ᠡᠮᠦᠨᠡᠲᠦ ᠰᠣᠯᠣᠩᠭᠣᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
<tr class="mergedbottomrow"> </tr>
ᠪᠦᠭᠦᠳᠡ ᠨᠠᠶᠢᠷᠠᠮᠳᠠᠬᠤ ᠰᠣᠯᠣᠩᠭᠣᠰ ᠤᠯᠤᠰ
ᠰᠣᠯᠣᠩᠭᠣᠰ᠃ 대한민국
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠰᠣᠯᠣᠩᠭᠣᠰ ᠢᠶᠠᠷ 애국가 → ᠡᠭᠦᠺᠭ
«ᠡᠬᠡ ᠣᠷᠣᠨᠴᠢ ᠶᠢᠨ ᠳᠠᠭᠤᠤ»

ᠨᠡᠶᠢᠰᠯᠡᠯ 
(ᠶᠡᠬᠡ ᠬᠣᠲᠠ)
ᠰᠤᠤᠯ
ᠠᠯᠪᠠᠨ ᠬᠡᠯᠡ ᠰᠣᠯᠣᠩᠭᠣᠰ ᠬᠡᠯᠡ
ᠠᠯᠪᠠᠨ ᠦᠰᠦᠭ ᠰᠣᠯᠣᠩᠭᠣᠰ ᠦᠰᠦᠭ[1]
ᠠᠷᠠᠳ ᠲᠦᠮᠡᠨ 
(2010 ᠤᠨ)
99% - ᠰᠣᠯᠣᠩᠭᠣᠰ ᠦᠨᠳᠦᠰᠦᠲᠡᠨ
  1% - ᠪᠤᠰᠤ ᠠᠷᠠᠳ ᠲᠦᠮᠡᠨ
ᠣᠯᠠᠨ ᠲᠦᠮᠡᠨ ᠡᠮᠦᠨ᠎ᠡ ᠰᠣᠯᠣᠩᠭᠣᠰ ᠤᠨ ᠬᠢᠨ
ᠡᠮᠦᠨ᠎ᠡ ᠰᠣᠯᠣᠩᠭᠣᠰ ᠤᠯᠤᠰ ᠤᠨ ᠬᠢᠨ
ᠲᠥᠷᠥ ᠵᠠᠰᠠᠭ ᠠᠷᠠᠳᠴᠢᠯᠠᠭᠰᠠᠨ ᠳᠢᠭᠯᠢᠮᠨᠢᠭᠡᠳᠦᠮᠡᠯ
ᠪᠠᠶᠢᠭᠤᠯᠤᠮᠵᠢ
᠂ ᠶᠡᠷᠦᠩᠬᠡᠶᠢᠯᠡᠭᠴᠢ ᠶᠢᠨ
ᠪᠦᠭᠦᠳᠡ ᠨᠠᠶᠢᠷᠠᠮᠳᠠᠬᠤ ᠵᠠᠰᠠᠭᠲᠠᠢ
 -  ᠶᠡᠷᠦᠩᠬᠡᠶᠢᠯᠡᠭᠴᠢ ᠫᠠᠺ ᠭ ᠤᠨᠢ ᠬᠧ (2013-)
 -  ᠶᠡᠷᠦᠩᠬᠡᠢ ᠰᠠᠶᠢᠳ ᠴᠣᠩ ᠬᠤᠨ ᠸᠣᠨᠢ (2013-)
ᠤᠯᠤᠰ ᠤᠨ ᠬᠤᠷᠠᠯ ᠺᠥᠭᠬᠤᠡ → «ᠤᠯᠤᠰ ᠤᠨ ᠬᠤᠷᠠᠯ»
ᠲᠡᠦᠬᠡ
 -  ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 2333-10-03 ᠺᠦᠷᠡᠦᠰᠣᠨᠢ ᠤᠯᠤᠰ ᠡᠭᠦᠰᠦᠭᠰᠡᠨ 
 -  1945-08-15 ᠶᠠᠫᠣᠨᠣ ᠠᠴᠠ ᠴᠢᠯᠦᠭᠡᠯᠡᠭᠳᠡᠭᠰᠡᠨ 
 -  1948-08-15 ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠲᠤᠩᠬᠠᠭᠯᠠᠭᠳᠠᠭᠰᠠᠨ 
ᠨᠤᠲᠤᠭ ᠳᠡᠪᠢᠰᠬᠡᠷ
 -  ᠪᠦᠬᠦ ᠲᠠᠯᠠᠪᠠᠢ 100,210 km2 (109)
 -  ᠭᠠᠳᠠᠷᠭᠤ ᠶᠢᠨ ᠤᠰᠤ (%) 0.3
ᠬᠦᠮᠦᠨ ᠠᠮᠠ
 -  ᠲᠣᠭᠠᠴᠠᠭ᠎ᠠ (2012) 50,004,441 ᠬᠦᠮᠦᠨ[2] (25)
 -  ᠨᠢᠭᠲᠠᠴᠠ ᠰᠡᠶᠢᠷᠡᠭ 491 ᠬᠦᠮᠦᠨ/km2 
GDP (ХАЧТ) 2012 ᠣᠨ ᠤ ᠲᠣᠭᠠᠴᠠᠭ᠎ᠠ
 -  ᠨᠡᠶᠢᠲᠡ ᠳ᠋ᠦᠩ $1.622 ᠶᠡᠬᠡ ᠨᠠᠶᠤᠳ[3] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 12  ᠳᠦ
 -  ᠨᠢᠭᠡ ᠬᠦᠨᠳᠦ $32,431[3] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ25 ᠳᠦ
GDP (ᠨᠡᠷᠡᠯᠡᠭᠰᠡᠨ) 2012 ᠣᠨ ᠤ ᠲᠣᠭᠠᠴᠠᠭ᠎ᠠ
 -  ᠨᠡᠶᠢᠲᠡ ᠳ᠋ᠦᠩ $1.151 ᠶᠡᠬᠡ ᠨᠠᠶᠤᠳ[3]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ15 ᠳᠦ
 -  ᠨᠢᠭᠡ ᠬᠦᠨᠳᠦ $23,020[3] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ32]])
Gini (2010) 31.0[4] 
ᠬᠡᠦᠬᠡᠳ ᠦᠨ ᠬᠥᠭᠵᠢᠯ ᠦᠨ ᠢᠨᠳᠧᠺᠰ (2012) 0.897[5] (ᠣᠨᠴᠠ ᠰᠠᠶᠢᠨ) (15)
ᠮᠥᠩᠭᠥᠨ ᠦ ᠨᠢᠭᠡᠴᠡ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠤᠨ ᠸᠣᠨᠢ (₩) (KRW)
ᠴᠠᠭ ᠤᠨ ᠪᠥᠰᠡ ᠰᠣᠯᠣᠩᠭᠣᠰ ᠤᠨ ᠴᠠᠭ (GMT+9)
ᠳ᠋ᠦᠮᠠᠢᠨ ᠤ ᠨᠡᠷ᠎ᠡ ᠯᠠᠲ᠋ᠢᠨ - .kr, ᠰᠣᠯᠣᠩᠭᠣᠰ - .한국
ᠤᠲᠠᠰᠤᠨ ᠤ ᠲᠣᠮᠢᠶ᠎ᠠ +82

ᠡᠮᠦᠨᠡᠲᠦ ᠰᠣᠯᠣᠩᠭᠣᠰ ᠂ ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ (ᠰᠣᠯᠣᠩᠭᠣᠰ ᠢᠶᠠᠷ 대한민국 ) ᠨᠢ ᠰᠣᠯᠣᠩᠭᠣᠰ ᠤᠨ ᠬᠣᠶᠢᠭ ᠤᠨ ᠡᠮᠦᠨᠡᠲᠦ ᠬᠠᠭᠠᠰ ᠲᠤ ᠤᠷᠤᠰᠢᠬᠤ ᠵᠡᠭᠦᠨ ᠠᠽᠢᠶ ᠠ ᠍ ᠶᠢᠨ ᠤᠯᠤᠰ ᠶᠤᠮ᠃ ᠬᠣᠶᠢᠳᠤ ᠲᠠᠯ᠎ᠠ ᠪᠠᠷ ᠢᠶᠠᠨ ᠤᠮᠠᠷᠠᠳᠤ ᠰᠣᠯᠣᠩᠭᠣᠰ ᠲᠠᠢ ᠬᠢᠯᠢᠯᠡᠳᠡᠭ ᠪᠠ ᠪᠠᠷᠠᠭᠤᠨ ᠵᠦᠭ ᠲᠤ ᠰᠢᠷ᠎ᠠ ᠲᠡᠩᠭᠢᠰ ᠶᠢᠨ ᠴᠠᠭᠠᠨ᠎ᠠ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ᠂ ᠵᠡᠭᠦᠨ ᠵᠦᠭ ᠲᠤ ᠶᠠᠫᠣᠨ ᠲᠡᠩᠭᠢᠰ ᠦᠨ ᠴᠠᠭᠠᠨ᠎ᠠ ᠶᠠᠫᠣᠨ ᠤᠯᠤᠰ ᠤᠳ ᠣᠶᠢᠷ᠎ᠠ ᠪᠠᠶᠢᠷᠢᠯᠠᠳᠠᠭ᠃ ᠡᠮᠦᠨᠡᠲᠦ ᠰᠣᠯᠣᠩᠭᠣᠰ ᠤᠨ ᠬᠠᠮᠤᠭ ᠤᠨ ᠲᠣᠮᠣ ᠬᠣᠲᠠ ᠨᠢ ᠨᠡᠶᠢᠰᠯᠡᠯ ᠰᠤᠤᠯ ᠶᠤᠮ᠃ ᠡᠨᠡ ᠤᠯᠤᠰ ᠨᠢ ᠡᠬᠡ ᠭᠠᠵᠠᠷ ᠤᠨ ᠪᠣᠯᠤᠨ ᠬᠠᠯᠠᠭᠤᠨ ᠣᠷᠣᠨ ᠤ ᠴᠢᠭᠢᠭᠯᠢᠭ ᠠᠭᠤᠷ ᠠᠮᠢᠰᠬᠤᠯ ᠲᠠᠢ᠂ ᠳᠡᠶᠢᠯᠦᠩᠬᠢ ᠳᠦ ᠪᠡᠨ ᠠᠭᠤᠯᠠᠷᠬᠠᠭ ᠲᠣᠭᠲᠠᠴᠠ ᠲᠠᠢ 99,392 ᠳᠥᠷᠪᠡᠯᠵᠢᠨ ᠺᠢᠯᠣᠮᠧᠲ᠋ᠷ᠂ ᠪᠠᠷᠤᠭ 50 ᠰᠠᠶ᠎ᠠ ᠬᠦᠮᠦᠨ ᠲᠡᠢ᠃

ᠰᠣᠯᠣᠩᠭᠣᠰ ᠣᠷᠣᠨ (ᠤᠮᠠᠷᠠᠳᠤ ᠪᠣᠯᠤᠨ ᠡᠮᠦᠨᠡᠲᠦ ᠰᠣᠯᠣᠩᠭᠣᠰ ᠬᠠᠮᠲᠤ ᠳᠤ ᠪᠠᠨ) ᠡᠷᠲᠡᠨ ᠦ ᠢᠷᠭᠡᠨᠰᠢᠯ ᠳᠦ ᠨᠤᠲᠤᠭ ᠪᠥᠭᠡᠳ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 2333 ᠣᠨ ᠳᠤ ᠠᠩᠬᠠᠨ ᠤ ᠲᠥᠷᠥ ᠳᠦ ᠤᠯᠤᠰ ᠢᠶᠠᠨ ᠡᠭᠦᠰᠦᠭᠰᠡᠨ ᠭᠡᠵᠦ ᠦᠵᠡᠳᠡᠭ᠂ ᠰᠢᠯᠠᠯ ᠤᠯᠤᠰ ᠨᠢ 668 ᠣᠨ ᠳᠤ ᠨᠥᠭᠥᠭᠡ ᠬᠣᠶᠠᠷ ᠤᠯᠤᠰ ᠢᠶᠠᠨ (ᠫᠧᠺᠴᠡ ᠪᠠ ᠺᠦᠶᠢᠭᠤᠶ᠎ᠠ) ᠨᠢᠭᠡᠳᠬᠡᠨ ᠨᠢᠭᠡᠳᠦᠭᠰᠡᠨ ᠰᠢᠯᠠᠯ ᠤᠯᠤᠰ ᠢ ᠪᠠᠶᠢᠭᠤᠯᠤᠭᠰᠠᠨ ᠪᠠᠶᠢᠨ᠎ᠠ᠃ ᠤᠯᠠᠮ ᠢᠶᠠᠷ ᠺᠦ᠋ᠷᠢᠶ᠎ᠠ ᠪᠠ ᠴᠢᠰᠣᠨᠢ ᠤᠯᠤᠰ ᠪᠠᠶᠢᠭᠤᠯᠤᠭᠳᠠᠨ᠂ 1910 ᠣᠨ ᠳᠤ ᠰᠣᠯᠣᠩᠭᠣᠰ ᠤᠨ ᠡᠵᠡᠨᠲᠦ ᠤᠯᠤᠰ ᠮᠥᠬᠥᠬᠦ ᠬᠦᠷᠲᠡᠯ᠎ᠡ ᠨᠢᠭᠡᠳᠦᠭᠰᠡᠨ ᠤᠯᠤᠰ ᠪᠣᠯᠤᠨ ᠣᠷᠣᠰᠢᠨ ᠲᠣᠭᠲᠠᠨᠢᠵᠤ ᠪᠠᠶᠢᠪᠠ᠃ 1910-1945 ᠣᠨ ᠳᠤ ᠶᠠᠫᠣᠨ ᠬᠠᠭᠠᠨᠲᠤ ᠤᠯᠤᠰ ᠤᠨ ᠡᠵᠡᠮᠰᠢᠯ ᠳᠦ ᠣᠷᠣᠵᠤ᠂ 1945 ᠣᠨ ᠳᠤ ᠳᠡᠯᠡᠬᠡᠢ ᠶᠢᠨ ᠬᠣᠶᠠᠳᠤᠭᠠᠷ ᠳᠠᠶᠢᠨ ᠳᠠᠭᠤᠰᠤᠭᠰᠠᠨ ᠤ ᠳᠠᠷᠠᠭ᠎ᠠ ᠰᠣᠯᠣᠩᠭᠣᠰ ᠦᠨᠳᠦᠰᠦᠲᠡᠨ ᠨᠢ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰᠠᠮᠧᠷᠢᠺᠠ ᠶᠢᠨ ᠨᠢᠭᠡᠳᠦᠭᠰᠡᠨ ᠤᠯᠤᠰ ᠤᠯᠤᠰ ᠤᠳ ᠲᠤ ᠵᠠᠬᠢᠷᠤᠭᠳᠠᠵᠤ ᠠᠷᠤ᠂ ᠥᠪᠥᠷ ᠪᠣᠯᠤᠨ ᠬᠣᠶᠠᠷ ᠬᠤᠪᠢᠶᠠᠭᠳᠠᠭᠰᠠᠨ ᠤ ᠲᠤᠯᠠ 1948 ᠣᠨ ᠳᠤ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠪᠣᠯᠤᠨ ᠲᠤᠰᠠᠭᠠᠷ ᠲᠣᠭᠲᠠᠨᠢᠭᠰᠠᠨ ᠪᠠᠶᠢᠨ᠎ᠠ᠃

ᠡᠮᠦᠨᠡᠲᠦ ᠰᠣᠯᠣᠩᠭᠣᠰ ᠪᠣᠯ ᠬᠠᠭᠠᠰ ᠶᠡᠷᠦᠩᠬᠡᠶᠢᠯᠡᠭᠴᠢ ᠶᠢᠨ ᠵᠠᠰᠠᠭᠯᠠᠯ ᠲᠠᠢᠠᠷᠠᠳᠴᠢᠯᠠᠭᠰᠠᠨ ᠤᠯᠤᠰ ᠪᠥᠭᠡᠳ ᠡᠳ᠋ ᠍ ᠦᠨ ᠵᠠᠰᠠᠭ ᠨᠢ ᠠᠰᠤᠷᠤ ᠬᠤᠷᠳᠤᠴᠠ ᠲᠠᠢ ᠥᠰᠦᠭᠰᠡᠨ ᠶᠤᠮ᠃ ᠡᠳᠦᠭᠡ ᠬᠤᠳᠠᠯᠳᠤᠨ ᠠᠪᠬᠤ ᠴᠢᠳᠠᠪᠤᠷᠢ ᠠᠭᠠᠷᠬ᠎ᠠ ДНБ ᠍ ᠪᠡᠷ ᠳᠡᠯᠡᠬᠡᠢ ᠳᠦ 12 ᠳᠠᠬᠢ (ᠠᠽᠢᠶ᠎ᠠ ᠳᠤ 4 ᠳ᠋ᠡᠬᠢ) ᠳᠡᠰ ᠲᠦ ᠡᠷᠢᠮᠪᠡᠯᠡᠭᠳᠡᠬᠦ ᠬᠥᠭᠵᠢᠩᠭᠦᠢ ᠣᠷᠣᠨ ᠪᠣᠯᠤᠭᠰᠠᠨ᠃ ᠡᠺᠰᠫᠣᠷᠲᠣᠳ ᠴᠢᠭᠯᠡᠭᠰᠡᠨ ᠡᠳ᠋ ᠍ ᠦᠨ ᠵᠠᠰᠠᠭ ᠲᠠᠢ ᠤᠴᠢᠷ ᠠᠴᠠ ᠠᠵᠤ ᠦᠢᠯᠡᠳᠪᠦᠷᠢᠯᠡᠯ ᠦᠨ ᠴᠠᠬᠢᠯᠭᠠᠨ ᠪᠠᠷᠠᠭ᠎ᠠᠬᠠᠭᠠᠰ ᠳᠠᠮᠵᠢᠭᠤᠯᠤᠭᠴᠢᠭᠠᠷ ᠤᠲᠠᠰᠤᠷᠣᠪᠣ ᠳᠤ ᠍ ᠤᠨ ᠲᠧᠭᠨᠣᠯᠣᠭ ᠦᠳ ᠨᠢ ᠥᠨᠳᠥᠷ ᠬᠥᠭᠵᠢᠭᠰᠡᠨ᠃ ᠳᠡᠯᠡᠬᠡᠢ ᠳᠦ ᠬᠥᠯᠥᠭ ᠣᠩᠭᠣᠴᠠ ᠦᠢᠯᠡᠳᠪᠦᠷᠢᠯᠡᠯ ᠢᠶᠡᠷ ᠢᠶᠡᠨ ᠲᠡᠷᠢᠭᠦᠨ ᠪᠠᠶᠢᠷᠢ ᠳᠤ᠂ ᠭᠠᠨ ᠬᠠᠶᠢᠯᠠᠭᠤᠯᠤᠯᠲᠠ ᠪᠠᠷ ᠢᠶᠠᠨ ᠡᠬᠢᠨ ᠦ ᠭᠤᠷᠪᠠ ᠳᠤ᠂ ᠠᠦ᠋ᠲ᠋ᠣ ᠮᠠᠰᠢᠨ ᠦᠢᠯᠡᠳᠡᠷᠯᠡᠯ ᠳᠡᠭᠡᠷ᠎ᠡ ᠪᠡᠨ ᠡᠬᠢᠨ ᠦ ᠲᠠᠪᠤ ᠳᠤ ᠪᠠᠭᠳᠤᠨ᠎ᠠ᠃ ᠡᠮᠦᠨᠡᠲᠦ ᠰᠣᠯᠣᠩᠭᠣᠰ ᠨᠢ ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭ᠎ᠠ ᠪᠠᠨ᠂ ᠬᠥᠭᠵᠢᠯ ᠦᠨ ᠪᠠᠶᠢᠭᠤᠯᠤᠯᠭ᠎ᠠᠳᠡᠯᠡᠬᠡᠢ ᠶᠢᠨ ᠬᠤᠳᠠᠯᠳᠤᠭᠠᠨ ᠤ ᠪᠠᠶᠢᠭᠤᠯᠤᠯᠭ᠎ᠠ ᠪᠣᠯᠤᠨ ᠶᠡᠬᠡ 20 ᠵᠡᠷᠭᠡ ᠣᠯᠠᠨ ᠤᠯᠤᠰ ᠤᠨ ᠬᠣᠯᠪᠣᠭᠠᠳ ᠤᠨ ᠭᠡᠰᠢᠭᠦᠨ ᠣᠯᠤᠰ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠯᠣᠩᠭᠣᠰ ᠬᠤᠪᠢᠶᠠᠭᠳᠠᠬᠤ ᠠᠴᠠ ᠡᠮᠦᠨ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠰᠣᠯᠣᠩᠭᠣᠰ ᠤᠨ ᠲᠡᠦᠬᠡ
ᠺᠦᠶᠢᠭᠤᠶ᠎ᠠ ᠤᠯᠤᠰ ᠤᠨ ᠦᠶ᠎ᠡ ᠳᠦ ᠬᠠᠮᠢᠶᠠᠷᠬᠤ
ᠪᠤᠯᠠᠰᠢᠨ ᠤ ᠳᠣᠲᠣᠷ᠎ᠠ ᠬᠠᠨ᠎ᠠ ᠶᠢᠨ ᠵᠢᠷᠤᠭ

