ᠡᠯᠡᠰᠦᠲᠦ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠯᠡᠰᠦᠲᠦ ᠬᠣᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠪᠦᠭᠦᠳᠡ ᠨᠠᠶᠢᠷᠠᠮᠳᠠᠬᠤ ᠤᠯᠤᠰ ᠤᠨ ᠳᠣᠣᠷᠠᠬᠢ ᠬᠣᠲᠠ
ᠡᠯᠡᠰᠦᠲᠦ ᠬᠣᠲᠠ ᠶᠢᠨ ᠲᠥᠪ ᠲᠦ ᠪᠠᠶᠢᠬᠤ ᠰᠢᠲᠠᠷ᠎ᠠ ᠶᠢᠨ ᠳᠦᠷᠰᠦᠨ ᠨᠦᠭᠦᠳ

ᠰᠦᠯᠳᠡ ᠲᠤᠭ

ᠰᠦᠯᠳᠡ ᠲᠡᠮᠳᠡᠭ
ᠣᠷᠣᠰ ᠬᠣᠯᠪᠣᠭᠠᠨ ᠤ ᠤᠯᠤᠰ ᠳᠠᠬᠢ ᠪᠦᠭᠦᠳᠡ ᠨᠠᠶᠢᠷᠠᠮᠳᠠᠬᠤ ᠬᠠᠯᠢᠮᠠᠭ ᠤᠯᠤᠰ ᠤᠨ ᠪᠠᠶᠢᠷᠢᠰᠢᠯ

ᠡᠯᠡᠰᠦᠲᠦ
ᠣᠷᠣᠰ ᠬᠣᠯᠪᠣᠭᠠᠨ ᠤ ᠤᠯᠤᠰ ᠳᠠᠬᠢ ᠪᠦᠭᠦᠳᠡ ᠨᠠᠶᠢᠷᠠᠮᠳᠠᠬᠤ ᠬᠠᠯᠢᠮᠠᠭ ᠤᠯᠤᠰ ᠤᠨ ᠪᠠᠶᠢᠷᠢᠰᠢᠯ
ᠡᠵᠡᠨ ᠤᠯᠤᠰ ᠣᠷᠣᠰ ᠣᠷᠣᠰ (ᠣᠷᠣᠰ ᠬᠣᠯᠪᠣᠭᠠᠨ ᠤ ᠤᠯᠤᠰ)
ᠬᠣᠯᠪᠣᠭᠠᠨ ᠤ ᠲᠣᠭᠣᠷᠢᠭ ᠡᠮᠦᠨᠡᠲᠦ ᠬᠣᠯᠪᠣᠭᠠᠨ ᠤ ᠲᠣᠭᠣᠷᠢᠭ
ᠭᠠᠵᠠᠷ ᠨᠤᠲᠤᠭ 726 ᠺᠦᠸᠠᠳ᠋ ᠺᠢᠯᠣᠮᠧᠲ᠋ᠷ
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 620 ᠮ
ᠬᠦᠮᠦᠨ ᠠᠮᠠ 1,473,551 ᠬᠦᠮᠦᠨ
1865 ᠣᠨ ᠳᠤ ᠰᠠᠭᠤᠷᠢᠨ ᠡᠭᠦᠰᠦᠭᠰᠡᠨ
ᠴᠠᠭ ᠤᠨ ᠪᠥᠰᠡ ᠭᠦᠷᠴᠢ ᠶᠢᠨ ᠴᠠᠭ (ГЦ+4)
ᠤᠲᠠᠰᠤᠨ ᠳ᠋ᠣᠭᠠᠷ (+995) 32
ᠴᠠᠬᠢᠮ ᠭᠠᠵᠠᠷ gorod-elista.ru
Shaxmaty2.jpg

