ᠡᠮᠦᠨᠡᠳᠡᠯᠭᠡᠷ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠤᠯᠤᠰ ᠍ ᠍ ᠤᠨ ᠭᠤᠷᠪᠠᠨ ᠵᠠᠭᠤᠨ ᠭᠤᠴᠢᠨ ᠰᠤᠮᠤ ᠍ ᠍ ᠤᠨ ᠨᠢᠭᠡ
ᠡᠮᠦᠨᠡᠳᠡᠯᠭᠡᠷ ᠰᠤᠮᠤ
ᠤᠯᠤᠰ ᠣᠷᠣᠨ ᠮᠣᠩᠭᠣᠯ ᠮᠣᠩᠭᠣᠯ (ᠮᠣᠩᠭᠣᠯ ᠤᠯᠤᠰ)
ᠠᠶᠢᠮᠠᠭ Hentiy.gif ᠬᠡᠨᠲᠡᠢ
ᠶᠠᠮᠠᠷ ᠨᠢᠭᠡᠴᠡ ᠰᠤᠮᠤ
ᠰᠤᠮᠤ ᠶᠢᠨ ᠲᠥᠪ ᠠᠶᠢᠷᠠᠭ ᠤᠨ-ᠡᠩᠭᠡᠷ
ᠨᠤᠲᠤᠭ ᠤᠨ
ᠬᠤᠪᠢᠶᠠᠷᠢ
ᠳᠣᠯᠣᠭᠠᠨ ᠪᠠᠭ ᠲᠤ ᠬᠤᠪᠢᠶᠠᠭᠳᠠᠳᠠᠭ:
1. ᠨᠠᠷᠠᠨ
2. ᠪᠠᠶᠠᠨᠵᠢᠷᠦᠬᠡ
3. ᠬᠡᠨᠲᠡᠢ
4. ᠲᠠᠯ ᠤᠨᠪᠤᠯᠠᠭ
5. ᠴᠢᠨᠳᠠᠭᠠᠨ
6. ᠲᠥᠪ ᠦᠨ
7. ᠭᠤᠷᠪᠠᠨᠪᠠᠶᠠᠨ
ᠭᠠᠵᠠᠷ ᠨᠤᠲᠤᠭ 10,877 ᠺᠦᠸᠠᠳ᠋ ᠺᠢᠯᠣᠮᠧᠲ᠋ᠷ
ᠬᠦᠮᠦᠨ ᠠᠮᠠ (2010) 5,156 [1] ᠬᠦᠮᠦᠨ
ᠨᠢᠭᠲᠠᠴᠠ ᠰᠡᠶᠢᠷᠡᠭ 0.64 ᠬᠦᠮᠦᠨ/км²
ᠡᠮᠦᠨᠡᠳᠡᠯᠭᠡᠷ
ᠰᠤᠮᠤ ᠶᠢᠨ ᠬᠢᠨ
ᠬᠡᠨᠲᠡᠢ ᠶᠢᠨ ᠡᠮᠦᠨᠡᠳᠡᠯᠭᠡᠷ ᠦᠨ ᠬᠢᠨ:
ᠦᠨᠳᠦᠰᠦᠨ ᠳᠦ ᠪᠡᠨ ᠮᠣᠩᠭᠣᠯ ᠦᠨᠳᠦᠰᠦᠲᠡᠨ
ᠴᠠᠭ ᠤᠨ ᠪᠥᠰᠡ ᠤᠯᠠᠭᠠᠨᠪᠠᠭᠠᠲᠤᠷ ᠤᠨ ᠴᠠᠭ (GMT+8)