ᠰᠣᠯᠣᠩᠭᠣᠰ ᠤᠨ ᠬᠣᠶᠢᠭ ᠲᠤ ᠬᠦᠮᠦᠨ ᠦ ᠦᠯᠡᠳᠡᠭᠡᠭᠰᠡᠨ ᠡᠷᠲᠡᠨ ᠦ ᠰᠤᠳᠤᠯᠤᠯ ᠍ ᠤᠨ ᠣᠯᠳᠠᠪᠤᠷᠢ ᠬᠠᠭᠤᠴᠢᠨ ᠴᠢᠯᠠᠭᠤᠨ ᠵᠡᠪᠰᠡᠭ ᠦᠨ ᠦᠶ᠎ᠡ ᠡᠴᠡ ᠡᠬᠢ ᠲᠡᠢ᠃ ᠠᠩᠬᠠᠨ ᠤ ᠰᠣᠯᠣᠩᠭᠣᠰ ᠤᠯᠤᠰ ᠪᠣᠯᠬᠤ ᠺᠦ᠋ᠽᠥᠰᠥᠶᠢᠨ ᠢ ᠲᠠᠨᠢᠭᠦᠨᠢ ᠭᠡᠭᠴᠢ ᠮᠠᠨ ᠤ ᠡᠷᠡᠨ ᠦ ᠡᠮᠦᠨ᠎ᠡ 2333 ᠣᠨ ᠳᠤ ᠡᠭᠦᠰᠬᠡᠭᠰᠡᠨ ᠭᠡᠵᠦ ᠰᠣᠯᠣᠩᠭᠣᠰ ᠳᠣᠮᠣᠭ ᠲᠤ ᠦᠭᠦᠯᠡᠳᠡᠭ᠃[6] ᠺᠦᠷᠡᠦᠰᠣᠨᠢ ᠤᠮᠠᠷ᠎ᠠ ᠰᠣᠯᠣᠩᠭᠣᠰ ᠣᠷᠣᠨ᠂ ᠬᠠᠶᠠᠭ᠎ᠠ ᠵᠠᠯᠭᠠᠭ᠎ᠠ ᠮᠠᠨᠵᠤᠤᠷ ᠲᠦ ᠪᠤᠶᠤ ᠰᠢᠷ᠎ᠠ ᠲᠡᠩᠭᠢᠰ ᠦᠨ ᠡᠷᠭᠢ ᠨᠤᠲᠤᠭ ᠲᠤ ᠣᠷᠣᠰᠢᠵᠤ ᠪᠠᠶᠢᠪᠠ᠃ ᠺᠦᠷᠡᠦᠰᠣᠨᠢ ᠬᠢᠲᠠᠳ ᠤᠨ ᠬᠠᠨ ᠤᠯᠤᠰ ᠲᠠᠢ ᠡᠶ᠎ᠡ ᠡᠪᠳᠡᠷᠡᠨ ᠲᠡᠮᠡᠴᠡᠯᠳᠦᠵᠦ ᠮᠥᠬᠦᠭᠰᠡᠨ᠃ ᠲᠡᠭᠦᠨ ᠢ ᠵᠠᠯᠭᠠᠵᠤ ᠨᠡᠶᠢᠲᠡ ᠶᠢᠨ ᠣᠨ ᠲᠣᠭᠠᠯᠠᠯ ᠤᠨ ᠡᠬᠢᠨ ᠳᠦ ᠫᠦᠶ᠎ᠠ ᠤᠯᠤᠰᠤᠭᠵᠣᠲᠤᠩ-ᠶᠡᠰᠠᠮᠬᠠᠨᠢ ᠵᠡᠷᠭᠡ ᠣᠪᠤᠭ ᠠᠶᠢᠮᠠᠭ ᠤᠨ ᠬᠣᠯᠪᠣᠭᠠᠳ ᠣᠷᠣᠰᠢᠨ ᠪᠠᠶᠢᠵᠤ ᠪᠠᠶᠢᠭᠠᠳ ᠭᠤᠷᠪᠠᠨ ᠤᠯᠤᠰ ᠤᠨ ᠦᠶ᠎ᠡ ᠲᠡᠢ ᠵᠣᠯᠭᠠᠵᠠᠢ᠃ ᠰᠣᠯᠣᠩᠭᠣᠰ ᠦᠨᠳᠦᠰᠦᠨ ᠳᠦ ᠪᠡᠨ ᠡᠮᠦᠨᠡᠲᠦ ᠫᠧᠺᠴᠡᠰᠢᠯᠠᠯ᠂ ᠤᠮᠠᠷᠠᠳᠤ ᠪᠣᠯᠤᠨ ᠡᠮᠦᠨ᠎ᠡ ᠮᠠᠨᠵᠤᠤᠷ ᠲᠤ ᠺᠦᠶᠢᠭᠤᠶ᠎ᠠ ᠭᠡᠬᠦ ᠭᠤᠷᠪᠠᠨ ᠤᠯᠤᠰ ᠪᠣᠯᠵᠤ᠂ ᠨᠢᠭᠡ ᠤᠯᠤᠰ ᠦᠨᠳᠦᠰᠦᠲᠡᠨ ᠳᠦ ᠳᠥᠬᠥᠵᠦ ᠬᠡᠳᠦᠨ ᠵᠠᠭᠤᠨ ᠢ ᠦᠳᠦᠰᠦᠨ ᠦ ᠡᠴᠦᠰ ᠲᠦ 676 ᠣᠨ ᠳᠤ ᠲᠠᠨ ᠤᠯᠤᠰ ᠲᠠᠢ ᠬᠣᠯᠪᠣᠭᠠᠯᠠᠭᠰᠠᠨ ᠰᠢᠯᠠᠯ ᠪᠤᠰᠤᠳ ᠬᠣᠶᠠᠷ ᠢ ᠮᠥᠬᠥᠭᠡᠵᠦ ᠭᠠᠵᠠᠷ ᠨᠤᠲᠤᠭ ᠢ ᠨᠢ ᠡᠷᠬᠡᠰᠢᠶᠡᠵᠦ ᠨᠢᠭᠡᠳᠦᠭᠰᠡᠨ ᠰᠢᠯᠠᠯ ᠤᠯᠤᠰ ᠪᠣᠯᠵᠠᠢ᠃ ᠨᠢᠭᠡᠳᠦᠭᠰᠡᠨ ᠰᠢᠯᠠᠯ ᠤᠯᠤᠰ ᠤᠨ ᠦᠶ᠎ᠡ ᠳᠦ ᠢᠷᠠᠭᠤ ᠨᠠᠶᠢᠷᠠᠭᠳᠦᠷᠰᠦᠯᠡᠬᠦ ᠤᠷᠠᠯᠢᠭᠪᠤᠳ᠋ᠳ᠋ᠾᠠ ᠶᠢᠨ ᠰᠤᠶᠤᠯ ᠳᠡᠯᠭᠡᠷᠡᠨ ᠬᠦᠭᠵᠢᠪᠡ᠃ ᠰᠢᠯᠠᠯ (ᠰᠣᠯᠣᠩᠭᠣᠰ) - ᠲᠠᠨ (ᠬᠢᠲᠠᠳ) ᠨᠠᠶᠢᠷᠠᠮᠳᠠᠯ ᠲᠠᠢ ᠪᠠᠶᠢᠪᠠ᠃ 10 ᠍ ᠳᠦᠭᠡᠷ ᠵᠠᠭᠤᠨ ᠳᠤ ᠰᠢᠯᠠᠯ ᠳᠣᠲᠣᠭᠠᠳᠤ ᠶᠢᠨ ᠬᠢᠮᠤᠷᠠᠯ ᠠᠴᠠ ᠰᠤᠯᠠᠷᠠᠨ ᠺᠦ᠋ᠷᠶ᠎ᠠ ᠤᠯᠤᠰ ᠢᠶᠠᠷ ᠰᠣᠯᠢᠭᠳᠠᠵᠠᠢ᠃ ᠨᠢᠭᠡᠳᠦᠭᠰᠡᠨ ᠰᠢᠯᠢᠯᠭ᠎ᠠ ᠶᠢᠨ ᠦᠶ᠎ᠡ ᠳᠦ ᠮᠠᠨᠵᠤᠤᠷ ᠲᠤ ᠺᠦᠶᠢᠭᠤᠷᠢᠶᠣᠭ᠎ᠠ ᠶᠢᠨ ᠥᠪ ᠢ ᠵᠠᠯᠭᠠᠨ ᠪᠠᠶᠢᠭᠰᠠᠨ ᠫᠠᠯᠭᠡ ᠤᠯᠤᠰ 926 ᠣᠨ ᠳᠤ ᠬᠢᠲᠠᠨ ᠳᠤ ᠮᠥᠬᠦᠭᠡᠭᠳᠡᠵᠡᠢ᠃

ᠺᠦ᠋ᠷᠶᠤᠭ ᠤᠨ ᠲᠡᠵᠤ ᠸᠠᠩ 936 ᠣᠨ ᠳᠤ ᠰᠣᠯᠣᠩᠭᠣᠰ ᠦᠨᠳᠦᠰᠦᠲᠡᠨ ᠦ ᠭᠡᠳ ᠰᠢᠭᠤᠳ ᠬᠡᠯᠡᠴᠢᠬᠡᠵᠦ ᠪᠣᠯᠬᠤ ᠺᠦ᠋ᠷᠢᠶ᠎ᠠ ᠤᠯᠤᠰ ᠍ ᠢ ᠪᠠᠶᠢᠭᠤᠯᠪᠠ᠃ ᠡᠨᠡ ᠤᠯᠤᠰ ᠲᠤ ᠰᠢᠯᠢᠯᠭ᠎ᠠ ᠶᠢᠨ ᠠᠳᠠᠯᠢ ᠪᠠᠷ ᠰᠠᠭᠤᠷᠢᠨ ᠰᠤᠶᠤᠯ ᠤᠷᠠᠯᠢᠭ᠂ ᠡᠷᠳᠡᠮ ᠰᠡᠬᠡᠭᠡᠷᠡᠯ ᠯᠠᠪᠰᠢᠷᠠᠨ ᠲᠣᠭᠲᠠᠭᠰᠠᠨ᠃ ᠲᠤᠬᠠᠶᠢᠯᠠᠪᠠᠯ 1377 ᠣᠨ ᠳᠤ ᠪᠤᠳ᠋ᠳ᠋ᠾᠠ ᠶᠢᠨ ᠴᠢᠺᠴᠢ ᠬᠡᠮᠡᠬᠦ ᠨᠣᠮ ᠢ ᠲᠡᠮᠦᠷ ᠢᠶᠡᠷ ᠪᠠᠷᠯᠠᠭᠰᠠᠨ ᠨᠢ ᠳᠡᠯᠡᠬᠡᠢ ᠶᠢᠨ ᠠᠩᠬᠠᠨ ᠤ ᠲᠡᠮᠦᠷ ᠪᠠᠷᠰ ᠪᠠᠶᠢᠵᠠᠢ᠃[7] 13 ᠍ ᠳᠦᠭᠡᠷ ᠵᠠᠭᠤᠨ ᠳᠤ ᠺᠦ᠋ᠷᠢᠶ᠎ᠠ ᠶᠡᠬᠡ ᠮᠣᠩᠭᠣᠯ ᠤᠯᠤᠰ ᠤᠨ ᠳᠣᠪᠲᠣᠯᠭᠠᠨ ᠳᠤ ᠥᠷᠲᠥᠵᠦ ᠪᠠᠶᠢᠪᠠ᠃ 30 ᠵᠢᠯ ᠳᠠᠶᠢᠲᠤᠭᠰᠠᠨ ᠤ ᠡᠴᠦᠰ ᠲᠦ ᠬᠠᠷᠠᠭᠠᠲᠤ᠂ ᠭᠡᠪᠡᠴᠦ ᠲᠤᠰᠠᠭᠠᠷ ᠲᠣᠭᠲᠠᠨᠢᠭᠰᠠᠨ᠂ ᠦᠨᠡᠨᠴᠢ ᠬᠣᠯᠪᠣᠭᠠᠲᠠᠨ ᠨᠢ ᠪᠣᠯᠵᠤ ᠬᠣᠴᠣᠷᠠᠵᠠᠢ᠃ ᠶᠤᠸᠠᠨ ᠤᠯᠤᠰ ᠮᠥᠬᠥᠬᠦ ᠶᠢᠨ ᠠᠯᠳᠠ ᠳᠤ ᠺᠦ᠋ᠷᠢᠶ᠎ᠠ ᠶᠢᠨ ᠭᠠᠳᠠᠭᠠᠳᠤ ᠪᠣᠳᠣᠯᠭ᠎ᠠ ᠵᠥᠷᠢᠴᠡᠯᠳᠦᠵᠦ᠂ ᠡᠴᠦᠰᠲᠦᠭᠡ 1392 ᠣᠨ ᠳᠤ ᠢ ᠰᠣᠨ ᠭᠧ(ᠴᠢᠰᠣᠨᠢ ᠤᠯᠤᠰ ᠢ ᠦᠨᠳᠦᠰᠦᠯᠡᠭᠴᠢ ᠲᠡᠵᠤ ᠸᠠᠩ) ᠵᠠᠩᠵᠤᠨ ᠲᠥᠷᠥ ᠡᠷᠭᠢᠭᠦᠯᠦᠨ ᠤᠯᠤᠰ ᠤᠨ ᠸᠠᠩ ᠪᠣᠯᠵᠤ᠂ ᠳᠠᠷᠤᠭ᠎ᠠ ᠶᠢᠨ ᠵᠢᠷᠭᠤᠭᠠᠨ ᠵᠠᠭᠤᠨ ᠤ ᠲᠡᠭᠦᠬᠡᠨ ᠢᠶᠡᠨ ᠮᠥᠩᠬᠡᠷᠡᠭᠰᠡᠨ ᠴᠢᠰᠣᠨᠢ ᠤᠯᠤᠰ ᠍ ᠢ ᠦᠨᠳᠦᠰᠦᠯᠡᠵᠡᠢ᠃