ᠡᠯᠡᠰᠦᠲᠦ (ᠬᠠᠯᠠ᠃ ᠡᠯᠡᠰᠦᠲᠦ; Oirad: ᡄᠯᡄᠰᡉᡐᡉ ᡋᠠᠯᡎᠠᠰᡅᠨ / ᠡᠯᠡᠰᠦᠲᠦ ᠪᠠᠯᠭᠠᠰᠢᠨ), ᠥᠭᠡᠷ᠎ᠡ ᠪᠡᠷ ᠪᠠᠰᠠ ᠡᠯᠡᠰᠦ ᠲᠡᠢ (ᠣᠷᠣᠰ ᠶᠢᠡᠷ ᠡᠯᠢᠰᠲᠠ ᠭᠡᠳᠡᠭ ᠡᠴᠡ ᠤᠯᠪᠠᠭᠠᠯᠠᠨ) ᠬᠡᠮᠡᠨ ᠳᠠᠭᠤᠳᠠᠳᠠᠭ ᠨᠢ — ᠣᠷᠣᠰ ᠤᠨ ᠬᠣᠯᠪᠣᠭᠠᠨ ᠤ ᠤᠯᠤᠰ ᠍ ᠤᠨ ᠪᠦᠷᠢᠯᠳᠦᠬᠦᠨ ᠳ᠋ᠡᠬᠢ ᠪᠦᠭᠦᠳᠡ ᠨᠠᠶᠢᠷᠠᠮᠳᠠᠬᠤ ᠬᠠᠯᠢᠮᠠᠭ ᠤᠯᠤᠰ ᠍ ᠤᠨ ᠨᠡᠶᠢᠰᠯᠡᠯ ᠬᠣᠲᠠ. 2010 ᠣᠨ ᠤ ᠲᠣᠭᠠᠯᠠᠯᠭ᠎ᠠ ᠪᠠᠷ ᠪᠣᠯ 103,728 ᠣᠷᠣᠰᠢᠨ ᠰᠠᠭᠤᠭᠴᠢ ᠲᠠᠢ ᠪᠠᠶᠢᠨ᠎ᠠ᠃[1]

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰ ᠤᠨ ᠬᠠᠮᠵᠢᠯᠭᠠᠲᠤ ᠲᠠᠷᠢᠶᠠᠴᠢᠨ ᠰᠲ᠋ᠧᠫᠠᠨ ᠫᠷᠣᠺᠣᠫᠢᠶᠧᠸᠢᠴ ᠺ ᠦᠺᠣᠸ 1862 ᠣᠨ ᠤ ᠬᠠᠪᠤᠷ ᠨᠢᠭᠡᠨ ᠬᠠᠯᠢᠮᠠᠭ ᠤᠨ ᠵᠥᠪᠯᠡᠭᠰᠡᠨ ᠢᠶᠡᠷ ᠪᠠᠶᠢᠰᠢᠩ ᠪᠠᠷᠢᠭᠰᠠᠨ ᠢᠶᠠᠷ ᠰᠠᠭᠤᠷᠢ ᠲᠠᠯᠪᠢᠭᠳᠠᠵᠠᠢ᠃ 1865 ᠣᠨ ᠭᠡᠬᠦ ᠳᠦ ᠡᠯᠡᠰᠦᠲᠦ 15 ᠪᠠᠶᠢᠰᠢᠩ ᠪᠠᠷᠢᠭᠳᠠᠭᠰᠠᠨ ᠪᠠᠶᠢᠪᠠ᠃ ᠡᠭᠦᠨ ᠡᠴᠡ 1865 ᠣᠨ ᠳᠤ ᠡᠯᠡᠰᠦᠲᠦ ᠬᠣᠲᠠ ᠶᠢ ᠡᠭᠦᠰᠬᠡᠨ ᠪᠠᠶᠢᠭᠤᠯᠤᠭᠳᠠᠭᠰᠠᠨ ᠭᠡᠵᠦ ᠦᠵᠡᠳᠡᠭ᠃ 1930 ᠣᠨ ᠠᠴᠠ "ᠡᠯᠡᠰᠦᠲᠦ" ᠬᠣᠲᠠ ᠶᠢᠨ ᠵᠡᠷᠭᠡ ᠶᠢ ᠤᠯᠪᠠ᠃ 1942 ᠣᠨ ᠤ 8 ᠰᠠᠷ᠎ᠠ ᠳᠤ ᠡᠯᠡᠰᠦᠲᠦ ᠬᠣᠲᠠ ᠭᠧᠷᠮᠠᠨᠴᠤᠳ ᠲᠤ ᠡᠵᠡᠯᠡᠭᠳᠡᠵᠡᠢ᠃ 1944-1957 ᠣᠨ ᠤ ᠬᠣᠭᠣᠷᠣᠨᠳᠣ ᠡᠯᠡᠰᠦᠲᠦ ᠬᠣᠲᠠ ᠶᠢ "ᠰᠲ᠋ᠧᠫᠨᠨᠠᠢ" ᠭᠡᠵᠦ ᠨᠡᠷᠡᠯᠡᠨ ᠰᠲ᠋ᠠᠦ᠋ᠷᠣᠫᠣᠯᠢ ᠮᠤᠵᠢᠡᠶᠢᠨ ᠨᠢᠭᠡᠨ ᠬᠡᠰᠡᠭ ᠭᠡᠵᠦ ᠦᠵᠡᠳᠡᠭ ᠪᠠᠶᠢᠭᠰᠠᠨ ᠦᠶ᠎ᠡ ᠪᠤᠢ᠃

ᠶᠡᠷᠦᠩᠬᠡᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠥᠳᠥᠷ ᠡᠯᠡᠰᠦᠲᠦᠬᠣᠲᠠ ᠬᠠᠯᠢᠮᠠᠭ ᠤᠨ ᠤᠯᠤᠰ ᠲᠥᠷᠥ᠂ ᠡᠳ᠋ ᠍ ᠦᠨ ᠵᠠᠰᠠᠭ᠂ ᠰᠤᠶᠤᠯ ᠤᠨ ᠲᠥᠪ᠃ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ᠃ 1940 ᠣᠨ ᠤ 8 ᠰᠠᠷ᠎ᠠ ᠶᠢᠨ 7 ᠍ ᠳᠦ ᠡᠨᠡ ᠬᠣᠳᠠ ᠳᠤ 42.9 ᠬᠡᠮ ᠦᠨ ᠬᠠᠯᠠᠭᠤᠨ ᠪᠣᠯᠵᠤ ᠪᠠᠶᠢᠴᠠᠢ᠃ ᠬᠠᠷᠢᠨ 1935 ᠣᠨ ᠤ 1 ᠰᠠᠷ᠎ᠠ ᠶᠢᠨ 8 ᠍ ᠳᠦ 34 ᠬᠡᠮ ᠦᠨ ᠬᠦᠢᠲᠡᠨ ᠪᠣᠯᠤᠭᠰᠠᠨ ᠪᠠᠶᠢᠨ᠎ᠠ᠃ 2010 ᠣᠨ ᠤ ᠪᠠᠶᠢᠳᠠᠯ ᠢᠶᠠᠷ ᠡᠯᠡᠰᠦᠲᠦ ᠬᠣᠲᠠ 10 ᠪᠢᠴᠢᠯ ᠬᠣᠷᠢᠶᠠᠯᠠᠯ᠂ ᠪᠠᠷᠠᠭᠤᠨ ᠬᠣᠶᠢᠳᠤ᠂ ᠡᠮᠦᠨᠡᠲᠦ᠂ ᠳᠡᠭᠦᠷᠭᠡ ᠳᠦ ᠬᠤᠪᠢᠶᠠᠭᠳᠠᠳᠠᠭ᠃