ᠡᠮᠦᠨᠡᠳᠡᠯᠭᠡᠷᠬᠡᠨᠲᠡᠢ ᠠᠶᠢᠮᠠᠭ ᠤᠨ ᠰᠤᠮᠤ. ᠮᠣᠩᠭᠣᠯ ᠤᠯᠤᠰ ᠤᠨ ᠬᠠᠷᠢᠶᠠᠲᠤ ᠢᠷᠭᠡᠨ᠂ ᠡᠮᠦᠨᠡᠳᠡᠯᠭᠡᠷ ᠰᠤᠮᠤ ᠶᠢᠨ ᠰᠠᠭᠤᠷᠢᠨ ᠬᠦᠮᠦᠨ ᠠᠮᠠ - 5,156ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕. ᠡᠨᠡ ᠲᠣᠭᠠᠯᠠᠯᠭ᠎ᠠ ᠪᠠᠷ ᠪᠣᠯ ᠠᠶᠢᠮᠠᠭ ᠤᠨ ᠢᠶᠠᠨ 17 ᠰᠤᠮᠤᠨ ᠠᠴᠠ 3 ᠍ ᠍ ᠳᠦᠭᠡᠷ ᠣᠯᠠᠨ ᠬᠦᠮᠦᠨ ᠠᠮᠠ ᠲᠠᠢ (ᠬᠡᠷᠡᠯᠦᠨᠳᠠᠷᠬᠠᠨᠢ ᠳᠠᠷᠠᠭᠠᠬᠢ) ᠰᠤᠮᠤ ᠭᠡᠵᠦ ᠦᠵᠡᠭᠳᠡᠨ᠎ᠡ᠃ ᠰᠤᠮᠤ ᠶᠢᠨ ᠨᠤᠲᠤᠭ ᠵᠠᠬᠢᠷᠭᠠᠨ ᠤ 7 ᠪᠠᠭ ᠲᠤ ᠬᠤᠪᠢᠶᠠᠭᠳᠠᠳᠠᠭ᠃ ᠰᠤᠮᠤ ᠶᠢᠨ ᠲᠥᠪ ᠡᠴᠡ ᠵᠡᠭᠦᠨ ᠬᠣᠶᠢᠰᠢ 52 ᠺᠢᠯᠣᠮᠧᠲ᠋ᠷ ᠵᠠᠢ ᠳᠤ 7 ᠍ ᠍ ᠳᠦᠭᠡᠷ ᠪᠠᠭ ᠪᠣᠯᠬᠤ ᠭᠤᠷᠪᠠᠨᠪᠠᠶᠠᠨ ᠲᠣᠰᠬᠣᠨ ᠣᠷᠣᠰᠢᠨ᠎ᠠ᠃

ᠪᠠᠭ ᠤᠳ ᠤᠨ ᠬᠦᠮᠦᠨ ᠠᠮᠠ[2]
ᠪᠠᠭ ᠤᠨ ᠨᠡᠷ᠎ᠡ ᠬᠦᠮᠦᠨ ᠠᠮᠠ
(2010 ᠣᠨ)
1 ᠨᠠᠷᠠᠨ 567
2 ᠪᠠᠶᠠᠨᠵᠢᠷᠦᠬᠡ 696
3 ᠬᠡᠨᠲᠡᠢ 756
4 ᠲᠠᠯ᠎ᠠ ᠶᠢᠨ ᠪᠤᠯᠠᠭ 428
5 ᠴᠢᠨᠳᠠᠭᠠᠨ 629
6 ᠲᠥᠪ ᠦᠨ 1112
7 ᠭᠤᠷᠪᠠᠨᠪᠠᠶᠠᠨ 968


ᠡᠮᠦᠨᠡᠳᠡᠯᠭᠡᠷ ᠰᠤᠮᠤ

umnudelgerzurag001

umnudelgerzurag002 ᠡᠮᠦᠨᠡᠳᠡᠯᠭᠡᠷ ᠰᠤᠮᠤ ᠨᠢ ᠬᠠᠭᠤᠴᠢᠨ ᠢᠶᠠᠷ ᠰᠡᠴᠡᠨ ᠬᠠᠨ ᠠᠶᠢᠮᠠᠭ ᠤᠨ ᠮᠡᠷᠭᠡᠨ ᠭᠦᠨ ᠦ ᠬᠣᠰᠢᠭᠤᠨ ᠤ ᠨᠤᠲᠤᠭ ᠲᠤ 1923 ᠣᠨ ᠳᠤ ᠥᠨᠳᠥᠷᠴᠠᠭᠠᠨ ᠤᠤᠯ ᠤᠨ ᠬᠣᠰᠢᠭᠤ ᠨᠡᠷ᠎ᠡ ᠲᠡᠢ ᠪᠡᠷ ᠪᠠᠶᠢᠭᠤᠯᠤᠭᠳᠠᠭᠰᠠᠨ᠃ 1925 ᠣᠨ ᠠᠴᠠ ᠰᠡᠴᠡᠨ ᠬᠠᠨ ᠠᠶᠢᠮᠠᠭ ᠤᠨ ᠵᠠᠰᠠᠭ ᠵᠠᠬᠢᠷᠭᠠᠨ ᠤ ᠵᠣᠬᠢᠶᠠᠨ ᠪᠠᠶᠢᠭᠤᠯᠤᠯᠲᠠ ᠬᠢᠬᠦ ᠳᠦ ᠳᠡᠯᠭᠡᠷᠬᠠᠨ ᠰᠤᠮᠤ ᠪᠣᠯᠭᠠᠨ ᠥᠭᠡᠷᠡᠴᠢᠯᠡᠭᠰᠡᠨ᠃ ᠬᠥᠪᠴᠢ ᠶᠢᠨ ᠵᠢᠨᠦᠩ ᠸᠠᠩ ᠤᠨ ᠬᠣᠰᠢᠭᠤ ᠶᠢ 10 ᠭᠠᠷᠤᠢ ᠰᠤᠮᠤ ᠪᠣᠯᠭᠠᠨ ᠰᠢᠨ᠎ᠡ ᠪᠡᠷ ᠵᠣᠬᠢᠶᠠᠨ ᠪᠠᠶᠢᠭᠤᠯᠬᠤ ᠳᠤ ᠳᠡᠯᠭᠡᠷᠬᠠᠨ ᠨᠡᠷ᠎ᠡ ᠲᠡᠢ ᠰᠤᠮᠤ ᠬᠣᠶᠠᠷ ᠪᠣᠯᠤᠭᠰᠠᠨ ᠪᠠᠶᠢᠨ᠎ᠠ᠃ ᠡᠭᠦᠨ ᠢ ᠢᠯᠭᠠᠬᠤ ᠶᠢᠨ ᠲᠤᠯᠠᠳᠠ ᠭᠠᠵᠠᠷ ᠨᠤᠲᠤᠭ ᠤᠨ ᠪᠠᠶᠢᠷᠢᠯᠠᠯ ᠢᠶᠠᠷ ᠨᠢ ᠬᠣᠶᠢᠳᠤ-ᠳᠡᠯᠭᠡᠷᠬᠠᠨ᠂ ᠡᠮᠦᠨ᠎ᠡ ᠳᠡᠯᠭᠡᠷᠬᠠᠨ ᠭᠡᠵᠦ ᠨᠡᠷᠡᠯᠡᠭᠰᠡᠨ ᠪᠥᠭᠡᠳ ᠰᠡᠭᠦᠯ ᠳᠦ 《ᠬᠠᠭᠠᠨ》 ᠭᠡᠳᠡᠭ ᠨᠡᠷ᠎ᠡ ᠨᠢ ᠬᠠᠰᠤᠭᠳᠠᠵᠤ ᠡᠮᠦᠨᠡᠳᠡᠯᠭᠡᠷ ᠭᠡᠵᠦ ᠨᠡᠷᠡᠯᠡᠭᠳᠡᠭᠰᠡᠨ ᠲᠡᠦᠬᠡ ᠲᠡᠢ᠃

1956 ᠣᠨ ᠳᠤ ᠭᠤᠷᠪᠠᠨᠪᠠᠶᠠᠨ ᠰᠤᠮᠤ ᠶᠢᠨ ᠪᠠᠷᠠᠭᠤᠨ ᠲᠠᠯ᠎ᠠ᠂ 1974 ᠣᠨ ᠳᠤ ᠬᠡᠨᠲᠡᠢ /ᠬᠣᠶᠢᠳᠤ ᠳᠡᠯᠭᠡᠷᠬᠠᠨ/ ᠰᠤᠮᠤ᠂ 1999 ᠣᠨ ᠳᠤ ᠬᠤᠷᠬ᠎ᠠ ᠶᠢᠨ ᠰᠠᠩ ᠤᠨ ᠠᠵᠤ ᠠᠬᠤᠢ ᠪᠤᠶᠤ ᠭᠤᠷᠪᠠᠨᠪᠠᠶᠠᠨ ᠰᠤᠮᠤ ᠨᠡᠶᠢᠯᠡᠵᠦ ᠣᠳᠣ ᠶᠢᠨ ᠡᠮᠦᠨᠡᠳᠡᠯᠭᠡᠷ ᠰᠤᠮᠤ ᠪᠣᠯᠤᠨ ᠥᠷᠭᠡᠵᠢᠭᠰᠡᠨ᠃ 2010 