ᠴᠢᠰᠣᠨᠢ ᠤᠯᠤᠰ ᠤᠨ ᠺᠶᠣᠨᠪᠦᠺ ᠣᠷᠳᠣᠨ
ᠴᠢᠰᠣᠨᠢ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ 200 ᠵᠢᠯ ᠳᠤ ᠨᠡᠶᠢᠰᠯᠡᠯ ᠺ ᠢᠶᠣᠨ ᠶᠢ ᠠᠴᠠ ᠬᠠᠨᠢᠭᠰᠠᠨ ᠳᠤ (ᠥᠨᠥ ᠰᠤᠤᠯ) ᠰᠢᠯᠵᠢᠵᠦ᠂ ᠳᠠᠶᠢᠨ ᠳᠠᠵᠢᠨ ᠦᠭᠡᠢ ᠠᠮᠤᠭᠤᠯᠠᠩ ᠪᠠᠶᠢᠪᠠ᠃ ᠰᠡᠵᠤᠩ ᠸᠠᠩ ᠰᠣᠯᠣᠩᠭᠣᠰ ᠦᠰᠦᠭ ᠢᠶᠡᠨ ᠵᠣᠬᠢᠶᠠᠵᠤ᠂ ᠤᠯᠤᠰ ᠳᠠᠶᠠᠭᠠᠷ ᠺᠥᠩᠽᠢ ᠶᠢᠨ ᠰᠤᠷᠲᠠᠯ ᠰᠠᠶᠢᠰᠢᠶᠠᠭᠳᠠᠨ ᠳᠡᠭᠡᠳᠦᠯᠡᠭᠳᠡᠵᠡᠢ᠃ 1592-1598 ᠣᠨ ᠤ ᠬᠣᠭᠣᠷᠣᠨᠳᠣ ᠶᠠᠫᠣᠨᠲᠣᠶᠣᠲ᠋ᠣᠮᠢ ᠬᠢᠳᠶᠰᠢ ᠰᠣᠯᠣᠩᠭᠣᠰ ᠲᠡᠳᠦᠢ ᠦᠭᠡᠢ ᠥᠷᠦᠨᠡᠰᠢ ᠨᠡᠪᠲᠡᠷᠡᠨ᠎ᠡ ᠭᠡᠵᠦ ᠬᠠᠯᠳᠠ ᠪᠠᠷ ᠢᠷᠡᠬᠦ ᠳᠦ ᠤᠰᠤᠨ ᠴᠡᠷᠢᠭ ᠦᠨ ᠢ ᠰᠦᠨᠢ ᠰᠢᠨᠢ ᠵᠠᠩᠵᠤᠨ ᠤ "ᠶᠠᠰᠤᠲᠤ ᠮᠡᠯᠡᠬᠡᠢ ᠣᠩᠭᠣᠴᠠ", ᠮᠢᠩ ᠤᠯᠤᠰ ᠍ ᠤᠨ ᠴᠡᠷᠢᠭ ᠦᠨ ᠲᠤᠰᠠᠯᠠᠮᠵᠢ ᠲᠠᠢ ᠪᠠᠶᠢᠯᠳᠤᠨ ᠪᠠᠶᠢᠵᠤ ᠲᠥᠷᠥ ᠤᠯᠤᠰ ᠢᠶᠠᠨ ᠠᠯᠠᠳᠠᠯ ᠦᠭᠡᠢ ᠦᠯᠡᠳᠡᠵᠡᠢ᠃ ᠮᠢᠩ ᠤᠯᠤᠰ ᠲᠠᠢ ᠤᠭ ᠤᠨ ᠨᠠᠶᠢᠷᠰᠠᠭ ᠴᠢᠰᠣᠨᠢ 1627, 1636 ᠣᠨ ᠳᠤ ᠤᠮᠠᠷᠠᠳᠤ ᠠᠴᠠ ᠮᠠᠨᠳᠤᠭᠰᠠᠨ ᠮᠠᠨᠵᠤ ᠲᠠᠢ ᠬᠣᠶᠠᠷᠠᠨ ᠲᠠᠢ ᠪᠠᠶᠢᠯᠳᠤᠵᠤ ᠨᠠᠶᠢᠷᠠᠮᠳᠠᠨ ᠲᠡᠭᠦᠰᠴᠡᠢ᠃ ᠴᠢᠩ ᠤᠯᠤᠰ ᠍ ᠤᠨ ᠡᠪ ᠢ ᠣᠯᠤᠨ ᠠᠮᠠᠷ ᠵᠢᠮᠡᠷ᠂ ᠳᠡᠯᠡᠬᠡᠢ ᠶᠢᠨ ᠳᠠᠬᠢᠨ ᠠᠴᠠ ᠬᠠᠮᠢᠶᠠᠷᠤᠯ ᠦᠭᠡᠢ ᠬᠣᠶᠠᠷ ᠵᠠᠭᠤᠨ ᠢ ᠦᠳᠡᠭᠡᠳ ᠥᠷᠥᠨᠡᠲᠦ ᠶᠢᠨ ᠰᠢᠬᠠᠯᠲᠠ ᠪᠠᠷ ᠨᠡᠭᠡᠭᠡᠭᠳᠡᠭᠰᠡᠨ᠃

1870 ᠍ ᠳᠦ ᠣᠨ ᠠᠴᠠ ᠶᠠᠫᠣᠨ ᠠᠬᠢᠶᠠᠳ ᠯᠠ ᠰᠣᠯᠣᠩᠭᠣᠰ ᠢ ᠡᠵᠡᠯᠡᠬᠦ ᠶᠢ ᠣᠷᠣᠯᠳᠤᠵᠤ ᠡᠬᠢᠯᠡᠭᠰᠡᠨ ᠪᠠ 1895 ᠣᠨ ᠳᠤ ᠴᠢᠰᠣᠨᠢ ᠬᠠᠲᠤᠨ ᠬᠠᠭᠠᠨ ᠤ ᠠᠮᠠ ᠶᠢ ᠬᠣᠣᠷᠯᠠᠵᠤ[8] ᠂ ᠤᠯᠠᠮ ᠢᠶᠠᠷ 1905 ᠣᠨ ᠳᠤ ᠢᠪᠡᠭᠡᠯ ᠳᠦ ᠣᠷᠣᠨ(ᠫᠷᠣᠲ᠋ᠧᠺᠲ᠋ᠣᠷᠠᠲ) ᠪᠣᠯᠬᠤ ᠶᠢ ᠲᠤᠯᠭᠠᠨ ᠵᠥᠪᠰᠢᠶᠡᠷᠡᠭᠦᠯᠪᠡ᠃[9] 1910-1945 ᠣᠨ ᠤ ᠬᠣᠭᠣᠷᠣᠨᠳᠣ ᠶᠠᠫᠣᠨ ᠡᠵᠡᠨ ᠳᠦ ᠰᠣᠯᠣᠩᠭᠣᠰ ᠣᠷᠣᠨ ᠪᠣᠯᠪᠠ᠃ ᠳᠡᠯᠡᠬᠡᠢ ᠶᠢᠨ ᠬᠣᠶᠠᠳᠤᠭᠠᠷ ᠳᠠᠶᠢᠨ ᠤ ᠲᠡᠭᠦᠰᠬᠡᠯ ᠳᠦ ᠠᠮᠧᠷᠢᠺᠠ ᠶᠢᠨ ᠨᠢᠭᠡᠳᠦᠭᠰᠡᠨ ᠤᠯᠤᠰᠵᠥᠪᠯᠡᠯᠲᠦ ᠬᠣᠯᠪᠣᠭᠠᠲᠤ ᠤᠯᠤᠰ ᠬᠣᠶᠠᠷ ᠥᠪᠡᠷᠰᠡᠳ ᠦᠨ ᠳᠢᠭᠯᠢᠮ ᠢᠶᠡᠷ ᠵᠠᠮᠨᠠᠭᠤᠯᠬᠤ ᠶᠢᠨ ᠲᠤᠯᠠᠳᠠ ᠰᠣᠯᠣᠩᠭᠣᠰ ᠢ ᠶᠠᠫᠣᠨ ᠠᠴᠠ ᠤᠷᠤᠯᠳᠤᠨ ᠴᠢᠯᠦᠭᠡᠯᠡᠵᠡᠢ᠃

ᠬᠤᠪᠢᠶᠠᠭᠳᠠᠭᠰᠠᠨ ᠤ ᠳᠠᠷᠠᠭᠠᠬᠢ БНСУ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠰᠣᠯᠣᠩᠭᠣᠰ ᠤᠨ ᠲᠡᠦᠬᠡ

ᠳᠠᠶᠢᠨ ᠤ ᠳᠠᠷᠠᠭᠠᠬᠢ ᠭᠤᠷᠪᠠᠨ ᠵᠢᠯ ᠰᠣᠯᠣᠩᠭᠣᠰ ᠍ ᠤᠨ ᠡᠮᠦᠨ᠎ᠡ ᠬᠠᠭᠠᠰ ᠠᠮᠧᠷᠢᠺᠠ ᠶᠢᠨ ᠨᠢᠭᠡᠳᠦᠭᠰᠡᠨ ᠤᠯᠤᠰ ᠤᠨ ᠴᠡᠷᠢᠭ ᠦᠨ ᠬᠢᠨᠠᠯᠲᠠᠨ ᠳᠤ ᠪᠠᠶᠢᠵᠤ᠂ ᠺᠠᠫᠲ᠋ᠠᠯᠢᠰᠲ (ᠬᠥᠷᠥᠩᠭᠡ ᠳᠦ) ᠡᠳ᠋ ᠍ ᠦᠨ ᠵᠠᠰᠠᠭ᠂ ᠠᠷᠠᠳᠴᠢᠯᠠᠭᠰᠠᠨ ᠳᠢᠭᠯᠢᠮ ᠢᠶᠡᠷ ᠵᠠᠮᠨᠠᠬᠤ ᠳᠤ ᠪᠡᠯᠡᠳᠬᠡᠭᠳᠡᠵᠡᠢ᠃ ᠶᠠᠫᠣᠨ ᠠᠴᠠ ᠰᠣᠯᠣᠩᠭᠣᠰ ᠢ ᠲᠤᠰᠠᠭᠠᠷ ᠲᠣᠭᠲᠠᠨᠢᠭᠤᠯᠬᠤ ᠶᠢᠨ ᠲᠥᠯᠥᠭᠡ ᠲᠡᠮᠡᠴᠡᠵᠦ ᠶᠠᠪᠤᠭᠰᠠᠨ ᠨᠥᠬᠥᠳ ᠡᠴᠡ ᠠᠮᠧᠷᠢᠺᠠ ᠶᠢᠨ ᠨᠢᠭᠡᠳᠦᠭᠰᠡᠨ ᠤᠯᠤᠰ ᠳᠦ ᠭᠣᠶᠢᠳᠠ ᠲᠠᠭᠠᠯᠠᠭᠳᠠᠭᠰᠠᠨ ᠢ ᠰ ᠤᠨ ᠮᠠᠨᠢ 1945 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠠᠴᠠ ᠢᠷᠡᠵᠦ᠂ 1948 ᠣᠨ ᠤ 8 ᠰᠠᠷ᠎ᠠ ᠶᠢᠨ 13 ᠍ ᠳᠦ БНСУ ᠲᠤᠩᠬᠠᠭᠯᠠᠭᠳᠠᠬᠤ ᠳᠤ ᠠᠩᠬᠠᠨ ᠤ ᠶᠡᠷᠦᠩᠬᠡᠶᠢᠯᠡᠭᠴᠢ ᠪᠣᠯᠵᠠᠢ᠃ ᠬᠦᠢᠲᠡᠨ ᠳᠠᠶᠢᠨᠢ ᠠᠷᠠᠴᠠᠯᠳᠤᠭᠠᠨ ᠤ ᠠᠩᠬᠠᠨ ᠤ ᠭᠡᠵᠦ ᠪᠣᠯᠬᠤ ᠰᠣᠯᠣᠩᠭᠣᠰ ᠤᠨ ᠳᠠᠶᠢᠨ 1950 ᠍ ᠠᠴᠠ 1953 ᠣᠨ ᠤ ᠬᠣᠭᠣᠷᠣᠨᠳᠣ ᠳᠡᠭᠳᠡᠪᠡ᠃ ᠵᠥᠪᠯᠡᠯᠲᠦ ᠬᠣᠯᠪᠣᠭᠠᠲᠤ ᠤᠯᠤᠰ ᠪᠠᠷ ᠳᠡᠮᠵᠢᠭᠳᠡᠭᠰᠡᠨ ᠤᠮᠠᠷ᠎ᠠ ᠰᠣᠯᠣᠩᠭᠣᠰ ᠡᠬᠢᠨ ᠦ ᠦᠶ᠎ᠡ ᠳᠦ ᠠᠮᠵᠢᠯᠲᠠᠲᠠᠢ ᠳᠠᠪᠰᠢᠵᠤ᠂ ᠵᠣᠷᠢᠭᠰᠠᠨ᠎ᠠ ᠪᠠᠷ ᠢᠶᠠᠨ ᠰᠣᠯᠣᠩᠭᠣᠰ ᠢ ᠪᠦᠬᠦᠯᠢ ᠳᠦ ᠨᠢ ᠡᠪ ᠬᠠᠮᠳᠣ ᠤᠯᠤᠰ ᠲᠤ ᠪᠠᠨ ᠨᠢᠭᠡᠳᠬᠡᠬᠦ ᠰᠢᠬᠠᠭᠰᠠᠨ ᠴᠤ ᠠᠮᠧᠷᠢᠺᠠ ᠶᠢᠨ ᠨᠢᠭᠡᠳᠦᠭᠰᠡᠨ ᠤᠯᠤᠰᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠦᠨ ᠬᠦᠴᠦᠨ ᠦ ᠲᠤᠰᠠᠯᠠᠮᠵᠢ ᠪᠠᠷ ᠡᠮᠦᠨᠡᠲᠦ ᠶᠢᠨ ᠬᠢᠨ ᠤᠬᠤᠷᠢᠭᠠᠨ ᠲᠦᠷᠢᠵᠦ ᠤᠮᠠᠷᠠᠳᠤ ᠶᠢᠨ ᠬᠣᠯᠪᠣᠭᠠᠲᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ 1 ᠰᠠᠶ᠎ᠠ ᠴᠡᠷᠢᠭ ᠦᠨ ᠬᠦᠴᠦᠲᠡᠢ ᠲᠤᠯᠵᠤ ᠳᠠᠶᠢᠨ ᠵᠣᠭᠰᠣᠵᠠᠢ᠃ 1953 ᠣᠨ ᠤ 38 ᠍ ᠳᠦᠭᠡᠷ ᠥᠷᠭᠡᠷᠢᠭ ᠢᠶᠡᠷ ᠬᠢᠯᠢ ᠲᠣᠭᠲᠠᠭᠠᠵᠤ᠂ ᠬᠠᠷᠢᠯᠴᠠᠨ ᠭᠠᠯ ᠢᠶᠠᠨ ᠵᠣᠭᠰᠣᠭᠠᠭᠰᠠᠨ ᠭᠡᠷᠢᠶᠡᠨ ᠳᠦ ᠠᠮᠧᠷᠢᠺᠠ ᠶᠢᠨ ᠨᠢᠭᠡᠳᠦᠭᠰᠡᠨ ᠤᠯᠤᠰᠤᠮᠠᠷ᠎ᠠ ᠰᠣᠯᠣᠩᠭᠣᠰ ᠬᠣᠶᠠᠷ ᠭᠠᠷ ᠤᠨ ᠦᠰᠦᠭ ᠵᠢᠷᠤᠯᠴᠠᠵᠠᠢ᠃ ᠡᠮᠦᠨᠡᠲᠦ ᠶᠢᠨ ᠬᠢᠨ ᠭᠠᠷ ᠤᠨ ᠦᠰᠦᠭ ᠵᠢᠷᠤᠭ᠎ᠠ ᠦᠭᠡᠢ ᠪᠣᠯᠬᠣᠷ ᠲᠧᠭᠨᠢᠭ ᠦᠨ ᠲᠠᠯ᠎ᠠ ᠠᠴᠠ ᠪᠠᠨ ᠬᠣᠶᠠᠷ ᠰᠣᠯᠣᠩᠭᠣᠰ ᠣᠳᠣ ᠴᠤ ᠳᠠᠶᠢᠨ ᠤ ᠪᠠᠶᠢᠳᠠᠯ ᠳᠤ ᠪᠠᠶᠢᠭ᠎ᠠ ᠶᠤᠮ᠃[10]

ᠹᠠᠢᠢᠯ:Near by han river.jpg
ᠨᠡᠶᠢᠰᠯᠡᠯ ᠰᠤᠤᠯ ᠬᠣᠲᠠ
1960 ᠣᠨ ᠤ ᠬᠠᠪᠤᠷ ᠣᠶᠤᠲᠠᠨ ᠤ ᠡᠰᠡᠷᠭᠦᠴᠡᠯ ᠦᠨ ᠵᠢᠭ᠌ᠰᠠᠭᠠᠯ ᠶᠢᠡᠷ 85 ᠨᠠᠰᠤᠲᠠᠢ ᠢ ᠰ ᠤᠨ ᠮᠠᠨᠢ ᠣᠭᠴᠠᠷᠴᠥ᠂ ᠲᠡᠷᠡ ᠰᠠᠮᠠᠭᠤᠨ ᠴᠠᠭ ᠲᠤ ᠭᠧᠨᠧᠷᠠᠯ ᠫᠠᠺ ᠵᠣᠩ-ᠬ ᠤᠢ ᠴᠡᠷᠢᠭ ᠦᠨ ᠬᠦᠴᠦ ᠪᠡᠷ ᠲᠥᠷᠥ ᠶᠢᠨ ᠡᠷᠬᠡ ᠶᠢ ᠠᠪᠴᠤ 1979 ᠣᠨ ᠳᠤ ᠠᠯᠠᠭᠳᠠᠬᠤ ᠬᠦᠷᠲᠡᠯ᠎ᠡ ᠶᠡᠷᠦᠩᠬᠡᠶᠢᠯᠡᠭᠴᠢ ᠪᠠᠶᠢᠪᠠ᠃ ᠲᠡᠭᠦᠨ ᠦ ᠦᠶ᠎ᠡ ᠳᠦ ᠤᠯᠤᠰ ᠲᠥᠷᠥ ᠶᠢᠨ ᠳᠠᠷᠤᠩᠭᠤᠢ ᠳᠢᠭᠯᠢᠮ ᠲᠡᠢ ᠪᠣᠯᠪᠠᠴᠤ ᠡᠳ᠋ ᠍ ᠦᠨ ᠵᠠᠰᠠᠭ ᠡᠺᠰᠫᠣᠷᠲᠣᠳ ᠴᠢᠭᠯᠡᠨ ᠦᠰᠦᠷᠦᠩᠭᠦᠢ ᠬᠥᠭᠵᠢᠭᠰᠡᠨ᠃ ᠫᠠᠺ ᠵᠣᠩ-ᠬ ᠤᠢᠨ ᠳᠠᠷᠠᠭ᠎ᠠ ᠺᠦ᠋ᠠᠵᠦ ᠬᠣᠲᠠ ᠶᠢᠨ ᠭᠡᠬᠦ ᠮᠡᠲᠦ ᠠᠷᠠᠳᠴᠢᠯᠠᠯ ᠢ ᠬᠦᠰᠡᠭᠰᠡᠨ ᠣᠶᠤᠲᠠᠨ᠂ ᠬᠥᠳᠡᠯᠮᠦᠷᠢᠴᠢᠳ ᠦᠨ ᠬᠥᠳᠡᠯᠭᠡᠭᠡᠨ ᠢ ᠨᠤᠬᠤᠴᠢᠨ ᠳᠠᠷᠤᠵᠤ ᠪᠠᠶᠢᠵᠤ ᠪᠠᠰᠠ ᠨᠢᠭᠡᠨ ᠴᠡᠷᠢᠭ ᠦᠨ ᠡᠷᠬᠡᠲᠡᠨ ᠵᠣᠩ ᠳᠦ-ᠬᠤᠸᠠ ᠶᠢᠨ 1987 ᠣᠨ ᠤ ᠣᠶᠤᠲᠠᠨ ᠤ ᠠᠮᠢ ᠡᠷᠦᠰᠳᠡᠯ ᠳᠦ ᠬᠦᠷᠲᠡᠯ᠎ᠡ ᠶᠡᠷᠦᠩᠬᠡᠶᠢᠯᠡᠭᠴᠢ ᠪᠡᠷ ᠠᠵᠢᠯᠯᠠᠵᠠᠢ᠃ ᠳᠠᠷᠠᠭ᠎ᠠ ᠨᠢ ᠠᠷᠠᠳᠴᠢᠯᠠᠭᠰᠠᠨ ᠰᠣᠩᠭᠣᠭᠤᠯᠢ ᠳᠤ 6 ᠍ ᠳᠦᠭᠡᠷ ᠪᠦᠭᠦᠳᠡ ᠨᠠᠶᠢᠷᠠᠮᠳᠠᠬᠤ ᠤᠯᠤᠰ ᠤᠨ ᠦᠶ᠎ᠡ ᠡᠬᠢᠯᠡᠵᠡᠢ᠃[11]

