠡᠬᠦᠦ
ᠳᠡᠭᠦᠷᠭᠡ (4)  ᠨᠡᠷ᠎ᠡ ᠪᠦᠬᠦᠢ 4 ᠲᠣᠭᠣᠷᠢᠭ ᠲᠠᠢ
ᠭᠠᠵᠠᠷ ᠨᠤᠲᠤᠭ 277.35 ᠺᠦᠸᠠᠳ᠋ ᠺᠢᠯᠣᠮᠧᠲ᠋ᠷ
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 440 ᠮ
ᠬᠦᠮᠦᠨ ᠠᠮᠠ (ᠲᠣᠭᠠᠯᠠᠯ) 2010 ᠤᠨ ᠳᠤ 587,225 ᠬᠦᠮᠦᠨ
ᠠᠷᠠᠳ ᠲᠦᠮᠡᠨ 87% - ᠣᠷᠣᠰ᠂ 2.3% - ᠪᠤᠷᠢᠶᠠᠳ
ᠨᠤᠲᠤᠭ ᠤᠨ ᠣᠯᠠᠨ ᠡᠷᠡᠬᠦᠦ ᠶᠢᠨ ᠬᠢᠨ
ᠬᠣᠲᠠ ᠶᠢᠨ ᠳᠠᠷᠤᠭ᠎ᠠ ᠸᠢᠺᠲ᠋ᠣᠷ ᠺᠣᠨᠳᠷᠠᠱᠣᠪ
ᠴᠠᠭ ᠤᠨ ᠪᠥᠰᠡ ᠡᠷᠡᠬᠦᠦ ᠶᠢᠨ ᠴᠠᠭ (ГЦ+9)
ᠤᠲᠠᠰᠤᠨ ᠳ᠋ᠣᠭᠠᠷ +7 3952
ᠰᠢᠤᠳᠠᠨ ᠳᠤᠭᠠᠷ 664xxx
ᠮᠠᠰᠢᠨ ᠤ ᠳ᠋ᠣᠭᠠᠷ 38, 85, 138
ᠴᠠᠬᠢᠮ ᠭᠠᠵᠠᠷ irkutsk.ru (ᠣᠷᠣᠰ ᠢᠶᠠᠷ)

ᠡᠷᠡᠬᠦᠦ (ᠢᠷᠠᠺ ᠲᠤᠰᠺ) — ᠣᠷᠣᠰ ᠬᠣᠯᠪᠣᠭᠠᠨ ᠤ ᠤᠯᠤᠰ ᠍ ᠤᠨ ᠡᠷᠡᠬᠦᠦ ᠮᠤᠵᠢᠡᠶᠢᠨ ᠵᠠᠰᠠᠭ ᠵᠠᠬᠢᠷᠭᠠᠨ ᠤ ᠲᠥᠪ᠂ ᠵᠢᠷᠠᠨ ᠲᠦᠮᠡᠨ ᠬᠦᠮᠦᠨ ᠲᠡᠢ ᠬᠣᠲᠠ.

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1865 ᠤᠨ ᠤ ᠡᠷᠡᠬᠦᠦ
1746 ᠤᠨ ᠳᠤ ᠪᠠᠷᠢᠭᠳᠠᠵᠤ ᠭᠦᠢᠴᠡᠭᠰᠡᠨ ᠳᠤᠭᠠᠩ
ᠹᠠᠢᠢᠯ:ᠢᠷᠠᠺ ᠲᠤᠰᠺ᠃ ᠤᠯᠢᠽᠠ ᠯᠧᠨᠢᠨ᠎ᠠ 2.JPG
ᠨᠡᠶᠢᠲᠡ ᠶᠢᠨ ᠲᠡᠭᠡᠭᠡᠪᠦᠷᠢ ᠶᠢᠨ ᠲᠷᠣᠯᠯᠧᠢᠪᠦ᠋ᠰ