ᠰᠤᠶᠤᠯ᠂ ᠭᠡᠭᠡᠷᠡᠯ᠂ ᠦᠵᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠯᠡᠰᠦᠲᠦ ᠬᠣᠳᠠ ᠳᠤ "ᠵᠢᠩᠭᠠᠷ" ᠬᠡᠦᠬᠡᠳ ᠦᠨ ᠲᠢᠶᠠᠲ᠋ᠷ᠂ ᠬᠣᠱᠣᠩ ᠱᠣᠭ᠂ ᠳ᠋ᠷᠠᠮ ᠤᠨ ᠲᠢᠶᠠᠲ᠋ᠷ᠂ ᠪ᠃ᠪᠠᠰᠤᠩᠭᠤᠪ ᠤᠨ ᠨᠡᠷᠡᠮᠵᠢᠲᠦ ᠬᠠᠯᠢᠮᠠᠭ ᠤᠨ ᠤᠯᠤᠰ ᠤᠨ ᠶᠡᠬᠡ ᠲᠢᠶᠠᠲ᠋ᠷ᠂᠎ᠠ᠃ᠮ᠃ᠠᠮᠤᠷᠰᠠᠨᠠᠭ᠎ᠠ ᠶᠢᠨ ᠨᠡᠷᠡᠮᠵᠢᠲᠦ ᠨᠣᠮ ᠤᠨ ᠰᠠᠩ᠂ ᠨ᠃ᠣᠴᠢᠷ ᠤᠨ ᠨᠡᠷᠡᠮᠵᠢᠲᠦ ᠬᠡᠦᠬᠡᠳ ᠦᠨ ᠨᠣᠮ ᠤᠨ ᠰᠠᠩ᠂᠎ᠠ᠃ᠰ᠃ᠫᠤᠱᠺᠢᠨ ᠤ ᠨᠡᠷᠡᠮᠵᠢᠲᠦ ᠬᠣᠲᠠ ᠶᠢᠨ ᠨᠣᠮ ᠤᠨ ᠰᠠᠩ᠂ ᠨ᠃ᠨ᠃ᠫᠠᠯᠮᠣᠸ ᠤᠨ ᠨᠡᠷᠡᠮᠵᠢᠲᠦ ᠣᠷᠣᠨ ᠨᠤᠲᠤᠭ ᠰᠤᠳᠤᠯᠤᠯ ᠤᠨ ᠮᠦᠽᠧᠢ᠂ ᠬᠠᠯᠢᠮᠠᠭ ᠤᠨ ᠳᠦᠷᠰᠦᠯᠡᠬᠦ ᠤᠷᠠᠯᠢᠭ ᠤᠨ ᠮᠦᠽᠧᠢ᠂ ᠪᠤᠳ᠋ᠳ᠋ᠾᠠᠶᠢᠰᠮ ᠤᠨ ᠲᠡᠦᠬᠡ ᠶᠢᠨ ᠮᠦᠽᠧᠢ᠂ ᠰᠤᠶᠤᠯ ᠤᠨ ᠣᠷᠳᠣᠨ᠂ ᠤᠯᠤᠰ ᠤᠨ ᠺᠣᠨᠼᠧᠷᠲ ᠤᠨ ᠲᠠᠩᠬᠢᠮ᠂ 《ᠷᠣᠳᠠᠨ᠎ᠠ》 ᠰᠤᠶᠤᠯ ᠤᠨ ᠲᠥᠪ᠂ 《ᠣᠺᠲ᠋ᠶᠠᠪᠷᠢ》 ᠺᠢᠨᠣ᠋ ᠲᠢᠶᠠᠲ᠋ᠷ ᠠᠵᠢᠯᠯᠠᠳᠠᠭ᠃ ᠬᠣᠲᠠ ᠶᠢᠨ ᠲᠥᠪ ᠲᠦ ᠸ᠃ᠢ᠃ ᠯᠧᠨᠢᠨ ᠤ ᠨᠡᠷᠡᠮᠵᠢᠲᠦ ᠲᠠᠯᠠᠪᠠᠢ ᠳᠤ 《ᠫᠠᠭᠣᠳᠠ ᠨᠠ 7 ᠳᠨᠧᠢ》 ᠤᠰᠤᠨ ᠣᠷᠭᠢᠯᠤᠭᠤᠷ᠂ ᠰᠢᠲᠠᠷ᠎ᠠ ᠶᠢᠨ ᠲᠠᠯᠠᠪᠠᠢ ᠪᠤᠢ᠃ ᠡᠯᠡᠰᠦᠲᠦ ᠬᠣᠲᠠ ᠶᠢᠨ ᠥᠨᠳᠥᠷ ᠳᠣᠪᠣᠴᠠᠭ ᠳᠡᠭᠡᠷ᠎ᠡ ᠬᠠᠯᠢᠮᠠᠭ ᠤᠨ ᠨᠡᠶᠢᠰᠯᠡᠯ ᠢ ᠴᠢᠯᠦᠭᠡᠯᠡᠭᠰᠡᠨ ᠲᠠᠩᠺ ᠤᠨ ᠪᠷᠢᠭᠠᠳ᠋ ᠍ ᠲᠤ ᠵᠣᠷᠢᠭᠤᠯᠤᠭᠰᠠᠨ ᠬᠥᠰᠢᠶ᠎ᠡ᠂ 《ᠳᠠᠷᠤᠵᠤᠪᠠ》 ᠫᠠᠷᠺᠠᠳ 《ᠪᠣᠷᠲᠤᠬᠠ》 ᠷᠠᠰᠢᠶᠠᠨ ᠤ ᠪᠤᠯᠠᠭ ᠪᠤᠢ᠃ ᠪᠤᠳ᠋ᠳ᠋ᠾᠠ ᠪᠤᠷᠬᠠᠨ ᠤ ᠬᠥᠰᠢᠶ᠎ᠡ᠂ ᠵᠢᠩᠭᠠᠷ ᠲᠤᠤᠯᠢ ᠶᠢᠨ ᠬᠥᠰᠢᠶ᠎ᠡ᠂ ᠬᠠᠯᠢᠮᠠᠭ ᠤᠨ ᠴᠥᠯᠡᠯᠭᠡ ᠶᠢᠨ ᠳᠤᠷᠠᠰᠬᠠᠯ ᠤᠨ ᠴᠣᠭᠴᠠᠯᠠᠪᠤᠷᠢ «ᠢᠰᠬᠤ ᠳᠤ ᠢ ᠸᠣᠽᠸᠠᠷᠱᠧᠨᠧ»᠂ ᠰᠢᠲ᠋ᠢ ᠴᠧᠰ ᠰᠢᠲᠠᠷ᠎ᠠ ᠶᠢᠨ ᠣᠷᠳᠣᠨ ᠵᠡᠷᠭᠡ ᠵᠢᠭᠤᠯᠴᠢᠳ ᠤᠨ ᠠᠩᠬᠠᠷᠤᠯ ᠲᠠᠲᠠᠳᠠᠭ ᠭᠠᠵᠠᠷ ᠤᠳ ᠪᠤᠢ᠃ ᠡᠯᠡᠰᠦ ᠳᠦ ᠬᠣᠲᠠ ᠶᠢᠨ ᠬᠠᠮᠤᠭ ᠤᠨ ᠡᠷᠲᠡᠨ ᠦ ᠪᠠᠷᠢᠯᠭ᠎ᠠ ᠨᠢ 1907 ᠣᠨ ᠳᠤ ᠪᠠᠷᠢᠭᠳᠠᠭᠰᠠᠨ ᠤᠯᠠᠭᠠᠨ ᠰᠤᠷᠭᠠᠭᠤᠯᠢ ᠶᠤᠮ᠃ ᠡᠯᠡᠰᠦᠲᠦ ᠬᠣᠳᠠ ᠳᠤ ᠳᠥᠷᠪᠡᠨ ᠲᠣᠮᠣ ᠲᠠᠯᠠᠪᠠᠢ᠂ ᠨᠢᠭᠡ ᠥᠷᠭᠡᠨ ᠴᠢᠯᠦᠭᠡ᠂ ᠨᠢᠭᠡ ᠴᠡᠴᠡᠷᠯᠢᠭ ᠲᠦ ᠭᠤᠳᠤᠮᠵᠢ ᠪᠤᠢ᠃ ᠡᠯᠡᠰᠦᠲᠦ ᠬᠣᠲᠠ ᠶᠢᠨ ᠶᠡᠬᠡᠩᠬᠢ ᠭᠤᠳᠤᠮᠵᠢ ᠨᠢ ᠣᠷᠣᠰ ᠨᠡᠷ᠎ᠡ ᠲᠡᠢ᠃ ᠭᠡᠪᠡᠴᠦ ᠬᠠᠯᠢᠮᠠᠭ᠂ ᠮᠣᠩᠭᠣᠯ ᠨᠡᠷ᠎ᠡ ᠲᠡᠢ ᠭᠤᠳᠤᠮᠵᠢ ᠴᠥᠭᠡᠨ ᠦᠭᠡᠢ᠃ ᠵᠢᠱᠢᠶ᠎ᠡ ᠨᠢ᠂ ᠰᠦᠬᠡᠪᠠᠭᠠᠲᠤᠷ ᠤᠨ ᠭᠤᠳᠤᠮᠵᠢ᠂ ᠬᠠᠯᠬ᠎ᠠ ᠭᠣᠣᠯ ᠤᠨ ᠭᠤᠳᠤᠮᠵᠢ᠂ ᠠᠯᠲᠠᠨ ᠪᠤᠯᠠᠭ ᠭᠤᠳᠤᠮᠵᠢ᠂ ᠷᠠᠰᠢᠶᠠᠨ ᠤ ᠭᠤᠳᠤᠮᠵᠢ᠂ ᠪᠠᠮᠪᠠ ᠴᠡᠴᠡᠭ ᠭᠤᠳᠤᠮᠵᠢ᠂ ᠪᠠᠷᠠᠭᠤᠨ ᠭᠠᠷ ᠭᠤᠳᠤᠮᠵᠢ᠂ ᠵᠡᠭᠦᠨ ᠭᠠᠷ ᠭᠤᠳᠤᠮᠵᠢ᠂ ᠵᠢᠩᠭᠠᠷ ᠤᠨ ᠭᠤᠳᠤᠮᠵᠢ᠂ ᠬᠠᠪᠤᠷ ᠤᠨ ᠳᠤᠩ ᠭᠤᠳᠤᠮᠵᠢ ᠶᠢ ᠨᠡᠷᠡᠯᠡᠵᠦ ᠪᠣᠯᠤᠨ᠎ᠠ᠃