1988 ᠣᠨ ᠤ ᠵᠤᠨ ᠤ ᠣᠯᠢᠮᠫᠢᠺ ᠤᠨ ᠨᠠᠭᠠᠳᠤᠮ ᠢ ᠰᠣᠦᠯ ᠭᠠᠷᠳᠠᠨ ᠠᠪᠤᠭᠰᠠᠨ᠃ 1996 ᠣᠨ ᠳᠤ ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭᠠᠨ᠂ ᠬᠥᠭᠵᠢᠯ ᠦᠨ ᠪᠠᠶᠢᠭᠤᠯᠤᠯᠭ᠎ᠠ ᠍ ᠶᠢᠨ ᠭᠡᠰᠢᠭᠦᠨ ᠪᠣᠯᠤᠭᠰᠠᠨ ᠤ ᠳᠠᠷᠠᠭ᠎ᠠ ᠵᠢᠯ ᠡᠮᠦᠨ᠎ᠡ ᠰᠣᠯᠣᠩᠭᠣᠰ ᠠᠽᠢᠶ᠎ᠠ ᠶᠢᠨ ᠰᠠᠩᠬᠦᠦ ᠶᠢᠨ ᠬᠢᠮᠤᠷᠠᠯ ᠳᠤ ᠳᠠᠭᠠᠷᠢᠭᠳᠠᠵᠤ ᠥᠩᠭᠡᠷᠡᠭᠰᠡᠨ᠃ 1998-2003 ᠣᠨ ᠤ ᠶᠡᠷᠦᠩᠬᠡᠶᠢᠯᠡᠭᠴᠢ ᠺᠢᠮ ᠳᠡ-ᠵᠦᠩ ᠬᠣᠶᠠᠷ ᠰᠣᠯᠣᠩᠭᠣᠰ ᠢ ᠡᠪᠯᠡᠷᠡᠭᠦᠯᠬᠦ ᠳᠣᠷᠪᠢᠲᠠᠢ ᠠᠵᠢᠯ ᠰᠠᠨᠠᠭᠠᠴᠢᠯᠠᠵᠤ ᠪᠠᠶᠢᠭᠰᠠᠨ ᠢᠶᠠᠷ ᠢᠶᠠᠨ ᠨᠣᠪᠧᠯ ᠤᠨ ᠡᠩᠬᠡ ᠲᠠᠶᠢᠪᠤᠩ ᠤᠨ ᠱᠠᠩ ᠬᠦᠷᠢᠲᠦᠪᠡ᠃[12] 2002 ᠣᠨ ᠳᠤ ᠶᠠᠫᠣᠨ ᠲᠠᠢ ᠬᠠᠮᠲᠤᠷᠠᠨ ᠬᠥᠯ ᠪᠥᠮᠪᠥᠭᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠢ ᠬᠦᠯᠢᠶᠡᠨ ᠠᠪᠤᠭᠰᠠᠨ᠃ 2000 ᠍ ᠊ᠭᠠᠳ ᠣᠨ ᠠᠴᠠ ᠰᠣᠯᠣᠩᠭᠣᠰ ᠳᠠᠪᠠᠯᠭ᠎ᠠ ᠪᠤᠶᠤ ᠡᠮᠦᠨᠡᠲᠦ ᠪᠦᠲᠦᠭᠡᠭᠰᠡᠨ ᠬᠥᠭᠵᠢᠮ᠂ ᠺᠢᠨᠣ᠋ ᠤᠷᠠᠯᠢᠭ ᠤᠨ ᠪᠦᠲᠦᠭᠡᠯ ᠣᠯᠠᠨ ᠤᠯᠤᠰ ᠤᠨ ᠪᠠᠶᠢᠩᠭᠤ ᠶᠢᠨ ᠦᠵᠡᠪᠦᠷᠢ ᠪᠣᠯᠵᠠᠢ᠃

ᠵᠠᠰᠠᠭ ᠵᠠᠬᠢᠷᠭᠠᠨ ᠤᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠲᠦ ᠰᠣᠯᠣᠩᠭᠣᠰ ᠨᠤᠲᠤᠭ ᠳᠡᠪᠢᠰᠬᠡᠷ᠂ ᠲᠡᠭᠦᠨ ᠳᠦ ᠣᠷᠣᠰᠢᠨ ᠰᠠᠭᠤᠭ᠎ᠠ ᠬᠦᠮᠦᠨ ᠠᠷᠤ ᠳᠠᠭᠠᠨ ᠵᠠᠰᠠᠨ ᠵᠠᠬᠢᠷᠬᠤ ᠵᠣᠷᠢᠯᠭ᠎ᠠ ᠪᠠᠷ ᠳᠥᠷᠪᠡᠨ ᠲᠦᠪᠰᠢᠨ ᠦ ᠬᠡᠳᠦ ᠬᠡᠳᠦᠨ ᠨᠢᠭᠡᠴᠡ ᠳᠦ ᠬᠤᠪᠢᠶᠠᠨ ᠲᠣᠬᠣᠨᠢᠭᠤᠯᠵᠠᠢ᠃ ᠨᠢᠭᠡᠳᠦᠭᠡᠷ ᠲᠦᠪᠰᠢᠨ ᠢ ᠠᠶᠢᠮᠠᠭ ᠤᠨ᠂ ᠳᠠᠷᠠᠭᠠᠬᠢ ᠲᠦᠪᠰᠢᠨ ᠨᠦᠭᠦᠳ ᠢ ᠬᠣᠲᠠ᠂ ᠳᠡᠭᠦᠷᠭᠡ᠂ ᠬᠣᠷᠢᠶᠠᠨ ᠤ ᠭᠡᠵᠦ ᠲᠣᠳᠣᠷᠬᠠᠶᠢᠯᠠᠵᠤ ᠪᠣᠯᠤᠨ᠎ᠠ᠃ ᠨᠢᠭᠡᠳᠦᠭᠡᠷ ᠵᠡᠷᠭᠡ ᠳᠦ ᠠᠶᠢᠮᠠᠭ (도-ᠲᠤ ᠪᠤᠶᠤ ᠳᠤ) - 8, ᠣᠨᠴᠠᠭᠠᠢ ᠵᠠᠬᠢᠷᠭ᠎ᠠ ᠳᠤ ᠠᠶᠢᠮᠠᠭ (특별자치도 ᠲ ᠢᠪᠶ᠋ᠢᠯ ᠴᠠᠵᠢᠳᠤ) - 1, ᠥᠷᠭᠡᠨ ᠬᠣᠲᠠ (광역시 ᠺᠦ᠋ᠠᠨ ᠶᠣᠭᠰᠢ) - 6, ᠣᠨᠴᠠᠭᠠᠢ ᠬᠣᠲᠠ (특별시 ᠲ ᠤᠺᠪᠶ᠋ᠢᠯ ᠱᠢ) - 1, ᠣᠨᠴᠠᠭᠠᠢ ᠵᠠᠬᠢᠷᠭ᠎ᠠ ᠳᠤ ᠬᠣᠲᠠ (특별자치시 ᠲ ᠢᠪᠶ᠋ᠢᠯ ᠴᠠᠵᠢᠰᠢ) - 1 ᠪᠤᠶᠤ ᠪᠦᠭᠦᠳᠡ 5 ᠨᠢᠭᠡᠴᠡ ᠶᠢᠨ 17 ᠨᠤᠲᠤᠭ ᠪᠠᠶᠢᠨ᠎ᠠ᠃ ᠤᠳᠠᠭᠠᠬᠢ ᠲᠦᠪᠰᠢᠨ ᠳᠦ 77 ᠬᠣᠲᠠ (시 ᠱᠢ), 85 ᠬᠣᠰᠢᠭᠤ (군 ᠺᠥᠩᠢ, ᠭᠦᠨᠢ), 69 ᠳᠡᠭᠦᠷᠭᠡ (구 ᠺᠦ, ᠭᠦ) ᠪᠣᠯᠤᠨ᠎ᠠ᠃ ᠭᠤᠷᠪᠠᠳᠤᠭᠠᠷ ᠵᠡᠷᠭᠡ᠂ ᠲᠦᠪᠰᠢᠨ ᠳᠦ 33 ᠳᠡᠭᠦᠷᠭᠡ᠂ ᠣᠯᠠᠨ ᠲᠣᠭᠠᠨ ᠤ ᠪᠠᠯᠭᠠᠰᠤ (읍 ᠍ ᠤᠫ, ᠢᠪ), ᠰᠤᠮᠤ (면 ᠮᠶᠣᠨᠢ), ᠳᠥᠷᠪᠡᠳᠦᠭᠡᠷ ᠲᠦᠪᠰᠢᠨ ᠳᠦ ᠬᠣᠷᠢᠶ᠎ᠠ (동 ᠲᠤᠩ, ᠳᠤᠩ), ᠭᠠᠴᠠᠭ᠎ᠠ (리 ᠷᠢ) ᠪᠣᠯᠵᠤ ᠬᠤᠪᠢᠶᠠᠭᠳᠠᠳᠠᠭ᠃

