ᠡᠰᠢᠲᠠᠷ ᠬᠠᠭᠠᠯᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠰᠢᠲᠠᠷ ᠬᠠᠭᠠᠯᠭ᠎ᠠ᠃ ᠫᠧᠷᠭᠠᠮᠤᠨ ᠮᠦᠽᠧᠢ᠂ ᠪᠧᠷᠯᠢᠨ
ᠬᠠᠭᠠᠯᠭᠠᠨ ᠤ ᠬᠡᠰᠡᠭ᠃ ᠠᠯᠳᠠᠭᠳᠠᠭᠰᠠᠨ ᠲᠣᠭᠣᠰᠬᠠᠨ ᠤ ᠣᠷᠣᠨ ᠳᠤ ᠣᠷᠣᠯᠠᠭᠤᠯᠤᠨ ᠰᠡᠷᠭᠦᠭᠡᠭᠰᠡᠨ᠃
ᠢᠷᠠᠺ ᠳᠠᠬᠢ ᠳᠠᠭᠤᠷᠢᠶᠠᠮᠠᠯ ᠡᠰᠢᠲᠠᠷ ᠬᠠᠭᠠᠯᠭᠠᠨ ᠤ ᠠᠷᠰᠯᠠᠨ
ᠡᠰᠢᠲᠠᠷ ᠬᠠᠭᠠᠯᠭᠠᠨ ᠤ ᠬᠡᠰᠡᠭ

ᠡᠰᠢᠲᠠᠷ ᠳᠠᠮᠠᠨ ᠬᠠᠭᠠᠯᠭ᠎ᠠ (ᠠᠩᠭᠯᠢ ᠬᠡᠯᠡ:Ishtar gate; ᠠᠰᠰᠢᠷ ᠬᠡᠯᠡ: ܕܵܪܘܲܐܙܲܐ ܕܥܵܐܫܬܲܪ  : Darwaza D'Ishtar, ᠠᠷᠠᠪ ᠬᠡᠯᠡ:بوابة عشتار) ᠨᠢ ᠪᠠᠪᠢᠯᠤᠨ ᠬᠣᠲᠠ ᠶᠢᠨ ᠳᠣᠲᠣᠭᠰᠢ ᠨᠡᠪᠲᠡᠷᠡᠬᠦ 8 ᠳᠠᠬᠢ ᠬᠠᠭᠠᠯᠭ᠎ᠠ ᠪᠥᠭᠡᠳ ᠮᠠᠨ ᠤ ᠡᠷᠡᠨ ᠦ ᠡᠮᠦᠨ᠎ᠡ 575 ᠣᠨ ᠳᠤ ᠬᠠᠭᠠᠨ ᠨᠠᠪᠬᠣᠳᠣᠨᠣᠰᠣᠷ II ᠍ ᠤᠨ ᠵᠠᠷᠯᠢᠭ ᠢᠶᠠᠷ ᠬᠣᠲᠠ ᠶᠢᠨ ᠬᠣᠶᠢᠳᠤ ᠬᠡᠰᠡᠭ ᠦᠨ ᠣᠷᠴᠢᠮ ᠳᠤ ᠪᠠᠷᠢᠭᠳᠠᠭᠰᠠᠨ᠃