ᠡᠷᠡᠭᠦᠯ ᠮᠡᠨᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

1988 ᠣᠨ ᠳᠤ ᠡᠯᠡᠰᠦᠲᠦ ᠬᠣᠳᠠ ᠳᠤ ДОХ ᠍ ᠶᠢᠨ ᠬᠠᠯᠳᠠᠪᠤᠷᠢ ᠨᠢᠭᠡᠨ ᠵᠡᠷᠭᠡ ᠣᠯᠠᠨ ᠬᠦᠩ ᠳᠦ ᠲᠠᠷᠬᠠᠭᠰᠠᠨ ᠶᠠᠪᠤᠳᠠᠯ ᠪᠦᠷᠢᠳᠬᠡᠭᠳᠡᠵᠡᠢ᠃ ᠲᠤᠬᠠᠢ ᠶᠢᠨ ᠦᠶ᠎ᠡ ᠳᠦ ᠠᠷᠢᠭᠤᠳᠬᠠᠭ᠎ᠠ ᠦᠭᠡᠢ ᠵᠡᠭᠦᠦ ᠲᠠᠷᠢᠭᠤᠷ ᠢ ᠬᠡᠷᠡᠭᠯᠡᠭᠰᠡᠨ ᠦ ᠤᠷᠰᠢᠭ ᠢᠶᠠᠷ ᠨᠢᠭᠡᠨ ᠵᠡᠷᠭᠡ 40 ᠭᠠᠷᠤᠢ ᠬᠦᠮᠦᠨ ДОХ ᠍ ᠤᠨ ᠸᠢᠷᠦᠰ ᠤᠨ ᠬᠠᠯᠳᠠᠪᠤᠷᠢ ᠠᠪᠤᠭᠰᠠᠨ ᠪᠠᠶᠢᠨ᠎ᠠ᠃ 1988 ᠣᠨ ᠠᠴᠠ ᠬᠣᠶᠢᠰᠢ 2011 ᠣᠨ ᠢ ᠬᠦᠷᠲᠡᠯᠡᠬᠢ ᠬᠤᠭᠤᠴᠠᠭᠠᠨ ᠳᠤ ᠬᠠᠯᠢᠮᠠᠭ ᠲᠤ ᠨᠡᠶᠢᠲᠡ ᠳᠦ ᠪᠡᠨ ДОХ ᠍ ᠤᠨ ᠸᠢᠷᠦᠰ ᠤᠨ ᠬᠠᠯᠳᠠᠪᠤᠷᠢ ᠠᠪᠤᠭᠰᠠᠨ 300 ᠭᠠᠷᠤᠢ ᠲᠣᠬᠢᠶᠠᠯᠳᠤᠯ ᠪᠦᠷᠢᠳᠬᠡᠭᠳᠡᠭᠰᠡᠨ ᠡᠴᠡ 90 ᠣᠷᠴᠢᠮ ᠨᠢ ᠨᠠᠰᠤ ᠪᠠᠷᠠᠵᠠᠢ᠃

ᠨᠡᠶᠢᠲᠡ ᠶᠢᠨ ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠯᠡᠰᠦᠲᠦ ᠬᠣᠳᠠ ᠳᠤ ᠲᠣᠮᠣ ᠣᠪᠣᠷ ᠤᠨ ᠠᠦ᠋ᠲ᠋ᠣᠪᠦ᠋ᠰ ᠨᠡᠶᠢᠲᠡ ᠶᠢᠨ ᠲᠡᠭᠡᠭᠡᠪᠦᠷᠢ ᠶᠢᠨ ᠦᠢᠯᠡᠴᠢᠯᠡᠭᠡᠨ ᠳᠦ ᠶᠠᠪᠤᠳᠠᠭ ᠦᠭᠡᠢ᠂ ᠵᠥᠪᠬᠡᠨ ᠮᠢᠺᠷᠣ᠋ ᠠᠦ᠋ᠲ᠋ᠣᠪᠦ᠋ᠰ ᠦᠢᠯᠡᠴᠢᠯᠡᠳᠡᠭ᠃ 2012 ᠣᠨ ᠤ ᠪᠠᠶᠢᠳᠠᠯ ᠢᠶᠠᠷ ᠬᠣᠲᠠ ᠶᠢᠨ ᠨᠡᠶᠢᠲᠡ ᠶᠢᠨ ᠲᠡᠭᠡᠭᠡᠪᠦᠷᠢ ᠳᠦ 10 ᠭᠠᠷᠤᠢ ᠲᠣᠭᠲᠠᠮᠠᠯ ᠴᠢᠭᠯᠡᠯ ᠢᠶᠡᠷ ᠮᠢᠺᠷᠣ᠋ ᠠᠦ᠋ᠲ᠋ᠣᠪᠦ᠋ᠰ ᠦᠢᠯᠡᠴᠢᠯᠡᠵᠦ ᠪᠠᠶᠢᠨ᠎ᠠ᠃ ᠲᠠᠰᠤᠯᠪᠤᠷᠢ ᠶᠢᠨ ᠦᠨ᠎ᠡ 10 ᠷᠦᠪᠯᠢ᠃ ᠦᠢᠯᠡᠴᠢᠯᠡᠭᠡᠨ ᠳᠦ ᠲᠷᠣᠯᠯᠧᠢᠪᠦ᠋ᠰ᠂ ᠠᠦ᠋ᠲ᠋ᠣᠪᠦ᠋ᠰ᠂ ᠮᠢᠺᠷᠣᠪᠦ᠋ᠰ᠂ ᠲᠠᠺᠰᠢ᠂ ᠳᠤᠣᠪᠦ᠋ᠰ ᠵᠡᠷᠭᠡ ᠦᠢᠯᠡᠴᠢᠯᠡᠳᠡᠭ᠃