ᠭᠠᠵᠠᠷ ᠤᠨ ᠵᠢᠷᠤᠭ # ᠨᠤᠲᠤᠭ ᠤᠨ ᠨᠡᠷ᠎ᠡ ᠰᠣᠯᠣᠩᠭᠣᠰ ᠪᠢᠴᠢᠭ ᠯᠠᠲ᠋ᠢᠨ ᠭᠠᠯᠢᠭ ᠬᠦᠮᠦᠨ ᠠᠮᠠ
ᠣᠨᠴᠠᠭᠠᠢ ᠬᠣᠲᠠ — (ᠰᠣᠯᠣᠩᠭᠣᠰ ᠢᠶᠠᠷ 특별시 ᠲ ᠢᠪᠶ᠋ᠢᠯ ᠱᠢ)
1 ᠰᠤᠤᠯ 서울특별시 Seoul 9,794,304
ᠥᠪᠡᠷᠲᠡᠭᠡᠨ ᠵᠠᠰᠠᠬᠤ ᠣᠨᠴᠠᠭᠠᠢ ᠬᠣᠲᠠ — (ᠰᠣᠯᠣᠩᠭᠣᠰ ᠢᠶᠠᠷ 특별자치시)
2 ᠰᠡᠵᠤᠩ 세종특별자치시 Sejong 122,263
ᠥᠷᠭᠡᠨ ᠬᠣᠲᠠ — (ᠰᠣᠯᠣᠩᠭᠣᠰ ᠢᠶᠠᠷ 광역시 ᠺᠦ᠋ᠠᠨ ᠶᠣᠭ ᠱᠢ)
3 ᠫᠦᠰᠠᠨᠢ 부산광역시 Busan 3,635,389
4 ᠲᠡᠭᠦ 대구광역시 Daegu 2,512,604
5 ᠢᠨᠢᠴᠢᠨᠢ 인천광역시 Incheon 2,628,000
6 ᠲᠡᠵᠣᠨᠢ 대전광역시 Daejeon 1,442,857
7 ᠺᠦ᠋ᠠᠵᠦ 광주광역시 Gwangju 1,456,308
8 ᠦᠯᠰᠠᠨᠢ 울산광역시 Ulsan 1,087,958
ᠠᠶᠢᠮᠠᠭ (ᠰᠣᠯᠣᠩᠭᠣᠰ ᠢᠶᠠᠷ 도 ᠲᠤ/ᠳᠤ)
9 ᠺᠶᠣᠩᠭᠢ 경기도 Gyeonggi 10,415,399
10 ᠺᠠᠨᠸᠣᠨᠢ 강원도 Gangwon 1,592,000
11 ᠤᠮᠠᠷ᠎ᠠ ᠴᠦᠩᠴᠢᠨ 충청북도 North Chungcheong 1,462,621
12 ᠡᠮᠦᠨ᠎ᠡ ᠴᠦᠩᠴᠢᠨ 충청남도 South Chungcheong 1,840,410
13 ᠤᠮᠠᠷ᠎ᠠ ᠴᠯᠠᠯ 전라북도 North Jeolla 1,890,669
14 ᠡᠮᠦᠨ᠎ᠡ ᠴᠯᠠᠯ 전라남도 South Jeolla 1,994,287
15 ᠤᠮᠠᠷ᠎ᠠ ᠺᠶᠣᠨ ᠰᠠᠨ 경상북도 North Gyeongsang 2,775,890
16 ᠡᠮᠦᠨ᠎ᠡ ᠺᠶᠣᠨ ᠰᠠᠨ 경상남도 South Gyeongsang 2,970,929
ᠥᠪᠡᠷᠲᠡᠭᠡᠨ ᠵᠠᠰᠠᠬᠤ ᠣᠨᠴᠠᠭᠠᠢ ᠠᠶᠢᠮᠠᠭ — (ᠰᠣᠯᠣᠩᠭᠣᠰ ᠢᠶᠠᠷ 특별 자치도)
17 ᠴᠡᠵᠦ 제주특별자치도 Jeju 560,000

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠶᠢᠲᠡ ᠬᠦᠮᠦᠨ ᠠᠮᠠ ᠶᠢᠨ ᠳᠡᠶᠢᠯᠦᠩᠬᠢ ᠨᠢ ᠬᠣᠲᠠ ᠰᠠᠭᠤᠷᠢᠨ ᠭᠠᠵᠠᠷ ᠠᠮᠢᠳᠤᠷᠠᠳᠠᠭ ᠪᠠ 1970-1990 ᠣᠨ ᠤ ᠬᠣᠭᠣᠷᠣᠨᠳᠣ ᠡᠳ᠋ ᠍ ᠦᠨ ᠵᠠᠰᠠᠭ ᠤᠨ ᠥᠰᠦᠯᠲᠡ ᠲᠡᠢ ᠬᠣᠯᠪᠣᠭᠠᠲᠠᠢ ᠪᠠᠷ ᠣᠷᠣᠨ ᠨᠤᠲᠤᠭ ᠠᠴᠠ ᠬᠣᠲᠠ ᠷᠤ ᠴᠢᠭᠯᠡᠭᠰᠡᠨ ᠰᠢᠯᠵᠢᠯᠲᠡ ᠡᠷᠴᠢᠮ ᠲᠡᠢ ᠶᠠᠪᠤᠭᠳᠠᠭᠰᠠᠨ ᠪᠠᠶᠢᠨ᠎ᠠ[13]᠃ 10.3 ᠰᠠᠶ᠎ᠠ ᠣᠷᠣᠰᠢᠨ ᠰᠠᠭᠤᠭᠴᠢᠳ ᠲᠠᠢ ᠨᠡᠶᠢᠰᠯᠡᠯ ᠰᠤᠤᠯ ᠬᠣᠲᠠ ᠡᠮᠦᠨᠡᠲᠦ ᠰᠣᠯᠣᠩᠭᠣᠰ ᠤᠨ ᠬᠠᠮᠤᠭ ᠤᠨ ᠲᠣᠮᠣ ᠬᠣᠲᠠ ᠶᠤᠮ[14]᠃ ᠪᠤᠰᠤᠳ ᠲᠣᠮᠣᠬᠠᠨ ᠬᠣᠲᠤ ᠨᠤᠭᠤᠳ ᠲᠤ ᠫᠤᠶᠢᠰᠤᠨ (3.65 ᠰᠠᠶ᠎ᠠ), ᠢᠩᠴᠢᠨ (2.63 ᠰᠠᠶ᠎ᠠ), ᠲᠡᠭᠦ (2.53 ᠰᠠᠶ᠎ᠠ), ᠲᠡᠵᠢᠨ (1.46 ᠰᠠᠶ᠎ᠠ), ᠭᠸᠠᠨᠵᠤ (1.41 ᠰᠠᠶ᠋ᠢ), ᠤᠯᠢᠭᠰᠠᠨ (1.10 ᠰᠠᠶ᠎ᠠ) ᠪᠠᠭᠳᠠᠨ᠎ᠠ[15]

· · ᠡᠮᠦᠨ᠎ᠡ ᠰᠣᠯᠣᠩᠭᠣᠰ ᠤᠯᠤᠰ ᠤᠨ 20 ᠲᠣᠮᠣ ᠬᠣᠲᠠ
2010 ᠣᠨ ᠤ ᠬᠦᠮᠦᠨ ᠠᠮᠠ ᠶᠢᠨ ᠣᠷᠣᠨ ᠰᠠᠭᠤᠴᠠᠨ ᠤ ᠤᠯᠤᠰ ᠤᠨ ᠲᠣᠭᠠᠯᠠᠯᠭ᠎ᠠ ᠶᠢᠨ ᠳᠦᠩ[16]
 ᠳᠡᠰ  ᠬᠣᠲᠠ ᠨᠤᠲᠤᠭ ᠬᠦᠮᠦᠨ ᠠᠮᠠ  ᠳᠡᠰ  ᠬᠣᠲᠠ ᠨᠤᠲᠤᠭ ᠬᠦᠮᠦᠨ ᠠᠮᠠ
ᠰᠤᠤᠯ
ᠰᠤᠤᠯ

ᠫᠦᠰᠠᠨᠢ
ᠫᠦᠰᠠᠨᠢ

1 ᠰᠤᠤᠯ ᠰᠤᠤᠯ 9,794,304 11 ᠺᠤᠶᠠᠨ ᠺᠶᠣᠩᠭᠢ 905,076 ᠢᠨᠢᠴᠢᠨᠢ
ᠢᠨᠢᠴᠢᠨᠢ

ᠲᠡᠭᠦ
ᠲᠡᠭᠦ

2 ᠫᠦᠰᠠᠨᠢ ᠫᠦᠰᠠᠨᠢ 3,414,950 12 ᠶᠦᠩ-ᠢᠨᠢ ᠺᠶᠣᠩᠭᠢ 856,765
3 ᠢᠨᠢᠴᠢᠨᠢ ᠢᠨᠢᠴᠢᠨᠢ 2,662,509 13 ᠫᠦᠴᠢᠨᠢ ᠺᠶᠣᠩᠭᠢ 853,039
4 ᠲᠡᠭᠦ ᠲᠡᠭᠦ 2,446,418 14 ᠠᠨᠢᠰᠠᠨᠢ ᠺᠶᠣᠩᠭᠢ 728,775
5 ᠲᠡᠵᠣᠨᠢ ᠲᠡᠵᠣᠨᠢ 1,501,859 15 ᠴᠢᠨᠵᠦ ᠤᠮᠠᠷ᠎ᠠ ᠴᠦᠩᠴᠢᠨ 666,924
6 ᠺᠦ᠋ᠠᠵᠦ ᠺᠦ᠋ᠠᠵᠦ 1,475,745 16 ᠴᠢᠨᠵᠦ ᠤᠮᠠᠷ᠎ᠠ ᠴᠯᠠᠯ 649,728
7 ᠦᠯᠰᠠᠨᠢ ᠦᠯᠰᠠᠨᠢ 1,082,567 17 ᠠᠨᠢᠶᠠᠨ ᠺᠶᠣᠩᠭᠢ 602,122
8 ᠰᠦᠪᠣᠨᠢ ᠺᠶᠣᠩᠭᠢ 1,071,913 18 ᠴᠢᠨᠠᠨᠢ ᠡᠮᠦᠨ᠎ᠡ ᠴᠦᠩᠴᠢᠨ 574,623
9 ᠴᠢᠨᠠᠪᠣᠨᠢ ᠡᠮᠦᠨ᠎ᠡ ᠺᠶᠣᠨ ᠰᠠᠨ 1,058,021 19 ᠨᠠᠮᠢᠶᠠᠨᠵᠦ ᠺᠶᠣᠩᠭᠢ 529,898
10 ᠰᠣᠨᠠᠮ ᠺᠶᠣᠩᠭᠢ 949,964 20 ᠫᠤᠬᠠᠨ ᠤᠮᠠᠷ᠎ᠠ ᠺᠶᠣᠨ ᠰᠠᠨ 511,390