1652 ᠤᠨ ᠳᠤ ᠬᠠᠵᠠᠭ ᠴᠡᠷᠢᠭ ᠠᠷᠠᠳ ᠤᠨ ᠲᠦᠷᠦᠭᠦᠴᠢ ᠢᠸᠠᠩ ᠫᠣᠬᠠᠪᠤᠪ ᠡᠪᠦᠯᠵᠢᠶ᠎ᠡ (ᠡᠪᠦᠯ ᠦᠨ ᠪᠠᠶᠢᠰᠢᠩ) ᠪᠠᠷᠢᠵᠤ ᠰᠠᠭᠤᠭᠰᠠᠨ ᠠᠴᠠ ᠡᠬᠢᠯᠡᠨ ᠡᠷᠡᠬᠦᠦ ᠥᠷᠭᠡᠵᠢᠨ ᠲᠡᠯᠡᠵᠡᠢ᠃[1] 1686 ᠤᠨ ᠳᠤ ᠬᠠᠭᠠᠨᠲᠤ ᠲᠥᠷᠥ ᠡᠴᠡ ᠰᠠᠭᠤᠷᠢᠨ ᠬᠡᠮᠡᠬᠦ ᠡᠷᠭᠦᠮᠵᠢ ᠬᠦᠷᠲᠡᠭᠰᠡᠨ᠃ 1760 ᠤᠨ ᠳᠤ ᠮᠣᠰᠺᠸᠠ ᠲᠠᠢ ᠬᠣᠯᠪᠣᠭᠳᠠᠬᠤ ᠠᠦ᠋ᠲ᠋ᠣ᠋ ᠵᠠᠮ ᠬᠠᠷᠭᠤᠢ ᠲᠠᠲᠠᠭᠳᠠᠵᠠᠢ᠃ ᠪᠡᠭᠡᠵᠢᠩ ᠵᠡᠷᠭᠡ ᠭᠠᠵᠠᠷ ᠠᠴᠠ ᠴᠠᠢᠲᠣᠷᠭ᠎ᠠᠮᠣᠳᠣᠠᠯᠲᠠᠠᠷᠠᠰᠤᠦᠨᠡᠲᠦ ᠡᠳ᠋ ᠍ ᠢ ᠣᠷᠣᠰ ᠣᠷᠣᠨ ᠳᠤ ᠣᠷᠣᠭᠤᠯᠬᠤ ᠳᠤ ᠬᠢᠶᠠᠭᠲᠤ᠂ ᠡᠷᠡᠬᠦᠦ ᠪᠡᠷ ᠳᠠᠮᠵᠢᠳᠠᠭ ᠪᠠᠶᠢᠪᠠ᠃

1821 ᠤᠨ ᠳᠤ ᠰᠫᠧᠷᠠᠨᠰᠺ ᠤᠨ ᠰᠢᠢᠳᠪᠦᠷᠢ ᠪᠡᠷ ᠰᠢᠪᠸᠷᠢᠶ ᠠ ᠬᠣᠶᠠᠷ ᠬᠤᠪᠢᠶᠠᠭᠳᠠᠬᠤ ᠳᠤ ᠳᠣᠷᠣᠨ᠎ᠠ ᠰᠢᠪᠸᠷᠢᠶ ᠠ ᠶᠢᠨ ᠠᠮᠪᠠᠨ ᠰᠠᠶᠢᠳ ᠤᠨ ᠭᠠᠵᠠᠷ ᠡᠷᠡᠬᠦᠦ ᠳᠦ ᠲᠥᠪᠬᠢᠨᠡᠵᠦ ᠪᠠᠶᠢᠪᠠ᠃ 19 ᠵᠠᠭᠤᠨ ᠳᠤ I ᠨᠢᠺᠣᠯᠠᠢ ᠬᠠᠭᠠᠨ ᠢ ᠤᠨᠠᠭᠠᠬᠤ ᠪᠠᠷ ᠲᠡᠮᠡᠴᠡᠭᠰᠡᠨ ᠳ᠋ᠧᠺᠡᠪᠷᠢᠰᠲ ᠦᠨ ᠪᠣᠰᠤᠯᠭ᠎ᠠ ᠳᠠᠷᠤᠭᠳᠠᠭᠰᠠᠨ ᠢᠶᠠᠷ ᠵᠢᠷᠤᠭᠠᠴᠢ᠂ ᠨᠣᠶᠠᠨ᠂ ᠲᠥᠷᠥ ᠶᠢᠨ ᠵᠢᠳᠬᠦᠯᠲᠡ ᠳᠤ ᠪᠤᠷᠤᠭᠤᠳᠴᠤ ᠰᠢᠪᠸᠷᠢᠶ ᠠ ᠳᠦ ᠴᠥᠯᠡᠭᠳᠡᠭᠰᠡᠨ᠃ ᠲᠡᠳᠡᠨ ᠦ ᠶᠡᠬᠡᠩᠬᠢ ᠨᠢ ᠡᠷᠡᠬᠦᠦ ᠳᠦ ᠲᠥᠪᠯᠡᠵᠦ ᠪᠠᠷᠢᠯᠭ᠎ᠠ ᠪᠠᠶᠢᠰᠢᠩ᠂ ᠤᠷᠠᠨ ᠪᠦᠲᠦᠭᠡᠯ ᠢᠶᠡᠨ ᠲᠤᠭᠤᠷᠪᠢᠨ ᠰᠤᠶᠤᠯ ᠢ ᠲᠦᠭᠡᠭᠡᠭᠰᠡᠨ ᠨᠢ ᠥᠨᠥᠳᠥᠷ ᠡᠷᠡᠬᠦᠦ ᠶᠢᠨ ᠰᠣᠳᠣᠨ ᠦᠵᠡᠮᠵᠢ ᠪᠣᠯᠤᠨ ᠦᠯᠡᠳᠡᠵᠡᠢ᠃ 1879 ᠤᠨ ᠳᠤ ᠶᠡᠬᠡ ᠭᠠᠯ ᠲᠦᠢᠮᠡᠷ ᠭᠠᠷᠴᠤ ᠪᠠᠶᠢᠭᠰᠠᠨ᠃ 1896 ᠤᠨ ᠳᠤ ᠴᠠᠬᠢᠯᠭᠠᠨ ᠳᠤ ᠬᠣᠯᠪᠣᠭᠳᠠᠵᠤ᠂ 1897 ᠤᠨ ᠳᠤ ᠲᠡᠮᠦᠷ ᠵᠠᠮ ᠪᠦᠷᠢᠨ ᠲᠠᠯᠪᠢᠭᠳᠠᠵᠤ ᠭᠠᠯᠲᠤ ᠲᠡᠷᠭᠡᠨ ᠦ ᠥᠷᠲᠡᠭᠡ ᠲᠡᠢ ᠪᠣᠯᠵᠤ ᠪᠠᠶᠢᠪᠠ᠃