ᠸᠠᠸᠢᠯᠤᠨ ᠤ ᠳᠠᠷᠢ ᠡᠬᠡ ᠡᠰᠢᠲᠠᠷ ᠍ ᠳᠦ ᠵᠣᠷᠢᠭᠤᠯᠤᠨ ᠪᠣᠰᠬᠠᠭᠰᠠᠨ ᠤᠭ ᠬᠠᠭᠠᠯᠭ᠎ᠠ ᠨᠢ ᠮᠥᠷ ᠪᠦᠷᠢ ᠪᠡᠷ ᠯᠤᠤ ᠪᠣᠯᠤᠨ ᠦᠬᠡᠷ ᠦᠨ ᠵᠢᠷᠤᠭ ᠡᠭᠡᠯᠵᠢᠯᠡᠨ ᠪᠠᠶᠢᠷᠢᠯᠠᠭᠰᠠᠨ ᠪᠠ ᠴᠡᠩᠬᠡᠷ ᠥᠩᠭᠡ ᠶᠢᠨ ᠭᠢᠯᠠᠯᠵᠠᠳᠠᠭ ᠰᠢᠪᠠᠷ ᠸᠠᠭᠠᠷ ᠢᠶᠠᠷ ᠬᠢᠭᠳᠡᠵᠡᠢ᠃ ᠳᠠᠮᠠᠨ ᠬᠠᠭᠠᠯᠭᠠᠨ ᠤ ᠳᠡᠭᠡᠳᠦ ᠬᠡᠰᠡᠭ ᠲᠦ ᠠᠭᠤᠯᠠ ᠶᠢᠨ ᠮᠥᠩᠬᠡ ᠨᠣᠭᠣᠭᠠᠨ ᠬᠤᠰᠢ ᠮᠣᠳᠣᠳ ᠢ ᠳᠦᠷᠰᠦᠯᠡᠭᠰᠡᠨ ᠪᠠᠶᠢᠳᠠᠭ ᠪᠠᠶᠢᠴᠠᠢ᠃ ᠬᠠᠭᠠᠯᠭ᠎ᠠ ᠪᠠᠷ ᠭᠠᠷᠤᠭᠰᠠᠨ ᠶᠣᠰᠣᠯᠠᠯ ᠤᠨ ᠵᠠᠮ ᠨᠢ ᠭᠢᠯᠠᠯᠵᠠᠭᠰᠠᠨ ᠥᠩᠭᠡᠯᠡᠭᠡ ᠳᠦ ᠲᠣᠭᠣᠰᠬᠠᠨ ᠳᠡᠭᠡᠷ᠎ᠡ ᠠᠷᠰᠯᠠᠨᠭᠤᠤ ᠳᠤ ᠳᠦᠷᠰᠦᠯᠡᠭᠰᠡᠨ ᠬᠠᠨ᠎ᠠ ᠲᠠᠢ ᠪᠠᠶᠢᠪᠠ᠃ ᠤᠭ ᠠᠷᠰᠯᠠᠨᠤᠭ ᠤᠳ ᠤᠨ ᠳᠦᠷᠰᠦ ᠨᠢ 120 ᠣᠷᠴᠢᠮ ᠪᠠᠶᠢᠭᠰᠠᠨ ᠭᠡᠳᠡᠭ᠃

ᠡᠰᠢᠲᠠᠷ ᠬᠠᠭᠠᠯᠭ᠎ᠠ᠂ ᠲᠡᠭᠦᠨ ᠢ ᠳᠠᠭᠠᠷᠢᠨ ᠭᠠᠷᠤᠭᠰᠠᠨ ᠶᠣᠰᠣᠯᠠᠯ ᠤᠨ ᠵᠠᠮ ᠢᠶᠠᠷ ᠵᠢᠯ ᠪᠦᠷᠢ ᠶᠢᠨ ᠰᠢᠨ᠎ᠡ ᠵᠢᠯ ᠦᠨ ᠪᠠᠶᠠᠷ ᠢᠶᠠᠷ ᠪᠤᠷᠬᠠᠳ ᠲᠤ ᠵᠣᠷᠢᠭᠤᠯᠤᠭᠰᠠᠨ ᠪᠠᠶᠠᠷ ᠤᠨ ᠵᠢᠭ᠌ᠰᠠᠭᠠᠯ ᠶᠠᠪᠤᠳᠠᠭ ᠪᠠᠶᠢᠴᠠᠢ᠃

