ᠡᠮᠦᠨᠡᠲᠦ ᠲᠤᠶᠢᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠮᠦᠨᠡᠲᠦ ᠲᠤᠶᠢᠯ
ᠭᠠᠵᠠᠷ ᠵᠦᠢ ᠶᠢᠨ ᠡᠮᠦᠨᠡᠲᠦ ᠲᠤᠶᠢᠯ

ᠡᠮᠦᠨᠡᠲᠦ ᠲᠤᠶᠢᠯ ᠪᠤᠶᠤ ᠭᠠᠵᠠᠷ ᠵᠦᠢ ᠶᠢᠨ ᠡᠮᠦᠨᠡᠲᠦ ᠲᠤᠶᠢᠯ ᠨᠢ ᠳᠡᠯᠡᠬᠡᠢ ᠶᠢᠨ ᠪᠦᠮᠪᠦᠷᠴᠡᠭ ᠤᠨ ᠭᠠᠳᠠᠷᠭᠤ ᠶᠢᠨ ᠬᠠᠮᠤᠭ ᠤᠨ ᠡᠮᠦᠨᠡᠲᠦ ᠴᠡᠭ ᠪᠥᠭᠡᠳ ᠤᠮᠠᠷᠠᠳᠤ ᠲᠤᠶᠢᠯ ᠤᠨ ᠡᠰᠡᠷᠬᠦ ᠲᠠᠯ᠎ᠠ ᠳᠤ ᠪᠠᠶᠢᠷᠢᠯᠠᠨ᠎ᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠲᠦ ᠲᠤᠶᠢᠯ ᠭᠡᠵᠦ ᠳᠡᠯᠡᠬᠡᠢ ᠶᠢᠨ ᠪᠦᠮᠪᠦᠷᠴᠡᠭ ᠤᠨ ᠡᠷᠭᠢᠯᠲᠡ ᠶᠢᠨ ᠲᠡᠩᠬᠡᠯᠢᠭᠪᠤᠯᠤᠨ ᠳᠡᠯᠡᠬᠡᠢ ᠶᠢᠨ ᠪᠦᠮᠪᠦᠷᠴᠷᠭ ᠤᠨ ᠭᠠᠳᠠᠷᠭᠤ ᠲᠠᠢ ᠣᠭᠲᠣᠯᠤᠯᠴᠠᠬᠤ ᠴᠡᠭ ᠢ ᠬᠡᠯᠡᠬᠦ ᠪᠠ ᠪᠠᠢᠢᠷᠢᠰᠢᠯ ᠤᠨ ᠴᠡᠭ ᠨᠢ 90°S᠂ 0°W ᠪᠠᠶᠢᠨ᠎ᠠ᠃

ᠡᠮᠦᠨᠡᠲᠦ ᠲᠤᠶᠢᠯ ᠨᠢ ᠡᠮᠦᠨᠡᠳᠤ ᠲᠤᠢᠯ ᠤᠨ ᠲᠢᠪ ᠲᠦ ᠳᠠᠯᠠᠢ ᠶᠢᠨ ᠲᠥᠪᠰᠢᠨ ᠡᠴᠡ ᠳᠡᠭᠡᠭᠰᠢ 2835 ᠮᠧᠲ᠋ᠷ ᠡᠷᠭᠦᠭᠳᠡᠭᠰᠡᠨ ᠮᠥᠰᠦᠨ ᠳᠡᠭᠡᠷ᠎ᠡ ᠪᠠᠶᠢᠷᠢᠯᠠᠨ᠎ᠠ᠃ ᠮᠥᠰᠦᠨ ᠦ ᠨᠡᠶᠢᠲᠡ ᠵᠤᠵᠠᠭᠠᠨ 2700 ᠮᠧᠲ᠋ᠷ ᠪᠠᠶᠢᠳᠠᠭ ᠤᠴᠢᠷ ᠡᠴᠡ ᠵᠢᠩᠬᠢᠨᠢ ᠬᠠᠭᠤᠷᠠᠢ ᠭᠠᠵᠠᠷ ᠨᠢ ᠣᠶᠢᠷᠠᠯᠴᠠᠭ᠎ᠠ ᠪᠠᠷ ᠳᠠᠯᠠᠢ ᠶᠢᠨ ᠲᠥᠪᠰᠢᠨ ᠲᠡᠢ ᠲᠡᠩᠴᠡᠭᠦᠦ ᠪᠠᠶᠢᠳᠠᠭ ᠶᠤᠮ[1]

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠪᠦᠯ ᠦᠨᠤᠯᠠᠷᠢᠯ ᠳᠤ ᠡᠮᠦᠨᠡᠲᠦ ᠲᠤᠶᠢᠯ ᠳᠤ ᠨᠠᠷᠠ ᠮᠠᠨᠳᠤᠬᠤ ᠦᠭᠡᠢ ᠪᠥᠭᠡᠳ ᠵᠤᠨ ᠦ ᠤᠯᠠᠷᠢᠯ ᠳᠤ ᠨᠠᠷᠠ ᠵᠥᠪᠬᠡᠨ ᠲᠩᠷᠢ ᠶᠢᠨ ᠬᠠᠶᠠᠭ᠎ᠠ ᠪᠠᠷ ᠦᠵᠡᠭᠳᠡᠨ᠎ᠡ᠃ ᠨᠠᠷᠠᠨ ᠡᠴᠡ ᠢᠷᠡᠬᠦ ᠢᠯᠴᠢ ᠶᠢᠨ ᠡᠨᠧᠷᠭᠢ ᠶᠢᠨ ᠶᠡᠬᠡᠩᠬᠢ ᠨᠢ ᠴᠠᠰᠤᠨ ᠳᠤ ᠣᠶᠢᠬᠤ ᠲᠤᠯᠠ ᠭᠠᠵᠠᠷ ᠤᠨ ᠭᠠᠳᠠᠷᠭᠤ ᠳᠤ ᠬᠦᠷᠳᠡᠭ ᠦᠭᠡᠢ ᠪᠠᠶᠢᠨ᠎ᠠ᠃ ᠨᠠᠷᠠᠨ ᠤ ᠮᠠᠰᠢ ᠪᠠᠭ᠎ᠠ ᠡᠨᠧᠷᠭᠢ᠂ ᠮᠥᠨ ᠥᠨᠳᠥᠷ ᠡᠷᠭᠦᠭᠳᠡᠭᠰᠡᠨ (ᠡᠮᠦᠨᠡᠳᠤ ᠲᠤᠢᠯ ᠤᠨ ᠲᠢᠪ ᠳᠠᠯᠠᠢ ᠶᠢᠨ ᠲᠥᠪᠰᠢᠨ ᠡᠴᠡ ᠳᠡᠭᠡᠭᠰᠢ ᠳᠤᠮᠳᠠᠴᠢ ᠪᠠᠷ 2800 ᠮᠧᠲ᠋ᠷ ᠡᠷᠭᠦᠭᠳᠡᠭᠰᠡᠨ᠂ ᠳᠡᠯᠡᠬᠡᠢ ᠶᠢᠨ ᠬᠠᠮᠤᠭ ᠤᠨ ᠥᠨᠳᠥᠷ ᠡᠷᠭᠦᠭᠳᠡᠭᠰᠡᠨ ᠲᠢᠪ) ᠪᠠᠶᠢᠳᠠᠭ ᠠᠴᠠ ᠪᠣᠯᠤᠭᠠᠳ ᠡᠮᠦᠨᠡᠲᠦ ᠲᠤᠶᠢᠯ ᠨᠢ ᠳᠡᠯᠡᠬᠡᠢ ᠶᠢᠨ ᠬᠠᠮᠤᠭ ᠤᠨ ᠬᠦᠢᠲᠡᠨ ᠴᠢᠭ  ᠨᠦᠭᠦᠳ ᠦᠨ ᠨᠢᠭᠡ ᠪᠣᠯᠤᠨ᠎ᠠ᠃ ᠡᠮᠦᠨᠡᠲᠦ ᠲᠤᠶᠢᠯ ᠨᠢ ᠤᠮᠠᠷᠠᠳᠤ ᠲᠤᠶᠢᠯᠡᠴᠡ ᠢᠯᠡᠭᠦᠦ ᠬᠦᠢᠲᠡᠨ ᠪᠠᠶᠢᠳᠠᠭ᠃ ᠤᠴᠢᠷ ᠨᠢ ᠤᠮᠠᠷᠠᠳᠤ ᠲᠤᠶᠢᠯ ᠳᠠᠯᠠᠢ ᠳᠤ ᠪᠠᠶᠢᠷᠢᠯᠠᠬᠤ ᠪᠠ ᠳᠠᠯᠠᠢ ᠶᠢᠨ ᠤᠰᠤ ᠳᠤᠯᠠᠭᠠᠨ ᠶᠡᠬᠡ ᠰᠢᠩᠭᠡᠭᠡᠳᠡᠭ ᠨᠢ ᠲᠣᠯᠠᠭᠠᠨ ᠤ ᠬᠡᠮᠵᠢᠶ᠎ᠡ  ᠳᠦ ᠨᠥᠯᠦᠭᠡᠯᠡᠨ᠎ᠡ᠃

ᠵᠤᠨ ᠤ ᠳᠤᠮᠳᠠ ᠰᠠᠷ᠎ᠠ ᠳᠤ ᠨᠠᠷᠠ ᠬᠠᠮᠤᠭ ᠤᠨ ᠥᠨᠳᠥᠷ ᠲᠦ (23.5 ᠭᠷᠠᠳᠦ᠋ᠰ ᠲᠦ) ᠮᠠᠨᠳᠤᠬᠤ ᠦᠶ᠎ᠡ ᠳᠦ ᠠᠭᠠᠷ ᠤᠨ ᠲᠣᠯᠠᠭᠠᠨ ᠤ ᠬᠡᠮᠵᠢᠶ᠎ᠡ −25 °C ᠪᠣᠯᠤᠨ᠎ᠠ᠃ 6 ᠰᠠᠷ᠎ᠠ ᠶᠢᠨ ᠲᠤᠷᠰᠢ ᠦᠷᠭᠦᠯᠵᠢᠯᠡᠬᠦ "ᠡᠳᠦᠷ ᠦᠨ" ᠳᠠᠷᠠᠭ᠎ᠠ ᠲᠣᠯᠠᠭᠠᠨ ᠤ ᠬᠡᠮᠵᠢᠶ᠎ᠡ ᠪᠠᠭᠤᠷᠠᠬᠤ ᠪᠠ 3 ᠍ᠳ᠋ᠤᠭᠠᠷ ᠰᠠᠷ᠎ᠠ ᠶᠢᠨ ᠰᠡᠭᠦᠯᠡᠷ ᠨᠠᠷᠠ "ᠵᠢᠷᠭᠠᠵᠤ"᠂ 9 ᠍ᠳ᠋ᠦᠭᠡᠷ ᠰᠠᠷ᠎ᠠ ᠶᠢᠨ ᠰᠡᠭᠦᠯ ᠬᠦᠷᠲᠡᠯ᠎ᠡ "ᠰᠥᠨᠢ" ᠪᠠᠶᠢᠬᠤ ᠪᠠ ᠡᠨᠡ ᠦᠶ᠎ᠡ ᠳᠦ ᠳᠤᠮᠳᠠᠴᠢ ᠲᠣᠯᠠᠭᠠᠨ ᠤ ᠬᠡᠮᠵᠢᠶ᠎ᠡ −65° ᠪᠠᠶᠢᠨ᠎ᠠ᠃ ᠠᠮᠤᠨᠳᠡᠰᠧᠨ-ᠰᠺᠣᠲ ᠪᠠᠶᠢᠴᠠᠭᠠᠯᠲᠠ ᠶᠢᠨ ᠦᠷᠲᠡᠭᠡ ᠬᠠᠮᠤᠭ ᠤᠨ ᠳᠤᠯᠠᠭᠠᠨ ᠪᠠ ᠬᠠᠮᠤᠭ ᠤᠨ ᠬᠦᠢᠲᠡᠨ ᠲᠣᠯᠠᠭᠠᠨ ᠤ ᠬᠡᠮᠵᠢᠶ᠎ᠡ ᠵᠢ −13.6 °C ᠪᠠ −82.8 °C ᠭᠡᠵᠦ ᠲᠡᠮᠳᠡᠭᠯᠡᠭᠰᠡᠨ ᠪᠠᠶᠢᠳᠠᠭ[2]

