ᠡᠰᠲᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠡᠰᠲ᠋ᠣᠨᠢ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠡᠰᠲᠠᠨ ᠤᠯᠤᠰ
Eesti Vabariik
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠡᠰ ᠲᠦ᠃ "Mu isamaa, mu õnn ja rõõm"
«ᠡᠬᠡ ᠣᠷᠣᠨ ᠮᠢᠨᠢ - ᠮᠢᠨᠦ ᠪᠠᠶᠠᠷ ᠵᠢᠷᠭᠠᠯ»
ᠡᠰᠲᠠᠨ ᠤᠯᠤᠰ ᠤᠨ ᠭᠠᠵᠠᠷ ᠨᠤᠲᠤᠭ (ᠤᠯᠠᠭᠠᠨ ᠢᠶᠠᠷ ᠳᠡᠪᠢᠰᠬᠡᠷᠯᠡᠭᠰᠡᠨ)
ᠡᠰᠲᠠᠨ ᠤᠯᠤᠰ ᠤᠨ ᠭᠠᠵᠠᠷ ᠨᠤᠲᠤᠭ (ᠤᠯᠠᠭᠠᠨ ᠢᠶᠠᠷ ᠳᠡᠪᠢᠰᠬᠡᠷᠯᠡᠭᠰᠡᠨ)
ᠨᠡᠶᠢᠰᠯᠡᠯ 
(ᠶᠡᠬᠡ ᠬᠣᠲᠠ)
Tallinn greater coatofarms.png ᠲᠠᠯᠯᠢᠨ
ᠠᠯᠪᠠᠨ ᠬᠡᠯᠡ ᠡᠰᠲᠠᠨ ᠬᠡᠯᠡ
ᠠᠷᠠᠳ ᠲᠦᠮᠡᠨ 
(2010 ᠤᠨ)
68.7% - ᠡᠰᠲᠠᠨ
24.8% - ᠣᠷᠣᠰ
4.9 % - ᠪᠤᠰᠤᠳ
1.5 % - ᠲᠣᠳᠣᠷᠬᠠᠢ ᠦᠭᠡᠢ[1]
ᠣᠯᠠᠨ ᠲᠦᠮᠡᠨ ᠡᠰᠲ᠋ᠣᠨ ᠤ ᠬᠢᠨ
ᠲᠥᠷᠥ ᠵᠠᠰᠠᠭ ᠫᠠᠷᠯᠠᠮᠧᠨᠲ ᠤᠨ ᠪᠦᠭᠦᠳᠡ ᠨᠠᠶᠢᠷᠠᠮᠳᠠᠬᠤ ᠵᠠᠰᠠᠭ
 -  ᠶᠡᠷᠦᠩᠬᠡᠶᠢᠯᠡᠭᠴᠢ ᠲᠣᠭᠣᠮᠠᠰ ᠢᠯᠸᠧᠰ
 -  ᠶᠡᠷᠦᠩᠬᠡᠢ ᠰᠠᠶᠢᠳ ᠠᠨᠳᠠᠷᠠᠰ ᠠᠨᠰᠢᠫ
ᠤᠯᠤᠰ ᠤᠨ ᠬᠤᠷᠠᠯ ᠡᠰ ᠲᠦ᠃ "Riigikogu"
(«ᠤᠯᠤᠰ ᠤᠨ ᠪᠦᠭᠦᠳᠡ ᠬᠤᠷᠠᠯ»)
ᠲᠤᠰᠠᠭᠠᠷ ᠲᠣᠭᠲᠠᠨᠢᠭᠰᠠᠨ ᠨᠢ
 -  ᠵᠥᠪᠯᠡᠯᠲᠦ ᠬᠣᠯᠪᠣᠭᠠᠲᠤ ᠤᠯᠤᠰ ᠍ ᠠᠴᠠ 1991 ᠣᠨ ᠤ 8 ᠰᠠᠷ᠎ᠠ ᠶᠢᠨ 20 
ᠨᠤᠲᠤᠭ ᠳᠡᠪᠢᠰᠬᠡᠷ
 -  ᠪᠦᠬᠦ ᠲᠠᠯᠠᠪᠠᠢ 45,227 km2 (132)
 -  ᠭᠠᠳᠠᠷᠭᠤ ᠶᠢᠨ ᠤᠰᠤ (%) 4.45%
ᠬᠦᠮᠦᠨ ᠠᠮᠠ
 -  ᠲᠣᠭᠠᠴᠠᠭ᠎ᠠ (2010) 1,340,194[2] (151)
 -  ᠲᠣᠭᠠᠯᠠᠯᠭ᠎ᠠ (2012) 1,294,236[3] 
 -  ᠨᠢᠭᠲᠠᠴᠠ ᠰᠡᠶᠢᠷᠡᠭ 29 ᠬᠦᠮᠦᠨ/km2 
GDP (ХАЧТ) 2012 ᠣᠨ ᠤ ᠲᠣᠭᠠᠴᠠᠭ᠎ᠠ
 -  ᠨᠡᠶᠢᠲᠡ ᠳ᠋ᠦᠩ $27.313 ᠲᠡᠷᠪᠤᠮ[4] 
 -  ᠨᠢᠭᠡ ᠬᠦᠨᠳᠦ $21,059[4] 
GDP (ᠨᠡᠷᠡᠯᠡᠭᠰᠡᠨ) 2012 ᠣᠨ ᠤ ᠲᠣᠭᠠᠴᠠᠭ᠎ᠠ
 -  ᠨᠡᠶᠢᠲᠡ ᠳ᠋ᠦᠩ $22.225 ᠲᠡᠷᠪᠤᠮ[4] 
 -  ᠨᠢᠭᠡ ᠬᠦᠨᠳᠦ $16,636[4] 
Gini (2009) 31.4 
ᠬᠡᠦᠬᠡᠳ ᠦᠨ ᠬᠥᠭᠵᠢᠯ ᠦᠨ ᠢᠨᠳᠧᠺᠰ (2011) 0.835[5] (ᠮᠠᠰᠢ ᠰᠠᠶᠢᠨ) (34)
ᠮᠥᠩᠭᠥᠨ ᠦ ᠨᠢᠭᠡᠴᠡ ᠧᠦ᠋ᠷᠣ (€) (EUR)
ᠴᠠᠭ ᠤᠨ ᠪᠥᠰᠡ ДЕЦ (GMT+2)
 -  ᠵᠤᠨ ᠤ ᠴᠠᠭ ДЕЗЦ (GMT+3)
ᠳ᠋ᠦᠮᠠᠢᠨ ᠤ ᠨᠡᠷ᠎ᠡ .ee1
ᠤᠲᠠᠰᠤᠨ ᠤ ᠲᠣᠮᠢᠶ᠎ᠠ +372
1ᠧᠦ᠋ᠷᠣᠫᠠ ᠶᠢᠨ ᠬᠣᠯᠪᠣᠭ᠎ᠠᠨ ᠤ ᠭᠡᠰᠢᠭᠦᠨ ᠲᠤᠯᠠ ᠮᠥᠨ .eu ᠍ ᠢ ᠬᠡᠷᠡᠭᠯᠡᠨ᠎ᠡ

