ᠡᠲ᠋ᠢᠣᠫ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠣᠯᠪᠣᠭᠠᠨ ᠤ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠡᠲ᠋ᠢᠣᠫ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠵᠠᠰᠠᠭ ᠫᠠᠷᠯᠠᠮᠧᠨᠲ ᠤᠨ ᠵᠠᠰᠠᠭᠯᠠᠯ ᠲᠠᠢ ᠬᠣᠯᠪᠣᠭᠠᠨ ᠤ ᠪᠦᠭᠦᠳᠡ ᠨᠠᠶᠢᠷᠠᠮᠳᠠᠬᠤ ᠤᠯᠤᠰ1
 -  ᠶᠡᠷᠦᠩᠬᠡᠶᠢᠯᠡᠭᠴᠢ ᠭ ᠤᠷᠮᠠ ᠤᠣᠯᠢᠳᠧ-ᠭᠢᠤᠷᠭᠢᠰ
 -  ᠶᠡᠷᠦᠩᠬᠡᠢ ᠰᠠᠶᠢᠳ ᠮᠧᠯᠧᠰ ᠽᠧᠨᠠᠪᠢ
 -  ᠭᠠᠳᠠᠷᠭᠤ ᠶᠢᠨ ᠤᠰᠤ (%) 0.7
ᠬᠦᠮᠦᠨ ᠠᠮᠠ
 -  ᠲᠣᠭᠠᠴᠠᠭ᠎ᠠ () 75,067,000 
 -  ᠲᠣᠭᠠᠯᠠᠯᠭ᠎ᠠ () 53,477,265 
ᠬᠡᠦᠬᠡᠳ ᠦᠨ ᠬᠥᠭᠵᠢᠯ ᠦᠨ ᠢᠨᠳᠧᠺᠰ  0.406 (169)
ᠮᠥᠩᠭᠥᠨ ᠦ ᠨᠢᠭᠡᠴᠡ ᠪᠢᠷᠷ )
ᠴᠠᠭ ᠤᠨ ᠪᠥᠰᠡ +3
ᠤᠲᠠᠰᠤᠨ ᠤ ᠲᠣᠮᠢᠶ᠎ᠠ 251
1ᠡᠺᠣᠨᠣᠮᠢᠰ ᠲᠤ ᠰᠡᠳᠬᠦᠯ ᠦᠨ 《ᠠᠷᠠᠳᠴᠢᠯᠠᠯ ᠤᠨ ᠢᠨᠳᠧᠺᠰ》 ᠍ ᠳᠦ ᠡᠲ᠋ᠢᠣᠫ ᠢ 《ᠭᠢᠪᠷᠢ ᠳᠤ ᠳᠢᠭᠯᠢᠮ ᠲᠡᠢ》, ᠨᠢᠭᠡ ᠨᠠᠮ ᠤᠨ ᠲᠣᠭᠲᠠᠯᠴᠠᠭ᠎ᠠ ᠲᠠᠢ ᠬᠡᠮᠡᠨ ᠪᠢᠴᠢᠭᠰᠡᠨ ᠪᠠᠶᠢᠳᠠᠭ</br>22005 ᠣᠨ ᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠲᠣᠭᠠᠴᠠᠭ᠎ᠠ ᠪᠠᠷ