ᠡᠮᠦᠨᠡᠲᠦ ᠲᠤᠶᠢᠯ ᠨᠢ ᠴᠥᠯ ᠪᠥᠭᠡᠳ ᠬᠤᠷ᠎ᠠ ᠲᠤᠨᠤᠳᠠᠰᠤ ᠪᠠᠭᠤᠬᠤ ᠦᠭᠡᠢ᠃ ᠠᠭᠠᠷ ᠤᠨ ᠴᠢᠭᠢᠭ ᠨᠢ ᠲᠡᠭ ᠲᠡᠢ ᠲᠡᠩᠴᠡᠭᠦᠦ ᠰᠢᠬᠠᠮ ᠪᠠᠶᠢᠳᠠᠭ ᠪᠣᠯᠪᠠᠴᠤ ᠬᠦᠴᠦᠲᠡᠢ ᠰᠠᠯᠬᠢᠨ  ᠤ ᠤᠯᠠᠮ ᠠᠴᠠ ᠵᠢᠯ ᠳᠤ ᠴᠠᠰᠤᠨ  ᠤ ᠵᠤᠵᠠᠭᠠᠨ 20 ᠮᠧᠲ᠋ᠷ ᠵᠢᠡᠷ ᠨᠡᠮᠡᠭᠳᠡᠨ᠎ᠡ[3]

ᠡᠮᠦᠨᠡᠲᠦ ᠲᠤᠶᠢᠯ ᠤᠨ ᠰᠠᠷ᠎ᠠ ᠶᠢᠨ ᠳᠤᠮᠳᠠᠴᠢ ᠲᠣᠯᠠᠭᠠᠨ ᠤ ᠬᠡᠮᠵᠢᠶ᠎ᠡ ᠪᠠ ᠬᠤᠷ᠎ᠠ ᠲᠤᠨᠤᠳᠠᠰᠤ (ᠼᠧᠯᠰ᠂ ᠮᠢᠯᠢᠮᠸᠲ᠋ᠷ)

ᠰᠠᠷ᠎ᠠ 1 ᠍ ᠳ᠋ᠦᠭᠡᠷ ᠰᠠᠷ ᠠ 2 ᠍ ᠳ᠋ᠤᠭᠠᠷ ᠰᠠᠷ᠎ᠠ 3 ᠍ ᠳ᠋ᠤᠭᠠᠷ ᠰᠠᠷ᠎ᠠ 4 ᠍ ᠳ᠋ᠦᠭᠡᠷ ᠰᠠᠷ᠎ᠠ 5 ᠍ ᠳ᠋ᠤᠭᠠᠷ ᠰᠠᠷ᠎ᠠ 6 ᠍ ᠳ᠋ᠤᠭᠠᠷ ᠰᠠᠷ᠎ᠠ 7 ᠍ ᠳ᠋ᠤᠭᠠᠷ ᠰᠠᠷ᠎ᠠ 8 ᠍ ᠳ᠋ᠤᠭᠠᠷ ᠰᠠᠷ᠎ᠠ 9 ᠍ ᠳ᠋ᠦᠭᠡᠷ ᠰᠠᠷ᠎ᠠ 10 ᠍ ᠳ᠋ᠤᠭᠠᠷ ᠰᠠᠷ᠎ᠠ 11 ᠍ ᠳ᠋ᠦᠭᠡᠷ ᠰᠠᠷ᠎ᠠ 12 ᠍ ᠳ᠋ᠤᠭᠠᠷ ᠰᠠᠷ᠎ᠠ ᠵᠢᠯ
ᠶᠡᠬᠡ᠂ ᠳᠤᠮᠳᠠ᠃ °C −25 −37 −50 −52 −53 −55 −55 −55 −55 −47 −36 −26 −45
ᠪᠠᠭ᠎ᠠ᠂ ᠳᠤᠮᠳᠠ᠃ °C −28 −42 −56 −60 −61 −61 −63 −62 −62 −53 −39 −28 −51
ᠬᠤᠷ᠎ᠠ ᠲᠤᠨᠤᠳᠠᠰᠤ, ᠮᠮ 2.5