ᠬᠣᠷᠢᠳᠤᠭᠠᠷ ᠵᠠᠭᠤᠨ ᠭᠠᠷᠤᠭᠠᠳ ᠣᠷᠣᠰ ᠤᠨ ᠢᠷᠭᠡᠨ ᠦ ᠳᠠᠶᠢᠨᠢ ᠬᠡᠳᠦᠨ ᠵᠢᠯ ᠳᠤ ᠡᠷᠡᠬᠦᠦ ᠳᠦ ᠤᠯᠠᠭᠠᠨ-ᠴᠠᠭᠠᠨ ᠠᠷᠮᠢ ᠶᠢᠨ ᠲᠡᠮᠡᠴᠡᠯ᠂ ᠲᠤᠯᠤᠭᠠᠨ ᠣᠯᠠᠨ ᠪᠣᠯᠵᠠᠢ᠃ 1937 ᠤᠨ ᠠᠴᠠ ᠬᠣᠶᠢᠰᠢ ᠡᠷᠡᠬᠦᠦ ᠮᠤᠵᠢᠡᠶᠢᠨ ᠵᠠᠰᠠᠭ ᠵᠠᠬᠢᠷᠭᠠᠨ ᠤ ᠲᠥᠪ ᠪᠣᠯᠤᠭᠰᠠᠨ᠃ 1950-1959 ᠤᠨ ᠳᠤ ᠠᠩᠭᠠᠷ ᠮᠥᠷᠡᠨ ᠳᠤ ᠡᠷᠡᠬᠦᠦ ᠶᠢᠨ ᠤᠰᠤᠨ ᠰᠠᠩ ᠪᠠᠷᠢᠭᠳᠠᠭᠰᠠᠨ᠃ 1920 ᠤᠨ ᠳᠤ ᠴᠠᠭᠠᠵᠠᠷ ᠠᠪᠠᠴᠢᠭᠳᠠᠭᠰᠠᠨ ᠠᠯᠧᠺᠰᠠᠨᠳᠠᠷ ᠺᠣᠯᠴᠠᠺᠡᠶᠢᠨ ᠬᠥᠰᠢᠶ᠎ᠡ ᠶᠢ 2004 ᠤᠨ ᠳᠤ ᠪᠣᠰᠬᠠᠵᠠᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠡᠬᠦᠦ ᠬᠣᠲᠠ ᠤᠯᠤᠰ ᠤᠨ ᠨᠡᠶᠢᠰᠯᠡᠯ ᠮᠣᠰᠺᠸᠠᠭᠠ ᠠᠴᠠ 5185 ᠺᠢᠯᠣᠮᠧᠲ᠋ᠷ᠂ ᠪᠠᠶᠢᠭᠠᠯ ᠨᠠᠭᠤᠷ ᠠᠴᠠ ᠪᠠᠷᠠᠭᠤᠨ ᠬᠣᠶᠢᠰᠢ 72 ᠺᠢᠯᠣᠮᠧᠲ᠋ᠷ ᠵᠠᠢ ᠳᠤ ᠶᠡᠨᠢᠰᠧᠢ ᠮᠥᠷᠡᠨ ᠳᠦ ᠴᠢᠳᠬᠤᠳᠠᠭ ᠠᠩᠭᠠᠷ ᠮᠥᠷᠡᠨ ᠦ ᠡᠷᠭᠢ ᠳᠦ ᠣᠷᠣᠰᠢᠳᠠᠭ᠃ ᠡᠷᠡᠬᠦᠦ ᠶᠢᠨ УЦС ᠍ ᠤᠨ ᠬᠡᠰᠡᠭ ᠲᠦ ᠮᠥᠷᠡᠨ 580 ᠮ ᠥᠷᠭᠡᠨ ᠪᠣᠯᠳᠠᠭ᠃ ᠬᠣᠲᠠ ᠶᠢᠨ ᠨᠡᠷ᠎ᠡ ᠶᠢᠨ ᠠᠩᠬᠠᠳᠠᠭᠴᠢ ᠤᠳᠬ᠎ᠠ ᠪᠣᠯᠤᠭᠰᠠᠨ ᠢᠷᠠᠺ ᠲᠤ ᠭᠣᠣᠯ ᠬᠣᠲᠠ ᠶᠢᠨ ᠪᠠᠷᠠᠭᠤᠨ ᠤᠷᠢᠳᠤ ᠠᠴᠠ ᠢᠷᠡᠵᠦ ᠠᠩᠭᠠᠷ ᠲᠤ ᠴᠢᠳᠬᠤᠳᠠᠭ᠃ ᠠᠩᠭᠠᠷ ᠬᠣᠲᠠ ᠶᠢ ᠵᠡᠭᠦᠨ ᠡᠷᠭᠢ᠂ ᠪᠠᠷᠠᠭᠤᠨ ᠡᠷᠭᠢ ᠭᠡᠵᠦ ᠬᠣᠶᠠᠷ ᠬᠤᠪᠢᠶᠠᠨ᠎ᠠ᠃

ᠡᠷᠡᠬᠦᠦ ᠵᠤᠨ ᠳᠤ ᠪᠠᠨ ᠬᠠᠯᠠᠭᠤᠨ᠂ ᠡᠪᠦᠯ ᠳᠦ ᠪᠡᠨ ᠬᠦᠢᠲᠡᠨ᠃ VII ᠰᠠᠷ᠎ᠠ ᠳᠤ ᠳᠤᠮᠳᠠᠴᠢ ᠪᠠᠷ +18°C, ᠶᠡᠬᠡ ᠳᠤ ᠪᠡᠨ +37.2°C, I ᠰᠠᠷ᠎ᠠ ᠳᠤ ᠳᠤᠮᠳᠠᠴᠢ ᠪᠠᠷ −18°C, ᠲᠤᠶᠢᠯ ᠳᠤ ᠪᠠᠨ −49.7°C ᠬᠦᠷᠡᠨ᠎ᠡ᠃