ᠡᠲ᠋ᠢᠣᠫ, ᠠᠯᠪᠠᠨ ᠶᠣᠰᠣᠭᠠᠷ ᠬᠣᠯᠪᠣᠭᠠᠨ ᠤ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠡᠲ᠋ᠢᠣᠫ ᠤᠯᠤᠰ ᠨᠢ ᠳᠣᠷᠣᠨ᠎ᠠ ᠠᠹᠷᠢᠺᠠ ᠲᠤ ᠤᠷᠤᠰᠢᠬᠤ᠂ ᠳᠠᠯᠠᠢ ᠠᠴᠠ ᠲᠤᠰᠠᠭᠠᠷᠯᠠᠭᠳᠠᠭᠰᠠᠨ ᠤᠯᠤᠰ ᠶᠤᠮ᠃ ᠬᠣᠶᠢᠳᠤ ᠲᠠᠯ᠎ᠠ ᠪᠠᠷ ᠢᠶᠠᠨ ᠡᠷᠢᠲᠷᠧᠢ᠂ ᠪᠠᠷᠠᠭᠤᠨ ᠲᠠᠯ᠎ᠠ ᠪᠠᠷ ᠢᠶᠠᠨ ᠰᠤᠳᠠᠨ᠂ ᠡᠮᠦᠨᠡᠲᠦ ᠲᠠᠯ᠎ᠠ ᠪᠠᠷ ᠢᠶᠠᠨ ᠺᠧᠨᠢᠶ ᠠ᠂ ᠵᠡᠭᠦᠨ ᠡᠮᠦᠨᠡᠲᠦ ᠲᠠᠯ᠎ᠠ ᠪᠠᠷ ᠢᠶᠠᠨ ᠰᠣᠮᠠᠯᠢᠢ ᠠ᠂ ᠵᠡᠭᠦᠨ ᠬᠣᠶᠢᠳᠤ ᠲᠠᠯ᠎ᠠ ᠪᠠᠷ ᠢᠶᠠᠨ ᠳᠵᠢᠪᠤᠲ᠋ᠢ ᠣᠷᠣᠨ ᠨᠤᠭᠤᠳ ᠲᠠᠢ ᠲᠤᠰ ᠲᠤᠰ ᠬᠢᠯᠢᠯᠡᠳᠡᠭ᠃

ᠡᠲ᠋ᠢᠣᠫ ᠨᠢ ᠳᠡᠯᠡᠬᠡᠢ ᠶᠢᠨ ᠬᠠᠮᠤᠭ ᠤᠨ ᠡᠷᠲᠡᠨ ᠦ ᠣᠷᠣᠨ ᠨᠤᠭᠤᠳ ᠤᠨ ᠨᠢᠭᠡ ᠪᠥᠭᠡᠳ ᠬᠦᠮᠦᠨ ᠠᠮᠠ ᠪᠠᠷ ᠢᠶᠠᠨ ᠠᠹᠷᠢᠺᠠ ᠲᠤ ᠬᠣᠶᠠᠷ ᠲᠤ ᠣᠷᠣᠳᠠᠭ᠃ ᠬᠦᠮᠦᠨᠢᠢ ᠧᠣᠣᠯᠢᠶᠦ᠋ᠼᠢ ᠍ ᠶᠢᠨ ᠰᠤᠳᠤᠯᠭᠠᠨ ᠳᠤ ᠮᠠᠰᠢ ᠬᠡᠷᠡᠭ ᠲᠡᠢ ᠣᠯᠳᠠᠪᠤᠷᠢ ᠨᠤᠭᠤᠳ ᠡᠲ᠋ᠢᠣᠫᠣᠳ ᠣᠯᠳᠠᠵᠠᠢ᠃ ᠰᠡᠭᠦᠯ ᠦᠨ ᠦᠶ᠎ᠡ ᠶᠢᠨ ᠰᠤᠳᠤᠯᠭ᠎ᠠ ᠪᠠᠷ ᠣᠳᠣ ᠶᠢᠨ ᠠᠳᠠᠳᠢᠰ-ᠠᠪᠧᠪᠠ ᠬᠣᠲᠠ ᠶᠢᠨ ᠣᠷᠴᠢᠮ ᠠᠴᠠ ᠬᠦᠮᠦᠨ ᠲᠥᠷᠥᠯᠬᠢᠲᠡᠨ ᠳᠡᠯᠡᠬᠡᠢ ᠳᠦ ᠲᠠᠷᠬᠠᠭᠰᠠᠨ ᠬᠡᠮᠡᠭᠳᠡᠵᠦ ᠪᠠᠶᠢᠨ᠎ᠠ᠃

ᠡᠲ᠋ᠢᠣᠫ ᠤᠨ ᠲᠡᠦᠬᠡ ᠨᠢ ᠤᠯᠮᠢᠨᠵᠢᠯᠠᠯ ᠳᠤ ᠶᠣᠰᠣᠭᠠᠷ ᠮᠠᠨ ᠤ ᠡᠷᠡᠨ ᠦ ᠡᠮᠦᠨ᠎ᠡ 1000 ᠣᠨ ᠳᠤ᠂ I ᠮᠧᠨᠧᠯᠢᠺ ᠬᠠᠭᠠᠨ ᠢᠶᠠᠷ ᠡᠬᠢᠯᠡᠭᠰᠡᠨ ᠭᠡᠭᠳᠡᠳᠡᠭ᠃ ᠡᠲ᠋ᠢᠣᠫ ᠤᠯᠤᠰ ᠤᠨ ᠲᠡᠦᠬᠡ ᠴᠤ ᠭᠡᠰᠡᠨ ᠮᠠᠰᠢ ᠤᠷᠲᠤ ᠪᠥᠭᠡᠳ ᠠᠺᠰᠤᠮᠢᠲᠤ ᠶᠢᠨ ᠡᠵᠡᠨᠲᠦ ᠭᠦᠷᠦᠨ (4 ᠍ ᠳᠦᠭᠡᠷ ᠵᠠᠭᠤᠨ ᠳᠤ 《ᠡᠲ᠋ᠢᠣᠫ》 ᠨᠡᠷ᠎ᠡ ᠲᠡᠢ ᠪᠣᠯᠤᠭᠰᠠᠨ) ᠪᠣᠯᠤᠨ ᠲᠡᠭᠦᠨ ᠦ ᠡᠮᠦᠨᠡᠬᠢ ᠳʿᠮ ᠳᠤ ᠬᠠᠭᠠᠨᠲᠤ ᠤᠯᠤᠰᠠ ᠠᠴᠠ (ᠮᠠᠨ ᠤ ᠡᠷᠡᠨ ᠦ ᠡᠮᠦᠨ᠎ᠡ 1 ᠍ ᠳᠦᠭᠡᠷ ᠮᠢᠩᠭᠠᠨ ᠤ ᠡᠬᠢᠨ ᠦᠶ᠎ᠡ ᠳᠦ ᠡᠭᠦᠰᠦᠭᠰᠡᠨ) ᠬᠣᠶᠢᠰᠢ ᠲᠠᠰᠤᠷᠠᠯᠲᠠ ᠦᠭᠡᠢ ᠦᠷᠭᠦᠯᠵᠢᠯᠡᠳᠡᠭ᠃ 18 ᠪᠣᠯᠤᠨ 19 ᠍ ᠳᠦᠭᠡᠷ ᠵᠠᠭᠤᠨ ᠤ ᠡᠬᠢᠨ ᠦᠶ᠎ᠡ ᠶᠢᠨ ᠽᠧᠮᠡᠨ᠎ᠡ ᠮᠧᠰᠠᠹᠢᠨ᠋ᠲ (《ᠰᠢᠭᠦᠭᠴᠢ/ᠬᠠᠨᠬᠦᠦ ᠨᠠᠷ ᠤᠨ ᠡᠷᠡᠨ》) ᠭᠡᠭᠴᠢ ᠳᠣᠷᠣᠶᠢᠲᠠᠯ ᠤᠨ ᠦᠶ᠎ᠡ ᠶᠢᠨ ᠳᠠᠷᠠᠭ᠎ᠠ 1855 ᠣᠨ ᠳᠤ ᠬᠣᠵᠢᠮ ᠤᠨ II ᠲᠧᠸᠣᠳ᠋ᠷᠣᠰ ᠡᠵᠡᠨ ᠬᠠᠭᠠᠨ ᠪᠣᠯᠤᠭᠰᠠᠨ ᠺᠠᠰᠰᠠ ᠬᠠᠣᠯᠤ ᠤᠯᠤᠰ ᠢ ᠨᠢᠭᠡᠳᠬᠡᠵᠦ ᠡᠲ᠋ᠢᠣᠫ ᠤᠨ ᠰᠢᠨ᠎ᠡ ᠦᠶ᠎ᠡ ᠶᠢᠨ ᠲᠡᠦᠬᠡ ᠶᠢ ᠡᠬᠢᠯᠡᠭᠦᠯᠵᠡᠢ᠃ ᠡᠲ᠋ᠢᠣᠫ ᠨᠢ ᠲᠡᠷᠡ ᠵᠠᠭᠤᠨ ᠤ ᠰᠡᠭᠦᠯ ᠬᠦᠷᠲᠡᠯ᠎ᠡ ᠣᠳᠣ ᠶᠢᠨ ᠪᠠᠶᠢᠳᠠᠯ ᠬᠦᠷᠲᠡᠯ᠎ᠡ ᠲᠡᠯᠡᠵᠦ᠂ 1896 ᠣᠨ ᠳᠤ ᠠᠳ᠋ᠸ᠎ᠠ ᠶᠢᠨ ᠲᠤᠯᠤᠭᠠᠨ ᠳᠤ ᠷᠠᠰ ᠮᠠᠺᠣᠨᠢᠨ ᠦ ᠤᠳᠤᠷᠢᠳᠤᠯᠭ᠎ᠠ ᠳᠣᠣᠷ᠎ᠠ ᠢᠲ᠋ᠠᠯᠢᠴᠤᠳ ᠢ ᠢᠯᠠᠵᠤ᠂ ᠥᠪᠡᠷᠰᠡᠳ ᠢ ᠪᠡᠨ ᠺᠣᠯᠣᠨᠢᠴᠢᠯᠠᠯ ᠠᠴᠠ ᠠᠪᠤᠷᠠᠵᠠᠢ᠃ 1936 ᠍ ᠰ 1941 ᠣᠨ ᠳᠤ ᠮᠥᠰᠰᠣᠯᠢᠩ ᠦᠨ ᠢᠲ᠋ᠠᠯᠢ ᠤᠯᠤᠰ ᠲᠤ ᠡᠵᠡᠯᠡᠭᠳᠡᠵᠦ᠂ ᠪᠷᠢᠲ᠋ᠠᠨ ᠦ ᠡᠵᠡᠨᠲᠦ ᠭᠦᠷᠦᠨ ᠪᠠ ᠡᠲ᠋ᠢᠣᠫ ᠤᠨ ᠬᠦᠴᠦᠨ ᠢᠶᠡᠷ ᠴᠢᠯᠦᠭᠡᠯᠡᠭᠳᠡᠵᠡᠢ᠃

ᠡᠲ᠋ᠢᠣᠫ ᠨᠢ ᠾᠷᠢᠰᠲ᠋ᠣᠰ ᠤᠨ ᠱᠠᠰᠢᠨ ᠷᠤ ᠮᠠᠨ ᠤ ᠡᠷᠡᠨ ᠦ 4 ᠍ ᠳᠦᠭᠡᠷ ᠵᠠᠭᠤᠨ ᠳᠤ ᠰᠢᠯᠵᠢᠭᠰᠡᠨ ᠪᠥᠭᠡᠳ ᠠᠷᠮᠧᠨᠢᠢ ᠳᠠᠷᠠᠭ᠎ᠠ ᠾᠷᠢᠰᠲ᠋ᠦ᠋ᠰ ᠷᠤ ᠰᠢᠯᠵᠢᠭᠰᠡᠨ ᠬᠣᠶᠠᠷ ᠳ᠋ᠡᠬᠢ ᠡᠷᠲᠡᠨ ᠦ ᠣᠷᠣᠨ ᠪᠣᠯᠵᠠᠢ᠃ 1974 ᠣᠨ ᠠᠴᠠ ᠬᠣᠶᠢᠰᠢ ᠱᠠᠰᠢᠨ ᠦᠭᠡᠢ ᠪᠣᠯᠤᠭᠰᠠᠨ ᠪᠥᠭᠡᠳ ᠢᠰᠯᠠᠮ ᠍ ᠤᠨ ᠬᠠᠮᠤᠭ ᠤᠨ ᠡᠷᠲᠡᠨ ᠦ ᠦᠶᠡᠰ ᠯᠠ ᠮᠦᠰᠦ᠋ᠯᠮᠠᠨᠲ᠋ᠠᠨ ᠬᠦᠮᠦᠨ ᠠᠮᠠ ᠶᠡᠬᠡ ᠲᠡᠢ ᠪᠠᠶᠢᠴᠠᠢ᠃