ᠡᠬᠢ ᠰᠤᠷᠪᠤᠯᠵᠢ: weatherbase.com

ᠴᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠲᠦ ᠲᠤᠶᠢᠯ ᠤᠨ ᠠᠮᠤᠨᠳᠡᠰᠧᠨ-ᠰᠺᠣᠲ ᠪᠠᠶᠢᠴᠠᠭᠠᠯᠲᠠ ᠶᠢᠨ ᠦᠷᠲᠡᠭᠡ(Amundsen-ScottSouthPoleStation) ᠶᠢ 1957 ᠤᠨ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠵᠠᠰᠠᠭ ᠤᠨ ᠭᠠᠵᠠᠷ 15000 ᠲᠦᠮᠡᠨ ᠳ᠋ᠣᠯᠯᠠᠷ ᠢᠶᠠᠷ ᠪᠠᠶᠢᠭᠤᠯᠵᠠᠢ᠃

ᠳᠡᠯᠡᠬᠡᠢ ᠶᠢᠨ ᠪᠤᠰᠤᠳ ᠬᠡᠰᠡᠭ ᠲᠦ ᠲᠩᠷᠢ ᠳᠦ ᠨᠠᠷᠠᠨ ᠤ ᠦᠵᠡᠭᠳᠡᠬᠦ ᠪᠠᠶᠢᠷᠢᠯᠠᠯ ᠢ ᠠᠰᠢᠭᠯᠠᠨ ᠴᠠᠭ ᠲᠠᠭᠠᠷᠠᠭᠤᠯᠵᠤ ᠪᠣᠯᠳᠠᠭ ᠪᠣᠯᠪᠠᠴᠤ ᠡᠮᠦᠨᠡᠲᠦ ᠲᠤᠶᠢᠯ ᠳᠤ ᠡᠨᠡ ᠨᠢ ᠪᠣᠯᠤᠮᠵᠢ ᠦᠭᠡᠢ ᠶᠤᠮ᠃ ᠡᠮᠦᠨᠡᠲᠦ ᠲᠤᠶᠢᠯ ᠤᠨ "ᠡᠳᠦᠷ ᠦᠳ" ᠨᠢ ᠬᠠᠭᠠᠰ ᠵᠢᠯ ᠤᠨ ᠲᠤᠷᠰᠢ ᠦᠷᠭᠦᠯᠵᠢᠯᠡᠨ᠎ᠡ᠃

ᠳᠡᠯᠡᠬᠡᠢ ᠶᠢᠨ ᠴᠠᠭ ᠤᠨ ᠪᠥᠰᠡ ᠨᠦᠭᠦᠳ ᠡᠮᠦᠨᠡᠲᠦ ᠲᠤᠶᠢᠯ ᠳᠡᠭᠡᠷ᠎ᠡ ᠳᠠᠪᠬᠤᠴᠠᠬᠤ (ᠣᠭᠲᠣᠯᠤᠯᠴᠠᠬᠤ) ᠲᠤᠯᠠ ᠡᠮᠦᠨᠡᠲᠦ ᠲᠤᠶᠢᠯ ᠨᠢ ᠶᠠᠮᠠᠷ ᠨᠢᠭᠡᠨ ᠴᠠᠭ ᠤᠨ ᠪᠥᠰᠡ ᠳᠦ ᠪᠠᠭᠠᠳᠬᠤ ᠪᠣᠯᠤᠮᠵᠢ ᠦᠭᠡᠢ ᠪᠣᠯᠤᠨ᠎ᠠ᠃ ᠭᠡᠬᠦ ᠳᠦ ᠪᠡᠨ ᠡᠮᠦᠨᠡᠲᠦ ᠲᠤᠶᠢᠯ ᠳᠡᠭᠡᠷ᠎ᠡ ᠪᠠᠶᠢᠷᠢᠯᠠᠬᠤ ᠠᠮᠤᠨᠳᠡᠰᠧᠨ-ᠰᠺᠣᠲ ᠪᠠᠶᠢᠴᠠᠭᠠᠯᠲᠠ ᠶᠢᠨ ᠦᠷᠲᠡᠭᠡ ᠨᠢ ᠰᠢᠨ᠎ᠡ ᠽᠢᠯᠠᠨᠳ᠋ ᠤᠨ ᠴᠠᠭ ᠢ ᠮᠥᠷᠳᠡᠳᠡᠭ ᠪᠠᠶᠢᠨ᠎ᠠ᠃

ᠠᠮᠢᠲᠠᠨ᠂ ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠰᠢ ᠬᠦᠢᠲᠡᠨ ᠠᠭᠤᠷ ᠠᠮᠢᠰᠬᠤᠯ ᠲᠠᠢ ᠲᠤᠯᠠ ᠡᠮᠦᠨᠡᠲᠦ ᠲᠤᠶᠢᠯ ᠳᠤ᠂ ᠬᠣᠪᠣᠷᠬᠠᠨ ᠦᠵᠡᠭᠳᠡᠳᠡᠭ ᠵᠠᠷᠢᠮ ᠲᠥᠷᠥᠯ ᠦᠨ ᠰᠢᠪᠠᠭᠤ᠂ ᠵᠢᠱᠢᠶᠡᠯᠡᠪᠡᠯ ᠶᠠᠪᠠᠭᠠᠨ ᠭᠠᠯᠠᠭᠤ  ᠶᠢ ᠡᠰᠡ ᠲᠣᠭᠠᠴᠠᠪᠠᠯ ᠤᠤᠭᠠᠯ ᠠᠮᠢᠲᠠᠨ ᠪᠣᠯᠤᠨ ᠤᠷᠭᠤᠮᠠᠯ ᠪᠠᠶᠢᠳᠠᠭ ᠦᠭᠡᠢ ᠪᠠᠶᠢᠨ᠎ᠠ[4]