ᠡᠯᠡᠰᠦᠲᠦ ᠬᠣᠲᠠ ᠶᠢᠨ ᠨᠡᠶᠢᠲᠡ ᠶᠢᠨ ᠲᠡᠭᠡᠭᠡᠪᠦᠷᠢ ᠶᠢᠨ ᠴᠢᠭᠯᠡᠯ ᠦᠳ
ᠳ᠋ᠤᠭᠠᠷ ᠴᠢᠭᠯᠡᠯ
1 8 ᠍ ᠳᠦᠭᠡᠷ ᠪᠢᠴᠢᠯ ᠬᠣᠷᠢᠶᠠᠯᠠᠯ — ᠫᠣᠯᠧ ᠴᠤᠳ᠋ᠧᠰ
2 ЖДВ — ᠳᠧᠵᠠᠨᠠᠪᠰᠺᠠᠶ᠎ᠠ ᠭᠤᠳᠤᠮᠵᠢ
5 6 ᠍ ᠳᠦᠭᠡᠷ ᠪᠢᠴᠢᠯ ᠬᠣᠷᠢᠶᠠᠯᠠᠯ — 1 ᠍ ᠳᠦᠭᠡᠷ ᠪᠢᠴᠢᠯ ᠬᠣᠷᠢᠶᠠᠯᠠᠯ (ᠵᠠᠯᠠᠭᠤᠴᠤᠳ)
6 8 ᠍ ᠳᠦᠭᠡᠷ ᠪᠢᠴᠢᠯ ᠬᠣᠷᠢᠶᠠᠯᠠᠯ — ᠲᠡᠮᠦᠷ ᠵᠠᠮ ᠤᠨ ᠪᠠᠭᠤᠳᠠᠯ
7 ᠤᠯᠠ᠃ ᠪᠠᠷᠠᠭᠤᠨ ᠭᠠᠷ ᠭᠤᠳᠤᠮᠵᠢ — ᠰᠢᠲ᠋ᠢ-ᠴᠧᠰ
9 1 ᠍ ᠳᠦᠭᠡᠷ ᠪᠢᠴᠢᠯ ᠬᠣᠷᠢᠶᠠᠯᠠᠯ — ᠲᠡᠮᠦᠷ ᠵᠠᠮ ᠤᠨ ᠪᠠᠭᠤᠳᠠᠯ
10 ᠲᠡᠮᠦᠷ ᠵᠠᠮ ᠤᠨ ᠪᠠᠭᠤᠳᠠᠯ — ᠷᠠᠰᠢᠶᠠᠨ ᠤ ᠭᠤᠳᠤᠮᠵᠢ
11 ᠲᠡᠮᠦᠷ ᠵᠠᠮ ᠤᠨ ᠪᠠᠭᠤᠳᠠᠯ — ᠪᠠᠷᠠᠭᠤᠨ ᠭᠠᠷ
12 ᠰᠲ᠋ᠤᠳ᠃ ᠭᠣᠷᠣᠳᠣᠺ — 8 ᠍ ᠳᠦᠭᠡᠷ ᠪᠢᠴᠢᠯ ᠬᠣᠷᠢᠶᠠᠯᠠᠯ
15 ᠡᠯᠡᠰᠦᠲᠦ — ᠷᠠᠰᠢᠶᠠᠨ
17 ᠡᠮᠦᠨᠡᠲᠦ — ᠲᠡᠮᠦᠷ ᠵᠠᠮ ᠤᠨ ᠪᠠᠭᠤᠳᠠᠯ
19 ᠪᠠᠷᠠᠭᠤᠨ ᠬᠣᠶᠢᠳᠤ — 8 ᠍ ᠳᠦᠭᠡᠷ ᠪᠢᠴᠢᠯ ᠬᠣᠷᠢᠶᠠᠯᠠᠯ
20 ᠬᠡᠦᠬᠡᠳ ᠦᠨ ᠡᠮᠨᠡᠯᠭᠡ — 8 ᠍ ᠳᠦᠭᠡᠷ ᠪᠢᠴᠢᠯ ᠬᠣᠷᠢᠶᠠᠯᠠᠯ (ᠡᠬᠢᠨ ᠦ ᠠᠦ᠋ᠲ᠋ᠣᠪᠦ᠋ᠰ: 8 ᠍ ᠳᠦᠭᠡᠷ ᠪᠢᠴᠢᠯ ᠬᠣᠷᠢᠶᠠᠯᠠᠯ — КИТ᠂ ᠲᠡᠭᠦᠨ ᠡᠴᠡ ᠬᠣᠶᠢᠰᠢ 8 ᠍ ᠳᠦᠭᠡᠷ ᠪᠢᠴᠢᠯ ᠬᠣᠷᠢᠶᠠᠯᠠᠯ — ᠨᠣᠭᠣᠭᠠᠨ ᠤ ᠵᠠᠬ᠎ᠠ)
21 ᠲᠡᠮᠦᠷ ᠵᠠᠮ ᠤᠨ ᠪᠠᠭᠤᠳᠠᠯ — 8 ᠍ ᠳᠦᠭᠡᠷ ᠪᠢᠴᠢᠯ ᠬᠣᠷᠢᠶᠠᠯᠠᠯ
23 ᠺᠢᠷᠪᠠᠽᠠᠷᠨᠠᠶ᠎ᠠ ᠭᠤᠳᠤᠮᠵᠢ — 8 ᠍ ᠳᠦᠭᠡᠷ ᠪᠢᠴᠢᠯ ᠬᠣᠷᠢᠶᠠᠯᠠᠯ
25 ᠲᠡᠮᠦᠷ ᠵᠠᠮ ᠤᠨ ᠪᠠᠭᠤᠳᠠᠯ — 6 ᠍ ᠳᠦᠭᠡᠷ ᠪᠢᠴᠢᠯ ᠬᠣᠷᠢᠶᠠᠯᠠᠯ
26 6 ᠍ ᠳᠦᠭᠡᠷ ᠪᠢᠴᠢᠯ ᠬᠣᠷᠢᠶᠠᠯᠠᠯ — ᠫᠣᠯᠧ ᠴᠤᠳ᠋ᠧᠰ
27 6 ᠍ ᠳᠦᠭᠡᠷ ᠪᠢᠴᠢᠯ ᠬᠣᠷᠢᠶᠠᠯᠠᠯ — ᠡᠮᠦᠨᠡᠲᠦ
40 ᠲᠡᠮᠦᠷ ᠵᠠᠮ ᠤᠨ ᠪᠠᠭᠤᠳᠠᠯ — СИЗО (ᠴᠤᠴᠠᠯᠠᠭᠳᠠᠭᠰᠠᠨ)

ᠬᠦᠮᠦᠨᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠯᠡᠰᠦᠲᠦ ᠬᠣᠲᠠ ᠳᠠᠬᠢ ᠪᠤᠳᠤᠳᠠᠭ ᠤᠨ ᠪᠠᠷᠢᠮᠠᠯ
ᠵᠢᠯ ᠬᠦᠮᠦᠨ ᠠᠮᠠ (ᠮᠢᠩᠭᠠᠨ ᠬᠦᠮᠦᠨ᠃)
1939 17,1
1959 23,171
1970 49,827
1979 70,282
1989 89,695
2002 104,254
2004 103,8
2005 103,3
2006 103,0
2007 102,7
2008 102,6
2009 102,8
2010 103,1

ᠱᠠᠰᠢᠨ ᠰᠢᠲᠦᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠣᠷᠣᠰ ᠬᠣᠯᠪᠣᠭᠠᠨ ᠤ ᠤᠯᠤᠰ ᠤᠨ 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠤᠷᠢᠳᠴᠢᠯᠠᠭᠰᠠᠨ ᠳᠦᠩᠭᠡ ᠪᠡᠷ

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠡᠯᠡᠰᠦᠲᠦ»
http://wiki.uhaan.com/index.php?title=ᠡᠯᠡᠰᠦᠲᠦ&oldid=424705》 ᠍  ᠡᠴᠡ ᠠᠪᠤᠭᠰᠠᠨ

ᠪᠢᠴᠢᠭᠡᠰᠦ