ᠡᠰᠢᠲᠠᠷ ᠤᠨ ᠬᠠᠭᠠᠯᠭ᠎ᠠ ᠨᠢ ᠡᠬᠢᠨ ᠳᠦ ᠪᠡᠨ ᠶᠢᠷᠲᠢᠨᠴᠦ ᠶᠢᠨ 7 ᠭᠠᠶᠢᠬᠠᠮᠰᠢᠭ ᠪᠤᠶᠤ ᠡᠷᠲᠡᠨ ᠦ ᠳᠡᠯᠡᠬᠡᠢ ᠶᠢᠨ 7 ᠭᠠᠶᠢᠬᠠᠮᠰᠢᠭ ᠤᠨ ᠨᠢᠭᠡ ᠳᠦ ᠲᠣᠭᠠᠴᠠᠭᠳᠠᠳᠠᠭ ᠪᠠᠶᠢᠭᠰᠠᠨ ᠪᠣᠯᠪᠠᠴᠤ᠂ ᠮᠠᠨ ᠤ ᠡᠷᠡᠨ ᠦ 6 ᠍ ᠳᠦᠭᠡᠷ ᠵᠠᠭᠤᠨ ᠳᠤ ᠠᠯᠧᠺᠰᠠᠨᠳᠠᠷ ᠤᠨ ᠭᠡᠷᠡᠯᠲᠦ ᠴᠠᠮᠬᠠᠭ ᠢᠶᠠᠷ ᠰᠣᠯᠢᠭᠳᠠᠭᠰᠠᠨ ᠪᠠᠶᠢᠨ᠎ᠠ᠃ ᠷᠣᠪᠧᠷᠲ ᠺᠣᠯᠳᠠᠪᠡᠢ ᠶᠢᠨ ᠮᠠᠯᠲᠠᠯᠲᠠ ᠪᠠᠷ ᠢᠯᠡᠷᠡᠭᠦᠯᠦᠭᠰᠡᠨ ᠪᠧᠷᠯᠢᠨᠢᠢ ᠫᠧᠷᠭᠠᠮᠤᠨ ᠮᠦᠽᠧᠢ ᠳᠤ ᠬᠠᠳᠠᠭᠠᠯᠠᠭᠳᠠᠵᠤ ᠪᠤᠢ ᠮᠠᠲ᠋ᠧᠷᠢᠶᠠᠯ ᠳᠡᠭᠡᠷ᠎ᠡ ᠲᠤᠯᠭᠠᠭᠤᠷᠢᠯᠠᠨ ᠡᠰᠢᠲᠠᠷ ᠬᠠᠭᠠᠯᠭ᠎ᠠ ᠶᠢ ᠳᠠᠬᠢᠨ ᠰᠡᠷᠭᠦᠭᠡᠭᠰᠡᠨ ᠪᠥᠭᠡᠳ 1930 ᠣᠨ ᠭᠡᠬᠦ ᠳᠦ ᠪᠦᠷᠢᠨ ᠰᠡᠷᠭᠦᠭᠡᠨ᠂ ᠠᠩᠬ᠎ᠠ ᠶᠠᠮᠠᠷ ᠪᠠᠶᠢᠭᠰᠠᠨ ᠢ ᠨᠢ ᠢᠯᠡᠷᠬᠡᠶᠢᠯᠡᠬᠦ ᠪᠣᠯᠤᠮᠵᠢ ᠲᠠᠢ ᠪᠣᠯᠤᠭᠰᠠᠨ ᠠᠵᠢ᠃

ᠺᠣᠯᠳᠠᠪᠡᠢ ᠶᠢᠨ ᠰᠡᠷᠭᠦᠭᠡᠨ ᠪᠣᠰᠬᠠᠭᠰᠠᠨ ᠲᠣᠭᠠᠴᠠᠭ᠎ᠠ ᠪᠠᠷ ᠪᠣᠯ ᠤᠭ ᠳᠠᠮᠠᠨ ᠬᠠᠭᠠᠯᠭ᠎ᠠ 47 ᠲᠣᠬᠣᠢ ᠥᠨᠳᠥᠷ᠂ 100 ᠲᠣᠬᠣᠢ ᠥᠷᠭᠡᠨ (ᠣᠶᠢᠷᠠᠯᠴᠠᠭ᠎ᠠ ᠪᠠᠷ 14 ᠮ ᠥᠨᠳᠥᠷ᠂ 30 ᠮ ᠥᠷᠭᠡᠨ ᠬᠡᠮᠵᠢᠭᠡᠰᠦᠲᠡᠢ) ᠪᠠᠶᠢᠭᠰᠠᠨ ᠠᠵᠢ᠃ 1902-1914 ᠣᠨ ᠤ ᠬᠣᠭᠣᠷᠣᠨᠳᠣ ᠬᠢᠭᠰᠡᠨ ᠴᠤᠪᠤᠷᠠᠯ ᠮᠠᠯᠲᠠᠯᠲᠠ ᠪᠠᠷ ᠤᠭ ᠬᠠᠭᠠᠯᠭᠠᠨ ᠤ 45 ᠰᠠᠭᠤᠷᠢᠨ ᠬᠡᠰᠡᠭ ᠢ ᠢᠯᠡ ᠭᠠᠷᠭᠠᠵᠤ ᠢᠷᠡᠭᠰᠡᠨ ᠪᠠᠶᠢᠳᠠᠭ᠃

