ᠡᠯᠵᠢᠭᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠡᠯᠵᠢᠭᠢᠨ ᠬᠠᠯᠬ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

    ᠮᠣᠩᠭᠣᠯ ᠦᠨᠳᠦᠰᠦᠲᠡᠨ ᠦ ᠬᠠᠯᠬ᠎ᠠ ᠶᠠᠰᠤᠲᠠᠨ ᠤ ᠰᠤᠷᠪᠤᠯᠵᠢᠲᠤ ᠡᠪᠦᠭᠡ ᠣᠪᠤᠭ ᠡᠯᠵᠢᠭᠢᠨ ᠬᠠᠯᠬ᠎ᠠ᠃ ᠡᠯᠵᠢᠭᠢᠨ ᠤᠪᠤᠭ ᠵᠢᠷᠭᠤᠭ᠎ᠠ ᠡᠴᠡ ᠲᠠᠪᠤᠨ ᠵᠠᠭᠤᠨ ᠦ ᠦᠶ᠎ᠠ ᠳᠦ ᠲᠡᠥᠬᠡ ᠡᠴᠡ ᠴᠦ ᠡᠮᠦᠨ᠎ ᠎ᠠ ᠪᠠᠶᠢᠭᠰᠠᠨ ᠪᠠ ᠮᠤᠩᠭᠤᠯ ᠤᠨ ᠬᠤᠩᠭᠢᠷᠠᠳ ᠠᠶᠢᠮᠠᠭ ᠡᠴᠡ ᠭᠠᠷᠤᠯᠲᠠᠢ᠂ ᠤᠭ ᠡᠴᠡ ᠮᠤᠩᠭᠤᠯ ᠤᠭᠰᠠᠭᠠᠨ ᠤ ᠠᠶᠢᠮᠠᠭ ᠪᠦᠭᠡᠳ ᠬᠠᠯᠬ᠎ᠠ ᠶᠢᠨ ᠪᠦᠷᠢᠯᠳᠦᠭᠦᠨ ᠳᠦ ᠤᠷᠤᠭᠰᠠᠨ ᠤᠪᠤᠭ᠃
    ᠡᠯᠵᠢᠭᠢᠨ ᠬᠡᠮᠡᠬᠦ ᠨᠡᠷ᠎ᠡ ᠶᠢᠨ ᠡᠬᠢᠨ ᠦ "ᠡᠯ᠎ᠡ" ᠨᠢ ᠡᠷᠲᠡᠨ ᠦ ᠮᠣᠩᠭᠣᠯ ᠬᠡᠨᠡᠭᠡ ᠬᠦᠮᠦᠨ᠂ ᠡᠯᠢᠭᠡᠨ ᠰᠠᠳᠤᠨ᠂ ᠥᠪᠡᠷ ᠦᠨ ᠬᠦᠮᠦᠨ᠂ ᠨᠥᠬᠥᠷ ᠭᠡᠰᠡᠨ ᠤᠳᠬ᠎ᠠ ᠲᠠᠢ ᠪᠠᠶᠢᠭᠠᠳ ᠲᠡᠦᠬᠡᠨ ᠬᠥᠭᠵᠢᠯ ᠦᠨ ᠶᠠᠪᠤᠴᠠ ᠳᠤ ᠪᠠᠨ ᠲᠡᠷᠡ ᠤᠳᠬ᠎ᠠ ᠥᠷᠭᠡᠵᠢᠨ ᠲᠡᠯᠡᠵᠦ ᠠᠷᠠᠳ ᠲᠦᠮᠡᠨ᠂ ᠠᠶᠢᠮᠠᠭ ᠤᠨ ᠬᠣᠯᠪᠣᠭ᠎ᠠ᠂ ᠲᠥᠷᠥ ᠤᠯᠤᠰ ᠭᠡᠰᠡᠨ ᠰᠠᠨᠠᠭ᠎ᠠ ᠢᠯᠡᠳᠬᠡᠳᠡᠭ ᠪᠣᠯᠵᠠᠢ᠃ᠡᠯ᠎ᠡ ᠬᠠᠭᠠᠨᠳᠦ ᠤᠯᠤᠰ ᠭᠡᠳᠦ ᠮᠡᠳᠦ᠃ ᠊ᠵᠢᠭᠢᠨ ᠭᠡᠳᠡᠭ ᠨᠢ ᠠᠯᠲᠠᠢ ᠶᠢᠨ ᠬᠡᠯᠡᠨ ᠦ ᠲᠧᠭᠢᠨ (ᠡᠵᠡᠨ) ᠭᠡᠰᠡᠨ ᠦᠭᠡ ᠡᠴᠡ ᠭᠠᠷᠤᠯ ᠲᠠᠢ ᠪᠠᠶᠢᠨ᠎ᠠ᠃ ᠡᠭᠦᠨ ᠶᠢᠡᠷ ᠦᠵᠡᠪᠡᠯ᠂ᠡᠵᠡᠨ ᠤ ᠰᠢᠳᠠᠷ ᠪᠤᠶᠤ ᠦᠳᠦᠭ ᠪᠤᠭᠤᠯ(ᠦᠨᠡᠨᠴᠢ ᠲᠤᠰᠠᠯᠠᠭᠴᠢ)ᠭᠡᠰᠡᠨ ᠤᠳᠬ᠎ᠠ ᠲᠠᠢ ᠪᠠᠶᠢᠨ᠎ᠠ᠃ᠮᠦᠨ ᠵᠠᠷᠢᠮ ᠰᠤᠷᠪᠤᠯᠵᠢ ᠳᠦ ᠡᠷᠵᠢᠭᠢᠨ ᠭᠡᠵᠦ ᠪᠢᠴᠢᠳᠡᠭ᠃
    ᠡᠯᠵᠢᠭᠢᠨ ᠬᠠᠯᠬ᠎ᠠ ᠨᠢ ᠠᠷᠪᠠᠨ ᠵᠢᠷᠭᠤᠳᠤᠭᠠᠷ ᠵᠠᠭᠤᠨ ᠤ ᠲᠤᠮᠳᠠ ᠦᠶ᠎ᠡ ᠪᠡᠷ ᠲᠠᠶᠠᠨ ᠬᠠᠭᠠᠨ ᠦ ᠤᠳᠬᠤᠨ ᠬᠦᠦ ᠬᠡᠷᠡᠰᠡᠨᠵᠡ ᠵᠠᠯᠠᠶᠢᠷ ᠬᠤᠩ ᠲᠠᠢᠵᠢ ᠵᠢᠨ ᠬᠤᠶᠠᠳᠤᠭᠠᠷ ᠬᠦᠦ ᠨᠤᠶᠠᠨᠲᠠᠢ ᠬᠠᠳᠠᠨᠪᠠᠭᠠᠳᠤᠷ ᠲᠦ ᠪᠡᠰᠦᠳ ᠤᠨ ᠬᠠᠮᠳᠦ ᠵᠠᠬᠢᠷᠤᠭᠳᠠᠭᠰᠠᠨ᠃ 17 ᠳ᠋ᠤᠭᠠᠷ ᠵᠠᠭᠤᠨ ᠦ ᠡᠬᠢ ᠪᠡᠷ ᠪᠡᠰᠦᠳ ᠡᠴᠡ ᠰᠠᠯᠵᠦ ᠪᠠᠳᠮ᠎ᠠ ᠬᠠᠳᠠᠨᠪᠠᠭᠠᠲᠤᠷ ᠲᠦ ᠵᠠᠬᠢᠷᠤᠭᠳᠠᠬᠤ ᠪᠤᠯᠵᠠᠢ᠃ᠵᠰᠠᠭᠲᠦ ᠬᠠᠨ᠂ᠡᠷᠳᠡᠨᠢ ᠲᠠᠢᠵᠢ(ᠤᠮᠪᠤ ᠊᠊᠊ ᠡᠷᠳᠡᠨᠢ ᠬᠤᠩ ᠲᠠᠢᠵᠢ) ᠨᠠᠷ ᠡᠯᠵᠢᠭᠢᠨ ᠢ ᠬᠤᠪᠢᠶᠠᠵᠦ ᠠᠪᠬᠤ ᠭᠡᠰᠡᠨ ᠮᠠᠷᠭᠤᠭᠠᠨ ᠨᠢ ᠰᠢᠨ᠎ᠠ ᠪᠡᠷ ᠵᠠᠰᠠᠭᠲᠦ ᠬᠠᠭᠠᠨ ᠢ ᠵᠠᠯᠭᠠᠮᠵᠢᠯᠠᠬᠤ ᠶᠠᠪᠤᠴᠠ ᠲᠠᠢ ᠲᠠᠪᠬᠤᠴᠠᠵᠦ ᠤᠯᠠᠮ ᠵᠢᠡᠷ ᠵᠠᠰᠠᠭᠲᠦ ᠬᠠᠨ ᠦ ᠬᠢᠮᠤᠷᠠᠯ ᠡᠬᠢᠯᠡᠵᠡᠢ᠃
http://wiki.uhaan.com/index.php?title=ᠡᠯᠵᠢᠭᠢᠨ&oldid=483528》 ᠍  ᠡᠴᠡ ᠠᠪᠤᠭᠰᠠᠨ

ᠪᠢᠴᠢᠭᠡᠰᠦ