ᠡᠲᠡᠨᠣᠯ
ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠡᠲᠡᠨᠣᠯ (ᠠᠩᠭᠯᠢ ᠪᠠᠷ Ethanol) — C2H5OH, ᠰᠫᠢᠷᠲᠡᠶᠢᠨ ᠨᠢᠭᠡᠨ ᠲᠥᠷᠥᠯ᠃ ᠡᠲ᠋ᠢᠯ ᠦᠨ ᠰᠫᠢᠷᠲ (ᠠᠩᠭᠯᠢ ᠪᠠᠷ ethyl alcohol) ᠴᠤ ᠭᠡᠵᠦ ᠨᠡᠷᠡᠯᠡᠳᠡᠭ᠃ ᠰᠢᠬᠢᠷ ᠡᠰᠡᠪᠡᠯ ᠴᠠᠷᠳᠠᠭᠤᠯ ᠠᠭᠤᠯᠠᠭᠰᠠᠨ ᠬᠦᠨᠡᠰᠦᠨ ᠦ ᠲᠦᠭᠦᠬᠡᠢ ᠡᠳ᠋ ᠍ ᠢ (ᠰᠢᠬᠢᠷ ᠦᠨ ᠮᠠᠨᠵᠢᠨ᠂ ᠤᠯᠠᠭᠠᠨ ᠪᠤᠭᠤᠳᠠᠢ ᠬᠡᠬᠦ ᠮᠡᠳᠦ) ᠢᠰᠬᠡᠭᠡᠳ᠂ ᠳᠠᠷᠠᠭ᠎ᠠ ᠨᠢ ᠨᠡᠷᠡᠬᠦ ᠵᠠᠮ ᠢᠶᠠᠷ ᠭᠠᠷᠭᠠᠨ ᠠᠪᠤᠭᠰᠠᠨ ᠡᠲᠡᠨᠠᠯ ᠢ ᠠᠷᠢᠬᠢ᠂ ᠰᠤᠭᠳᠤᠭᠤᠷᠠᠭᠤᠯᠬᠤ ᠤᠮᠳᠠᠭ᠎ᠠ ᠶᠢ ᠦᠢᠯᠡᠳᠪᠦᠷᠢᠯᠡᠬᠦ ᠳᠦ ᠶᠡᠬᠡᠪᠴᠢᠯᠡᠨ ᠬᠡᠷᠡᠭᠯᠡᠳᠡᠭ᠃ ᠲᠧᠭᠨᠢᠭ ᠦᠨ ᠡᠲᠡᠨᠠᠯ ᠢ ᠰᠢᠨᠲ᠋ᠧᠽᠢ ᠶᠢᠨ ᠠᠷᠭ᠎ᠠ ᠪᠠᠷ ᠭᠠᠷᠭᠠᠨ ᠠᠪᠳᠠᠭ᠃
ᠰᠡᠭᠦᠯ ᠦᠨ ᠵᠢᠯ ᠤᠨᠳ ᠲᠤ ᠡᠲᠡᠨᠠᠯ ᠤᠨ ᠲᠦᠯᠡᠰᠢ ᠨᠡᠷ᠎ᠡ ᠲᠡᠢ ᠪᠡᠷ ᠠᠦ᠋ᠲ᠋ᠣᠮᠠᠰᠢᠨᠢ ᠲᠦᠯᠡᠰᠢ ᠪᠣᠯᠭᠠᠨ ᠠᠰᠢᠭᠯᠠᠵᠤ ᠡᠬᠢᠯᠡᠭᠰᠡᠨ᠃
ᠬᠦᠨᠳᠦ ᠦᠵᠡᠭᠦᠯᠬᠦ ᠨᠥᠯᠥᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]
ᠬᠦᠮᠦᠨ ᠡᠲᠡᠨᠠᠯ ᠢ ᠤᠤᠭᠤᠭᠰᠠᠨ ᠢᠶᠠᠷ ᠲᠥᠪ ᠮᠡᠳᠡᠷᠡᠯ ᠦᠨ ᠰᠢᠰᠲ᠋ᠧᠮ ᠨᠢ ᠰᠠᠭᠠᠷᠮᠠᠭᠵᠢᠵᠤ᠂ ᠰᠣᠭᠲᠣᠨ᠎ᠠ. ᠰᠫᠢᠷᠲ ᠦᠨ ᠲᠥᠷᠥᠯ ᠦᠨ ᠤᠮᠳᠠᠭ᠎ᠠ ᠶᠢ ᠪᠠᠶᠢᠩᠭᠤ ᠬᠡᠷᠡᠭᠯᠡᠪᠡᠯ ᠡᠯᠢᠭᠡᠨᠢᠭᠢ ᠦᠢᠯᠡ ᠠᠵᠢᠯᠯᠠᠭ᠎ᠠ ᠳᠣᠭᠣᠯᠳᠠᠳᠠᠭ᠃