ᠡᠲᠠᠯ ᠤᠨ ᠬᠣᠯᠪᠣᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠲᠠᠯ ᠤᠨ ᠬᠣᠯᠪᠣᠭ᠎ᠠ᠂ ᠮᠠᠨ ᠤ ᠡᠷᠡᠨ ᠦ ᠡᠮᠦᠨ᠎ᠡ 200 ᠣᠨ ᠤ ᠣᠷᠴᠢᠮ᠃

ᠡᠲᠠᠯ ᠤᠨ ᠬᠣᠯᠪᠣᠭ᠎ᠠ ᠨᠢ (ᠠᠩᠭᠯᠢ ᠬᠡᠯᠡ:Aetolian League) ᠭᠷᠧᠺᠡᠶᠢᠨ ᠲᠥᠪ ᠬᠡᠰᠡᠭ ᠲᠦ ᠣᠷᠣᠰᠢᠵᠤ ᠪᠠᠶᠢᠭᠰᠠᠨ ᠡᠷᠲᠡᠨ ᠦ ᠡᠲᠠᠯ ᠤᠨ ᠬᠣᠯᠪᠣᠭᠠᠨ ᠤ ᠤᠯᠤᠰ ᠪᠥᠭᠡᠳ ᠴᠢᠯᠦᠭᠡᠲᠦ ᠣᠪᠤᠭ ᠠᠶᠢᠮᠠᠭ ᠤᠳ ᠤᠨ ᠨᠢᠭᠡᠳᠦᠯ ᠳᠡᠭᠡᠷ᠎ᠡ ᠦᠨᠳᠦᠰᠦᠯᠡᠭᠳᠡᠭᠰᠡᠨ ᠪᠠᠶᠢᠭᠰᠠᠨ ᠭᠡᠵᠦ ᠲᠠᠭᠠᠮᠠᠭᠯᠠᠳᠠᠭ᠃ ᠮᠠᠨ ᠤ ᠡᠷᠡᠨ ᠦ ᠡᠮᠦᠨ᠎ᠡ 340 ᠣᠨ ᠤ ᠣᠷᠴᠢᠮ ᠳᠤ ᠲᠡᠷᠢᠭᠦᠯᠡᠬᠦ ᠬᠦᠴᠦ ᠶᠢ ᠣᠯᠵᠤ ᠠᠪᠤᠭᠰᠠᠨ ᠡᠲᠠᠯ ᠤᠨ ᠬᠣᠯᠪᠣᠭ᠎ᠠ ᠮᠠᠨ ᠤ ᠡᠷᠡᠨ ᠦ ᠡᠮᠦᠨ᠎ᠡ 322 ᠣᠨ᠂ ᠮᠠᠨ ᠤ ᠡᠷᠡᠨ ᠦ ᠡᠮᠦᠨ᠎ᠡ 314-311 ᠣᠨ ᠨᠤᠭᠤᠳ ᠲᠤ ᠶᠠᠪᠤᠭᠳᠠᠭᠰᠠᠨ ᠮᠠᠺᠧᠳᠠᠨᠢ ᠳᠣᠪᠲᠣᠯᠭ᠎ᠠ ᠶᠢ ᠲᠣᠭᠲᠠᠭᠠᠵᠤ᠂ ᠤᠯᠠᠮ ᠢᠶᠠᠷ ᠮᠠᠨ ᠤ ᠡᠷᠡᠨ ᠦ ᠡᠮᠦᠨ᠎ᠡ 300 ᠣᠨ ᠤ ᠦᠶ᠎ᠡ ᠳᠦ ᠪᠧᠣᠲ᠋ᠢ ᠍ ᠶᠢ ᠬᠣᠯᠪᠣᠭᠠᠨ ᠳᠤ ᠪᠠᠨ ᠡᠯᠰᠡᠭᠦᠯᠦᠭᠰᠡᠨ ᠪᠠᠶᠢᠨ᠎ᠠ᠃ ᠮᠠᠨ ᠤ ᠡᠷᠡᠨ ᠦ ᠡᠮᠦᠨ᠎ᠡ 279 ᠣᠨ ᠳᠤ ᠭᠠᠯᠯ ᠦᠳ ᠠᠴᠠ ᠥᠪᠡᠷ ᠢ ᠪᠡᠨ ᠬᠠᠮᠠᠭᠠᠯᠠᠬᠤ ᠶᠢᠨ ᠲᠤᠯᠠᠳᠠ ᠮᠠᠺᠧᠳᠣᠨ ᠲᠠᠢ (ᠣᠶᠢᠷᠠᠯᠴᠠᠭ᠎ᠠ ᠪᠠᠷ ᠮᠠᠨ ᠤ ᠡᠷᠡᠨ ᠦ ᠡᠮᠦᠨ᠎ᠡ 270-240) ᠬᠣᠯᠪᠣᠭ᠎ᠠ ᠪᠠᠶᠢᠭᠤᠯᠵᠤ ᠪᠠᠶᠢᠪᠠ᠃ ᠬᠣᠯᠪᠣᠭᠠᠨ ᠤ ᠭᠣᠣᠯ ᠬᠦᠴᠦ ᠨᠢ ᠲᠥᠪ ᠭᠷᠧᠺ ᠲᠦ ᠪᠠᠶᠢᠭᠰᠠᠨ ᠢ ᠪᠧᠣᠲᠢ ᠨᠤᠭᠤᠳ ᠤᠨ ᠢᠯᠠᠭᠳᠠᠯ (ᠮᠠᠨ ᠤ ᠡᠷᠡᠨ ᠦ ᠡᠮᠦᠨ᠎ᠡ 245) ᠬᠠᠷᠠᠭᠤᠯᠳᠠᠭ᠃ ᠮᠠᠨ ᠤ ᠡᠷᠡᠨ ᠦ ᠡᠮᠦᠨ᠎ᠡ III ᠵᠠᠭᠤᠨ ᠤ ᠰᠡᠭᠦᠯ ᠢᠶᠡᠷ ᠡᠲᠣᠯᠢ ᠬᠦᠴᠦ᠂ ᠭᠠᠵᠠᠷ ᠨᠤᠲᠤᠭ ᠢᠶᠠᠨ ᠮᠠᠺᠧᠳᠣᠨ ᠳᠤ ᠠᠯᠳᠠᠵᠤ ᠡᠬᠢᠯᠡᠭᠰᠡᠨ ᠪᠠ ᠮᠠᠨ ᠤ ᠡᠷᠡᠨ ᠦ ᠡᠮᠦᠨ᠎ᠡ 220 ᠣᠨ ᠳᠤ ᠮᠠᠺᠧᠳᠣᠨ ᠤ ᠬᠠᠭᠠᠨ ᠹᠢᠯᠢᠫ V – ᠍ ᠤᠨ ᠣᠷᠣᠯᠴᠠᠭ᠎ᠠ ᠲᠠᠢ ᠪᠠᠷ ᠬᠣᠯᠪᠣᠭᠠᠨ ᠤ ᠨᠡᠶᠢᠰᠯᠡᠯ ᠪᠠᠶᠢᠭᠰᠠᠨ ᠲᠡᠷᠢᠭᠦᠯᠡᠬᠦ ᠪᠠᠶᠢᠷᠢ ᠰᠠᠭᠤᠷᠢ ᠪᠠᠨ ᠹᠧᠷᠮᠤᠮ ᠳᠤ ᠪᠤᠯᠢᠶᠠᠯᠭᠠᠵᠠᠢ᠃ ᠤᠭ ᠬᠣᠯᠪᠣᠭ᠎ᠠ ᠷᠤᠮᠠᠴᠤᠳ ᠲᠠᠢ ᠨᠢᠭᠡᠳᠦᠨ ᠮᠠᠺᠧᠳᠣᠨ ᠤ ᠡᠰᠡᠷᠬᠦ ᠲᠡᠮᠡᠴᠡᠨ ᠮᠠᠨ ᠤ ᠡᠷᠡᠨ ᠦ ᠡᠮᠦᠨ᠎ᠡ 197 ᠣᠨ ᠳᠤ ᠹᠢᠯᠢᠫ ᠢ ᠺᠢᠨᠣᠰᠺᠧᠹᠠᠯᠡᠳ᠋ ᠢᠯᠠᠵᠠᠢ᠃ ᠷᠤᠮᠠ ᠬᠣᠵᠢᠮ ᠨᠢ ᠭᠠᠵᠠᠷ ᠨᠤᠲᠤᠭ᠂ ᠬᠦᠴᠦ ᠴᠢᠳᠠᠯ᠂ ᠲᠤᠰᠠᠭᠠᠷ ᠲᠠᠣᠭᠲᠠᠨᠢᠯ ᠤᠨ ᠬᠢ ᠨᠢ ᠲᠥᠯᠥᠪᠦᠷᠢ ᠳᠦ ᠥᠪᠡᠷ ᠦᠨ ᠢᠶᠡᠨ ᠮᠥᠩᠬᠡ ᠶᠢᠨ ᠬᠣᠯᠪᠣᠭᠠᠲᠠᠨ ᠪᠠᠶᠢᠬᠤ ᠶᠢ ᠲᠤᠯᠭᠠᠨ ᠱᠠᠭᠠᠷᠳᠠᠵᠤ (ᠮᠠᠨ ᠤ ᠡᠷᠡᠨ ᠦ ᠡᠮᠦᠨ᠎ᠡ 189) ᠪᠠᠶᠢᠪᠠ᠃

ᠰᠤᠷᠪᠤᠯᠵᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • John D. Grainger (1999) The League of the Aitolians (Google Books).
  • C. Michael Hogan, Cydonia, Modern Antiquarian, January 23, 2008 [1]
  • Kęciek Krzysztof (2002) 《Kynoskefalaj 197 p.n.e》 Serie Historic Battles Published in Warsaw by Bellona.
  • Joseph B. Scholten (2000) The Politics of Plunder:Aitolians and Their Koinon in the Early Hellenistic Era (Google Books).
  • Willis Mason West (1902) Ancient History to the Death of Charlemagne, Allyn and Bacon.

ᠪᠢᠴᠢᠭᠡᠰᠦ