ᠡᠷᠠᠷᠢᠦᠶᠢᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠡᠷᠠᠷᠢᠦᠶᠢᠮ ᠪᠤᠶᠤ ᠰᠠᠲ᠋ᠦ᠋ᠷᠨᠢ ᠭᠡᠳᠡᠭ ᠨᠢ (ᠠᠩᠭᠯᠢ ᠬᠡᠯᠡ:aerarium (Saturni)) ᠰ ᠳᠤᠷᠠᠨ ᠤ ᠰᠦᠮ᠎ᠡ ᠳᠤ ᠪᠠᠶᠢᠷᠢᠯᠠᠭᠰᠠᠨ ᠡᠷᠲᠡᠨ ᠦ ᠷᠤᠮᠠ ᠍ ᠤᠨ ᠡᠷᠳᠡᠨᠢᠰ ᠦᠨ ᠲᠥᠪ ᠰᠠᠨ ᠬᠥᠮᠦᠷᠢᠭᠡ᠃ ᠪᠦᠭᠦᠳᠡ ᠨᠠᠶᠢᠷᠠᠮᠳᠠᠬᠤ ᠤᠯᠤᠰ ᠍ ᠤᠨ ᠦᠶ᠎ᠡ ᠳᠦ (ᠮᠠᠨ ᠤ ᠡᠷᠡᠨ ᠦ ᠡᠮᠦᠨ᠎ᠡ 509 – ᠮᠠᠨ ᠤ ᠡᠷᠡᠨ ᠦ ᠡᠮᠦᠨ᠎ᠡ 27 ᠣᠨ) ᠰᠧᠨᠠᠲ ᠍ ᠤᠨ ᠬᠢᠨᠠᠯᠲᠠᠨ ᠳᠤ ᠪᠠᠶᠢᠬᠤ ᠬᠣᠶᠠᠷ ᠺᠸᠧᠰᠲ᠋ᠣᠷ ᠡᠷᠦᠳᠡᠰᠦ ᠶᠢ ᠵᠠᠬᠢᠷᠤᠨ ᠵᠠᠷᠤᠴᠠᠭᠤᠯᠳᠠᠭ ᠪᠠᠶᠢᠪᠠ᠃ ᠪᠦᠬᠦ ᠲᠥᠷᠥᠯ ᠦᠨ ᠣᠷᠣᠯᠭ᠎ᠠ ᠠᠴᠠ ᠡᠷᠠᠷᠢᠦᠶᠢᠮ ᠳᠦ ᠲᠠᠲᠠᠪᠤᠷᠢ ᠠᠪᠴᠤ᠂ ᠵᠥᠪᠰᠢᠶᠡᠷᠡᠭᠳᠡᠭᠰᠡᠨ ᠵᠠᠷᠤᠳᠠᠯ ᠤᠳ ᠢ ᠭᠠᠷᠭᠠᠳᠠᠭ ᠪᠠᠶᠢᠪᠠ᠃ ᠫᠷᠢᠨᠼᠢᠫᠠᠲ ᠤᠨ ᠦᠶ᠎ᠡ (ᠷᠤᠮᠠᠨᠢᠶ ᠠ ᠡᠵᠡᠨᠲᠦ ᠤᠯᠤᠰ ᠤᠨ ᠡᠬᠢᠨ ᠦᠶ᠎ᠡ) (ᠮᠠᠨ ᠤ ᠡᠷᠡᠨ ᠦ ᠡᠮᠦᠨ᠎ᠡ 27 – ᠮᠠᠨ ᠤ ᠡᠷᠡᠨ ᠦ 305 ᠣᠨ) ᠡᠷᠠᠷᠢᠦᠶᠢᠮ ᠦᠭᠡᠢ ᠪᠣᠯᠵᠤ᠂ ᠴᠢᠬᠤᠯᠠ ᠦᠶ᠎ᠡ ᠳᠦ ᠡᠵᠡᠨ ᠬᠠᠭᠠᠳ᠂ ᠮᠠᠭᠢᠰᠲ᠋ᠷᠠᠲ (ᠰᠢᠭᠦᠭᠴᠢ) ᠨᠠᠷ ᠰᠧᠨᠠᠲ ᠤᠨ ᠬᠢᠨᠠᠯᠲᠠ ᠦᠭᠡᠢ ᠪᠡᠷ ᠬᠡᠷᠡᠭᠯᠡᠨ᠂ ᠹᠢᠰᠺᠢᠭᠡ ᠡᠴᠡ (ᠣᠯᠠᠨ ᠲᠥᠷᠥᠯ ᠦᠨ ᠬᠤᠪᠢ ᠤᠨ ᠪᠣᠯᠤᠨ ᠮᠤᠵᠢ ᠶᠢᠨ ᠰᠠᠨ) ᠰᠢᠭᠤᠳ ᠠᠰᠢᠭᠯᠠᠵᠤ ᠪᠠᠶᠢᠪᠠ᠃ ᠮᠠᠨ ᠤ ᠡᠷᠡᠨ ᠦ 6 ᠣᠨ ᠠᠴᠠ ᠡᠬᠢᠯᠡᠨ ᠠᠤᠭᠤᠰᠲ ᠬᠠᠭᠠᠨ ᠲᠠᠲᠠᠪᠤᠷᠢ ᠶᠢ ᠬᠤᠷᠠᠮᠲᠤᠯᠠᠭᠤᠯᠤᠨ ᠨᠡᠶᠢᠭᠡᠮ ᠤᠨ ᠰᠠᠨ ᠪᠣᠯᠬᠤ ᠡᠷᠠᠷᠢᠦᠶᠢᠮ ᠮᠢᠯᠢᠲ᠋ᠠᠷᠢ ᠶᠢ ᠡᠭᠦᠰᠬᠡᠨ᠂ ᠠᠬᠠᠮᠠᠳ ᠳᠠᠶᠢᠴᠢᠳ ᠲᠤ ᠱᠠᠩ ᠬᠠᠷᠠᠮᠵᠢ ᠣᠯᠭᠤᠵᠤ ᠪᠠᠶᠢᠭᠰᠠᠨ ᠪᠠ ᠡᠷᠠᠷᠢᠦᠶᠢᠮ ᠰᠠᠲ᠋ᠦ᠋ᠷᠨᠢ ᠨᠢ ᠳᠠᠬᠢᠨ ᠷᠤᠮᠠ ᠬᠣᠲᠠ ᠶᠢᠨ ᠡᠷᠳᠡᠨᠢᠰ ᠦᠨ ᠰᠠᠩ ᠪᠣᠯᠵᠠᠢ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  • Aerarium (article in Smith's Dictionary of Greek and Roman Antiquities)

ᠪᠢᠴᠢᠭᠡᠰᠦ