ᠵᠠᠮ ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠸᠷᠢᠶ ᠠ ᠶᠢᠨ ᠲᠡᠮᠦᠷ ᠵᠠᠮ᠂ ᠰᠢᠪᠸᠷᠢᠶ ᠠ ᠶᠢᠨ ᠬᠤᠷᠳᠤᠨ ᠤ ᠵᠠᠮ (M53, M55) ᠡᠷᠡᠬᠦᠦ ᠪᠡᠷ ᠳᠠᠭᠠᠷᠢᠨ᠎ᠠ᠃ ᠲᠡᠮᠦᠷ ᠵᠠᠮ ᠢᠶᠠᠷ ᠮᠣᠩᠭᠣᠯ ᠤᠯᠤᠰᠲᠠᠢ ᠬᠣᠯᠪᠣᠭᠳᠠᠨ᠎ᠠ᠃ ᠡᠷᠡᠬᠦᠦ ᠶᠢᠨ ᠨᠢᠰᠬᠦ ᠪᠠᠭᠤᠳᠠᠯ ᠳᠤ ᠣᠯᠠᠨ ᠤᠯᠤᠰ ᠤᠨ ᠨᠢᠰᠦᠯᠭᠡ ᠪᠠᠭᠤᠳᠠᠭ᠃

ᠬᠦᠮᠦᠨ ᠠᠮᠠ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠢᠷᠪᠤ ᠶᠢᠨ ᠲᠠᠯᠠᠪᠠᠢ ᠶᠢᠨ ᠰᠥᠨᠢ ᠶᠢᠨ ᠦᠵᠡᠮᠵᠢ
ᠹᠠᠢᠢᠯ:ᠢᠷᠠᠺ ᠲᠤᠰᠺ᠃ ᠨᠢᠵᠢᠩᠶ᠎ᠠ ᠨᠠᠪᠧᠷᠧᠵᠢᠨᠠᠶ᠎ᠠ᠃JPG
ᠠᠩᠭᠠᠷ ᠮᠥᠷᠡᠨ ᠦ ᠡᠷᠭᠢ ᠬᠠᠪ ᠤᠨ ᠵᠢᠷᠤᠭ
ᠨᠢᠰᠬᠦ ᠣᠩᠭᠣᠴᠠᠨ ᠠᠴᠠ ᠡᠷᠡᠬᠦᠦ ᠶᠢ ᠬᠠᠷᠠᠬᠤ ᠳᠤ
1856-2013 ᠤᠨ ᠤ ᠡᠷᠡᠬᠦᠦ ᠬᠣᠲᠠ ᠶᠢᠨ ᠣᠷᠣᠰᠢᠨ ᠰᠠᠭᠤᠭᠴᠢ ᠶᠢᠨ ᠲᠣᠭ᠎ᠠ[2][3]
 ᠤᠨ 1856 1897 1931 1967 2000 2013
ᠬᠦᠮᠦᠨ ᠦ ᠲᠣᠭ᠎ᠠ 24 100 51 000 113 200 420 000 593 700 606 137

ᠡᠷᠡᠬᠦᠦ ᠬᠣᠳᠠ ᠳᠤ 2013 ᠤᠨ ᠳᠤ 606 ᠮᠢᠩᠭᠠᠨ ᠬᠦᠮᠦᠨ ᠣᠷᠣᠰᠢᠨ ᠰᠠᠭᠤᠵᠤ ᠪᠠᠶᠢᠨ᠎ᠠ᠃ 2010 ᠤᠨ ᠤ ᠲᠣᠭᠠᠯᠠᠯᠭ᠎ᠠ ᠠᠴᠠ ᠦᠨᠳᠦᠰᠦᠯᠡᠪᠡᠯ 91.8 ᠬᠤᠪᠢ ᠨᠢ ᠣᠷᠣᠰ᠂ 2.3 ᠬᠤᠪᠢ ᠪᠤᠷᠢᠶᠠᠳ᠂ 1.1% ᠦᠺᠷᠠᠶᠢᠨ᠂ 0.8% ᠲᠠᠲ᠋ᠠᠷ ᠠᠷᠤ ᠳᠤ ᠪᠠᠶᠢᠭ᠎ᠠ ᠶᠤᠮᠰᠠᠨᠵᠡᠢ᠃[4]

ᠠᠬ᠎ᠠ ᠳᠡᠭᠦᠦ ᠬᠣᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠡᠬᠦᠦ ᠳᠠᠷᠠᠭᠠᠬᠢ ᠬᠣᠲᠠ ᠨᠤᠭᠤᠳ ᠲᠠᠢ ᠠᠬ᠎ᠠ ᠳᠡᠭᠦᠦ ᠶᠢᠨ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠬᠥᠭᠵᠢᠭᠦᠯᠵᠡᠢ:[5][6]