2000 ᠤᠨ ᠳᠤ ᠮᠥᠰᠦᠨ ᠡᠴᠡ ᠮᠢᠺᠷᠣᠪ ᠢᠯᠡᠷᠡᠭᠦᠯᠦᠭᠰᠡᠨ ᠪᠣᠯᠪᠠᠴᠤ ᠵᠠᠷᠢᠮ ᠡᠷᠳᠡᠮᠲᠡᠳ ᠡᠮᠦᠨᠡᠲᠦ ᠲᠤᠶᠢᠯ ᠳᠤ ᠠᠮᠢᠳᠤ ᠣᠷᠭᠠᠨᠢᠰᠮ ᠪᠠᠶᠢᠬᠤ ᠪᠣᠯᠤᠮᠵᠢ ᠦᠭᠡᠢ ᠭᠡᠵᠦ ᠦᠵᠡᠵᠦ ᠪᠠᠶᠢᠭ᠎ᠠ ᠪᠣᠯᠤᠨ᠎ᠠ[5]

ᠭᠠᠵᠠᠷ ᠵᠦᠢ ᠶᠢᠨ ᠨᠡᠭᠡᠭᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠲᠦ ᠲᠤᠶᠢᠯ ᠢ ᠬᠦᠷᠴᠦ ᠨᠡᠭᠡᠭᠡᠬᠦ ᠨᠢ ᠲᠡᠭᠦᠨ ᠦ ᠭᠠᠵᠠᠷ ᠵᠦᠢ ᠶᠢᠨ ᠬᠤᠪᠢ ᠳᠤ ᠠᠯᠤᠰᠯᠠᠭᠳᠠᠭᠰᠠᠨ ᠪᠥᠭᠡᠳ ᠪᠠᠶᠢᠭᠠᠯᠢ᠂ ᠴᠠᠭ ᠠᠭᠤᠷ ᠤᠨ ᠬᠦᠨᠳᠦ ᠨᠥᠬᠥᠴᠡᠯ ᠳᠦ ᠣᠷᠣᠰᠢᠳᠠᠭ ᠨᠥᠬᠥᠴᠡᠯ ᠡᠴᠡ ᠨᠢ ᠪᠣᠯᠤᠭᠠᠳ ᠣᠯᠠᠨ ᠵᠠᠭᠤᠨ ᠵᠢᠯ ᠦᠨ ᠲᠤᠷᠰᠢ ᠬᠦᠮᠦᠨ ᠲᠥᠷᠥᠯᠬᠢᠲᠡᠨ ᠦ ᠬᠤᠪᠢ ᠳᠤ ᠳᠠᠪᠠᠭᠳᠠᠰᠢ ᠦᠭᠡᠢ ᠬᠦᠨᠳᠦ ᠠᠰᠠᠭᠤᠳᠠᠯ ᠪᠣᠯᠵᠤ ᠪᠠᠶᠢᠵᠠᠢ᠃ ᠠᠩᠬ᠎ᠠ 1820 ᠤᠨ ᠤ ᠦᠶ᠎ᠡ ᠳᠦ ᠣᠷᠣᠰ ᠤᠨ ᠪᠧᠯᠢᠨᠰᠠᠭᠠᠦ᠋ᠽᠧᠨ ᠪᠠ ᠯᠠᠵᠠᠷᠧᠸ ᠭᠡᠰᠡᠨ 2 ᠠᠬᠠᠯᠠᠭᠴᠢ ᠪᠡᠷ ᠤᠳᠤᠷᠢᠳᠤᠭᠤᠯᠤᠭᠰᠠᠨ ᠴᠡᠷᠢᠭ ᠦᠨ ᠬᠣᠶᠠᠷ ᠳᠠᠯᠪᠠᠭᠠᠲᠤ ᠤᠰᠤᠨ ᠣᠩᠭᠣᠴᠠ ᠨᠤᠭᠤᠳ ᠡᠮᠦᠨᠡᠲᠦ ᠶᠢᠨ ᠮᠥᠰᠦᠨ ᠲᠢᠪ ᠪᠣᠯᠬᠤ ᠡᠮᠦᠨᠡᠲᠦ ᠲᠤᠢᠯ ᠤᠨ ᠲᠢᠪ ᠤᠨ ᠡᠬᠡ ᠭᠠᠵᠠᠷ ᠤᠨ ᠵᠠᠷᠢᠮ ᠬᠡᠰᠡᠭ ᠲᠦ ᠬᠦᠷᠴᠦ ᠴᠢᠳᠠᠭᠰᠠᠨ ᠪᠠᠶᠢᠨ᠎ᠠ᠃ ᠲᠡᠭᠦᠨ ᠡᠴᠡ ᠬᠣᠶᠢᠰᠢ ᠡᠮᠦᠨᠡᠲᠦ ᠲᠤᠶᠢᠯ ᠢ ᠡᠵᠡᠯᠡᠬᠦ ᠭᠡᠰᠡᠨ ᠤᠳᠠᠭ᠎ᠠ ᠳᠠᠷᠠᠭ᠎ᠠ ᠶᠢᠨ ᠣᠯᠠᠨ ᠲᠣᠭᠠᠨ ᠤ ᠣᠷᠣᠯᠳᠤᠯᠭ᠎ᠠ ᠨᠤᠭᠤᠳ ᠪᠦᠳᠦᠯ ᠦᠭᠡᠢᠳᠡᠵᠦ ᠪᠠᠶᠢᠯ᠎ᠠ᠃ ᠬᠠᠷᠢᠨ ᠨᠣᠷᠸᠠᠢ ᠶᠢᠨ ᠷ ᠠᠮᠤᠨ᠋ᠳ᠋ᠰᠧᠨ (Roald Amundsen)ᠥᠪᠡᠷ ᠦᠨ ᠪᠠᠭ ᠤᠨ ᠬᠠᠮᠲᠤ 1911 ᠤᠨ ᠳᠤ ᠡᠮᠦᠨᠡᠳᠦ ᠲᠤᠶᠢᠯ ᠳᠤ ᠬᠦᠷᠴᠦ ᠴᠢᠳᠠᠵᠠᠢ᠃ ᠶᠠᠭ ᠡᠨᠡ ᠦᠶ᠎ᠡ ᠳᠦ ᠸ ᠰᠺᠣᠲ᠋ᠲ(Robert Falcon Scott) ᠲᠡᠷᠢᠭᠦᠲᠡᠢ ᠠᠩᠭᠯᠢ ᠶᠢᠨ ᠪᠠᠭ ᠡᠮᠦᠨᠡᠲᠦ ᠲᠤᠶᠢᠯ ᠢ ᠲᠦᠷᠦᠭᠦᠯᠡᠵᠦ ᠨᠡᠭᠡᠭᠡᠬᠦ ᠪᠡᠷ ᠥᠷᠢᠰᠦᠯᠳᠦᠭᠰᠡᠨ ᠪᠣᠯᠪᠠᠴᠤ ᠠᠮᠤᠨ᠋ᠳ᠋ᠰᠧᠨ ᠡᠴᠡ ᠬᠡᠳᠦᠬᠡᠨ ᠬᠣᠨᠣᠭ ᠢᠶᠠᠷ ᠬᠣᠴᠣᠷᠤᠭᠰᠠᠨ ᠪᠥᠭᠡᠳ ᠲᠤᠶᠢᠯ ᠠᠴᠠ ᠪᠤᠴᠠᠬᠤ ᠦᠶ ᠡ  ᠳᠡᠭᠡᠨ ᠰᠢᠭᠤᠷᠭᠠᠨ ᠳᠤ ᠥᠷᠲᠥᠨ ᠰᠦᠢᠷᠡᠭᠰᠡᠨ ᠲᠡᠦᠬᠡ ᠲᠡᠢ᠃ ᠲᠤᠶᠢᠯ ᠳᠤ ᠲᠦᠷᠦᠭᠦᠯᠡᠵᠦ ᠬᠦᠷᠬᠦ᠂ ᠲᠡᠭᠦᠨ ᠢ ᠨᠡᠭᠡᠭᠡᠬᠦ ᠡᠨᠡᠬᠦ ᠥᠷᠢᠰᠦᠯᠳᠦᠭᠡᠨ ᠳᠦ ᠲᠤᠬᠠᠢ ᠶᠢᠨ ᠪᠠᠭ ᠤᠳ ᠤᠨ ᠬᠠᠩᠭᠠᠮᠵᠢ ᠬᠠᠮᠤᠭ ᠤᠨ ᠭᠣᠣᠯ ᠠᠰᠠᠭᠤᠳᠠᠯ ᠢ ᠰᠢᠢᠳᠦᠭᠰᠡᠨ ᠶᠤᠮ᠃ ᠤᠴᠢᠷ ᠨᠢ ᠠᠮᠤᠨ᠋ᠳ᠋ᠰᠧᠨ ᠤᠯᠠᠮᠵᠢᠯᠠᠯᠲᠤ ᠲᠡᠭᠡᠭᠡᠪᠦᠷᠢ ᠶᠢᠨ ᠬᠡᠷᠡᠭᠰᠡᠯ ᠪᠣᠯᠬᠤ ᠲᠤᠶᠢᠯ ᠤᠨ ᠨᠣᠬᠠᠢ ᠴᠢᠷᠭ᠎ᠠ ᠴᠠᠨ᠎ᠠ ᠶᠢᠨ ᠬᠣᠣᠰᠯᠠᠯ ᠢ ᠠᠰᠢᠭᠯᠠᠭᠰᠠᠨ ᠪᠣᠯ ᠬᠠᠷᠢᠨ ᠰᠺᠣᠲ᠋ᠲ ᠨᠠᠷ ᠮᠣᠲ᠋ᠣᠷᠲᠤ ᠴᠢᠷᠭ᠎ᠠ ᠠᠰᠢᠭᠯᠠᠭᠰᠠᠨ ᠨᠢ ᠲᠤᠶᠢᠯ ᠤᠨ ᠬᠦᠢᠲᠡᠨ ᠢ ᠲᠡᠰᠪᠦᠷᠢᠯᠡᠨ ᠳᠠᠭᠠᠭᠠᠵᠤ ᠨᠠᠶᠢᠳᠠᠪᠤᠷᠢᠲᠠᠢ ᠠᠵᠢᠯᠯᠠᠵᠤ ᠴᠢᠳᠠᠭ᠎ᠠ ᠦᠭᠡᠢ ᠪᠠᠶᠢᠨ᠎ᠠ᠃

