ᠡᠮ ᠢᠶᠠᠩᠥᠯ ᠠᠳᠧᠪᠠᠶᠢᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠮ ᠢᠶᠠᠩᠥᠯ ᠠᠳᠧᠪᠠᠶᠢᠷ
Emmanuel Adebayor - Lech - Manchester 026.jpg
ᠠᠳᠧᠪᠠᠶᠢᠷ 2010 ᠣᠨ ᠳᠤ᠃
ᠬᠤᠪᠢ ᠶᠢᠨ ᠮᠡᠳᠡᠭᠡᠯᠡᠯ
ᠪᠦᠲᠦᠨ ᠨᠡᠷ᠎ᠡᠡᠮ ᠢᠶᠠᠩᠥᠯ ᠱᠠᠢ ᠠᠳᠧᠪᠠᠶᠢᠷ[1]
ᠲᠦᠷᠦᠭᠰᠡᠨ ᠣᠩᠨᠠᠭ᠎ᠠ1984 ᠣᠨ ᠤ 2 ᠰᠠᠷ᠎ᠠ ᠶᠢᠨ 26 (1984-02-26) (35 ᠨᠠᠰᠣᠳᠠᠢ)[2]
ᠲᠦᠷᠦᠭᠰᠡᠨ ᠭᠠᠵᠠᠷᠲᠣᠭᠣᠯᠣᠮᠧ
ᠥᠨᠳᠥᠷ1.91 ᠮ
ᠪᠠᠶᠢᠷᠢᠯᠠᠯᠳᠣᠪᠲᠣᠯᠤᠭᠴᠢ
ᠪᠠᠭ ᠤᠨ ᠮᠡᠳᠡᠭᠡᠯᠡᠯ
ᠣᠳᠣ ᠶᠢᠨ ᠪᠠᠭᠲᠣᠳᠲ᠋ᠧᠨᠭᠡᠮ ᠬᠣᠲᠠᠰᠫᠦ᠋ᠷ
ᠳ᠋ᠤᠭᠠᠷ10
ᠮᠡᠷᠭᠡᠵᠢᠯ ᠦᠨ ᠵᠠᠮᠨᠠᠯ*
ᠣᠨᠪᠠᠭᠣᠷᠣᠯᠴᠠᠭᠰᠠᠨ ᠤᠳᠠᠭ᠎ᠠ (ᠪᠥᠮᠪᠥᠭᠡ)
2001–2003ᠮᠧᠼ44(15)
2003–2006ᠮᠤᠨᠠᠺᠣ78(18)
2006–2009ᠠᠷᠰᠧᠨᠠᠯ104(46)
2009–2012 ᠮᠠᠴᠧᠰᠲ᠋ᠧᠷ ᠰᠢᠲ᠋ᠢ34(15)
2011ᠷᠧᠠᠯ ᠮᠠᠳᠷᠢᠳ
(ᠵᠡᠭᠡᠯᠢ)
14(5)
2011–2012ᠲᠣᠳᠲ᠋ᠧᠨᠭᠡᠮ ᠬᠣᠲᠠᠰᠫᠦ᠋ᠷ
(ᠵᠡᠭᠡᠯᠢ)
33(17)
2012–ᠲᠣᠳᠲ᠋ᠧᠨᠭᠡᠮ ᠬᠣᠲᠠᠰᠫᠦ᠋ᠷ46(16)
ᠰᠢᠭᠰᠢᠭᠡ ᠪᠠᠭ
2000–ᠲᠣᠭᠣ57(27)
* ᠮᠡᠷᠭᠡᠵᠢᠯ ᠦᠨ ᠵᠠᠮᠨᠠᠯ ᠤᠨ ᠲᠣᠭᠯᠠᠯᠲᠠ ᠶᠢᠨ (ᠭᠣᠣᠯ) ᠦᠵᠡᠭᠦᠯᠦᠯᠲᠡ ᠶᠢ ᠳᠣᠲᠣᠭᠠᠳᠤ ᠶᠢᠨ ᠯᠢᠭ ᠲᠡᠢ ᠨᠢ ᠤᠶᠠᠯᠳᠤᠭᠤᠯᠤᠭᠰᠠᠨ ᠪᠣᠯᠤᠨ᠎ᠠ᠃ ᠰᠡᠭᠦᠯ ᠳᠦ ᠰᠢᠨᠡᠴᠢᠯᠡᠭᠰᠡᠨ: 2014 ᠣᠨ ᠤ 5 ᠰᠠᠷ᠎ᠠ ᠶᠢᠨ 11.