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠡᠷᠡᠬᠦᠦ ᠬᠣᠲᠠ»
  1. Lantzeff, George V., and Richard A. Pierce (1973). Eastward to Empire: Exploration and Conquest on the Russian Open Frontier, to 1750. Montreal eduacadtion: McGill-Queen's U.P.
  2. ᠨᠠᠷᠣᠳᠨᠠᠶ᠎ᠠ ᠡᠨᠼᠢᠺᠯᠣᠫᠧᠳᠢᠶ᠎ᠠ «ᠮᠠᠢ ᠭᠣᠷᠣᠳ»᠃ ᠢᠷᠠᠺ ᠲᠤᠰᠺ᠃
  3. ᠴᠢᠰᠯᠧᠨᠨᠣᠰᠲ ᠨᠠᠰᠧᠯᠧᠨᠢᠶ᠎ᠠ ᠷᠣᠰᠡᠶᠢᠰᠺᠣᠢ ᠹᠧᠳᠧᠷᠠᠼᠢᠢ ᠫᠣ ᠮᠤᠨᠢᠼᠢᠫᠠᠯᠩ ᠤᠮ ᠣᠪᠷᠠᠽᠣᠸᠠᠨᠢᠮ ᠨᠠ 1 ᠢᠨᠠᠪᠤᠷᠢᠶᠠ 2013 ᠭᠣᠳᠠ᠃ — ᠮ᠃: ᠹᠧᠳᠧᠷᠠᠯᠨᠠᠶ᠎ᠠ ᠰᠯᠤᠵᠪᠠ ᠭᠤᠰᠤᠳᠤᠷᠰᠲ᠋ᠸᠧᠨᠨᠣᠢ ᠰᠲ᠋ᠠᠲ᠋ᠢᠰᠲ᠋ᠢᠭᠤ ᠷᠣᠰᠲ᠋ᠠᠲ᠂ 2013. — 528 ᠰᠧᠺᠦᠶᠢᠨᠳ᠋. (ᠲᠠᠪᠯ᠃ 33. ᠴᠢᠰᠯᠧᠨᠨᠣᠰᠲ ᠨᠠᠰᠧᠯᠧᠨᠢᠶ᠎ᠠ ᠭᠣᠷᠣᠳᠢᠰᠺᠬ ᠣᠺᠷᠤᠭᠤᠪ᠂ ᠮᠤᠨᠢᠼᠢᠫᠠᠯᠨ ᠤ ᠬᠢ ᠷᠠᠶᠣᠨᠣᠪ᠂ ᠭᠣᠷᠣᠳᠢᠰᠺᠬ ᠢ ᠰᠧᠯᠰᠺᠢᠬ ᠫᠣᠰᠧᠯᠧᠨ ᠦ᠂ ᠭᠣᠷᠣᠳᠢᠰᠺᠬ ᠨᠠᠰᠧᠯᠧᠨ ᠤ ᠬᠢ ᠫᠦᠨᠺᠲᠤᠪ᠂ ᠰᠧᠯᠰᠺᠢᠬ ᠨᠠᠰᠧᠯᠧᠨ ᠤ ᠬᠢ ᠫᠦᠨᠺᠲᠤᠪ)
  4. ᠨᠠᠰᠧᠯᠧᠨᠧ ᠭᠣᠷᠣᠳᠠ ᠢᠷᠠᠺ ᠲᠤᠰᠺᠠ ᠫᠣ ᠳᠠᠨ ᠤᠮ ᠸᠰᠧᠷᠣᠰᠢᠰᠺᠣᠢ ᠫᠧᠷᠧᠫᠢᠰᠢ ᠨᠠᠰᠧᠯᠧᠨᠢᠶ᠎ᠠ 2010 ᠭᠣᠳᠠ
  5. (ᠣᠷᠣᠰ ᠬᠡᠯᠡ) Sister cities of Irkutsk
  6. (ᠣᠷᠣᠰ ᠬᠡᠯᠡ) МЕЖДУНАРОДНЫЕ ОТНОШЕНИЯ ᠢ - ᠢᠰᠸᠧᠰᠲ᠋ᠢᠶ᠎ᠠ ИГЭА

ᠪᠢᠴᠢᠭᠡᠰᠦ