ᠳᠣᠷᠣᠨ᠎ᠠ ᠤᠮᠠᠷᠠᠳᠤ ᠧᠦ᠋ᠷᠣᠫᠠ ᠲᠤ ᠣᠷᠣᠰᠢᠳᠠᠭ ᠪᠠᠯᠲᠤ ᠶᠢᠨ ᠭᠤᠷᠪᠠᠨ ᠣᠷᠣᠨ ᠤ ᠬᠣᠶᠢᠳᠤ ᠲᠠᠯ᠎ᠠ ᠶᠢᠨ ᠬᠢ ᠨᠢ ᠡᠰᠲᠠᠨ ᠤᠯᠤᠰ (ᠡᠰᠲᠠᠨ ᠶᠢᠡᠷ Eesti) ᠶᠤᠮ᠃ ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠡᠰᠲᠠᠨ ᠤᠯᠤᠰ (ᠡᠰᠲᠠᠨ ᠶᠢᠡᠷ Eesti Vabariik) ᠭᠡᠨ᠎ᠡ᠃

ᠡᠰᠲᠠᠨ ᠨᠢ ᠪᠠᠯᠲᠤ ᠶᠢᠨ ᠲᠡᠩᠭᠢᠰᠡᠶᠢᠨ ᠡᠬᠡ ᠭᠠᠵᠠᠷ ᠷᠤ ᠲᠦᠷᠢᠵᠦ ᠣᠷᠣᠭᠰᠠᠨ ᠬᠡᠰᠡᠭ ᠪᠣᠯᠬᠤ ᠹᠢᠨᠢ ᠶᠢᠨ ᠪᠤᠯᠤᠨᠭᠠ ᠪᠠᠷ ᠬᠣᠶᠢᠳᠤ ᠲᠠᠯ᠎ᠠ ᠪᠠᠷ ᠢᠶᠠᠨ᠂ ᠷᠢᠭ ᠤᠨ ᠪᠤᠯᠤᠨᠭᠠ ᠪᠠᠷ ᠪᠠᠷᠠᠭᠤᠨ ᠤᠷᠳᠤᠲᠠᠯ᠎ᠠ ᠪᠠᠷ ᠢᠶᠠᠨ᠂ ᠶᠠᠭ ᠪᠠᠯᠲᠤ ᠶᠢᠨ ᠲᠡᠩᠭᠢᠰ ᠨᠡᠷᠡᠲᠦ ᠤᠰᠤ ᠪᠠᠷ ᠪᠠᠷᠠᠭᠤᠨ ᠲᠠᠯ᠎ᠠ ᠪᠠᠷ ᠢᠶᠠᠨ ᠳᠠᠯᠠᠢ ᠲᠡᠩᠭᠢᠰ ᠲᠦ ᠲᠤᠯᠤᠨ᠎ᠠ᠃ ᠤᠷᠢᠳᠤ ᠲᠠᠯ᠎ᠠ ᠪᠠᠷ ᠢᠶᠠᠨ ᠯᠠᠲ᠋ᠸᠪᠢᠶ ᠠ (343 ᠺᠢᠯᠣᠮᠧᠲ᠋ᠷ ᠵᠤᠷᠪᠤᠰ), ᠵᠡᠭᠦᠨ ᠲᠠᠯ᠎ᠠ ᠪᠠᠷ ᠢᠶᠠᠨ ᠣᠷᠣᠰ (338.6 ᠺᠢᠯᠣᠮᠧᠲ᠋ᠷ) ᠭᠡᠬᠦ ᠬᠣᠶᠠᠷ ᠤᠯᠤᠰ ᠲᠠᠢ ᠭᠠᠵᠠᠷ ᠢᠶᠠᠷ ᠬᠢᠯᠢᠯᠡᠳᠡᠭ᠃[6] ᠪᠠᠯᠲᠤ ᠶᠢᠨ ᠲᠡᠩᠭᠢᠰ ᠦᠨ ᠴᠠᠭᠠᠨ᠎ᠠ ᠥᠷᠥᠨ᠎ᠡ ᠵᠦᠭ ᠲᠤ ᠰᠸᠸᠳᠡᠨ᠂ ᠤᠮᠠᠷ᠎ᠠ ᠵᠦᠭ ᠲᠤ ᠹᠢᠨᠯᠠᠨᠲ ᠬᠣᠶᠠᠷ ᠤᠯᠤᠰ ᠡᠰᠲᠠᠨ ᠳᠤ ᠢᠯᠡᠭᠦᠦ ᠣᠶᠢᠷ᠎ᠠ ᠪᠠᠶᠢᠷᠢᠯᠠᠳᠠᠭ᠃

ᠡᠰᠲᠠᠨ 45,227 ᠺᠦᠸᠠᠳ᠋ ᠺᠢᠯᠣᠮᠧᠲ᠋ᠷ (ᠳᠡᠯᠡᠬᠡᠢ ᠳᠦ 132 ᠍ ᠳᠦᠭᠡᠷ ᠲᠣᠮᠣ) ᠭᠠᠵᠠᠷ ᠨᠤᠲᠤᠭ ᠲᠠᠢ᠂ 2010 ᠣᠨ ᠤ ᠦᠶ᠎ᠡ ᠳᠦ 1.3 ᠰᠠᠶ᠎ᠠ ᠬᠦᠮᠦᠨ ᠠᠮᠠ ᠲᠠᠢ (ᠳᠡᠯᠡᠬᠡᠢ ᠳᠦ 151 ᠍ ᠳᠦᠭᠡᠷ ᠣᠯᠠᠨ) ᠪᠠᠶᠢᠭᠰᠠᠨ ᠶᠤᠮ᠃[2] ᠨᠢᠭᠡᠴᠡ км² ᠍ ᠳᠦ 29 ᠬᠦᠮᠦᠨ (ᠳᠡᠯᠡᠬᠡᠢ ᠳᠦ 181 ᠍ ᠳᠦᠭᠡᠷ ᠰᠢᠭᠢᠭᠦᠦ ) ᠣᠨᠣᠭᠳᠠᠵᠤ ᠪᠠᠶᠢᠨ᠎ᠠ᠃ ᠭᠠᠵᠠᠷ ᠨᠤᠲᠤᠭ᠂ ᠬᠦᠮᠦᠨ ᠠᠮᠠ ᠶᠢᠨ ᠲᠣᠭ᠎ᠠ ᠪᠠᠷ ᠬᠠᠷᠢᠴᠠᠩᠭᠤᠢ ᠵᠢᠵᠢᠭ ᠤᠯᠤᠰ ᠲᠤ ᠲᠣᠭᠠᠴᠠᠭᠳᠠᠨ᠎ᠠ᠃

ᠰᠡᠭᠦᠯ ᠦᠨ ᠵᠠᠭᠤᠨ ᠵᠢᠯ ᠦᠨ ᠲᠡᠦᠬᠡ ᠶᠢ ᠰᠥᠬᠦᠪᠡᠯ ᠡᠰᠲᠠᠨ ᠬᠠᠭᠠᠨᠲᠤ ᠣᠷᠣᠰ ᠢ ᠮᠥᠬᠦᠭᠰᠡᠨ ᠦ ᠳᠠᠷᠠᠭ᠎ᠠ 1918 ᠣᠨ ᠳᠤ ᠳᠠᠷᠠᠭ᠎ᠠ ᠲᠤᠰᠠᠭᠠᠷ ᠲᠣᠭᠲᠠᠨᠢᠯ ᠢᠶᠠᠨ ᠵᠠᠷᠯᠠᠵᠤ᠂ ᠬᠥᠷᠰᠢ ᠤᠯᠤᠰ ᠤᠳ ᠲᠠᠭᠠᠨ ᠡᠵᠡᠯᠡᠭᠳᠡᠬᠦ ᠰᠢᠬᠠᠵᠤ᠂ ᠬᠣᠷᠢᠭᠠᠳ ᠵᠢᠯ ᠲᠤᠰᠠᠭᠠᠷ ᠪᠠᠶᠢᠭᠰᠠᠨ ᠤ ᠳᠠᠷᠠᠭ᠎ᠠ ᠳᠡᠯᠡᠬᠡᠢ ᠶᠢᠨ II ᠳᠠᠶᠢᠨᠢ ᠳᠠᠷᠠᠭ᠎ᠠ ᠵᠥᠪᠯᠡᠯᠲᠦ ᠬᠣᠯᠪᠣᠭᠠᠲᠤ ᠤᠯᠤᠰ ᠍ ᠤᠨ ᠪᠦᠷᠢᠯᠳᠦᠬᠦᠨ ᠳᠦ ᠣᠷᠣᠵᠤ 15 ᠪᠦᠭᠦᠳᠡ ᠨᠠᠶᠢᠷᠠᠮᠳᠠᠬᠤ ᠤᠯᠤᠰ ᠍ ᠶᠢᠨ ᠨᠢᠭᠡ ᠪᠣᠯᠤᠭᠰᠠᠨ᠃ 1991 ᠣᠨ ᠳᠤ ᠵᠥᠪᠯᠡᠯᠲᠦ ᠬᠣᠯᠪᠣᠭᠠᠲᠤ ᠤᠯᠤᠰ ᠪᠤᠲᠠᠷᠠᠬᠤ ᠳᠤ ᠲᠤᠰᠠᠭᠠᠷ ᠲᠣᠭᠨᠠᠭᠰᠠᠨ ᠶᠤᠮ᠃

2011 ᠣᠨ ᠤ ᠲᠣᠭᠠᠯᠠᠯᠭ᠎ᠠ ᠪᠠᠷ ᠬᠦᠮᠦᠨ ᠠᠮᠠ ᠶᠢᠨ 68.7% (889,770) ᠍ ᠢ ᠡᠰᠲ᠋ᠣᠨᠴᠤᠳ᠂ 24.8 ᠍ ᠶᠢ ᠣᠷᠣᠰ ᠤᠳ᠂ 6.5% ᠍ ᠢ ᠪᠤᠰᠤᠳ ᠶᠠᠰᠤ ᠦᠨᠳᠦᠰᠦ ᠳᠦ ᠬᠦᠮᠦᠰ ᠡᠵᠡᠯᠡᠵᠦ ᠪᠠᠶᠢᠨ᠎ᠠ᠃[7] ᠡᠰᠲᠠᠨᠴᠢ ᠨᠤᠭᠤᠳ ᠤᠨ ᠡᠰᠲᠠᠨ ᠬᠡᠯᠡ ᠤᠯᠤᠰ ᠤᠨ ᠴᠣᠷ ᠭᠠᠭᠴᠠ ᠠᠯᠪᠠᠨ ᠶᠣᠰᠣᠨ ᠤ ᠬᠡᠯᠡ ᠪᠣᠯᠤᠨ᠎ᠠ᠃ ᠡᠰᠲᠠᠨ ᠣᠷᠣᠨ ᠬᠡᠳᠦᠢ ᠭᠠᠵᠠᠷ ᠨᠤᠲᠤᠭ ᠤᠨ ᠪᠠᠶᠢᠷᠢᠰᠢᠯ ᠢᠶᠠᠷ ᠪᠠᠯᠲᠤ ᠶᠢᠨ ᠭᠡᠬᠦ ᠪᠣᠯᠪᠠᠴᠤ ᠡᠰᠲᠠᠨ ᠬᠡᠯᠡ ᠨᠢ ᠪᠠᠯ ᠳᠤ ᠲᠥᠷᠥᠯ ᠦᠨ ᠬᠡᠯᠡ ᠪᠢᠰᠢ ᠬᠠᠷᠢᠨ ᠤᠷᠠᠯ ᠢᠵᠠᠭᠤᠷ ᠤᠨ ᠹᠢᠨ ᠲᠥᠷᠥᠯ ᠦᠨ ᠬᠡᠯᠡ ᠪᠣᠯᠬᠤ ᠶᠢᠨ ᠬᠤᠪᠢ ᠳᠤ ᠡᠰᠲ᠋ᠣᠨᠴᠤᠳ ᠹᠢᠨᠴᠢ ᠨᠦᠭᠦᠳᠲᠡᠢ ᠢᠯᠡᠭᠦᠦ ᠬᠠᠮᠢᠶᠠᠲᠠᠢ ᠠᠷᠠᠳ ᠲᠦᠮᠡᠨ ᠶᠤᠮ᠃

ᠡᠰᠲᠠᠨ ᠤᠯᠤᠰ ᠤᠨ ᠨᠤᠲᠤᠭ ᠳᠡᠪᠢᠰᠬᠡᠷ ᠡᠬᠢᠯᠡᠭᠡᠳ 15 ᠨᠢᠭᠡᠴᠡ ᠳᠦ ᠬᠤᠪᠢᠶᠠᠭᠳᠠᠳᠠᠭ᠃ ᠡᠰᠲ᠋ᠣᠨ ᠢᠶᠠᠷ "maakond" (ᠣᠷᠣᠰ ᠶᠢᠡᠷ ᠤᠧᠽᠳ; ᠠᠩᠭᠯᠢ ᠪᠠᠷ county) ᠭᠡᠬᠦ ᠡᠨᠡ ᠨᠢᠭᠡᠴᠡ ᠳᠤᠮᠳᠠᠴᠢ ᠪᠠᠷ 4,742 ᠺᠦᠸᠠᠳ᠋ ᠺᠢᠯᠣᠮᠧᠲ᠋ᠷ ᠨᠤᠲᠤᠭ᠂ 90 ᠮᠢᠩᠭᠠᠨ ᠬᠦᠮᠦᠨ ᠢ ᠬᠠᠷᠢᠶᠠᠯᠠᠳᠠᠭ ᠠᠴᠠ ᠦᠵᠡᠪᠡᠯ ᠮᠣᠩᠭᠣᠯ ᠢᠶᠠᠷ «ᠬᠣᠰᠢᠭᠤ» ᠭᠡᠵᠦ ᠨᠡᠷᠡᠯᠡᠵᠦ ᠪᠣᠯᠬᠤᠶᠢᠴᠠ ᠶᠠᠭᠤᠮ᠎ᠠ᠃ ᠡᠰᠡᠪᠡᠯ ᠨᠠᠷᠢᠨ ᠲᠣᠭᠠᠴᠠᠬᠤ ᠦᠭᠡᠢ ᠪᠡᠷ «ᠮᠤᠵᠢ» ᠭᠡᠵᠦ ᠣᠶᠢᠯᠠᠭᠠᠵᠤ ᠪᠣᠯᠤᠨ᠎ᠠ᠃ ᠡᠰᠲᠠᠨ ᠳᠤ ᠨᠡᠶᠢᠰᠯᠡᠯ ᠲᠠᠯᠯᠢᠨ (2010 ᠣᠨ ᠳᠤ 411,980 ᠣᠷᠣᠰᠢᠨ ᠰᠠᠭᠤᠭᠴᠢ ᠲᠠᠢ ᠪᠠᠶᠢᠪᠠ), ᠲᠠᠷᠲᠤ (103,284) ᠭᠡᠬᠦ ᠪᠤᠮ ᠠᠴᠠ ᠣᠯᠠᠨ ᠬᠦᠮᠦᠨ ᠲᠡᠢ ᠬᠣᠶᠠᠷ ᠯᠠ ᠬᠣᠲᠠ ᠪᠠᠶᠢᠳᠠᠭ᠃

ᠡᠰᠢ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Population by ethnic nationality, 1 January, year. stat.ee. Statistics Estonia. 2010-Dec-29 ᠍ ᠳᠦ ᠬᠠᠨᠳᠤᠭᠰᠠᠨ᠃
  2. 2.0 2.1 Statistics Estonia. Stat.ee (1 January 2011).
  3. (2012) "2012. Aasta rahva ja eluruumide loendus (Population and Housing Census)" (in Estonian and English) (PDF) 1.
  4. 4.0 4.1 4.2 4.3 Estonia. International Monetary Fund. 18 April 2012 ᠍ ᠳᠦ ᠬᠠᠨᠳᠤᠭᠰᠠᠨ᠃
  5. Human Development Report 2011. United Nations (2011). 14 August 2011 ᠍ ᠳᠦ ᠬᠠᠨᠳᠤᠭᠰᠠᠨ᠃
  6. Estonian Republic. Official website of the Republic of Estonia (in Estonian)
  7. census 2011
http://wiki.uhaan.com/index.php?title=ᠡᠰᠲᠠᠨ&oldid=460099》 ᠍  ᠡᠴᠡ ᠠᠪᠤᠭᠰᠠᠨ

ᠪᠢᠴᠢᠭᠡᠰᠦ