ᠡᠯᠢᠭᠡᠨ ᠦ B ᠸᠢᠷᠦᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠸ ᠸᠢᠷᠦᠰ ᠤᠨ ᠲᠠᠷᠬᠠᠴᠠ

ᠡᠯᠢᠭᠡᠨ ᠦ B ᠸᠢᠷᠦᠰ ᠨᠢ Hepadnaviridae ᠪᠦᠯᠢ ᠳᠦ Orthohepadnavirus ᠍ ᠦᠨ ᠲᠥᠷᠥᠯ ᠳᠦ ᠬᠠᠮᠢᠶᠠᠷᠬᠤ ᠳᠧᠽᠣᠺᠰᠢᠷᠢᠪᠨᠢᠺᠯᠧᠢᠨ ᠦ ᠬᠦᠴᠢᠯ ᠠᠭᠤᠯᠠᠭᠰᠠᠨ ᠸᠢᠷᠦᠰ ᠪᠥᠭᠡᠳ ᠡᠯᠢᠭᠡᠨ ᠦ ᠸ ᠸᠢᠷᠦᠰ ᠤᠨ ᠰᠢᠯᠲᠠᠭᠠᠨ ᠳᠤ ᠡᠯᠢᠭᠡᠨ ᠦ ᠦᠷᠪᠢᠰᠦᠯ᠂ ᠤᠯᠠᠮ ᠢᠶᠠᠷ ᠡᠯᠢᠭᠡᠨ ᠦ ᠬᠠᠲᠠᠭᠤᠷᠠᠯ᠂ ᠡᠯᠢᠭᠡᠨ ᠦ ᠵᠢᠩᠬᠢᠨᠢ ᠡᠰ ᠦᠨ ᠬᠠᠪᠤᠳᠠᠷ ᠤᠨ ᠭᠣᠣᠯ ᠡᠭᠦᠰᠬᠡᠭᠴᠢ ᠨᠢ ᠶᠠᠭᠤᠮ᠎ᠠ᠃ Orthohepadnavirus ᠍ ᠦᠨ ᠲᠥᠷᠥᠯ ᠳᠦ ᠬᠦᠮᠦᠨ ᠦ ᠡᠯᠢᠭᠡᠨ ᠦ ᠸ ᠸᠢᠷᠦᠰ ᠡᠴᠡ ᠭᠠᠳᠠᠨ᠎ᠠ (HBV), ᠭᠠᠯᠠᠭᠤᠨ ᠤ ᠡᠯᠢᠭᠡᠨ ᠦ ᠸ ᠸᠢᠷᠦᠰ (DHBV), ᠵᠤᠷᠠᠮᠠᠨ ᠤ ᠡᠯᠢᠭᠡᠨ ᠦ ᠸᠢᠷᠦᠰ (Ground squirrel hepatitis virus), ᠲᠠᠷᠪᠠᠭᠠᠨ ᠤ ᠡᠯᠢᠭᠡᠨ ᠦ ᠸᠢᠷᠦᠰ (Woodchuck hepatitis virus), ᠨᠣᠣᠰᠣᠷᠬᠠᠭ ᠰᠠᠷᠮᠠᠭᠴᠢᠨ ᠤ ᠡᠯᠢᠭᠡᠨ ᠦ ᠸ ᠸᠢᠷᠦᠰ (Woolly monkey hepatitis B virus) ᠵᠡᠷᠭᠡ ᠣᠯᠠᠨ ᠲᠥᠷᠥᠯ ᠦᠨ ᠢᠵᠢᠯ ᠲᠥᠰᠲᠡᠢ ᠸᠢᠷᠦᠰ ᠤᠳ ᠣᠷᠣᠳᠠᠭ᠃ ᠣᠳᠣ ᠪᠠᠷ ᠬᠦᠮᠦᠨ ᠦ ᠡᠯᠢᠭᠡᠨ ᠦ ᠸ ᠸᠢᠷᠦᠰ ᠨᠢ ᠬᠦᠮᠦᠨ᠂ ᠬᠠᠭᠤᠴᠢᠨ ᠪᠣᠯᠤᠨ ᠰᠢᠨ᠎ᠡ ᠳᠡᠯᠡᠬᠡᠢ ᠶᠢᠨ ᠰᠠᠷᠮᠠᠭᠴᠢᠨ᠂ ᠮᠡᠴᠢ (ᠣᠷᠣᠩᠭᠤᠲᠠᠨ᠂ ᠭᠢᠪᠪᠦᠩ᠂ ᠭᠣᠷᠷᠠᠯ᠂ ᠰᠢᠮᠫᠠᠽᠧ᠂ ᠨᠣᠣᠰᠣᠷᠬᠠᠭ ᠰᠠᠷᠮᠠᠭᠴᠢᠨ) ᠪᠣᠯᠤᠨ ᠠᠽᠢᠶ᠎ᠠ ᠲᠢᠪ ᠦᠨ ᠮᠣᠳᠣᠨ ᠤ ᠭᠡᠷᠡᠯᠵᠡᠭᠡᠨ᠎ᠡ ᠳᠦ (Tupaia belangeri) ᠬᠠᠯᠳᠠᠪᠤᠷᠢᠯᠠᠵᠤ ᠡᠯᠢᠭᠡᠨ ᠦ ᠦᠷᠪᠢᠰᠦᠯ ᠡᠭᠦᠰᠬᠡᠵᠦ ᠴᠢᠳᠠᠳᠠᠭ ᠢ ᠲᠣᠭᠲᠠᠭᠠᠭᠠᠳ ᠪᠠᠶᠢᠨ᠎ᠠ᠃ ᠠᠽᠢᠶ᠎ᠠ ᠲᠢᠪ ᠦᠨ ᠮᠣᠳᠣᠨ ᠤ ᠭᠡᠷᠡᠯᠵᠡᠭᠡᠨ᠎ᠡ ᠡᠴᠡ ᠪᠤᠰᠤᠳ ᠬᠦᠮᠦᠨ ᠦ ᠡᠯᠢᠭᠡᠨ ᠦ ᠸ ᠸᠢᠷᠦᠰ ᠤᠨ ᠬᠠᠯᠳᠠᠪᠤᠷᠢ ᠠᠪᠳᠠᠭ ᠠᠮᠢᠲᠠᠳ ᠨᠢ ᠪᠡᠴᠢᠨ ᠪᠣᠯᠤᠨ ᠰᠠᠷᠮᠠᠭᠴᠢᠨᠡᠭ ᠦᠨ ᠲᠥᠷᠥᠯ ᠪᠠᠶᠢᠳᠠᠭ ᠠᠴᠠ ᠪᠣᠯᠵᠤ ᠤᠭ ᠸᠢᠷᠦᠰ ᠤᠨ ᠰᠤᠳᠤᠯᠭ᠎ᠠ ᠶᠢ ᠬᠢᠬᠦ ᠵᠢᠵᠢᠭ ᠲᠤᠷᠰᠢᠯᠭ᠎ᠠ ᠶᠢᠨ ᠠᠮᠢᠲᠠᠨ ᠦᠭᠡᠢ ᠪᠠᠶᠢᠭ᠎ᠠ ᠨᠢ ᠤᠭ ᠸᠢᠷᠦᠰ ᠤᠨ ᠡᠰᠡᠷᠬᠦ ᠡᠮ ᠪᠡᠯᠡᠳᠦᠮᠡᠯ ᠭᠠᠷᠭᠠᠬᠤ ᠪᠣᠯᠤᠨ ᠪᠤᠰᠤᠳ ᠰᠠᠭᠤᠷᠢ ᠰᠤᠳᠤᠯᠭᠠᠨ ᠳᠤ ᠶᠡᠬᠡᠬᠡᠨ ᠲᠥᠪᠡᠭᠲᠡᠢ ᠪᠠᠶᠢᠳᠠᠯ ᠢ ᠪᠤᠢ ᠪᠣᠯᠭᠠᠳᠠᠭ ᠶᠤᠮ᠃