ᠰᠲ᠋ᠠᠮᠪᠤᠯ ᠍ ᠤᠨ ᠠᠷᠬᠧᠣᠯᠣᠭᠢ ᠶᠢᠨ ᠮᠦᠽᠧᠢ ᠶᠢᠨ ᠬᠠᠭᠠᠯᠭᠠᠨ ᠤ ᠲᠠᠰᠤᠭ ᠳᠠᠬᠢ ᠡᠰᠢᠲᠠᠷ ᠬᠠᠭᠠᠯᠭᠠᠨ ᠳᠡᠭᠡᠷᠡᠬᠢ ᠯᠤᠤ ᠪᠣᠯᠤᠨ ᠪᠤᠬᠠᠨ ᠨᠤᠭᠤᠳ ᠮᠥᠨ ᠶᠣᠰᠣᠯᠠᠯ ᠤᠨ ᠵᠠᠮ ᠳᠡᠭᠡᠷᠡᠬᠢ ᠯᠤᠤᠨ ᠨᠤᠭᠤᠳ ᠨᠢ ᠳᠡᠯᠡᠬᠡᠢ ᠶᠢᠨ ᠪᠤᠰᠤᠳ ᠮᠦᠽᠧᠢ ᠨᠤᠭᠤᠳ ᠤᠨ ᠬᠢ ᠠᠴᠠ ᠢᠯᠭᠠᠭ᠎ᠠ ᠲᠠᠢ᠃ ᠴᠥᠭᠡᠨ ᠦᠭᠡᠢ ᠮᠦᠽᠧᠢ ᠳᠦ ᠠᠷᠰᠯᠠᠨᠤᠭ ᠤᠳ ᠪᠠᠶᠢᠳᠠᠭ ᠪᠣᠯᠪᠠᠴᠤ ᠵᠥᠪᠬᠡᠨ ᠬᠣᠶᠠᠷ ᠮᠦᠽᠧᠢ ᠳᠦ ᠯᠠ ᠯᠤᠤᠨ ᠨᠤᠭᠤᠳ ᠪᠠᠶᠢᠳᠠᠭ᠃ ᠰᠲ᠋ᠠᠮᠪᠤᠯ ᠤᠨ ᠠᠷᠬᠧᠣᠯᠣᠭᠢ ᠶᠢᠨ ᠮᠦᠽᠧᠢ ᠨᠢ ᠠᠷᠰᠯᠠᠨᠤᠭ ᠤᠳ᠂ ᠯᠤᠤᠨ ᠨᠤᠭᠤᠳ ᠮᠥᠨ ᠪᠤᠬᠠᠨ ᠨᠤᠭᠤᠳ ᠲᠠᠢ ᠬᠠᠭᠠᠯᠭᠠᠨ ᠤ ᠬᠡᠰᠡᠭ ᠪᠠᠶᠢᠳᠠᠭ᠃ ᠬᠠᠷᠢᠨ ᠳ᠋ᠧᠲ᠋ᠷᠣᠢ ᠳᠤ ᠍ ᠤᠨ ᠤᠷᠠᠯᠢᠭ ᠤᠨ ᠢᠨᠰᠲ᠋ᠢᠲ᠋ᠦᠶᠢᠲ ᠨᠢ ᠨᠢᠭᠡ ᠯᠤᠤ ᠲᠠᠢ ᠪᠣᠯ ᠯᠤᠪᠤᠷᠢ ᠶᠢᠨ ᠮᠦᠽᠧᠢᠹᠢᠯᠠᠳᠧᠯᠹᠢ ᠳᠠᠬᠢ ᠫᠧᠨᠰᠡᠯᠸᠠᠨ ᠦᠨ ᠶᠡᠬᠡ ᠰᠤᠷᠭᠠᠭᠤᠯᠢ ᠶᠢᠨ ᠠᠨᠲᠷᠣᠫᠣᠯᠣᠭᠢ᠂ ᠠᠷᠬᠧᠣᠯᠣᠭᠢ ᠶᠢᠨ ᠮᠦᠽᠧᠢ᠂ ᠨᠶᠤ ᠢᠣᠷᠺᠡᠶᠢᠨ ᠮᠧᠲ᠋ᠷᠣᠫᠣᠯᠢᠲ᠋ᠠᠨ ᠮᠦᠽᠧᠢ᠂ ᠴᠢᠺᠠᠭᠣᠭᠡᠶᠢᠨ ᠳᠣᠷᠣᠨ᠎ᠠ ᠳᠠᠬᠢᠨ ᠤ ᠢᠨᠰᠲ᠋ᠢᠲ᠋ᠦᠶᠢᠲ᠂ ᠷᠣᠳ ᠠᠶᠢᠯᠢᠩ ᠳᠦᠡᠶᠢᠨ ᠵᠠᠭᠪᠤᠷ ᠤᠨ ᠮᠦᠽᠧᠢ᠂ ᠭᠣᠲ᠋ᠧᠨᠪᠦᠷᠦᠭ ᠦᠨ Röhsska ᠮᠦᠽᠧᠢ᠂ ᠰᠸᠸᠳᠡᠨᠡᠶᠢᠨ ᠪᠣᠯᠤᠨ ᠪᠣᠰᠲᠠᠨ ᠳᠠᠬᠢ ᠫᠠᠢ ᠶᠢᠨ ᠠᠷᠲᠤ ᠶᠢᠨ ᠮᠦᠽᠧᠢ ᠵᠡᠷᠭᠡ ᠨᠢ ᠪᠥᠭᠥᠳᠡᠭᠡᠷ ᠢᠶᠡᠨ ᠠᠷᠰᠯᠠᠨ ᠢ ᠳᠦᠷᠰᠦᠯᠡᠭᠰᠡᠨ ᠪᠠᠶᠢᠳᠠᠭ ᠪᠠᠶᠢᠨ᠎ᠠ᠃

ᠬᠠᠭᠠᠯᠭᠠᠨ ᠤ ᠵᠠᠭᠪᠤᠷ ᠢᠶᠠᠷ ᠢᠷᠠᠺ ᠤᠨ ᠮᠦᠽᠧᠢ ᠷᠦᠦ ᠤᠷᠤᠬᠤ ᠳᠠᠮᠠᠨ ᠬᠠᠭᠠᠯᠭ᠎ᠠ ᠪᠠᠷᠢᠵᠤ ᠪᠠᠶᠢᠭᠰᠠᠨ ᠴᠤ ᠥᠨᠥ ᠶᠢ ᠬᠦᠷᠲᠡᠯ᠎ᠡ ᠪᠦᠷᠢᠨ ᠭᠦᠢᠴᠡᠳ ᠪᠠᠷᠢᠭᠳᠠᠭ᠎ᠠ ᠦᠭᠡᠢ ᠪᠠᠶᠢᠨ᠎ᠠ᠃

2003 ᠣᠨ ᠤ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠴᠡᠷᠢᠭ ᠦᠨ ᠬᠠᠯᠳᠠᠯᠭ᠎ᠠ ᠪᠠᠷ ᠤᠭ ᠬᠠᠭᠠᠯᠭ᠎ᠠ ᠶᠢᠨ ᠪᠠᠷᠢᠯᠭ᠎ᠠ ᠶᠢᠨ ᠠᠵᠢᠯ ᠵᠣᠭᠰᠣᠭᠰᠠᠨ ᠲᠡᠳᠦᠢ ᠦᠭᠡᠢ ᠨᠡᠯᠢᠶᠡᠳ ᠭᠡᠮᠲᠦᠭᠰᠡᠨ ᠪᠠᠶᠢᠨ᠎ᠠ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