† ᠭᠠᠷ ᠢᠶᠠᠨ (ᠭᠣᠣᠯ).

‡ ᠰᠢᠭᠰᠢᠭᠡ ᠪᠠᠭ ᠤᠨ ᠭᠠᠷ ᠢᠶᠠᠨ ᠪᠣᠯᠤᠨ ᠭᠣᠣᠯ ᠢ ᠰᠡᠭᠦᠯ ᠳᠦ ᠰᠢᠨᠡᠴᠢᠯᠡᠭᠰᠡᠨ: 2013 ᠣᠨ ᠤ 7 ᠰᠠᠷ᠎ᠠ ᠶᠢᠨ 9

ᠡᠮ ᠢᠶᠠᠩᠥᠯ ᠱᠠᠢ ᠠᠳᠧᠪᠠᠶᠢᠷ (ᠹᠷᠠᠨᠼᠢ ᠪᠠᠷ Sheyi Emmanuel Adebayor, 1984 ᠣᠨ ᠤ ᠬᠣᠶᠠᠳᠤᠭᠠᠷ ᠰᠠᠷ᠎ᠠ ᠶᠢᠨ 26 ᠍ ᠳᠦ ᠲᠦᠷᠦᠭᠰᠡᠨ) — ᠲᠣᠭᠣᠭᠡᠶᠢᠨ ᠬᠥᠯ ᠪᠥᠮᠪᠥᠭᠡᠴᠢᠨ ᠪᠥᠭᠡᠳ ᠲᠣᠳᠲ᠋ᠧᠨᠭᠡᠮ ᠬᠣᠲᠠᠰᠫᠦ᠋ᠷ ᠪᠣᠯᠤᠨ ᠲᠣᠭᠣᠭ ᠤᠨ ᠰᠢᠭᠰᠢᠭᠡ ᠶᠢᠨ ᠳᠣᠪᠲᠣᠯᠤᠭᠴᠢ ᠶᠤᠮ᠃

ᠲᠡᠷᠡᠪᠡᠷ ᠲᠣᠭᠣᠭ ᠤᠨ ᠰᠢᠭᠰᠢᠭᠡ ᠪᠠᠭ ᠲᠤ 2000-2009 ᠣᠨ ᠤ ᠬᠣᠭᠣᠷᠣᠨᠳᠣ ᠲᠣᠭᠯᠠᠵᠤ ᠪᠠᠶᠢᠭᠰᠠᠨ ᠪᠠ 2010 ᠣᠨ ᠤ ᠳᠥᠷᠪᠡᠳᠦᠭᠡᠷ ᠰᠠᠷ᠎ᠠ ᠶᠢᠨ 12 ᠍ ᠳᠦ ᠪᠤᠶᠤ ᠥᠪᠡᠷ ᠦᠨ ᠨᠢ ᠪᠣᠯᠤᠨ ᠨᠤᠲᠤᠭ ᠨᠢᠭᠡᠲᠦ ᠲᠣᠭᠯᠠᠭᠴᠢᠳ ᠤᠨ ᠰᠠᠭᠤᠵᠤ ᠶᠠᠪᠤᠭᠰᠠᠨ ᠠᠦ᠋ᠲ᠋ᠣᠪᠦ᠋ᠰ ᠷᠤ ᠨᠡᠭᠡᠭᠡᠭᠰᠡᠨ ᠭᠠᠯ ᠳᠤ ᠬᠠᠯᠳᠠᠯᠭ᠎ᠠ ᠶᠢᠨ ᠳᠠᠷᠠᠭᠠᠬᠢ 3 ᠰᠠᠷ ᠤᠨ ᠳᠠᠷᠠᠭ᠎ᠠ ᠵᠣᠳᠣᠭ ᠲᠠᠶᠢᠯᠤᠭᠰᠠᠨ ᠪᠢᠯᠡ᠃ ᠠᠳᠧᠪᠠᠶᠢᠷ ᠮᠧᠼᠮᠤᠨᠠᠺᠣ ᠪᠣᠯᠤᠨ ᠠᠷᠰᠧᠨᠠᠯ ᠪᠠᠭ ᠤᠳ ᠲᠤ ᠲᠣᠭᠯᠠᠵᠤ ᠪᠠᠶᠢᠭᠰᠠᠨ ᠪᠥᠭᠡᠳ ᠠᠹᠷᠢᠺᠠ ᠶᠢᠨ ᠣᠨ ᠤ ᠰᠢᠯᠢᠳᠡᠭ ᠬᠥᠯᠪᠥᠮᠪᠥᠭᠴᠢᠨ ᠢᠶᠡᠷ 2008 ᠣᠨ ᠳᠤ ᠨᠡᠷᠡᠯᠡᠭᠳᠡᠵᠦ ᠪᠠᠶᠢᠪᠠ᠃[3]

ᠵᠠᠮᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

2004 ᠣᠨ ᠤ ᠠᠪᠣᠷᠭᠣᠴᠣᠳ ᠤᠨ ᠯᠢᠭ ᠦᠨ ᠰᠢᠭᠰᠢᠭᠡ ᠲᠣᠭᠯᠠᠯᠲᠠᠨ ᠳᠤ ᠹᠷᠠᠨᠼᠢ ᠍ ᠤᠨ ᠮᠤᠨᠠᠺᠣ ᠪᠠᠭ ᠢ ᠲᠥᠯᠥᠭᠡᠯᠡᠨ ᠣᠷᠣᠯᠴᠠᠵᠤ[4] ᠪᠠᠶᠢᠭᠰᠠᠨ ᠠᠳᠧᠪᠠᠶᠢᠷ 2006 ᠣᠨ ᠤ ᠨᠢᠭᠡᠳᠦᠭᠡᠷ ᠰᠠᠷ᠎ᠠ ᠶᠢᠨ 13 ᠍ ᠳᠦ ᠠᠷᠰᠧᠨᠠᠯ ᠪᠠᠭ ᠲᠤ 7 ᠰᠠᠶ᠎ᠠ ᠹᠦᠨᠲ ᠰᠲ᠋ᠧᠷᠯᠢᠨ ᠢᠡᠭᠡᠷᠡ[5] ᠢᠷᠡᠬᠦ ᠳᠦ ᠨᠢ ᠲᠤᠰ ᠪᠠᠭ ᠤᠨ ᠳᠣᠮᠣᠭ ᠪᠣᠯᠤᠭᠰᠠᠨ ᠲᠣᠭᠯᠠᠭᠴᠢ ᠨᠸᠠᠩᠺᠣᠣ ᠺᠠᠨᠤᠭᠡᠶᠢᠨ ᠵᠠᠯᠭᠠᠮᠵᠢ ᠬᠠᠯᠠᠭ᠎ᠠ ᠬᠡᠮᠡᠨ "ᠺᠠᠨᠤ ᠵᠢᠭᠠᠯ" ᠬᠡᠮᠡᠨ ᠨᠡᠷᠡᠯᠡᠵᠦ ᠪᠠᠶᠢᠪᠠ᠃[6] 2006 ᠣᠨ ᠤ ᠬᠣᠶᠠᠳᠤᠭᠠᠷ ᠰᠠᠷ᠎ᠠ ᠶᠢᠨ 4 ᠍ ᠳᠦ ᠲᠡᠷᠡ ᠪᠡᠷ ᠠᠩᠬᠠᠨ ᠤ ᠭᠠᠷᠤᠭ᠎ᠠ ᠪᠠᠨ ᠫᠷᠧᠮᠡᠶ ᠡᠷᠰᠢᠫ ᠦᠨ ᠪᠸᠷᠮᠢᠩᠬᠠᠮ ᠰᠢᠲ᠋ᠢᠲᠡᠢ ᠬᠢᠭᠰᠡᠨ ᠲᠣᠭᠯᠠᠯᠲᠠᠨ ᠳᠤ ᠦᠵᠡᠭᠦᠯᠵᠦ ᠪᠠᠭ᠎ᠠ ᠪᠠᠨ 2–0 ᠬᠠᠷᠢᠴᠠᠭ᠎ᠠ ᠪᠠᠷ ᠬᠣᠵᠢᠬᠤ ᠳᠤ ᠨᠢᠭᠡ ᠭᠣᠣᠯ ᠣᠷᠣᠭᠤᠯᠵᠤ ᠪᠠᠶᠢᠯ᠎ᠠ᠃[7]