ᠨᠡᠭᠡᠭᠡᠭᠳᠡᠭᠰᠡᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠯᠢᠭᠡᠨ ᠦ ᠸ ᠸᠢᠷᠦᠰ ᠢ 1967 ᠣᠨ ᠳᠤ ᠠᠩᠬ᠎ᠠ ᠪᠠᠷᠤᠬᠤ ᠪᠮᠨᠪᠧᠺᠭ ᠲᠣᠳᠣᠷᠬᠠᠶᠢᠯᠠᠭᠰᠠᠨ ᠪᠥᠭᠡᠳ ᠠᠦᠢᠰᠲ᠋ᠷᠯᠢᠶ᠎ᠠ ᠶᠢᠨ ᠠᠨᠲ᠋ᠢᠭᠧᠨ (ᠡᠰᠡᠷᠬᠦ ᠲᠥᠷᠦᠭᠴᠢ) ᠭᠡᠵᠦ ᠨᠡᠷᠡᠯᠡᠵᠦ ᠪᠠᠶᠢᠴᠠᠢ᠃ ᠡᠭᠦᠨ ᠡᠴᠡ ᠡᠮᠦᠨ᠎ᠡ ᠬᠦᠮᠦᠨ ᠲᠥᠷᠦᠯᠬᠢᠲᠡᠨ ᠡᠶᠢᠯᠳᠡᠰᠦᠨ ᠦ ᠰᠢᠷ᠎ᠠ ᠡᠪᠡᠳᠴᠢᠨ ᠭᠡᠳᠡᠭ ᠢᠶᠡᠷ ᠢᠶᠡᠨ ᠠᠯᠢ ᠬᠡᠳᠦᠶᠢᠨ ᠲᠠᠨᠢᠯ ᠪᠣᠯᠤᠭᠰᠠᠨ ᠪᠠᠶᠢᠭᠰᠠᠨ ᠪᠥᠭᠡᠳ ᠬᠠᠯᠳᠠᠪᠤᠷᠢᠲᠠᠢ ᠬᠦᠮᠦᠨ ᠦ ᠴᠢᠰᠤ ᠪᠠᠷ ᠳᠠᠮᠵᠢᠨ ᠬᠠᠯᠳᠠᠪᠤᠷᠢᠯᠠᠳᠠᠭ ᠪᠦᠬᠦ ᠪᠡᠶ᠎ᠡ ᠰᠢᠷᠠᠯᠠᠳᠠᠭ ᠡᠪᠡᠳᠴᠢᠨ ᠦ ᠲᠠᠯ᠎ᠠ ᠪᠠᠷ ᠪᠢᠴᠢᠵᠦ ᠦᠯᠡᠳᠡᠭᠡᠭᠰᠡᠨ ᠲᠡᠦᠬᠡᠨ ᠪᠠᠷᠢᠮᠲᠠ ᠨᠤᠭᠤᠳ ᠵᠥᠩᠳᠡᠭᠡᠨ ᠪᠠᠶᠢᠳᠠᠭ᠃ ᠡᠯᠢᠭᠡᠨ ᠦ ᠸ ᠸᠢᠷᠦᠰ ᠤᠨ ᠨᠡᠭᠡᠭᠡᠭᠳᠡᠭᠰᠡᠨ ᠲᠡᠦᠬᠡ ᠨᠢ ᠥᠪᠡᠷ ᠢᠶᠡᠨ ᠶᠡᠬᠡ ᠰᠣᠨᠢᠷᠬᠠᠯᠲᠠᠢ ᠶᠤᠮ᠃ ᠤᠴᠢᠷ ᠨᠢ ᠪᠮᠨᠪᠧᠺᠭ ᠡᠶᠢᠯᠳᠡᠰᠦᠨ ᠦ ᠰᠢᠷ᠎ᠠ ᠡᠪᠡᠳᠴᠢᠨ ᠦ ᠡᠭᠦᠰᠬᠡᠭᠴᠢ ᠶᠢ ᠨᠡᠭᠡᠭᠡᠬᠦ ᠶᠢ ᠠᠩᠬᠠᠯᠠᠨ ᠵᠣᠷᠢᠭ᠎ᠠ ᠦᠭᠡᠢ ᠪᠠᠶᠢᠭᠰᠠᠨ ᠪᠥᠭᠡᠳ ᠠᠦᠢᠰᠲ᠋ᠷᠯᠢᠶ᠎ᠠ ᠶᠢᠨ ᠠᠭᠤᠭᠤᠯ ᠢᠷᠭᠡᠨ ᠦ ᠡᠶᠢᠯᠳᠡᠭᠰᠡᠨ ᠳᠦ ᠠᠭᠤᠯᠤᠭᠳᠠᠬᠤ ᠨᠢᠭᠡᠨ ᠵᠦᠢᠯ ᠨᠢ ᠠᠦᠢᠰᠲ᠋ᠷᠯᠢᠶ᠎ᠠ ᠳᠤ ᠰᠢᠨ᠎ᠡ ᠪᠡᠷ ᠢᠷᠡᠨ ᠰᠠᠭᠤᠷᠢᠰᠢᠭᠰᠠᠨ ᠬᠦᠮᠦᠰ ᠦᠨ ᠡᠶᠢᠯᠳᠡᠰᠦ ᠲᠡᠢ ᠬᠤᠯᠢᠬᠤ ᠦᠶ᠎ᠡ ᠳᠦ ᠲᠤᠨᠳᠠᠰᠤᠵᠢᠬᠤ ᠤᠷᠪᠠᠯ ᠶᠠᠪᠤᠭᠳᠠᠵᠤ ᠪᠠᠶᠢᠭ᠎ᠠ ᠶᠢ ᠰᠠᠨᠠᠮᠰᠠᠷ ᠦᠭᠡᠢ ᠠᠵᠢᠭᠡᠯᠡᠭᠰᠠᠨ ᠪᠠᠶᠢᠨ᠎ᠠ᠃ ᠡᠨᠡ ᠦᠶ᠎ᠡ ᠳᠦ ᠡᠰᠡᠷᠬᠦ ᠲᠥᠷᠦᠭᠴᠢ ᠪᠣᠯᠤᠨ ᠡᠰᠡᠷᠬᠦ ᠪᠡᠶ᠎ᠡ ᠶᠢᠨ ᠲᠤᠬᠠᠢ ᠣᠶᠢᠯᠠᠭᠠᠯᠲᠠ ᠠᠯᠢ ᠬᠡᠳᠦᠶᠢᠨ ᠲᠣᠭᠲᠠᠪᠤᠷᠢᠵᠢᠭ᠌ᠰᠠᠨ ᠪᠠᠶᠢᠭᠰᠠᠨ ᠪᠥᠭᠡᠳ ᠠᠭᠤᠭᠤᠯ ᠢᠷᠭᠡᠳ ᠦᠨ ᠨᠡᠯᠢᠶᠡᠳ ᠦᠭᠡᠢ ᠬᠤᠪᠢ ᠳᠤ ᠪᠠᠶᠢᠬᠤ ᠶᠠᠮᠠᠷ ᠨᠢᠭᠡᠨ ᠡᠰᠡᠷᠬᠦ ᠲᠥᠷᠦᠭᠴᠢ ᠨᠢ ᠪᠤᠰᠤᠳ ᠠᠦᠢᠰᠲᠷᠠᠯ ᠤᠨ ᠣᠷᠣᠰᠢᠨ ᠰᠠᠭᠤᠭᠴᠢᠳ ᠦᠨ ᠡᠰᠡᠷᠬᠦ ᠪᠡᠶ᠎ᠡ ᠲᠡᠢ ᠤᠷᠪᠠᠯ ᠳᠤ ᠣᠷᠣᠵᠤ ᠪᠠᠶᠢᠭ᠎ᠠ ᠨᠢ ᠡᠷᠡᠭᠡᠯᠵᠡᠭᠡ ᠦᠭᠡᠢ ᠪᠠᠶᠢᠯ᠎ᠠ᠃ ᠤᠯᠠᠮ ᠢᠶᠠᠷ ᠤᠭ ᠤᠷᠪᠠᠯ ᠳᠤ ᠣᠷᠣᠵᠤ ᠪᠠᠶᠢᠭ᠎ᠠ ᠡᠰᠡᠷᠬᠦ ᠲᠥᠷᠦᠭᠴᠢ ᠨᠢ ᠡᠶᠢᠯᠳᠡᠰᠦᠨ ᠦ ᠰᠢᠷ᠎ᠠ ᠡᠪᠡᠳᠴᠢᠨ ᠦ ᠡᠭᠦᠰᠬᠡᠭᠴᠢ ᠪᠣᠯᠬᠤ ᠶᠢ ᠨᠡᠭᠡᠭᠡᠵᠦ ᠤᠭ ᠨᠡᠭᠡᠭᠡᠯᠲᠡ ᠪᠡᠷ ᠢᠶᠡᠨ 1976 ᠣᠨ ᠳᠤ ᠨᠣᠪᠧᠯ ᠤᠨ ᠱᠠᠩᠨᠠᠯ ᠬᠦᠷᠲᠡᠭᠰᠡᠨ ᠪᠢᠯᠡ᠃ ᠮᠥᠨ 1969 ᠣᠨ ᠳᠤ᠂ ᠡᠯᠢᠭᠡᠨ ᠦ ᠸ ᠸᠢᠷᠦᠰ ᠢ ᠨᠡᠭᠡᠭᠡᠭᠰᠡᠨ ᠡᠴᠡ ᠬᠣᠶᠠᠷᠬᠠᠨ ᠵᠢᠯ ᠦᠨ ᠳᠠᠷᠠᠭ᠎ᠠ ᠠᠩᠬᠠᠨ ᠤ ᠸᠠᠺᠼᠢᠨ ᠢ ᠮᠥᠨ ᠪᠮᠨᠪᠧᠺᠭ ᠨᠡᠭᠡᠭᠡᠭᠰᠡᠨ ᠪᠢᠯᠡ᠃

ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠯᠢᠭᠡᠨ ᠦ ᠸ ᠸᠢᠷᠦᠰ ᠨᠢ ᠠᠮᠢᠲᠠᠨ ᠤ ᠬᠠᠮᠤᠭ ᠤᠨ ᠵᠢᠵᠢᠭ᠂ ᠪᠦᠷᠬᠦᠭᠦᠯ ᠲᠡᠢ ᠸᠢᠷᠦᠰ ᠪᠥᠭᠡᠳ ᠭᠠᠳᠠᠨ᠎ᠠ ᠲᠠᠯ᠎ᠠ ᠪᠠᠷ ᠢᠶᠠᠨ ᠥᠭᠡᠬᠦᠨ ᠪᠦᠷᠬᠦᠭᠦᠯ ᠲᠡᠢ ᠳᠣᠲᠣᠷ᠎ᠠ ᠲᠠᠯ᠎ᠠ ᠳᠤ ᠪᠠᠨ ᠢᠭ ᠠᠴᠠᠾᠧᠵᠢᠷᠠᠯ ᠭᠧᠣᠮᠡᠲ᠋ᠷ ᠦᠨ ᠪᠦᠲᠦᠴᠡ ᠪᠦᠬᠦᠢ ᠴᠥᠮ ᠢ ᠠᠭᠤᠯᠠᠭᠰᠠᠨ᠃ ᠴᠥᠮ ᠳᠣᠲᠣᠷ᠎ᠠ ᠪᠠᠨ ᠬᠠᠭᠠᠰ ᠳᠠᠪᠬᠤᠷ ᠳᠧᠽᠣᠺᠰᠢᠷᠢᠪᠨᠢᠺᠯᠧᠢᠨ ᠦ ᠬᠦᠴᠢᠯ ᠦᠨ ᠤᠲᠠᠰᠤᠯᠢᠭ ᠪᠣᠯᠤᠨ ᠸᠢᠷᠦᠰ ᠤᠨ ᠫᠣᠯᠢᠮᠧᠷ ᠤᠷᠭ᠎ᠠ ᠶᠢ ᠠᠭᠤᠯᠠᠭᠰᠠᠨ ᠪᠦᠲᠦᠴᠡ ᠲᠡᠢ ᠪᠠᠶᠢᠳᠠᠭ᠃ ᠸᠢᠷᠦᠰ ᠤᠨ ᠬᠡᠮᠵᠢᠶ᠎ᠡ ᠨᠢ 42 ᠨᠨᠣᠮᠧᠲ᠋ᠷ ᠪᠥᠭᠡᠳ ᠡᠨᠡ ᠨᠢ ᠬᠠᠨᠢᠶᠠᠳᠤᠨ ᠤ ᠸᠢᠷᠦᠰ ᠤᠨ ᠬᠡᠮᠵᠢᠶᠡᠨ ᠡᠴᠡ ᠳᠠᠷᠤᠢ 10 ᠳᠠᠬᠢᠨ ᠪᠠᠭ᠎ᠠ ᠬᠡᠮᠵᠢᠶ᠎ᠡ ᠶᠤᠮ᠃ 42 ᠨᠨᠣᠮᠧᠲ᠋ᠷ ᠪᠦᠬᠦᠢ ᠸᠢᠷᠦᠰ ᠢ ᠬᠠᠯᠳᠠᠪᠤᠷᠢᠯᠠᠬᠤ ᠴᠢᠳᠠᠪᠤᠷᠢ ᠲᠠᠢ ᠸᠢᠷᠦᠰ ᠭᠡᠵᠦ ᠨᠡᠷᠡᠯᠡᠳᠡᠭ᠃ ᠡᠭᠦᠨ ᠡᠴᠡ ᠭᠠᠳᠠᠨ᠎ᠠ 22 ᠨᠮ ᠪᠦᠬᠦᠢ ᠳᠣᠲᠣᠷ᠎ᠠ ᠲᠠᠯ᠎ᠠ ᠶᠢᠨ ᠴᠥᠮ ᠢ ᠠᠭᠤᠯᠤᠭ᠎ᠠ ᠦᠭᠡᠢ᠂ ᠵᠥᠪᠬᠡᠨ ᠭᠠᠳᠠᠨ᠎ᠠ ᠲᠠᠯ᠎ᠠ ᠶᠢᠨ ᠪᠦᠷᠬᠦᠭᠦᠯ᠂ ᠪᠦᠷᠬᠦᠭᠦᠯ ᠦᠨ ᠭᠠᠳᠠᠨ᠎ᠠ ᠤᠷᠤᠰᠢᠬᠤ 3 ᠲᠥᠷᠥᠯ ᠦᠨ ᠤᠭᠤᠷᠠᠭ ᠢ ᠠᠭᠤᠯᠠᠭᠰᠠᠨ ᠸᠢᠷᠦᠰ ᠲᠥᠰᠲᠦ ᠵᠦᠢᠯ ᠮᠥᠨ ᠸᠢᠷᠦᠰ ᠤᠨ ᠠᠮᠢᠳᠤᠷᠠᠯ ᠤᠨ ᠮᠥᠴᠡᠯᠭᠡ ᠶᠢᠨ ᠶᠠᠪᠤᠴᠠ ᠳᠤ ᠡᠰ ᠡᠴᠡ ᠢᠯᠭᠠᠷᠠᠨ ᠭᠠᠷᠳᠠᠭ ᠪᠥᠭᠡᠳ ᠡᠭᠦᠨ ᠢ subviral particle ᠡᠰᠪᠡᠳ HBsAg ᠭᠡᠵᠦ ᠶᠡᠷᠦᠩᠬᠡᠶᠢᠯᠡᠨ ᠨᠡᠷᠡᠯᠡᠳᠡᠭ᠃ 22 ᠨᠮ ᠪᠦᠬᠦᠢ ᠸᠢᠷᠦᠰ ᠲᠥᠰᠲᠦ ᠪᠦᠲᠦᠴᠡ ᠨᠢ ᠬᠠᠯᠳᠠᠪᠤᠷᠢ ᠡᠭᠦᠰᠭᠡᠬᠦ ᠴᠢᠳᠠᠪᠤᠷᠢ ᠦᠭᠡᠢ ᠪᠥᠭᠡᠳ ᠡᠭᠦᠨ ᠦ ᠰᠢᠯᠲᠠᠭᠠᠨ ᠨᠢ ᠤᠭ ᠪᠦᠲᠦᠴᠡ ᠳᠦ ᠸᠢᠷᠦᠰ ᠤᠨ ᠳᠧᠽᠣᠺᠰᠢᠷᠢᠪᠨᠢᠺᠯᠧᠢᠨ ᠦ ᠬᠦᠴᠢᠯ ᠪᠠᠶᠢᠳᠠᠭ ᠦᠭᠡᠢ ᠲᠡᠢ ᠬᠣᠯᠪᠣᠭ᠎ᠠ ᠲᠠᠢ᠃ ᠡᠯᠢᠭᠡᠨ ᠦ ᠡᠰ ᠡᠴᠡ ᠢᠯᠭᠠᠷᠠᠬᠤ Dane particle ᠪᠣᠯᠤᠨ subviral particle ᠡᠶᠢᠨ ᠬᠠᠷᠢᠴᠠᠭ᠎ᠠ ᠶᠢ 1:1000 ᠭᠡᠵᠦ ᠦᠵᠡᠳᠡᠭ᠃ ᠶᠠᠭᠠᠬᠢᠭᠠᠳ ᠸᠢᠷᠦᠰ ᠠᠮᠢᠳᠤᠷᠠᠯ ᠤᠨ ᠮᠥᠴᠡᠯᠭᠡ ᠶᠢᠨ ᠶᠠᠪᠤᠴᠠ ᠳᠤ ᠬᠠᠯᠳᠠᠪᠤᠷᠢᠯᠠᠬᠤ ᠴᠢᠳᠠᠪᠤᠷᠢ ᠦᠭᠡᠢ ᠶᠡᠬᠡ ᠬᠡᠮᠵᠢᠶᠡᠨ ᠦ subviral particle ᠡᠶᠢᠭ ᠭᠠᠷᠭᠠᠳᠠᠭ ᠢ ᠣᠳᠣ ᠪᠠᠷ ᠮᠡᠳᠡᠬᠦ ᠦᠭᠡᠢ ᠪᠠᠶᠢᠭ᠎ᠠ ᠪᠥᠭᠡᠳ ᠮᠠᠭᠠᠳ ᠦᠭᠡᠢ ᠡᠵᠡᠨ ᠪᠡᠶ᠎ᠡ ᠶᠢᠨ ᠳᠠᠷᠬᠠᠯᠠᠨ ᠤ ᠤᠷᠪᠠᠯ ᠠᠴᠠ ᠥᠪᠡᠷ ᠢ ᠪᠡᠨ ᠬᠠᠮᠠᠭᠠᠯᠠᠬᠤ ᠨᠢᠭᠡ ᠠᠷᠭ᠎ᠠ ᠬᠡᠷᠡᠭᠰᠡᠯ ᠪᠠᠶᠢᠵᠤ ᠮᠠᠭᠠᠳ ᠦᠭᠡᠢ ᠭᠡᠰᠡᠨ ᠲᠠᠭᠠᠮᠠᠭ ᠪᠠᠶᠢᠳᠠᠭ᠃ ᠡᠨᠡ ᠲᠠᠭᠠᠮᠠᠭᠯᠠᠯ ᠦᠨᠡᠨ ᠪᠠᠶᠢᠵᠤ ᠮᠠᠭᠠᠳ ᠦᠭᠡᠢ ᠨᠢᠭᠡᠨ ᠪᠠᠲᠤᠯᠠᠭ᠎ᠠ ᠨᠢ subviral particle ᠡᠶᠢᠭ ᠢᠯᠭᠠᠨ ᠠᠪᠤᠭᠠᠳ ᠡᠷᠡᠭᠦᠯ ᠬᠦᠨᠳᠦ ᠲᠠᠷᠢᠬᠤ ᠳᠤ ᠬᠠᠯᠳᠠᠪᠤᠷᠢ ᠡᠭᠦᠰᠬᠡᠬᠦ ᠦᠭᠡᠢ ᠮᠥᠷᠲᠡᠭᠡᠨ ᠳᠠᠷᠬᠠᠯᠠᠨ ᠤ ᠬᠠᠷᠢᠭᠤ ᠤᠷᠪᠠᠯ ᠢ ᠠᠮᠵᠢᠯᠲᠠ ᠲᠠᠢ ᠥᠳᠥᠭᠡᠵᠦ ᠳᠠᠷᠬᠠᠯᠠᠨ ᠤ ᠣᠢ ᠰᠠᠨᠠᠮᠵᠢ ᠶᠢ ᠡᠭᠦᠰᠬᠡᠳᠡᠭ ᠨᠢ ᠶᠠᠭᠤᠮ᠎ᠠ᠃ ᠸᠢᠷᠦᠰ ᠤᠨ ᠭᠧᠨᠠᠮ ᠤᠨ ᠬᠡᠮᠵᠢᠶ᠎ᠡ ᠮᠠᠰᠢ ᠵᠢᠵᠢᠭ᠍ᠭᠡᠨ ᠪᠥᠭᠡᠳ ᠳᠤᠮᠳᠠᠴᠢ ᠪᠠᠷ 3200 ᠨᠢᠺᠯᠶᠣᠲ᠋ᠢᠳ ᠡᠴᠡ ᠲᠣᠭᠲᠠᠳᠠᠭ᠃ ᠡᠨᠡ ᠨᠢ ДОХ ᠍ ᠤᠨ ᠸᠢᠷᠦᠰ ᠡᠴᠡ 3 ᠳᠠᠬᠢᠨ᠂ ᠡᠯᠢᠭᠡᠨ ᠦ ᠰ ᠸᠢᠷᠦᠰ ᠡᠴᠡ 3 ᠳᠠᠬᠢᠨ᠂ ᠬᠠᠨᠢᠶᠠᠳᠤᠨ ᠤ ᠸᠢᠷᠦᠰ ᠡᠴᠡ 5 ᠳᠠᠬᠢᠨ ᠪᠠᠭ᠎ᠠ ᠬᠡᠮᠵᠢᠶ᠎ᠡ ᠪᠣᠯᠪᠠᠴᠤ ᠡᠯᠢᠭᠡᠨ ᠦ ᠸ ᠸᠢᠷᠦᠰ ᠤᠨ ᠨᠡᠶᠢᠲᠡ ᠳᠦ ᠪᠡᠨ 7 ᠤᠭᠤᠷᠠᠭ ᠢ ᠺᠣᠳᠣᠯᠵᠤ ᠴᠢᠳᠠᠳᠠᠭ ᠢ ᠨᠢ ᠬᠠᠷᠠᠪᠠᠯ ᠤᠭ ᠸᠢᠷᠦᠰ ᠥᠪᠡᠷ ᠢᠶᠡᠨ ᠶᠠᠮᠠᠷ ᠭᠠᠶᠢᠬᠠᠮᠰᠢᠭᠲᠠᠢ ᠪᠦᠲᠦᠭᠡᠯ ᠪᠣᠯᠬᠤ ᠨᠢ ᠢᠯᠡᠷᠬᠡᠢ᠃ ᠸᠢᠷᠦᠰ ᠤᠨ ᠭᠠᠳᠠᠷᠭᠤ ᠳᠡᠭᠡᠷ᠎ᠡ 3 ᠲᠥᠷᠥᠯ ᠦᠨ ᠤᠭᠤᠷᠠᠭ (PreS1, PreS2, HBsAg) ᠪᠠᠶᠢᠷᠢᠯᠠᠳᠠᠭ ᠪᠥᠭᠡᠳ ᠡᠳᠡᠭᠡᠷ ᠤᠭᠤᠷᠠᠭ ᠢ ᠡᠰᠡ ᠷᠦᠦ ᠨᠡᠪᠲᠡᠷᠡᠬᠦ ᠪᠣᠯᠤᠨ cccDNA ᠡᠶᠢᠨ ᠲᠣᠭ᠎ᠠ ᠬᠡᠮᠵᠢᠶ᠎ᠡ ᠶᠢ ᠬᠢᠨᠠᠬᠤ ᠳᠤ ᠠᠰᠢᠭᠯᠠᠳᠠᠭ᠃ ᠯᠢᠫᠢᠳᠡᠨ ᠪᠦᠷᠬᠦᠭᠦᠯ ᠦᠨ ᠳᠣᠲᠣᠷ᠎ᠠ ᠤᠷᠤᠰᠢᠬᠤ ᠢᠭ ᠠᠴᠠᠾᠧᠵᠢᠷᠠᠯᠴᠥᠮ ᠢ HBV core ᠭᠡᠳᠡᠭ ᠤᠭᠤᠷᠠᠭ ᠪᠡᠶ᠎ᠡ ᠪᠡᠶᠡᠲᠡᠢ ᠪᠡᠨ ᠨᠢᠭᠡᠳᠦᠨ ᠡᠭᠦᠰᠬᠡᠳᠡᠭ ᠪᠥᠭᠡᠳ 120 ᠰᠢᠷᠬᠡᠭ ᠴᠥᠮ᠎ᠡ ᠨᠢ ᠨᠢᠭᠡ ᠰᠢᠷᠬᠡᠭ ᠢᠭ ᠠᠴᠠᠾᠧᠵᠢᠷᠠᠯ ᠴᠥᠮ ᠢ ᠡᠭᠦᠰᠬᠡᠨ᠎ᠡ᠃ ᠴᠥᠮ᠎ᠡ ᠶᠢᠨ ᠳᠣᠲᠣᠷ᠎ᠠ ᠲᠠᠯ᠎ᠠ ᠳᠤ ᠳᠧᠽᠣᠺᠰᠢᠷᠢᠪᠨᠢᠺᠯᠧᠢᠨ ᠦ ᠬᠦᠴᠢᠯ ᠦᠨ ᠰᠢᠷᠬᠡᠭ ᠦᠨ ᠨᠢᠭᠡ ᠦᠵᠦᠭᠦᠷ ᠲᠦ ᠪᠡᠬᠢᠯᠡᠭᠳᠡᠨ ᠤᠷᠤᠰᠢᠬᠤ HBV ᠫᠣᠯᠢᠮᠧᠷ ᠤᠭᠤᠷᠠᠭ ᠪᠠᠶᠢᠷᠢᠯᠠᠳᠠᠭ᠃ HBV ᠨᠢ ᠠᠮᠢᠳᠤᠷᠠᠯ ᠤᠨ ᠢᠶᠠᠨ ᠮᠥᠴᠡᠯᠭᠡ ᠶᠢᠨ ᠶᠠᠪᠤᠴᠠ ᠳᠤ 2 ᠰᠢᠷᠬᠡᠭ ᠸᠢᠷᠦᠰ ᠤᠨ ᠪᠦᠲᠦᠴᠡ ᠶᠢᠨ ᠪᠤᠰᠤ ᠤᠭᠤᠷᠠᠭ ᠨᠡᠶᠢᠯᠡᠭᠵᠢᠭᠦᠯᠦᠨ ᠭᠠᠷᠭᠠᠳᠠᠭ ᠪᠥᠭᠡᠳ ᠡᠳᠡᠭᠡᠷ ᠢ HBeAg ᠪᠣᠯᠤᠨ X ᠤᠭᠤᠷᠠᠭ ᠭᠡᠵᠦ ᠨᠡᠷᠡᠯᠡᠳᠡᠭ᠃ X ᠤᠭᠤᠷᠠᠭ ᠢ ᠸᠢᠷᠦᠰ ᠤᠨ ᠷᠧᠫᠯᠢᠺᠶᠠᠴᠢ ᠳᠤ ᠴᠢᠬᠤᠯᠠ ᠡᠭᠦᠷᠭᠡ ᠲᠡᠢ ᠭᠡᠵᠦ ᠦᠵᠡᠳᠡᠭ ᠪᠣᠯ HBeAg ᠍ ᠢ ᠴᠤᠬᠤᠮ ᠶᠠᠬᠤ ᠭᠡᠵᠦ ᠨᠡᠶᠢᠯᠡᠭᠵᠢᠭᠦᠯᠳᠡᠭ ᠲᠠᠯ᠎ᠠ ᠪᠠᠷ ᠣᠳᠣᠬᠠᠨ ᠳᠤ ᠪᠠᠨ ᠪᠢᠳᠡ ᠮᠡᠳᠡᠭᠡ ᠦᠭᠡᠢ ᠯᠠ ᠪᠠᠶᠢᠨ᠎ᠠ᠃