ᠡᠲ᠋ᠢᠣᠫ ᠨᠢ ᠲᠡᠦᠬᠡᠨ ᠶᠠᠪᠤᠴᠠ ᠳᠤ ᠪᠠᠨ ᠬᠠᠷᠢᠴᠠᠩᠭᠤᠢ ᠲᠤᠰᠠᠭᠠᠷᠯᠠᠭᠳᠠᠮᠠᠯ᠂ ᠠᠭᠤᠯᠠᠷᠬᠠᠭ ᠣᠷᠣᠨ ᠪᠠᠶᠢᠭᠰᠠᠨ ᠪᠥᠭᠡᠳ 20 ᠍ ᠳᠦᠭᠡᠷ ᠵᠠᠭᠤᠨ ᠤ ᠳᠤᠮᠳᠠ ᠦᠶ᠎ᠡ ᠭᠡᠬᠦ ᠳᠦ ᠣᠯᠠᠨ ᠤᠯᠤᠰ ᠤᠨ ᠬᠠᠮᠲᠤ ᠶᠢᠨ ᠠᠵᠢᠯᠯᠠᠭᠠᠨ ᠤ ᠴᠢᠬᠤᠯᠠ ᠭᠠᠵᠠᠷ ᠪᠣᠯᠵᠠᠢ᠃ 1923 ᠣᠨ ᠳᠤ ᠤᠯᠠᠨ ᠤᠯᠤᠰ ᠤᠨ ᠬᠤᠯᠪᠤᠭ᠎ ᠠᠡᠶᠢᠨ ᠭᠡᠰᠢᠭᠦᠨ ᠪᠣᠯᠵᠤ᠂ 1942 ᠣᠨ ᠳᠤ ᠨᠢᠭᠡᠳᠦᠭᠰᠡᠨ ᠦᠨᠳᠦᠰᠦᠲᠡᠨ ᠨᠦᠭᠦᠳ ᠦᠨ ᠲᠤᠩᠬᠠᠭ ᠲᠤ ᠭᠠᠷ ᠤᠨ ᠦᠰᠦᠭ ᠵᠢᠷᠤᠵᠤ᠂ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠢ ᠦᠨᠳᠦᠰᠦᠯᠡᠭᠴᠢ 51 ᠣᠷᠣᠨ ᠨᠤᠭᠤᠳ ᠤᠨ ᠨᠢᠭᠡ ᠪᠣᠯᠵᠠᠢ᠃

ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠦᠨ ᠠᠹᠷᠢᠺᠠ ᠶᠢᠨ ᠡᠳ᠋ ᠍ ᠦᠨ ᠵᠠᠰᠠᠭ ᠤᠨ ᠺᠣᠮᠢᠰ ᠤᠨ ᠪᠣᠯᠤᠨ ᠠᠹᠷᠢᠺᠠ ᠶᠢᠨ ᠬᠣᠯᠪᠣᠭ᠎ᠠᠨ ᠤ ᠲᠥᠪ ᠪᠠᠶᠢᠷᠢ ᠨᠤᠭᠤᠳ ᠠᠳᠠᠳᠢᠰ-ᠠᠪᠧᠪᠠᠳ ᠪᠠᠶᠢᠷᠢᠯᠠᠳᠠᠭ᠃ ᠳᠡᠯᠡᠬᠡᠢ ᠳᠠᠶᠠᠭᠠᠷ 55 ᠣᠷᠴᠢᠮ ᠡᠲ᠋ᠢᠣᠫ ᠤᠨ ᠡᠯᠴᠢᠨ ᠰᠠᠶᠢᠳ᠂ ᠺᠣᠨᠰᠤᠶᠢᠯ ᠪᠠᠶᠢᠷᠢᠯᠠᠳᠠᠭ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ኢትዮጵያ
http://wiki.uhaan.com/index.php?title=ᠡᠲ᠋ᠢᠣᠫ&oldid=474592》 ᠍  ᠡᠴᠡ ᠠᠪᠤᠭᠰᠠᠨ

ᠪᠢᠴᠢᠭᠡᠰᠦ