ᠲᠡᠷᠡ ᠫᠷᠧᠮᠢᠶᠧᠷ ᠯᠢᠭ ᠦᠨ ᠤᠯᠠᠷᠢᠯ ᠳᠤ 16 ᠭᠣᠣᠯ ᠣᠷᠣᠭᠤᠯᠤᠭᠰᠠᠨ ᠠᠮᠵᠢᠯᠲᠠ ᠪᠠᠷ ᠢᠶᠠᠨ ᠷᠣᠪᠢᠨ ᠸᠠᠩ ᠫᠧᠷᠰᠢᠭᠡᠶᠢᠨ 20 ᠭᠣᠣᠯ ᠣᠷᠣᠭᠤᠯᠤᠭᠰᠠᠨ ᠲᠡᠦᠬᠡᠨ ᠠᠮᠵᠢᠯᠲᠠ ᠶᠢᠨ ᠳᠠᠷᠠᠭᠠᠬᠢ ᠪᠠᠭ ᠤᠨ ᠬᠣᠶᠠᠳᠤᠭᠠᠷ ᠰᠢᠯᠢᠳᠡᠭ ᠠᠮᠵᠢᠯᠲᠠ ᠶᠢᠨ ᠡᠵᠡᠨ ᠪᠣᠯᠵᠤ ᠪᠠᠶᠢᠭᠰᠠᠨ ᠪᠠᠶᠢᠨ᠎ᠠ᠃[8]

2009 ᠣᠨ ᠤ ᠳᠣᠯᠣᠭ᠎ᠠ ᠳᠤᠭᠠᠷ ᠰᠠᠷ᠎ᠠ ᠶᠢᠨ 18 ᠍ ᠳᠦ ᠠᠳᠧᠪᠠᠶᠢᠷ ᠮᠠᠴᠧᠰᠲ᠋ᠧᠷ ᠰᠢᠲ᠋ᠢ ᠪᠠᠭ ᠲᠠᠢ ᠲᠠᠪᠤᠨ ᠵᠢᠯ ᠦᠨ ᠭᠡᠷ᠎ᠡ ᠶᠢ 25 ᠰᠠᠶ᠎ᠠ ᠹᠦᠨᠲ ᠢᠶᠡᠷ ᠪᠠᠶᠢᠭᠤᠯᠤᠭᠰᠠᠨ[9] ᠪᠥᠭᠡᠳ ᠰᠢᠳᠬᠡ ᠶᠢᠨ ᠠᠩᠬᠠᠨ ᠤ ᠭᠠᠷᠤᠭ᠎ᠠ ᠪᠠᠨ ᠪᠯᠺᠪᠧᠷᠨ ᠷᠣᠤᠧᠷᠰ ᠪᠠᠭ ᠤᠨ ᠡᠰᠡᠷᠬᠦ ᠲᠣᠭᠯᠠᠵᠤ ᠲᠣᠭᠯᠠᠯᠲᠠ ᠶᠢᠨ 3 ᠳᠠᠬᠢ ᠮᠢᠨᠦ᠋ᠲᠤᠨ ᠳᠤ ᠫᠣᠯᠷᠣᠪᠢᠩᠰᠠᠨᠢ ᠬᠠᠭᠠᠯᠭᠠᠨ ᠳᠤ 16.4 ᠮᠧᠲ᠋ᠷᠡᠶᠢᠨ ᠵᠠᠶᠢᠨ ᠠᠴᠠ ᠴᠣᠬᠢᠵᠤ ᠭᠣᠣᠯᠠᠳᠠᠵᠠᠢ᠃[10]

2011 ᠣᠨ ᠤ ᠨᠢᠭᠡᠳᠦᠭᠡᠷ ᠰᠠᠷ᠎ᠠ ᠶᠢᠨ 25 ᠍ ᠳᠦ ᠲᠡᠷᠡ ᠪᠡᠷ ᠷᠧᠠᠯ ᠮᠠᠳᠷᠢᠳ ᠪᠠᠭ ᠲᠤ ᠵᠡᠭᠡᠯᠢ ᠪᠡᠷ[11] ᠣᠴᠢᠭᠰᠠᠨ ᠪᠠᠶᠢᠨ᠎ᠠ᠃ ᠲᠤᠰ ᠪᠠᠭ ᠲᠤ ᠠᠩᠬᠠᠨ ᠤ ᠭᠣᠣᠯᠠᠭ᠎ᠠ ᠢᠰᠫᠠᠨᠢ ᠶᠢᠨ ᠴᠣᠮᠣ ᠶᠢᠨ ᠲᠡᠮᠡᠴᠡᠭᠡᠨ ᠳᠦ ᠰᠧᠸᠢᠯᠢᠶ᠎ᠠ ᠪᠠᠭ ᠤᠨ ᠡᠰᠡᠷᠬᠦ ᠰᠠᠨᠲ᠋ᠠᠶᠣ ᠪᠧᠷᠨᠠᠪᠧᠤ ᠴᠡᠩᠭᠡᠯᠳᠦᠬᠦ ᠳᠦ ᠣᠷᠣᠭᠤᠯᠵᠠᠢ᠃[12]

ᠱᠠᠩᠨᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠧᠠᠯ ᠮᠠᠳᠷᠢᠳ
ᠬᠤᠪᠢ ᠤᠨ
  • ᠠᠹᠷᠢᠺᠠ ᠶᠢᠨ ᠰᠢᠯᠢᠳᠡᠭ ᠬᠥᠯᠪᠥᠮᠪᠦᠭᠡᠴᠢᠨ 2008
  • ᠲᠣᠭᠣᠭ ᠤᠨ ᠰᠢᠯᠢᠳᠡᠭ ᠬᠥᠯᠪᠥᠮᠪᠦᠭᠡᠴᠢᠨ: 2005, 2006, 2007, 2008

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Sheyi Emmanuel Adebayor (French). L'équipe.fr. 31 October 2010 ᠍ ᠳᠦ ᠬᠠᠨᠳᠤᠭᠰᠠᠨ᠃
  2. Emmanual Adebayor. Player Profiles. Premier League. 13 June 2012 ᠍ ᠳᠦ ᠬᠠᠨᠳᠤᠭᠰᠠᠨ᠃
  3. "Adebayor named Africa's best player for 2008,", Arsenal F.C., 11 February 2009. 2009-04-22 ᠍ ᠳᠦ ᠠᠪᠤᠭᠰᠠᠨ᠃ 
  4. "Adebayor: Wanting more", Ngrguardiannews.com, 5 April 2009. 2009-04-22 ᠍ ᠳᠦ ᠠᠪᠤᠭᠰᠠᠨ᠃  ᠵᠠᠭᠪᠤᠷ:Dead link
  5. "Adebayor signs new Arsenal deal", BBC News, 22 May 2007. 2 May 2010 ᠍ ᠳᠦ ᠠᠪᠤᠭᠰᠠᠨ᠃ 
  6. Arsenal-Mania.com – The Arsenal website for Arsenal fans – Emmanuel Adebayor Profileᠵᠠᠭᠪᠤᠷ:Dead link
  7. Hodgson, Guy. "Birmingham City 0 Arsenal 2: Diaby and Adebayor hint at brighter Arsenal future", 6 February 2006. 2009-04-22 ᠍ ᠳᠦ ᠠᠪᠤᠭᠰᠠᠨ᠃ 
  8. Dawkes, Phil. "Arsenal 3–0 Villareal", BBC Sport, 15 April 2009. 2009-04-22 ᠍ ᠳᠦ ᠠᠪᠤᠭᠰᠠᠨ᠃ 
  9. "City Seal Adebayor Swoop", Sky Sports, 18 July 2009. 2009-07-18 ᠍ ᠳᠦ ᠠᠪᠤᠭᠰᠠᠨ᠃ 
  10. Hughes, Ian. "Blackburn 0–2 Man City", BBC Sport, 15 August 2009. 2009-08-24 ᠍ ᠳᠦ ᠠᠪᠤᠭᠰᠠᠨ᠃ 
  11. La Liga - Adebayor joins Real Madrid on loan. Yahoo! Sports (25 January 2011). 25 January 2011 ᠍ ᠳᠦ ᠬᠠᠨᠳᠤᠭᠰᠠᠨ᠃
  12. Adebayor savours first Real goal. BBC Sport (3 February 2011). 5 February 2011 ᠍ ᠳᠦ ᠬᠠᠨᠳᠤᠭᠰᠠᠨ᠃

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠡᠮ ᠢᠶᠠᠩᠥᠯ ᠠᠳᠧᠪᠠᠶᠢᠷ»


ᠪᠢᠴᠢᠭᠡᠰᠦ