ᠭᠧᠨᠣᠲ᠋ᠢᠫ ᠪᠣᠯᠤᠨ ᠰᠧᠷᠣᠲ᠋ᠢᠫ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠰᠤᠳ ᠸᠢᠷᠦᠰ ᠤᠨ ᠠᠳᠠᠯᠢ HBV ᠨᠢ ᠬᠤᠪᠢᠰᠬᠤ ᠴᠢᠳᠠᠪᠤᠷᠢ ᠥᠨᠳᠥᠷ ᠲᠡᠢ ᠪᠥᠭᠡᠳ ᠣᠨ ᠤᠳᠠᠭᠠᠨ ᠴᠠᠭ ᠤᠨ ᠬᠤᠪᠢᠰᠤᠯ ᠤᠨ ᠦᠷ᠎ᠡ ᠳ᠋ᠦᠩ ᠳᠦ ᠮᠢᠩᠭ᠎ᠠ ᠮᠢᠩᠭᠠᠨ ᠥᠭᠡᠷ᠎ᠡ ᠲᠥᠷᠥᠯ ᠦᠨ HBV ᠡᠭᠦᠰᠦᠨ ᠬᠥᠭᠵᠢᠭᠰᠡᠨ ᠢ ᠭᠧᠨᠣᠲ᠋ᠢᠫ ᠪᠣᠯᠤᠨ ᠰᠧᠷᠣᠲ᠋ᠢᠫ ᠭᠡᠰᠡᠨ ᠨᠡᠷ᠎ᠡ ᠲᠣᠮᠢᠶᠠᠨ ᠤ ᠳᠠᠭᠠᠤ ᠬᠤᠪᠢᠶᠠᠨ ᠠᠩᠭᠢᠯᠠᠳᠠᠭ᠃ ᠰᠧᠷᠣᠲ᠋ᠢᠫ ᠭᠡᠳᠡᠭ ᠨᠢ ᠬᠦᠮᠦᠨ ᠦ ᠴᠢᠰᠤᠨ ᠳᠤ HBV ᠍ ᠦᠨ ᠡᠰᠡᠷᠬᠦ ᠡᠭᠦᠰᠦᠭᠰᠡᠨ ᠡᠰᠡᠷᠬᠦ ᠪᠡᠶ᠎ᠡ ᠲᠡᠢ ᠤᠷᠪᠠᠯ ᠳᠤ ᠤᠷᠤᠬᠤ ᠴᠢᠳᠠᠪᠤᠷᠢ ᠪᠠᠷ ᠨᠢ ᠠᠩᠭᠢᠯᠠᠭᠰᠠᠨ ᠢ ᠬᠡᠯᠡᠳᠡᠭ ᠪᠣᠯ ᠭᠧᠨᠣᠲ᠋ᠢᠫ ᠭᠡᠳᠡᠭ ᠨᠢ ᠲᠤᠬᠠᠢ ᠶᠢᠨ HBV ᠍ ᠦᠨ ᠭᠧᠨᠠᠮ ᠤᠨ ᠠᠳᠠᠯᠢ ᠲᠥᠰᠲᠡᠢ ᠲᠠᠯ ᠤᠳ ᠢᠶᠠᠷ ᠠᠩᠭᠢᠯᠠᠭᠰᠠᠨ ᠠᠩᠬᠢᠯᠠᠯ ᠶᠤᠮ᠃ ᠸᠢᠷᠦᠰ ayw, adw, adr, ayr ᠭᠡᠰᠡᠨ ᠨᠡᠶᠢᠲᠡ ᠳᠦ ᠪᠡᠨ 4 ᠲᠣᠮᠣ ᠰᠧᠷᠣᠲ᠋ᠢᠫ ᠲᠦ ᠠᠩᠭᠢᠯᠠᠭᠳᠠᠳᠠᠭ᠃ ᠡᠳᠡᠭᠡᠷ ᠦᠰᠦᠭ ᠦᠳ ᠨᠢ ᠸᠢᠷᠦᠰ ᠤᠨ HBsAg ᠍ ᠦ ᠠᠮᠢᠨ ᠬᠦᠴᠢᠯ ᠦᠨ ᠳᠠᠷᠠᠭᠠᠯᠠᠯ ᠤᠨ ᠢᠯᠭᠠᠭ᠎ᠠ ᠶᠢ ᠢᠯᠡᠷᠬᠡᠶᠢᠯᠡᠳᠡᠭ ᠪᠥᠭᠡᠳ ᠰᠧᠷᠣᠲ᠋ᠢᠫ ᠥᠪᠡᠷᠮᠢᠴᠡ ᠡᠰᠡᠷᠬᠦ ᠪᠡᠶ᠎ᠡ ᠭᠠᠷᠭᠠᠨ ᠠᠪᠤᠭᠰᠠᠨ ᠲᠠᠢ ᠬᠣᠯᠪᠣᠭᠳᠠᠭᠰᠠᠨ ᠨᠡᠷᠡᠰᠢᠯ ᠶᠤᠮ᠃ ᠡᠭᠦᠨ ᠢ ᠲᠠᠶᠢᠯᠪᠤᠷᠢᠯᠠᠪᠠᠯ᠂ ayw ᠥᠪᠡᠷᠮᠢᠴᠡ ᠡᠰᠡᠷᠬᠦ ᠪᠡᠶ᠎ᠡ ᠨᠢ ayw HBV ᠍ ᠦᠨ ᠡᠰᠡᠷᠬᠦ ᠯᠠ ᠤᠷᠪᠠᠯ ᠶᠠᠪᠤᠭᠤᠯᠬᠤ ᠪᠥᠭᠡᠳ adw, adr, ayr ᠰᠧᠷᠣᠲ᠋ᠢᠫ ᠦᠨ ᠸᠢᠷᠦᠰ ᠲᠠᠢ ᠬᠣᠯᠪᠣᠭᠳᠠᠬᠤ ᠦᠭᠡᠢ ᠭᠡᠰᠡᠨ ᠦᠭᠡ ᠶᠤᠮ᠃ ᠭᠧᠨᠣᠲ᠋ᠢᠫ ᠦᠨ ᠬᠤᠪᠢ ᠳᠤ ᠨᠡᠶᠢᠲᠡ ᠭᠧᠨᠠᠮ ᠤᠨ 8% ᠍ ᠰ ᠳᠡᠭᠡᠭᠰᠢᠬᠢ ᠢᠯᠭᠠᠭ᠎ᠠ ᠲᠠᠢ ᠪᠠᠶᠢᠳᠠᠯ ᠢᠶᠠᠷ ᠨᠡᠶᠢᠲᠡ ᠳᠦ ᠪᠡᠨ 8 ᠰᠢᠷᠬᠡᠭ ᠭᠧᠨᠣᠲ᠋ᠢᠫ ᠲᠦ ᠬᠤᠪᠢᠶᠠᠭᠳᠠᠳᠠᠭ (A, B, C, D, E, F, G, H). ᠭᠧᠨᠣᠲ᠋ᠢᠫ ᠦᠨ ᠪᠣᠯᠤᠨ ᠰᠧᠷᠣᠲ᠋ᠢᠫ ᠦᠨ ᠢᠯᠭᠠᠨ ᠤ ᠭᠣᠣᠯ ᠠᠴᠢ ᠬᠣᠯᠪᠣᠭᠳᠠᠯ ᠨᠢ ᠸᠠᠺᠼᠢᠨᠵᠢᠭᠤᠯᠤᠯᠲᠠ ᠪᠠᠶᠢᠭᠰᠠᠨ ᠪᠥᠭᠡᠳ 1986 ᠣᠨ ᠳᠤ ᠫᠠᠰᠲ᠋ᠸᠷ ᠤᠨ ᠬᠦᠷᠢᠶᠡᠯᠡᠩ ᠳᠦ ᠭᠠᠷᠭᠠᠵᠤ ᠠᠪᠤᠭᠰᠠᠨ ᠷᠧᠺᠣᠮᠪᠢᠨᠠᠨ ᠳᠤ ᠸᠠᠺᠼᠢᠨ ᠨᠢ ᠪᠦᠬᠦ ᠲᠥᠷᠥᠯ ᠦᠨ ᠭᠧᠨᠣᠲ᠋ᠢᠫ ᠪᠣᠯᠤᠨ ᠰᠧᠷᠣᠲ᠋ᠢᠫ ᠲᠦ ᠠᠳᠠᠯᠢᠬᠠᠨ ᠦᠢᠯᠡᠴᠢᠯᠡᠳᠡᠭ ᠢᠶᠡᠷ ᠢᠶᠡᠨ ᠣᠨᠴᠠᠯᠢᠭ ᠶᠤᠮ᠃ ᠲᠠᠷᠬᠠᠯᠲᠠ ᠶᠢᠨ ᠬᠤᠪᠢ ᠳᠤ ᠧᠦ᠋ᠷᠣᠫᠠ᠂ ᠡᠨᠡᠳᠬᠡᠭ᠂ ᠮᠣᠩᠭᠣᠯ ᠳᠤ ayw ᠸᠢᠷᠦᠰ ᠶᠡᠬᠡ ᠪᠡᠷ ᠲᠠᠷᠬᠠᠭᠰᠠᠨ ᠪᠠᠶᠢᠳᠠᠭ ᠪᠣᠯ ᠬᠢᠲᠠᠳ᠂ ᠵᠡᠭᠦᠨ ᠡᠮᠦᠨᠡᠲᠦ ᠠᠽᠢᠶ᠎ᠠ ᠶᠢᠨ ᠣᠷᠣᠨ ᠨᠤᠭᠤᠳ ᠲᠤ adw, adr ᠸᠢᠷᠦᠰ ᠤᠳ ᠶᠡᠬᠡ ᠪᠡᠷ ᠲᠠᠷᠬᠠᠭᠰᠠᠨ ᠪᠠᠶᠢᠳᠠᠭ᠃ ᠡᠯᠢᠭᠡᠨ ᠦ ᠸ ᠸᠢᠷᠦᠰ ᠤᠨ ᠬᠠᠯᠳᠠᠪᠤᠷᠢ ᠠᠪᠤᠭᠰᠠᠨ ᠬᠦᠮᠦᠨ ᠦ ᠴᠢᠰᠤᠨ ᠳᠤ ᠳᠤᠮᠳᠠᠴᠢ ᠪᠠᠷ 10-20 ᠶᠠᠩᠵᠤ ᠶᠢᠨ ᠡᠯᠢᠭᠡᠨ ᠦ ᠸ ᠸᠢᠷᠦᠰ ᠡᠷᠭᠢᠯᠳᠦᠳᠡᠭ ᠪᠥᠭᠡᠳ ᠡᠭᠦᠨ ᠢ quasispecies ᠭᠡᠰᠡᠨ ᠨᠡᠷ᠎ᠡ ᠪᠡᠷ ᠨᠡᠷᠡᠯᠡᠳᠡᠭ᠃ ᠶᠡᠬᠡᠩᠬᠢ ᠲᠣᠬᠢᠶᠠᠯᠳᠤᠯ ᠳᠤ ᠡᠳᠡᠭᠡᠷ ᠸᠢᠷᠦᠰ ᠤᠳ ᠨᠢ ᠨᠢᠭᠡ ᠸᠢᠷᠦᠰ ᠡᠴᠡ ᠭᠠᠷᠤᠯ ᠲᠠᠢ ᠥᠭᠡᠷᠡᠴᠢᠯᠡᠭᠳᠡᠭᠰᠡᠨ ᠬᠤᠪᠢᠯᠪᠤᠷᠢ ᠨᠤᠭᠤᠳ ᠪᠠᠶᠢᠳᠠᠭ ᠪᠥᠭᠡᠳ 2 3 ᠤᠳᠠᠭ᠎ᠠ ᠥᠭᠡᠷ᠎ᠡ ᠥᠭᠡᠷ᠎ᠡ ᠭᠧᠨᠣᠲ᠋ᠢᠫ ᠦᠨ ᠸᠢᠷᠦᠰ ᠤᠨ ᠬᠠᠯᠳᠠᠪᠤᠷᠢ ᠠᠪᠤᠭᠰᠠᠨ ᠲᠣᠬᠢᠶᠠᠯᠳᠤᠯ ᠳᠤ ᠡᠳᠡᠭᠡᠷ ᠥᠭᠡᠷ᠎ᠡ ᠭᠧᠨᠣᠲ᠋ᠢᠫ ᠦᠨ ᠸᠢᠷᠦᠰ ᠤᠳ ᠤᠨ ᠳᠤᠮᠳᠠ ᠠᠴᠠ ᠰᠢᠨ᠎ᠡ ᠭᠧᠨᠣᠲ᠋ᠢᠫ ᠦᠨ ᠸᠢᠷᠦᠰ ᠡᠭᠦᠰᠦᠨ ᠭᠠᠷᠬᠤ ᠪᠣᠯᠤᠮᠵᠢ ᠪᠠᠶᠢᠳᠠᠭ᠃ ᠡᠨᠡ ᠨᠢ ᠸᠢᠷᠦᠰ ᠤᠨ ᠭᠧᠨᠣᠲ᠋ᠢᠫ ᠦᠨ ᠪᠣᠯᠤᠨ ᠰᠦᠪᠭᠧᠨᠣᠲ᠋ᠢᠫ ᠦᠨ ᠲᠣᠭ᠎ᠠ ᠶᠢ ᠶᠡᠬᠡᠰᠭᠡᠬᠦ ᠨᠢᠭᠡ ᠰᠢᠯᠲᠠᠭᠠᠨ ᠨᠢ ᠪᠣᠯᠵᠤ ᠥᠭᠳᠡᠭ᠃

ᠠᠮᠢᠳᠤᠷᠠᠯ ᠤᠨ ᠮᠥᠴᠡᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠰᠤᠳ ᠸᠢᠷᠦᠰ ᠤᠨ ᠨᠢᠭᠡᠨ ᠠᠳᠠᠯᠢ ᠪᠠᠷ ᠡᠯᠢᠭᠡᠨ ᠦ ᠸ ᠸᠢᠷᠦᠰ ᠡᠰ ᠲᠦ ᠨᠡᠪᠲᠡᠷᠡᠨ ᠣᠷᠣᠵᠤ ᠡᠰ ᠦᠨ ᠳᠣᠲᠣᠷ᠎ᠠ ᠦᠷᠡᠵᠢᠨ ᠣᠯᠠᠰᠢᠷᠠᠭᠠᠳ ᠡᠰ ᠡᠴᠡ ᠭᠠᠳᠠᠭᠰᠢᠯᠠᠳᠠᠭ᠃ ᠭᠠᠳᠠᠭᠰᠢᠯᠠᠵᠤ ᠭᠠᠷᠤᠭᠰᠠᠨ ᠰᠢᠨ᠎ᠡ ᠸᠢᠷᠦᠰ ᠤᠳ ᠮᠥᠨ ᠳᠠᠷᠠᠭ᠎ᠠ ᠶᠢᠨ ᠰᠢᠨ᠎ᠡ ᠡᠰ ᠲᠦ ᠨᠡᠪᠲᠡᠷᠡᠨ ᠣᠷᠣᠭᠰᠠᠨ ᠢᠶᠠᠷ ᠸᠢᠷᠦᠰ ᠤᠨ ᠠᠮᠢᠳᠤᠷᠠᠯ ᠤᠨ ᠮᠥᠴᠡᠯᠭᠡ ᠶᠢ ᠳᠠᠪᠲᠠᠳᠠᠭ᠃ ᠲᠡᠭᠡᠬᠦ ᠪᠡᠷ ᠠᠮᠢᠳᠤᠷᠠᠯ ᠤᠨ ᠮᠥᠴᠡᠯᠭᠡ ᠭᠡᠳᠡᠭ ᠨᠢ ᠡᠰ ᠲᠦ ᠨᠡᠪᠲᠡᠨ ᠣᠷᠣᠬᠤ ᠠᠴᠠ ᠡᠬᠢᠯᠡᠭᠡᠳ ᠡᠰ ᠡᠴᠡ ᠭᠠᠳᠠᠭᠰᠢ ᠪᠠᠨ ᠭᠠᠷᠬᠤ ᠬᠦᠷᠲᠡᠯᠡᠬᠢ ᠬᠤᠭᠤᠴᠠᠭ᠎ᠠ ᠶᠤᠮ ᠭᠡᠵᠦ ᠲᠣᠳᠣᠷᠬᠠᠶᠢᠯᠠᠵᠤ ᠪᠣᠯᠤᠨ᠎ᠠ᠃ ᠮᠡᠳᠡᠭᠡᠵᠢ ᠡᠰ ᠦᠨ ᠭᠠᠳᠠᠨ᠎ᠠ ᠪᠠᠶᠢᠬᠤ ᠲᠡᠷᠡ ᠦᠶ᠎ᠡ ᠠᠮᠢᠳᠤᠷᠠᠯ ᠤᠨ ᠮᠥᠴᠡᠯᠭᠡ ᠳᠦ ᠣᠷᠣᠨ᠎ᠠ᠃ ᠶᠡᠬᠡᠩᠬᠢ ᠸᠢᠷᠦᠰ ᠤᠨ ᠬᠤᠪᠢ ᠳᠤ ᠡᠰ ᠲᠦ ᠨᠡᠪᠲᠡᠷᠡᠨ ᠣᠷᠣᠬᠤ ᠳᠤ ᠪᠠᠨ ᠪᠡᠶ᠎ᠡ ᠮᠠᠬᠠᠪᠣᠳ ᠤᠨ ᠴᠢᠬᠤᠯᠠ ᠬᠡᠷᠡᠭᠲᠡᠢ ᠡᠩᠳᠣᠼᠢᠲ᠋ᠣᠵᠠ ᠶᠢᠨ ᠮᠧᠬᠠᠨᠢᠰᠮ ᠤᠳ ᠢ ᠠᠰᠢᠭᠯᠠᠳᠠᠭ᠃ ᠵᠠᠷᠢᠮ ᠸᠢᠷᠦᠰ ᠡᠰ ᠦᠨ ᠭᠠᠳᠠᠨᠠᠬᠢ ᠥᠪᠡᠷ ᠦᠨ ᠷᠧᠼᠧᠫᠲ᠋ᠣᠷ ᠲᠠᠢ ᠨᠢᠭᠡᠳᠦᠭᠰᠡᠨ ᠦ ᠳᠠᠷᠠᠭ᠎ᠠ ᠰᠢᠭᠤᠳ ᠡᠰ ᠦᠨ ᠮᠸᠠᠮᠪᠷᠠᠨ ᠢ ᠵᠦᠰᠦᠵᠦ ᠣᠷᠣᠳᠠᠭ ᠴᠤ ᠮᠧᠬᠠᠨᠢᠰᠮ ᠪᠠᠶᠢᠳᠠᠭ᠃ ᠸ ᠸᠢᠷᠦᠰ ᠤᠨ ᠬᠤᠪᠢ ᠳᠤ ᠶᠠᠮᠠᠷ ᠮᠧᠬᠠᠨᠢᠰᠮ ᠢᠶᠠᠷ ᠡᠰ ᠦᠨ ᠭᠠᠳᠠᠷᠭᠤ ᠳᠠᠬᠢ ᠶᠠᠮᠠᠷ ᠤᠭᠤᠷᠠᠭ ᠢ ᠷᠧᠼᠧᠫᠲ᠋ᠣᠷ ᠪᠣᠯᠭᠠᠨ ᠠᠰᠢᠭᠯᠠᠵᠤ ᠣᠷᠣᠳᠠᠭ ᠨᠢ ᠲᠣᠳᠣᠷᠬᠠᠢ ᠦᠭᠡᠢ ᠪᠠᠶᠢᠭ᠎ᠠ ᠤᠴᠢᠷ ᠠᠴᠠ ᠡᠨᠡ ᠪᠦᠬᠦᠨ ᠢ ᠲᠠᠶᠢᠯᠪᠤᠷᠢᠯᠠᠵᠤ ᠪᠢᠴᠢᠯ᠎ᠡ᠃ ᠶᠡᠬᠡᠩᠬᠢ ᠰᠤᠳᠤᠯᠤᠭᠠᠴᠢᠳ ᠸ ᠸᠢᠷᠦᠰ ᠡᠰ ᠦᠨ ᠭᠠᠳᠠᠷᠭᠤ ᠶᠢᠨ ᠶᠠᠮᠠᠷ ᠨᠢᠭᠡᠨ ᠤᠭᠤᠷᠠᠭ ᠲᠠᠢ (ᠷᠧᠼᠧᠫᠲ᠋ᠣᠷ ᠲᠠᠢ) ᠬᠣᠯᠪᠣᠭᠳᠣᠰᠣᠨ ᠢᠶᠠᠷ ᠡᠰᠡ ᠷᠦᠦ ᠨᠡᠪᠲᠡᠷᠡᠨ ᠣᠷᠣᠳᠠᠭ ᠭᠡᠳᠡᠭ ᠲᠡᠢ ᠰᠠᠨᠠᠯ ᠨᠢᠭᠡᠳᠳᠡᠭ᠃ ᠮᠠᠭᠠᠳ ᠦᠭᠡᠢ 1 ᠪᠢᠰᠢ ᠨᠡᠯᠢᠶᠡᠳ ᠬᠡᠳᠦᠨ ᠤᠭᠤᠷᠠᠭ ᠲᠠᠢ ᠳᠠᠷᠠᠭᠠᠯᠠᠨ ᠬᠣᠯᠪᠣᠭᠳᠠᠳᠠᠭ ᠴᠤ ᠪᠠᠶᠢᠵᠤ ᠪᠣᠯᠬᠤ ᠶᠤᠮ᠃ ᠡᠭᠦᠨ ᠦ ᠳᠠᠷᠠᠭ᠎ᠠ ᠡᠰ ᠦᠨ ᠳᠣᠲᠣᠷ᠎ᠠ ᠣᠷᠣᠭᠰᠠᠨ ᠸᠢᠷᠦᠰ ᠮᠠᠨᠢ ᠡᠰ ᠦᠨ ᠪᠥᠭᠡᠮ ᠷᠦᠦ ᠰᠢᠯᠵᠢᠨ᠎ᠡ᠃ ᠡᠰ ᠦᠨ ᠪᠥᠭᠡᠮ ᠷᠦᠦ ᠨᠡᠪᠲᠡᠷᠡᠨ ᠤᠷᠤᠬᠤ ᠲᠦᠯᠬᠢᠭᠦᠷ ᠨᠢ ᠸ ᠸᠢᠷᠦᠰ ᠤᠨ core ᠤᠭᠤᠷᠠᠭᠲᠤ (nuclear localization signal) ᠪᠠᠶᠢᠷᠢᠯᠠᠳᠠᠭ᠃ ᠨᠢᠭᠡᠨᠲᠡ ᠪᠥᠭᠡᠮ ᠳᠦ ᠨᠡᠪᠲᠡᠷᠡᠨ ᠣᠷᠣᠭᠰᠠᠨ ᠸᠢᠷᠦᠰ ᠨᠢ ᠡᠰ ᠦᠨ ᠭᠧᠨᠠᠮ ᠳᠤ ᠢᠨᠲ᠋ᠧᠭᠷᠠᠼᠢ ᠪᠣᠯᠵᠤ ᠣᠷᠣᠳᠠᠭ ᠦᠭᠡᠢ ᠪᠥᠭᠡᠳ ᠥᠪᠡᠷ ᠦᠨ ᠪᠡᠶ᠎ᠡ ᠪᠡᠨ ᠳᠠᠭᠠᠭᠰᠠᠨ ᠪᠢᠴᠢᠯ ᠾᠷᠣᠮᠣᠰᠤᠮ᠎ᠠ ᠶᠢ ᠡᠭᠦᠰᠬᠡᠳᠡᠭ᠃ ᠡᠭᠦᠨ ᠢ cccDNA ᠭᠡᠵᠦ ᠨᠡᠷᠡᠯᠡᠨ᠎ᠡ᠃ ᠡᠨᠡᠬᠦ ᠪᠢᠴᠢᠯ ᠾᠷᠣᠮᠣᠰᠣᠮ ᠠᠴᠠ ᠸᠢᠷᠦᠰ ᠤᠨ ᠪᠦᠬᠦᠢ ᠯᠠ ᠮᠡᠳᠡᠭᠡᠯᠡᠯ ᠢ ᠬᠠᠭᠤᠯᠤᠭᠰᠠᠨ ᠨᠢᠭᠡ ᠲᠣᠮᠣ mRNA, ᠸᠢᠷᠦᠰ ᠤᠨ ᠭᠠᠳᠠᠷᠭᠤ ᠶᠢᠨ 3 ᠤᠭᠤᠷᠠᠭ ᠢ ᠺᠣᠳᠣᠯᠳᠠᠭ 2 ᠲᠥᠷᠥᠯ ᠦᠨ mRNA, X protein ᠺᠣᠳᠣᠯᠳᠠᠭ 1 mRNA, ᠨᠡᠶᠢᠲᠡ ᠳᠦ ᠪᠡᠨ 4 mRNA ᠨᠡᠶᠢᠯᠡᠭᠵᠢᠳᠡᠭ᠃ ᠬᠠᠮᠤᠭ ᠤᠨ ᠲᠣᠮᠣ mRNA ᠨᠢ pregenomic RNA ᠭᠡᠵᠦ ᠨᠡᠷᠡᠯᠡᠭᠳᠡᠳᠡᠭ ᠪᠥᠭᠡᠳ ᠡᠭᠦᠨ ᠡᠴᠡ ᠰᠢᠨ᠎ᠡ ᠪᠡᠷ ᠭᠠᠷᠬᠤ ᠸᠢᠷᠦᠰ ᠤᠨ ᠳᠧᠽᠣᠺᠰᠢᠷᠢᠪᠨᠢᠺᠯᠧᠢᠨ ᠦ ᠬᠦᠴᠢᠯ᠂ ᠸᠢᠷᠦᠰ ᠤᠨ ᠫᠣᠯᠢᠮᠧᠷᠠᠽ ᠤᠭᠤᠷᠠᠭ᠂ ᠸᠢᠷᠦᠰ ᠤᠨ ᠴᠥᠮ ᠢ ᠪᠦᠷᠢᠳᠦᠭᠦᠯᠦᠭᠴᠢ core ᠠᠭᠤᠷᠤᠭ ᠤᠳ ᠨᠢ ᠨᠡᠶᠢᠯᠡᠭᠵᠢᠨ ᠭᠠᠷᠳᠠᠭ ᠪᠠᠶᠢᠨ᠎ᠠ᠃ ᠡᠶᠢᠮᠦᠷᠬᠡᠦ ᠲᠥᠷᠥᠯ ᠦᠨ ᠠᠮᠢᠳᠤᠷᠠᠯ ᠤᠨ ᠮᠥᠴᠡᠯᠭᠡ ᠲᠡᠢ ᠸᠢᠷᠦᠰ ᠠᠮᠢᠲᠠᠨ ᠳᠤ ᠡᠯᠢᠭᠡᠨ ᠦ ᠸ ᠸᠢᠷᠦᠰ ᠠᠴᠠ ᠥᠭᠡᠷ᠎ᠡ ᠪᠠᠶᠢᠳᠠᠭ ᠦᠭᠡᠢ᠃ ᠶᠡᠬᠡᠩᠬᠢ ᠳᠧᠽᠣᠺᠰᠢᠷᠢᠪᠨᠢᠺᠯᠧᠢᠨ ᠦ ᠬᠦᠴᠢᠯ ᠠᠭᠤᠯᠠᠭᠰᠠᠨ ᠸᠢᠷᠦᠰ ᠤᠳ ᠳᠧᠽᠣᠺᠰᠢᠷᠢᠪᠨᠢᠺᠯᠧᠢᠨ ᠦ ᠬᠦᠴᠢᠯ ᠡᠴᠡ ᠪᠡᠨ ᠳᠧᠽᠣᠺᠰᠢᠷᠢᠪᠨᠢᠺᠯᠧᠢᠨ ᠦ ᠬᠦᠴᠢᠯ ᠢ ᠨᠡᠶᠢᠯᠡᠭᠵᠢᠭᠦᠯᠳᠡᠭ ᠪᠣᠯ ᠡᠯᠢᠭᠡᠨ ᠦ ᠸ ᠸᠢᠷᠦᠰ ᠷᠢᠪᠨᠢᠺᠯᠧᠢ ᠶᠢᠨ ᠬᠦᠴᠢᠯ ᠡᠴᠡ ᠳᠧᠽᠣᠺᠰᠢᠷᠢᠪᠨᠢᠺᠯᠧᠢᠨ ᠦ ᠬᠦᠴᠢᠯ ᠪᠡᠨ ᠨᠡᠶᠢᠯᠡᠭᠵᠢᠭᠦᠯᠵᠦ ᠭᠠᠷᠭᠠᠳᠠᠭ᠃ ᠡᠶᠢᠮᠦ ᠴᠤ ᠤᠴᠢᠷ ᠠᠴᠠ ᠸᠢᠷᠦᠰ ᠤᠨ ᠫᠣᠯᠢᠮᠧᠷᠠᠽ ᠤᠭᠤᠷᠠᠭ ᠢ ᠡᠷᠭᠢᠬᠦ ᠲᠷᠠᠨᠰᠺᠷᠢᠫᠲ᠋ᠠᠽ ᠭᠡᠵᠦ ᠨᠡᠷᠡᠯᠡᠳᠡᠭ᠃ ᠣᠳᠣ ᠦᠶ᠎ᠡ ᠳᠦ ᠪᠢᠳᠡᠨ ᠦ ᠠᠮᠵᠢᠯᠲᠠ ᠲᠠᠢ ᠬᠡᠷᠡᠭᠯᠡᠵᠦ ᠪᠠᠶᠢᠭ᠎ᠠ ᠸ ᠸᠢᠷᠦᠰ ᠤᠨ ᠡᠰᠡᠷᠬᠦ ᠨᠢᠺᠯᠶᠣᠽᠢᠳ ᠤᠨ ᠠᠨᠠᠯᠣᠭ ᠪᠦᠯᠦᠭ ᠦᠨ ᠪᠦᠬᠦ ᠡᠮ ᠨᠢ ᠡᠷᠭᠢᠬᠦ ᠲᠷᠠᠨᠰᠺᠷᠢᠫᠲ᠋ᠠᠽ ᠤᠭᠤᠷᠠᠭ ᠢ ᠬᠣᠷᠢᠭᠯᠠᠳᠠᠭ ᠶᠤᠮ᠃ ᠬᠦᠮᠦᠨ ᠦ ᠪᠡᠶ᠎ᠡ ᠳᠦ ᠡᠷᠭᠢᠬᠦ ᠲᠷᠠᠨᠰᠺᠷᠢᠫᠲ᠋ᠠᠵᠠᠤᠭᠤᠷᠠᠭ ᠪᠠᠶᠢᠳᠠᠭ ᠪᠥᠭᠡᠳ ᠭᠠᠭᠴᠠᠬᠠᠨ ᠡᠭᠦᠳᠦᠯ ᠡᠰ ᠦᠳ ᠪᠣᠯᠤᠨ ᠬᠠᠪᠤᠳᠠᠷ ᠤᠨ ᠡᠰ ᠲᠦ ᠯᠠ ᠢᠳᠡᠪᠬᠢᠲᠡᠢ ᠲᠣᠳᠣᠷᠬᠠᠶᠢᠯᠠᠭᠳᠠᠳᠠᠭ᠃ ᠡᠰ ᠦᠨ ᠥᠪᠡᠷ ᠦᠨ ᠬᠢ ᠭᠧᠨᠠᠮ ᠤᠨ ᠳᠧᠽᠣᠺᠰᠢᠷᠢᠪᠨᠢᠺᠯᠧᠢᠨ ᠦ ᠬᠦᠴᠢᠯ ᠨᠢ ᠡᠰ ᠦᠨ ᠪᠥᠭᠡᠮ ᠳᠣᠲᠣᠷ᠎ᠠ ᠨᠡᠶᠢᠯᠡᠭᠵᠢᠳᠡᠭ ᠪᠣᠯ ᠸᠢᠷᠦᠰ ᠤᠨ ᠳᠧᠽᠣᠺᠰᠢᠷᠢᠪᠨᠢᠺᠯᠧᠢᠨ ᠦ ᠬᠦᠴᠢᠯ ᠨᠢ ᠸᠢᠷᠦᠰ ᠤᠨ ᠴᠥᠮ ᠳᠣᠲᠣᠷ᠎ᠠ ᠪᠠᠨ᠂ ᠡᠰ ᠦᠨ ᠴᠢᠲ᠋ᠣᠫᠯᠠᠽᠮ ᠳᠤ ᠨᠡᠶᠢᠯᠡᠭᠵᠢᠳᠡᠭ ᠪᠠᠶᠢᠨ᠎ᠠ᠃ ᠳᠧᠽᠣᠺᠰᠢᠷᠢᠪᠨᠢᠺᠯᠧᠢᠨ ᠦ ᠬᠦᠴᠢᠯ ᠦᠨ ᠨᠡᠶᠢᠯᠡᠭᠵᠢᠯᠲᠡ ᠳᠠᠭᠤᠰᠤᠭᠰᠠᠨ ᠬᠣᠶᠢᠨ᠎ᠠ ᠸᠢᠷᠦᠰ ᠤᠨ ᠴᠥᠮ᠎ᠡ ᠨᠢ ᠡᠰ ᠦᠨ ᠡᠩᠳᠣᠫᠯᠠᠽᠮ ᠤᠨ ᠲᠣᠷᠯᠣᠭ ᠷᠤ ᠰᠢᠯᠵᠢᠵᠦ ᠡᠩᠳᠣᠫᠯᠠᠽᠮ ᠤᠨ ᠲᠣᠷᠯᠣᠭ ᠳᠡᠭᠡᠷ᠎ᠡ ᠯᠢᠫᠢᠳᠡᠨ ᠪᠦᠷᠬᠦᠭᠦᠯ ᠢᠶᠡᠷ ᠪᠥᠷᠥᠭᠳᠡᠨ ᠤᠯᠠᠮ ᠢᠶᠠᠷ ᠡᠰ ᠡᠴᠡ ᠭᠠᠳᠠᠭᠰᠢᠯᠠᠨ᠎ᠠ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