ᠰᠣᠨᠢᠷᠬᠠᠯᠲᠠᠢ ᠪᠠᠷᠢᠮᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠠᠨᠲ᠋ᠠᠷᠺᠲ᠋ᠢᠳ᠋(ᠡᠮᠦᠨᠡᠳᠤ ᠲᠤᠢᠯ  ᠤᠨ ᠲᠢᠪ) ᠍ ᠢ ᠡᠵᠡᠮᠰᠢᠬᠦ ᠦᠶ᠎ᠡ ᠶᠢᠨ ᠤᠯᠤᠰ ᠣᠷᠣᠨ᠂ ᠲᠡᠭᠦᠨ ᠦ ᠤᠳᠤᠷᠢᠳᠤᠭᠴᠢ ᠨᠠᠷ ᠤᠨ ᠬᠦᠰᠡᠯ ᠵᠣᠷᠢᠯᠭ᠎ᠠ ᠪᠠᠶᠢᠵᠠᠢ᠃ ᠨᠠᠼᠢᠰᠲ ᠭᠧᠷᠮᠠᠨ ᠤ ᠤᠳᠤᠷᠢᠳᠤᠭᠴᠢ᠎ ᠭᠢᠲ᠋ᠯᠧᠷ ᠦᠨ ᠰᠢᠭᠤᠳ ᠤᠳᠤᠷᠢᠳᠤᠯᠭ᠎ᠠ ᠵᠢᠭᠠᠪᠤᠷᠢ ᠪᠠᠷ ᠳᠡᠯᠡᠬᠡᠢ ᠶᠢᠨ ᠬᠣᠶᠠᠳᠤᠭᠠᠷ ᠳᠠᠶᠢᠨ ᠤ ᠡᠮᠦᠨ᠎ᠡ ᠭᠧᠷᠮᠠᠨᠴᠤᠳ ᠡᠮᠦᠨᠡᠲᠦ ᠲᠢᠪ ᠢ ᠤᠳᠠᠭ᠎ᠠ ᠳᠠᠷᠠᠭ᠎ᠠ ᠲᠤᠶᠢᠯ ᠤᠨ ᠠᠶᠠᠯᠠᠯ ᠬᠢᠵᠦ ᠰᠤᠳᠤᠯᠤᠭᠰᠠᠨ ᠪᠠᠶᠢᠳᠠᠭ᠃ ᠲᠡᠳᠡ ᠡᠮᠦᠨᠡᠲᠦ ᠲᠤᠶᠢᠯ ᠤᠨ ᠠᠰᠤᠷᠤ ᠠᠭᠤᠳᠠᠮ ᠭᠠᠵᠠᠷ ᠤᠨ ᠠᠭᠠᠷ ᠤᠨ ᠵᠢᠷᠤᠭ ᠢ ᠨᠢᠰᠬᠦ ᠣᠩᠭᠣᠴᠠ ᠪᠠᠷ ᠠᠪᠴᠤ᠂ ᠲᠡᠮᠳᠡᠭᠲᠦ ᠨᠦᠭᠦᠳ ᠢ ᠰᠠᠭᠤᠷᠢᠯᠠᠭᠤᠯᠤᠭᠰᠠᠨ ᠪᠥᠭᠡᠳ ᠢᠩᠭᠢᠵᠦ ᠨᠠᠷᠢᠪᠴᠢᠯᠠᠨ ᠰᠤᠳᠤᠯᠤᠭᠰᠠᠨ ᠭᠠᠵᠠᠷ ᠢᠶᠠᠨ ᠰᠢᠨ᠎ᠡ ᠱᠸᠠᠪ ᠭᠡᠵᠦ ᠨᠡᠷᠡᠯᠡᠭᠰᠡᠨ ᠪᠠᠶᠢᠨ᠎ᠠ᠃ ᠡᠨᠡ ᠨᠢ ᠥᠨᠥᠳᠥᠷ ᠦᠨ ᠬᠠᠳᠤᠭᠲᠠᠢ ᠮᠣᠳ᠋  ᠤᠨ ᠭᠠᠵᠠᠷ ᠶᠤᠮ᠃ ᠳᠡᠯᠡᠬᠡᠢ ᠶᠢᠨ ᠬᠣᠶᠠᠳᠤᠭᠠᠷ ᠳᠠᠶᠢᠨ ᠤ ᠦᠶ᠎ᠡ ᠳᠦ ᠭᠧᠷᠮᠠᠨᠴᠤᠳ ᠤᠰᠤᠨ ᠳᠣᠣᠭᠤᠷ ᠶᠠᠪᠤᠭᠴᠢ ᠱᠤᠩᠪᠠᠭᠴᠢ ᠵᠠᠪᠢᠨ(ᠱᠤᠩᠭᠤᠯ ᠤᠩᠭᠤᠴᠠ) ᠤ ᠲᠤᠰᠠᠯᠠᠮᠵᠢ ᠲᠠᠢ ᠪᠠᠷ ᠨᠢᠭᠤᠴᠠ ᠪᠠᠭᠠᠵᠢ ᠨᠤᠭᠤᠳ ᠢ ᠪᠠᠶᠢᠭᠤᠯᠤᠭᠰᠠᠨ ᠭᠡᠳᠡᠭ ᠪᠣᠯᠪᠠᠴᠤ ᠥᠨᠥᠳᠥᠷ ᠢ ᠬᠦᠷᠲᠡᠯ᠎ᠡ ᠡᠨᠡ ᠲᠤᠬᠠᠢ ᠪᠠᠲᠤ ᠲᠠᠢ ᠮᠡᠳᠡᠭᠡ ᠪᠠᠶᠢᠬᠤ ᠦᠭᠡᠢ᠃
  • ᠳᠡᠯᠡᠬᠡᠢ ᠶᠢᠨ ᠬᠣᠶᠠᠳᠤᠭᠠᠷ ᠳᠠᠶᠢᠨ ᠳᠠᠭᠤᠰᠤᠭᠰᠠᠨ ᠤ ᠳᠠᠷᠠᠭ᠎ᠠ ᠠᠮᠧᠷᠢᠺᠠ ᠶᠢᠨ ᠠᠳ᠋ᠮᠢᠷᠠᠯ ᠪᠥᠷᠳ᠋  ᠤᠨ ᠤᠳᠤᠷᠢᠳᠤᠭᠰᠠᠨ ᠲᠤᠶᠢᠯ ᠤᠨ ᠠᠶᠠᠯᠠᠯ (ᠰᠢᠳᠦ ᠪᠡᠨ ᠬᠦᠷᠲᠡᠯ᠎ᠡ ᠵᠡᠪᠰᠡᠭᠯᠡᠭᠰᠡᠨ) ᠡᠮᠦᠨᠡᠲᠦ ᠲᠤᠢᠯ ᠤᠷᠤᠭᠤ ᠤᠳᠠᠭᠠᠨ ᠬᠤᠭᠤᠴᠠᠭᠠᠨ ᠤ "ᠥᠨᠳᠥᠷ ᠦᠰᠦᠷᠦᠯᠲᠡ" ᠲᠠᠢ ᠶᠠᠪᠤᠳᠠᠯ ᠤᠳ ᠢ ᠬᠡᠷᠡᠭᠵᠢᠭᠦᠯᠦᠭᠰᠡᠨ ᠪᠠᠶᠢᠨ᠎ᠠ᠃ ᠡᠨᠡ ᠶᠠᠪᠤᠳᠠᠯ ᠲᠠᠢ ᠬᠣᠯᠪᠣᠭ᠎ᠠ ᠲᠠᠢ ᠣᠯᠠᠨ ᠨᠢᠭᠤᠴᠠᠯᠢᠭ ᠮᠡᠳᠡᠭᠡ ᠪᠠᠶᠢᠳᠠᠭ ᠪᠣᠯᠪᠠᠴᠤ ᠪᠠᠲᠤ ᠲᠠᠢ ᠪᠤᠰᠤ᠃ ᠡᠨᠡ ᠨᠢ ᠲᠤᠶᠢᠯ ᠳᠤ ᠲᠡᠳᠡ ᠨᠠᠷ ᠬᠠᠰ ᠲᠡᠮᠳᠡᠭ ᠪᠦᠬᠦᠢ ᠠᠰᠤᠷᠤ ᠬᠤᠷᠳᠤᠨ ᠨᠢᠰᠳᠡᠭ ᠲᠠᠪᠠᠭ ᠬᠡᠯᠪᠡᠷᠢ ᠶᠢᠨ ᠪᠡᠶᠡᠲᠦ ᠨᠦᠭᠦᠳ᠂ ᠭᠧᠷᠮᠠᠨ ᠤ ᠡᠰᠡᠰ ᠦᠨ ᠴᠠᠨᠠᠴᠢᠳ ᠵᠡᠷᠭᠡ ᠲᠡᠢ ᠲᠤᠯᠤᠯᠳᠤᠭᠰᠠᠨ ᠭᠡᠳᠡᠭ᠃
