ᠡᠯᠢᠭᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠯᠢᠭᠡ ᠪᠣᠯᠤᠨ ᠬᠣᠭᠣᠯᠠ ᠪᠣᠯᠪᠠᠰᠤᠷᠠᠭᠤᠯᠬᠤ ᠲᠣᠭᠲᠠᠯᠴᠠᠭ᠎ᠠ

ᠡᠯᠢᠭᠡ ᠪᠣᠯ ᠬᠦᠮᠦᠨ ᠦ ᠪᠡᠶ᠎ᠡ ᠳ᠋ᠡᠬᠢ ᠬᠠᠮᠤᠭ ᠤᠨ ᠲᠣᠮᠣ ᠪᠤᠯᠴᠢᠷᠬᠠᠢ ᠶᠤᠮ᠃ ᠳᠤᠮᠳᠠᠴᠢ ᠪᠠᠷ 1500 ᠭᠷᠠᠮ ᠵᠢᠩ ᠲᠡᠢ᠃ ᠡᠯᠢᠭᠡ ᠨᠢ ᠰᠥᠰᠥ ᠦᠢᠯᠡᠳᠪᠦᠷᠢᠯᠡᠵᠦ᠂ ᠰᠥᠰᠥ ᠨᠢ ᠰᠥᠰᠦᠨ ᠦ ᠬᠡᠦᠳᠡᠢ ᠳᠦ ᠬᠠᠳᠠᠭᠠᠯᠠᠭᠳᠠᠳᠠᠭ᠃ 12 ᠬᠤᠷᠤᠭᠤ ᠭᠡᠳᠡᠰᠦᠨ ᠳᠦ ᠰᠥᠰᠥ ᠨᠢ ᠥᠭᠡᠬᠦ ᠵᠢ ᠵᠠᠳᠠᠷᠠᠭᠤᠯᠬᠤ ᠦᠢᠯᠡᠳᠦᠯ ᠲᠡᠢ᠃

ᠠᠨᠠᠲ᠋ᠣᠮᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠯᠢᠭᠡ ᠨᠢ ᠥᠷᠥᠴᠡ  ᠶᠢᠨ ᠪᠠᠷᠠᠭᠤᠨ ᠳᠣᠣᠷᠠᠳᠤ ᠬᠦᠩᠬᠦᠷ ᠲᠦ ᠪᠠᠶᠢᠷᠢᠯᠠᠬᠤ ᠬᠡᠪᠡᠯᠢ ᠶᠢᠨ ᠬᠥᠨᠳᠡᠢ ᠶᠢᠨ ᠡᠷᠬᠡᠲᠡᠨ ᠶᠤᠮ᠃ ᠲᠡᠭᠰᠢ ᠭᠠᠳᠠᠷᠭᠤ ᠳᠡᠭᠡᠷ᠎ᠡ ᠪᠠᠶᠢᠷᠢᠯᠠᠭᠤᠯᠤᠭᠰᠠᠨ ᠥᠨᠳᠡᠭᠡ ᠶᠢ ᠪᠠᠷᠠᠭᠤᠨ ᠳᠣᠣᠷᠠᠳᠤ ᠥᠨᠴᠥᠭ ᠡᠴᠡ ᠵᠡᠭᠦᠨ ᠳᠡᠭᠡᠭᠰᠢ ᠨᠠᠯᠠᠤ ᠬᠤᠪᠢᠶᠠᠬᠤ ᠳᠤ ᠡᠭᠦᠰᠬᠦ ᠳᠦᠷᠰᠦ ᠲᠡᠢ ᠠᠳᠠᠯᠢᠳᠬᠠᠵᠤ ᠪᠣᠯᠤᠨ᠎ᠠ᠃ ᠡᠨᠳᠡ ᠡᠴᠡ ᠳᠡᠭᠡᠳᠦ ᠪᠤᠶᠤ ᠥᠷᠦᠴᠡᠨ ᠲᠠᠯ᠎ᠠ᠂ ᠳᠣᠣᠷᠠᠳᠤ ᠲᠠᠯ᠎ᠠ ᠨᠢ ᠬᠦᠮᠦᠨ ᠦ ᠡᠯᠢᠭᠡ ᠤᠷᠢᠳᠤ ᠲᠠᠯ᠎ᠠ ᠠᠴᠠ ᠬᠠᠷᠠᠬᠤ ᠳᠤ 2 ᠬᠡᠰᠡᠭ ᠲᠡᠢ ᠪᠠᠶᠢᠳᠠᠭ ᠪᠣᠯ ᠳᠣᠣᠷ᠎ᠠ ᠠᠴᠠ ᠬᠠᠷᠠᠬᠤ ᠳᠤ 4 ᠬᠡᠰᠡᠭ ᠢ ᠲᠣᠳᠣᠷᠬᠠᠢ ᠬᠠᠷᠠᠵᠤ ᠪᠣᠯᠤᠨ᠎ᠠ᠃ 《H》 ᠦᠰᠦᠭ ᠢᠶᠡᠷ ᠡᠳᠡᠭᠡᠷ ᠬᠡᠰᠡᠭ ᠦᠳ ᠢ ᠵᠠᠭᠠᠭᠯᠠᠵᠤ ᠪᠣᠯᠤᠨ᠎ᠠ᠃ ᠵᠡᠭᠦᠨ ᠲᠠᠯ᠎ᠠ-lobus sinister ᠂ ᠪᠠᠷᠠᠭᠤᠨ ᠲᠠᠯ᠎ᠠ-lobus dexter᠂ ᠤᠷᠳᠤ ᠲᠠᠯ᠎ᠠ ᠶᠢᠨ ᠳᠥᠷᠪᠡᠯᠵᠢᠨ ᠬᠡᠰᠡᠭ-lobus quadratus᠂ ᠠᠷᠤ ᠲᠠᠯ᠎ᠠ ᠶᠢᠨ ᠰᠡᠭᠦᠯ ᠳᠦ ᠬᠡᠰᠡᠭ-lobus caudatus᠃ 《H》 ᠦᠰᠦᠭ ᠤᠨ ᠬᠥᠨᠳᠡᠯᠡᠨ ᠵᠠᠭᠠᠭ ᠳᠡᠭᠡᠷ᠎ᠡ ᠡᠯᠢᠭᠡᠨ ᠦ ᠡᠭᠦᠳᠡ ᠪᠠᠶᠢᠷᠢᠯᠠᠨ᠎ᠠ᠃ ᠡᠯᠢᠭᠡᠨ ᠳᠤ ᠡᠯᠢᠭᠡᠨ ᠦ ᠯᠤᠭᠰᠢᠭᠤᠨ ᠰᠤᠳᠠᠯ ᠪᠠ ᠡᠯᠢᠭᠡᠨ ᠦ ᠰᠦᠷᠴᠢᠭᠦᠷ ᠴᠣᠷᠭᠣ ᠠᠭᠤᠯᠠᠨ᠎ᠠ᠃

ᠡᠰ ᠦᠨ ᠲᠥᠷᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠯᠢᠭᠡᠨ ᠳᠦ ᠬᠣᠶᠠᠷ ᠭᠣᠣᠯ ᠲᠥᠷᠥᠯ ᠦᠨ ᠡᠰ ᠪᠠᠶᠢᠳᠠᠭ ᠫᠠᠷᠧᠨᠴᠢᠮᠠᠯ ᠪᠠ ᠫᠠᠷᠧᠨᠴᠢᠮᠠᠯ ᠪᠤᠰᠤ᠃ ᠡᠯᠢᠭᠡᠨ ᠦ ᠡᠵᠡᠯᠡᠬᠦᠨ ᠦ 80% ᠨᠢ ᠫᠠᠷᠧᠨᠴᠢᠮᠠᠯ ᠡᠰ ᠡᠴᠡ ᠪᠥᠷᠢᠳᠦᠨ᠎ᠡ᠂ ᠬᠠᠷᠢᠨ ᠫᠠᠷᠧᠨᠴᠢᠮᠠᠯ ᠪᠤᠰᠤ ᠡᠰ ᠡᠯᠢᠭᠡᠨ ᠳᠣᠲᠣᠷᠠᠬᠢ ᠡᠰ  ᠤᠨ ᠲᠣᠭᠠᠨ ᠤ 40% ᠍ ᠶᠢ ᠡᠵᠡᠯᠡᠬᠦ ᠪᠣᠯᠪᠠᠴᠤ ᠡᠵᠡᠯᠡᠬᠦᠨ ᠦ 6.5% ᠍ ᠶᠢ ᠡᠵᠡᠯᠡᠳᠡᠭ᠃

ᠡᠭᠦᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠯᠢᠭᠡ ᠨᠢ ᠮᠥᠨ ᠪᠦᠬᠦ ᠲᠥᠷᠥᠯ ᠦᠨ ᠬᠣᠣᠷ ᠲᠠᠢ ᠪᠣᠳᠠᠰ ᠢ ᠵᠠᠳᠠᠯᠵᠤ ᠢᠯᠭᠠᠷᠠᠭᠤᠯᠬᠤ ᠡᠭᠦᠷᠭᠡ ᠲᠡᠢ᠃ ᠵᠢᠱᠢᠶ᠎ᠡ ᠨᠢ ᠬᠠᠮᠢᠶ᠎ᠠ ᠦᠭᠡᠢ ᠡᠮ ᠬᠡᠷᠡᠭᠯᠡᠭᠰᠡᠨ ᠲᠣᠬᠢᠶᠠᠳᠠᠯ ᠳᠤ ᠡᠯᠢᠭᠡ ᠨᠢ ᠬᠣᠣᠷᠳᠠᠵᠤ ᠭᠡᠮᠲᠦᠵᠦ ᠪᠣᠯᠤᠨ᠎ᠠ᠂ ᠮᠥᠨ ᠬᠦᠮᠦᠨ ᠦ ᠭᠠᠷ ᠬᠤᠷᠤᠭᠤᠨ ᠳᠡᠭᠡᠷ᠎ᠡ ᠳᠤᠰᠤᠭᠰᠠᠨ ᠬᠢᠮᠢ ᠶᠢᠨ ᠪᠣᠳᠠᠰᠤᠨ ᠨᠤᠭᠤᠳ᠂ ᠤᠭᠢᠶᠠᠯᠭ᠎ᠠ ᠶᠢᠨ ᠨᠤᠨᠲᠠᠭ᠂ ᠫᠷᠢᠨᠲ᠋ᠧᠷ ᠦᠨ ᠬᠣᠣᠷ ᠵᠡᠷᠭᠡ ᠶᠢ ᠡᠯᠢᠭᠡ ᠳᠣᠲᠣᠷ᠎ᠠ ᠠᠴᠠ ᠨᠢ ᠴᠢᠰᠤᠨ ᠤ ᠡᠷᠭᠢᠯᠲᠡ ᠪᠡᠷ ᠳᠠᠮᠵᠢᠭᠤᠯᠵᠤ ᠴᠡᠪᠡᠷᠯᠡᠬᠦ ᠵᠠᠳᠠᠯᠬᠤ ᠠᠶᠤᠯᠲᠠᠢ ᠬᠦᠨᠳᠦ ᠡᠭᠦᠷᠭᠡ ᠶᠢ ᠭᠦᠢᠴᠡᠳᠭᠡᠳᠡᠭ᠃ ᠲᠡᠶᠢᠮᠦ ᠡᠴᠡ ᠶᠠᠮᠠᠷ ᠴᠤ ᠬᠢᠮᠢ ᠶᠢᠨ ᠪᠣᠳᠠᠰ ᠲᠠᠢ ᠬᠠᠷᠢᠴᠠᠬᠤ ᠳᠤ ᠪᠠᠨ ᠬᠦᠮᠦᠨ ᠵᠠᠪᠠᠯ ᠰᠢᠶᠠᠩᠵᠢᠶᠤᠤ ᠪᠡᠭᠡᠯᠡᠢ ᠡᠮᠦᠰᠴᠦ᠂ ᠠᠮᠠᠨ ᠪᠦᠳᠦᠭᠡᠯᠬᠡ ᠵᠡᠭᠦᠵᠦ ᠡᠯᠢᠭᠡ  ᠢᠶᠡᠨ ᠬᠠᠮᠠᠭᠠᠯᠠᠬᠤ ᠶᠣᠰᠣᠲᠠᠢ᠃

ᠦᠢᠯᠡ ᠠᠵᠢᠯᠯᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠯᠢᠭᠡ ᠨᠢ ᠪᠡᠶ᠎ᠡ ᠮᠠᠬᠠᠪᠤᠳ ᠤᠨ ᠱᠠᠭᠠᠷᠳᠠᠯᠭ᠎ᠠ ᠲᠠᠢ ᠳᠤᠯᠠᠭᠠᠨ ᠤ 1/3 ᠍ ᠶᠢ ᠭᠠᠷᠭᠠᠬᠤ ᠪᠠ ᠪᠦᠬᠦ ᠴᠢᠰᠤᠨ ᠤ ᠡᠷᠭᠢᠯᠲᠡ᠂ ᠥᠭᠡᠬᠦ ᠲᠣᠰᠤᠨ ᠤ ᠮᠣᠯᠧᠺᠤᠯ᠂ ᠪᠤᠰᠤᠳ ᠪᠦᠬᠦ ᠰᠣᠯᠢᠯᠴᠠᠭ᠎ᠠ ᠶᠢ ᠶᠠᠪᠤᠭᠤᠯᠤᠨ᠎ᠠ᠃ 24 ᠴᠠᠭ ᠲᠤ 2000 L ᠴᠢᠰᠤ ᠳᠠᠮᠵᠢᠨ ᠥᠩᠭᠡᠷᠡᠨ᠎ᠡ᠃ 70 ᠨᠠᠰᠤᠲᠠᠢ ᠬᠦᠮᠦᠨ ᠦ ᠡᠯᠢᠭᠡ ᠠᠮᠢᠳᠤᠷᠠᠯ ᠤᠨ ᠢᠶᠠᠨ ᠲᠤᠷᠰᠢᠳᠠ ᠳᠤᠮᠳᠠᠴᠢ ᠪᠠᠷ 1.5% ᠨᠡᠭᠦᠷᠡᠰᠦᠲᠥ᠋ᠷᠥᠭᠴᠢ ᠤᠰᠤᠲᠤ ᠨᠢᠭᠡᠳᠪᠦᠷᠢ ᠵᠢ ᠪᠣᠯᠪᠠᠰᠤᠷᠠᠭᠤᠯᠵᠤ ᠵᠠᠳᠠᠷᠠᠭᠤᠯᠳᠠᠭ᠃ ᠡᠨᠡ ᠨᠢ ᠴᠢᠰᠤᠨ ᠳᠠᠬᠢ ᠰᠢᠬᠢᠷ ᠦᠨ ᠬᠡᠮᠵᠢᠶ᠎ᠡ ᠶᠢ ᠵᠣᠬᠢᠴᠠᠭᠤᠯᠤᠨ᠎ᠠ ᠭᠡᠰᠡᠨ ᠦᠭᠡ᠃ ᠡᠨᠡ ᠦᠢᠯᠡ ᠠᠵᠢᠯᠯᠠᠭᠠᠨ ᠳᠤ ᠨᠣᠶᠢᠷ ᠪᠤᠯᠴᠢᠷᠬᠠᠢ᠂ ᠪᠥᠭᠡᠷᠡᠨ ᠦ ᠳᠡᠭᠡᠳᠦ ᠪᠤᠯᠴᠢᠷᠬᠠᠢ ᠣᠷᠣᠯᠴᠠᠵᠤ ᠪᠡᠶ᠎ᠡ ᠳ᠋ᠡᠬᠢ ᠦᠵᠦᠮ ᠦᠨ ᠰᠢᠬᠢᠷ ᠍ ᠤᠨ ᠬᠡᠮᠵᠢᠶ᠎ᠡ ᠶᠢ ᠨᠠᠷᠢᠨ ᠪᠠᠷᠢᠵᠤ ᠪᠠᠶᠢᠳᠠᠭ᠃ ᠵᠠᠷᠢᠮ ᠳᠤ ᠪᠠᠨ ᠦᠵᠦᠮ ᠦᠨ ᠰᠢᠬᠢᠷ  ᠢ ᠠᠩᠬᠠᠨ ᠪ ᠰᠢᠬᠢᠷ ᠪᠣᠯᠭᠠᠵᠤ᠂ ᠵᠠᠷᠢᠮ ᠳᠤ ᠪᠠᠨ ᠠᠩᠬᠠᠨ ᠪ ᠰᠢᠬᠢᠷ ᠢ ᠦᠵᠦᠮ ᠦᠨ ᠰᠢᠬᠢᠷ ᠪᠣᠯᠭᠠᠵᠤ ᠬᠡᠷᠡᠭᠴᠡᠭᠡᠲᠦ ᠭᠠᠵᠠᠷ ᠨᠢ ᠬᠦᠷᠭᠡᠨ᠎ᠡ᠃ ᠡᠯᠢᠭᠡ ᠨᠢ ᠴᠢᠰᠤ ᠪᠦᠯᠦᠭᠨᠡᠭᠦᠯᠬᠦ ᠬᠡᠳᠦ ᠬᠡᠳᠦᠨ ᠶᠠᠪᠤᠴᠠ ᠢ ᠤᠳᠤᠷᠢᠳᠥᠵᠤ᠂ ᠳᠠᠷᠬᠠᠯᠠᠨ ᠤ ᠬᠡᠳᠦ ᠬᠡᠳᠦᠨ ᠴᠢᠬᠤᠯᠠ ᠤᠭᠤᠷᠠᠭ ᠢ ᠢᠯᠭᠠᠷᠠᠭᠤᠯᠵᠤ ᠴᠢᠰᠤᠨ ᠳᠤ ᠨᠡᠶᠢᠯᠡᠭᠦᠯᠳᠡᠭ᠃ ᠱᠠᠭᠠᠷᠳᠠᠯᠭ᠎ᠠ ᠲᠠᠢ ᠲᠡᠮᠦᠷ ᠢ ᠨᠥᠭᠡᠴᠡᠯᠡᠨ᠎ᠡ᠃ ᠰᠥᠰᠥ ᠶᠢᠨ ᠬᠦᠴᠢᠯ ᠦᠨ ᠲᠤᠰᠠᠯᠠᠮᠵᠢ ᠲᠠᠢ ᠪᠠᠷ ᠥᠭᠡᠬᠦ ᠲᠣᠰᠣ ᠶᠢ ᠮᠣᠯᠧᠺᠤᠯ ᠪᠣᠯᠭᠠᠨ ᠵᠠᠳᠠᠯᠵᠤ᠎ᠠ᠂ D᠂ E᠂ K ᠸᠢᠲ᠋ᠠᠮᠢᠨ  ᠤᠳ ᠢ ᠵᠣᠬᠢᠴᠠᠭᠤᠯᠵᠤ ᠢᠯᠡᠭᠦᠦ ᠶᠢ ᠨᠥᠭᠡᠴᠡᠯᠡᠨ᠎ᠡ᠃

ᠰᠥᠰᠥ ᠳᠠᠮᠵᠢᠬᠤ ᠵᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠯᠢᠭᠡ ᠪᠣᠯᠤᠨ ᠰᠥᠰᠥ ᠳᠠᠮᠵᠢᠬᠤ ᠵᠠᠮ
  • ᠡᠯᠢᠭᠡᠨ ᠦ ᠳᠣᠲᠣᠷᠠᠬᠢ
  • ᠡᠯᠢᠭᠡᠨ ᠦ ᠭᠠᠳᠠᠭᠤᠷᠬᠢ ᠰᠥᠰᠥ ᠳᠠᠮᠵᠢᠬᠤ ᠵᠠᠮ: ductus hepaticus dexter+ductus hepaticus sinister=》ductus hepaticus communis=》 +ductus cysticus=》 ductus choledochus

ᠰᠥᠰᠥ ᠨᠢ ᠶᠡᠷᠦᠩᠬᠡᠢ ᠴᠣᠷᠭᠣ (ductus choledochus) 12 ᠬᠤᠷᠤᠭᠤ ᠭᠡᠳᠡᠰᠦ ᠲᠡᠢ ᠨᠡᠶᠢᠯᠡᠬᠦ ᠣᠷᠴᠢᠮ ᠳᠤ ᠪᠠᠨ ᠴᠠᠭᠠᠷᠢᠭᠠᠨ ᠪᠤᠯᠴᠢᠩ ᠠᠭᠤᠯᠠᠨ᠎ᠠ᠃ 12 ᠬᠤᠷᠤᠭᠤ ᠭᠡᠳᠡᠰᠦ ᠬᠣᠭᠣᠯᠠ ᠲᠡᠵᠢᠭᠡᠯ ᠢ ᠬᠣᠳᠣᠭᠣᠳᠣᠨ ᠠᠴᠠ ᠬᠦᠯᠢᠶᠡᠵᠦ ᠠᠪᠤᠭ᠎ᠠ ᠦᠭᠡᠢ ᠪᠤᠶᠤ ᠬᠣᠭᠣᠰᠣᠨ ᠪᠠᠶᠢᠬᠤ ᠦᠶ᠎ᠡ ᠳᠦ ᠡᠨᠡᠬᠦ ᠴᠠᠭᠠᠷᠢᠭᠠᠨ ᠪᠤᠯᠴᠢᠩ ᠴᠣᠷᠭᠤ ᠶᠢ ᠬᠠᠭᠠᠯᠲᠠᠲᠠᠢ ᠪᠠᠶᠢᠯᠭᠠᠳᠠᠭ᠃ ᠡᠭᠦᠨ ᠦ ᠲᠤᠰᠠᠯᠠᠮᠵᠢ ᠲᠠᠢ ᠪᠠᠷ ᠰᠥᠰᠦᠨ ᠦ ᠶᠡᠷᠦᠩᠬᠡᠢ ᠴᠣᠷᠭᠣᠨ ᠳᠠᠬᠢ ᠳᠠᠷᠤᠯᠲᠠ ᠥᠰᠦᠭᠰᠡᠨ ᠢᠶᠡᠷ ᠡᠯᠢᠭᠡᠨ ᠳᠦ ᠦᠢᠯᠡᠳᠪᠦᠷᠢᠯᠡᠭᠳᠡᠭᠰᠡᠨ ᠰᠥᠰᠥ ᠰᠥᠰᠦᠨ ᠦ ᠴᠣᠷᠭᠣ(ductus cysticus) ᠤᠷᠤᠭᠤ ᠣᠷᠣᠨ᠎ᠠ᠃ ᠰᠥᠰᠦᠨ ᠦ ᠬᠡᠦᠳᠡᠢ ᠳᠦ ᠰᠥᠰᠥ ᠤᠰᠤ ᠪᠣᠯᠤᠨ ᠳᠠᠪᠤᠰᠤᠨ ᠤ ᠬᠦᠴᠢᠯ ᠢᠶᠡᠨ ᠠᠯᠳᠠᠨ ᠰᠢᠮᠡᠭᠳᠡᠭᠰᠡᠨ ᠢᠶᠡᠷ ᠰᠥᠰᠥ ᠢᠯᠡᠭᠦᠦ  ᠨᠢᠭᠲᠠᠷᠠᠵᠤ ᠥᠭᠭᠦᠨ᠎ᠡ᠃ ᠥᠭᠡᠬᠦ ᠲᠣᠰᠣ ᠲᠠᠢ ᠬᠣᠭᠣᠯᠠ ᠲᠡᠵᠢᠭᠡᠯ ᠨᠢ ᠬᠣᠳᠣᠭᠣᠳᠣ ᠭᠡᠳᠡᠰᠦᠨ ᠦ ᠬᠤᠷᠮᠥᠨ ᠨᠤᠭᠤᠳ ᠢ (ᠵᠢᠱᠢᠶᠡᠯᠡᠪᠡᠯ ᠄ ᠰᠥᠰᠥᠨ ᠤᠭᠤᠲᠠ ᠶᠢ ᠠᠪᠴᠢᠭᠤᠯᠬᠤ ᠡᠳ᠋ ) ᠥᠳᠥᠭᠡᠨ᠎ᠡ᠃ ᠤᠭ ᠬᠤᠷᠮᠥᠨ ᠰᠥᠰᠦᠨ ᠦ ᠬᠡᠦᠳᠡᠢ ᠳᠦ ᠨᠥᠯᠦᠭᠡᠯᠡᠭᠰᠡᠨ ᠢᠶᠡᠷ ᠲᠡᠨᠳᠡ ᠳᠠᠷᠤᠯᠲᠠ ᠶᠡᠬᠡᠰᠬᠦ ᠲᠡᠷᠡ ᠮᠥᠴᠡ ᠳᠦ ᠴᠠᠭᠠᠷᠢᠭ ᠪᠤᠯᠴᠢᠩ ᠰᠥᠰᠦᠨ ᠦ ᠶᠡᠷᠦᠩᠬᠡᠢ ᠴᠣᠷᠭᠣ ᠶᠢᠨ ᠰᠦᠪᠡ ᠶᠢ ᠨᠡᠭᠡᠭᠡᠵᠦ ᠥᠭᠭᠦᠭᠰᠡᠨ ᠢᠶᠡᠷ ᠪᠠᠭ᠎ᠠ ᠬᠡᠮᠵᠢᠶᠡᠨ ᠦ ᠰᠥᠰᠥ ᠰᠥᠰᠦᠨ ᠦ ᠬᠡᠦᠳᠡᠢ ᠡᠴᠡ 12 ᠬᠤᠷᠤᠭᠤ ᠭᠡᠳᠡᠰᠦ ᠤᠷᠤᠭᠤ ᠴᠢᠳᠬᠤᠨ᠎ᠠ᠃

http://wiki.uhaan.com/index.php?title=ᠡᠯᠢᠭᠡ&oldid=485087》 ᠍  ᠡᠴᠡ ᠠᠪᠤᠭᠰᠠᠨ

ᠪᠢᠴᠢᠭᠡᠰᠦ