ᠣᠨ ᠤ ᠪᠠᠶᠢᠳᠠᠯ ᠢᠶᠠᠷ ᠰᠤᠮᠤ ᠨᠢ ᠵᠠᠰᠠᠭ ᠵᠠᠬᠢᠷᠭᠠᠨ ᠤ 7 ᠪᠠᠭ ᠲᠠᠢ᠃ ᠬᠣᠶᠢᠭᠤᠷ ᠢᠶᠠᠨ ᠣᠷᠣᠰ ᠬᠣᠯᠪᠣᠭᠠᠨ ᠤ ᠤᠯᠤᠰ ᠲᠠᠢ 50 ᠣᠷᠴᠢᠮ km ᠭᠠᠵᠠᠷ ᠢᠶᠠᠷ᠂ ᠵᠡᠭᠦᠨ ᠲᠠᠯ᠎ᠠ ᠪᠠᠷ ᠢᠶᠠᠨ ᠪᠠᠲᠤᠰᠢᠷᠡᠭᠡᠲᠦ ᠰᠤᠮᠤ᠂ ᠪᠢᠨᠳᠦᠷ ᠰᠤᠮᠤ᠂ ᠵᠡᠭᠦᠨ ᠤᠷᠳᠤᠭᠤᠷ ᠢᠶᠠᠨ ᠬᠡᠷᠡᠯᠦᠨ ᠰᠤᠮᠤ᠂ yᠷᠳᠤᠭᠤᠷ ᠢᠶᠠᠨ ᠮᠥᠷᠡᠨ ᠰᠤᠮᠤ᠂ ᠪᠠᠷᠠᠭᠤᠨ ᠲᠠᠯ᠎ᠠ ᠪᠠᠷ ᠢᠶᠠᠨ ᠵᠢᠷᠭᠠᠯᠲᠤᠬᠠᠨ᠂ ᠴᠡᠩᠬᠡᠷᠮᠠᠨᠳᠠᠯ ᠰᠤᠮᠤᠳ ᠤᠳ᠂ ᠪᠠᠷᠠᠭᠤᠨ ᠬᠣᠶᠢᠳᠤ ᠲᠠᠯ᠎ᠠ ᠪᠠᠷ ᠢᠶᠠᠨ ᠲᠥᠪ ᠠᠶᠢᠮᠠᠭ ᠤᠨ ᠮᠥᠩᠭᠥᠨᠥᠮᠣᠷᠢ ᠳᠤ ᠰᠤᠮᠤ᠂ ᠰᠡᠯᠡᠩᠭᠡ ᠠᠶᠢᠮᠠᠭ ᠲᠠᠢ ᠬᠢᠯᠢᠯᠡᠳᠡᠭ᠃ ᠰᠤᠮᠤ ᠶᠢᠨ ᠲᠥᠪ ᠥᠨᠳᠥᠷ ᠬᠠᠨ ᠠᠴᠠ 110 ᠺᠢᠯᠣᠮᠧᠲ᠋ᠷ᠂ ᠤᠯᠠᠭᠠᠨᠪᠠᠭᠠᠲᠤᠷ ᠠᠴᠠ 280 ᠺᠢᠯᠣᠮᠧᠲ᠋ᠷ ᠣᠷᠴᠢᠮ ᠵᠠᠶᠢᠲᠠᠢ ᠣᠷᠣᠰᠢᠨ᠎ᠠ᠃

ᠨᠤᠲᠤᠭ ᠤᠨ ᠬᠣᠶᠢᠳᠤ ᠬᠡᠰᠡᠭ ᠨᠢ ᠪᠦᠬᠦᠯᠢ ᠳᠦ ᠪᠡᠨ ᠬᠡᠨᠲᠡᠢ ᠶᠢᠨ ᠨᠢᠷᠤᠭᠤᠨ ᠤ ᠠᠤᠯᠠᠯᠠᠰ ᠶᠤᠮ᠃ ᠡᠨᠳᠡ ᠤᠷᠤᠰᠢᠬᠤ ᠬᠡᠨᠲᠡᠢ ᠬᠠᠨ ᠤ ᠨᠢᠷᠤᠭᠤᠨ ᠤ ᠣᠷᠭᠢᠯ ᠳᠠᠯᠠᠢ ᠶᠢᠨ ᠲᠦᠪᠰᠢᠨ ᠡᠴᠡ 2452 ᠮ ᠥᠨᠳᠥᠷ᠂ ᠮᠥᠨ ᠬᠡᠨᠲᠡᠢ ᠬᠠᠨ ᠤ ᠠᠷᠤ ᠪᠠᠷ ᠳᠠᠯᠠᠢ ᠶᠢᠨ ᠲᠦᠪᠰᠢᠨ ᠡᠴᠡ 2298 ᠮ ᠥᠨᠳᠥᠷ ᠳᠠᠭᠤᠲᠤ ᠶᠠᠩ᠂ 2278 ᠮ ᠥᠨᠳᠥᠷ ᠶᠡᠬᠡ ᠰᠡᠦᠬᠡᠯᠡᠭ᠂ 1818 ᠮ ᠥᠨᠳᠥᠷ ᠴᠣᠨᠵᠢ ᠶᠢᠨ ᠴᠢᠯᠠᠭᠤ᠂ 1754 ᠮ ᠥᠨᠳᠥᠷ ᠪᠥᠬᠦᠭ ᠴᠠᠭᠠᠨ᠂ 2098 ᠮ ᠪᠡᠷᠢᠨᠴᠢᠨ ᠶᠠᠩ᠂ 2362 ᠮ ᠥᠨᠳᠥᠷ ᠪᠤᠷᠬᠠᠨ ᠬᠠᠯᠳᠤᠨ᠂ 2007 ᠮ ᠥᠨᠳᠥᠷ ᠲᠠᠷᠠᠰᠤ ᠶᠢᠨ ᠲᠡᠭᠰᠡᠭᠡᠷ᠂ 1863 ᠮ ᠥᠨᠳᠥᠷ ᠤᠯᠠᠭᠠᠨ ᠪᠠᠶᠢᠴᠠ᠂ 1517 ᠮ ᠥᠨᠳᠥᠷ ᠰᠠᠩ ᠳᠤ᠂ 2297 ᠮ ᠥᠨᠳᠥᠷ ᠴᠦᠴᠡ᠂ 1958 ᠮ ᠥᠨᠳᠥᠷ ᠶᠡᠬᠡ ᠳᠠᠪᠠᠭ᠎ᠠ ᠠᠭᠤᠯᠠ ᠨᠤᠭᠤᠳ ᠪᠠᠶᠢᠬᠤ ᠠᠴᠠ ᠭᠠᠳᠠᠨ᠎ᠠ ᠰᠤᠮᠤ ᠶᠢᠨ ᠬᠠᠮᠤᠭ ᠤᠨ ᠨᠤᠲᠤᠭ ᠤᠨ ᠬᠠᠮᠤᠭ ᠤᠨ ᠨᠠᠮ ᠴᠡᠭ ᠨᠢ ᠬᠤᠷᠬ᠎ᠠ ᠶᠢᠨ ᠭᠣᠣᠯ ᠰᠤᠮᠤ ᠶᠢᠨ ᠬᠢᠯᠢ ᠶᠢ ᠵᠡᠭᠦᠨ ᠬᠣᠶᠢᠰᠢ ᠪᠠᠨ ᠣᠭᠲᠣᠯᠤᠨ ᠭᠠᠷᠴᠤ ᠪᠠᠶᠢᠭ᠎ᠠ ᠴᠡᠭ ᠲᠦ ᠳᠠᠯᠠᠢ ᠶᠢᠨ ᠲᠦᠪᠰᠢᠨ ᠡᠴᠡ 100 ᠣᠷᠴᠢᠮ ᠮ ᠥᠨᠳᠥᠷ ᠲᠦ ᠣᠷᠣᠰᠢᠨ᠎ᠠ᠃
  1. ᠮᠣᠩᠭᠣᠯ ᠤᠯᠤᠰ ᠤᠨ 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩ (ᠰᠤᠮᠤ᠂ ᠳᠡᠭᠦᠷᠭᠡ ᠶᠢᠨ ᠲᠦᠪᠰᠢᠨ ᠢᠶᠡᠷ)
  2. ᠮᠣᠩᠭᠣᠯ ᠤᠯᠤᠰ ᠤᠨ 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩ (ᠪᠠᠭ᠂ ᠬᠣᠷᠢᠶᠠᠨ ᠤ ᠲᠦᠪᠰᠢᠨ ᠢᠶᠡᠷ)

ᠪᠢᠴᠢᠭᠡᠰᠦ