  • ᠡᠮᠦᠨᠡᠳᠤ ᠲᠤᠢᠯ  ᠤᠨ ᠲᠢᠪ ᠲᠤ 1980 ᠤᠨ ᠠᠴᠠ ᠬᠣᠶᠢᠰᠢ ᠮᠣᠩᠭᠣᠯ ᠤᠯᠤᠰ ᠤᠨ ᠴᠠᠭ ᠠᠭᠤᠷ ᠤᠨ ᠬᠦᠷᠢᠶᠡᠯᠡᠩ ᠡᠴᠡ 3 ᠰᠤᠳᠤᠯᠤᠭᠠᠴᠢᠳ ᠴᠠᠭ ᠠᠭᠤᠷ ᠤᠨ ᠴᠢᠭᠯᠡᠯ ᠢᠶᠡᠷ ᠪᠦᠲᠦᠨ ᠤᠯᠠᠷᠢᠯ ᠤᠨ ᠲᠤᠷᠰᠢ ᠪᠠᠶᠢᠷᠢᠯᠠᠵᠤ ᠴᠠᠭ ᠠᠭᠤᠷ ᠤᠨ ᠰᠤᠳᠤᠯᠭᠠᠨ ᠨᠤᠭᠤᠳ ᠬᠢᠵᠡᠭᠡᠪᠡ᠃ ᠡᠨᠡ ᠰᠤᠳᠤᠯᠤᠭᠠᠴᠢᠳ ᠠᠴᠠ ᠬᠣᠶᠠᠷᠳᠠᠬᠢ ᠨᠢ ᠰᠤᠳᠤᠯᠤᠭᠠᠴᠢ ᠴᠢᠯᠠᠭᠤᠨᠪᠠᠲᠤ ᠶᠤᠮ᠃ ᠴᠢᠯᠠᠭᠤᠨᠪᠠᠲᠤ ᠨᠢ ᠡᠭᠦᠨ ᠡᠴᠡ ᠭᠠᠳᠠᠨ᠎ᠠ ᠨᠣᠮᠣᠬᠠᠨ ᠳᠠᠯᠠᠢ ᠶᠢᠨ ᠬᠠᠷ᠎ᠠ ᠰᠠᠯᠬᠢ ᠶᠢ ᠰᠤᠳᠤᠯᠬᠤ ᠮᠥᠰᠰᠥᠨ ᠴᠤᠪᠤᠷᠠᠯ ᠡᠷᠳᠡᠮ ᠰᠢᠨᠵᠢᠯᠡᠭᠡᠨ ᠦ ᠠᠶᠠᠯᠠᠯ ᠳᠤ ᠣᠷᠣᠯᠴᠠᠭᠰᠠᠨ ᠶᠤᠮ᠃

 ᠨᠡᠮᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Amundsen-Scott South Pole Station, National Science Foundation, Office of Polar Programs
  2. Your stay at Amundsen-Scott South Pole Station, National Science Foundation Office of Polar Programs
  3. Initial environmental evaluation – development of blue-ice and compacted-snow runways, National Science Foundation Office of Polar Programs, April 9, 1993
  4. "Non-human life form seen at Pole", The Antarctic Sun
  5. "Snow microbes found at South Pole", BBC News, 10 July, 2000

ᠭᠠᠳᠠᠭᠰᠢ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