ᠬᠣᠶᠠᠷ ᠰᠣᠯᠣᠩᠭᠣᠰ ᠬᠤᠪᠢᠶᠠᠭᠳᠠᠭᠰᠠᠨ ᠤ ᠳᠠᠷᠠᠭ᠎ᠠ 4 ᠰᠠᠶ᠎ᠠ ᠣᠷᠴᠢᠮ ᠴᠠᠭᠠᠴᠢᠳ ᠬᠣᠶᠢᠳᠤ ᠰᠣᠯᠣᠩᠭᠣᠰᠣ ᠠᠴᠠ ᠳᠦᠷᠪᠡᠨ ᠢᠷᠡᠭᠰᠡᠨ ᠪᠠᠶᠢᠳᠠᠭ᠃ ᠰᠣᠯᠣᠩᠭᠣᠰᠴᠤᠳ ᠰᠣᠯᠣᠩᠭᠣᠰ ᠤᠨ ᠳᠠᠶᠢᠨᠢ ᠳᠠᠷᠠᠭ᠎ᠠ ᠠᠮᠧᠷᠢᠺᠠ ᠶᠢᠨ ᠨᠢᠭᠡᠳᠦᠭᠰᠡᠨ ᠤᠯᠤᠰᠺᠠᠨᠠᠳᠠ ᠷᠤ ᠨᠡᠯᠢᠶᠡᠳ ᠭᠦᠢ ᠴᠠᠭᠠᠴᠢᠯᠠᠭᠰᠠᠨᠪᠠ ᠡᠨᠡ ᠪᠠᠶᠢᠳᠠᠯ 1990 ᠣᠨ ᠤ ᠳᠤᠮᠳᠠ ᠦᠶᠡᠰ ᠪᠠᠭᠠᠰᠴᠤ ᠡᠬᠢᠯᠡᠵᠡᠢ᠃ ᠡᠮᠦᠨᠡᠲᠦ ᠰᠣᠯᠣᠩᠭᠣᠰ ᠤᠨ ᠨᠡᠶᠢᠲᠡ ᠬᠦᠮᠦᠨ ᠠᠮᠠ ᠣᠳᠣ ᠶᠢᠨ ᠪᠠᠶᠢᠳᠠᠯ ᠢᠶᠠᠷ 48,850,000 ᠪᠠᠶᠢᠨ᠎ᠠ᠃ ᠳᠤᠮᠳᠠᠴᠢ ᠨᠠᠰᠤᠯᠲᠠ ᠨᠢ 77 ᠪᠠ ᠡᠭᠦᠨ ᠡᠴᠡ ᠡᠮᠡᠭᠲᠡᠶᠢᠴᠦᠳ ᠦᠨ ᠬᠢ 80, ᠡᠷᠡᠭᠲᠡᠶᠢᠴᠦᠳ ᠦᠨ ᠬᠢ 73 ᠪᠣᠯᠵᠤ ᠪᠠᠶᠢᠨ᠎ᠠ᠃

ᠡᠮᠦᠨᠡᠲᠦ ᠰᠣᠯᠣᠩᠭᠣᠰ ᠤᠨ ᠬᠦᠮᠦᠨ ᠠᠮᠠ ᠶᠢᠨ ᠥᠰᠦᠯᠲᠡ ᠶᠢᠨ ᠲᠥᠯᠥᠪ

ᠰᠣᠯᠣᠩᠭᠣᠰ ᠳᠠᠬᠢ ᠭᠠᠳᠠᠭᠠᠳᠤ ᠶᠢᠨ ᠢᠷᠭᠡᠳ ᠦᠨ ᠲᠣᠭ᠎ᠠ ᠰᠡᠭᠦᠯ ᠦᠨ ᠵᠢᠯ ᠤᠨᠳ ᠲᠤ ᠨᠡᠮᠡᠭᠳᠡᠭᠰᠡᠭᠡᠷ ᠪᠠᠶᠢᠭ᠎ᠠ ᠪᠠ 2007 ᠣᠨ ᠤ ᠪᠠᠶᠢᠳᠠᠯ ᠢᠶᠠᠷ 1 ᠰᠠᠶ᠎ᠠ ᠭᠠᠷᠤᠢ ᠭᠠᠳᠠᠭᠠᠳᠤ ᠶᠢᠨ ᠢᠷᠭᠡᠨ ᠪᠠᠶᠢᠭ᠎ᠠ ᠠᠴᠠ 104,749 ᠨᠢ ᠰᠣᠯᠣᠩᠭᠣᠰᠴᠤᠳ ᠲᠠᠢ ᠭᠡᠷᠯᠡᠭᠰᠡᠨ᠂ 404,051 ᠨᠢ ᠠᠵᠢᠯᠯᠠᠵᠤ ᠪᠤᠢ᠂ 225,273 ᠨᠢ ᠬᠠᠤᠯᠢ ᠪᠤᠰᠤ ᠴᠠᠭᠠᠴᠢᠳ ᠪᠠᠶᠢᠨ᠎ᠠ[17]

ᠣᠷᠣᠨ ᠨᠤᠲᠤᠭ ᠲᠤ ᠠᠮᠢᠳᠤᠷᠠᠬᠤ ᠰᠣᠨᠢᠷᠬᠠᠯᠲᠠᠢ ᠡᠮᠡᠭᠲᠡᠶᠢᠴᠦᠳ ᠦᠨ ᠲᠣᠭ᠎ᠠ ᠪᠠᠭᠤᠷᠠᠭᠰᠠᠨ ᠲᠤᠯᠠ ᠰᠣᠯᠣᠩᠭᠣᠰ ᠤᠨ ᠹᠧᠷᠮᠧᠷ ᠦᠳ (ᠲᠠᠷᠢᠶᠠᠯᠠᠩᠴᠢᠳ) ᠵᠡᠭᠦᠨ ᠡᠮᠦᠨᠡᠲᠦ ᠠᠽᠢᠶ᠎ᠠ᠂ ᠵᠡᠭᠦᠨ ᠧᠦ᠋ᠷᠣᠫᠠ ᠶᠢᠨ ᠶᠠᠳᠠᠭᠤ ᠣᠷᠣᠨ ᠠᠴᠠ ᠡᠬᠡᠨᠡᠷ ᠠᠪᠬᠤ ᠦᠵᠡᠭᠳᠡᠯ  ᠶᠡᠬᠡᠰᠴᠦ ᠪᠠᠶᠢᠨ᠎ᠠ᠃ 2006 ᠣᠨ ᠤ ᠰᠤᠳᠤᠯᠭ᠎ᠠ ᠪᠠᠷ ᠰᠢᠨ᠎ᠡ ᠪᠡᠷ ᠭᠡᠷᠯᠡᠭᠰᠡᠨ ᠹᠧᠷᠮᠧᠷ ᠦᠳ ᠦᠨ 41% ᠨᠢ ᠭᠠᠳᠠᠭᠠᠳᠤ ᠪᠦᠰᠡᠭᠦᠶᠢᠴᠦᠳ ᠲᠡᠢ ᠰᠠᠭᠤᠭᠰᠠᠨ ᠪᠠᠶᠢᠨ᠎ᠠ[18]

ᠡᠮᠦᠨᠡᠲᠦ ᠰᠣᠯᠣᠩᠭᠣᠰ ᠲᠤ ᠠᠮᠧᠷᠢᠺᠠ ᠶᠢᠨ ᠨᠢᠭᠡᠳᠦᠭᠰᠡᠨ ᠤᠯᠤᠰ ᠤᠨ ᠠᠷᠮᠢ ᠶᠢᠨ 31,000 ᠪᠡᠶ᠎ᠡ ᠪᠦᠷᠢᠯᠳᠦᠬᠦᠨ ᠪᠠᠶᠢᠷᠢᠯᠠᠳᠠᠭ[19]

ᠱᠠᠰᠢᠨ ᠰᠢᠲᠦᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

2005 ᠣᠨ ᠤ ᠪᠠᠶᠢᠳᠠᠯ ᠢᠶᠠᠷ ᠨᠡᠶᠢᠲᠡ ᠬᠦᠮᠦᠨ ᠠᠮᠠ ᠶᠢᠨ 46.5% ᠨᠢ ᠱᠠᠰᠢᠨ ᠰᠢᠲᠦᠳᠡᠭ ᠦᠭᠡᠢ[20] ᠪᠠ 29.3% ᠨᠢ ᠾᠷᠢᠰᠲ ᠤᠨ (ᠡᠭᠦᠨ ᠡᠴᠡ 18.3% ᠨᠢ ᠫᠷᠣᠲ᠋ᠧᠰᠲ᠋ᠠᠨᠲ᠂ 10.9% ᠨᠢ ᠺᠠᠲ᠋ᠣᠯᠢᠭ), 22.8% ᠨᠢ ᠪᠤᠳ᠋ᠳ᠋ᠾᠠ ᠶᠢᠨ ᠱᠠᠰᠢᠨ ᠰᠢᠲᠦᠵᠦ ᠪᠠᠶᠢᠨ᠎ᠠ᠃ ᠡᠮᠦᠨᠡᠲᠦ ᠰᠣᠯᠣᠩᠭᠣᠰ ᠭᠠᠳᠠᠭᠠᠳᠤ ᠳᠤ ᠶᠠᠪᠤᠭᠤᠯᠤᠭᠰᠠᠨ ᠱᠠᠰᠢᠨ ᠤ ᠨᠣᠮᠯᠠᠭᠴᠢ ᠨᠠᠷ ᠤᠨ ᠢᠶᠠᠨ ᠲᠣᠭ᠎ᠠ ᠪᠠᠷ ᠳᠡᠯᠡᠬᠡᠢ ᠳᠦ ᠠᠮᠧᠷᠢᠺᠠ ᠶᠢᠨ ᠨᠢᠭᠡᠳᠦᠭᠰᠡᠨ ᠤᠯᠤᠰ ᠶᠢᠨ ᠳᠠᠷᠠᠭ᠎ᠠ 2 ᠍ ᠳᠦ ᠣᠷᠣᠳᠠᠭ ᠪᠠᠶᠢᠨ᠎ᠠ[21]

ᠭᠠᠵᠠᠷ ᠵᠦᠢ ᠶᠢᠨ ᠪᠠᠶᠢᠷᠢᠯᠠᠯ ᠪᠠ ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠲᠦ ᠰᠣᠯᠣᠩᠭᠣᠰ ᠤᠨ ᠪᠠᠶᠢᠷᠢᠵᠦᠢ ᠶᠢᠨ ᠵᠢᠷᠤᠭ

ᠡᠮᠦᠨᠡᠲᠦ ᠰᠣᠯᠣᠩᠭᠣᠰ ᠨᠢ ᠰoᠯᠣᠩᠭᠣᠰ ᠤᠨ ᠬᠣᠶᠢᠭ ᠤᠨ ᠡᠮᠦᠨᠡᠲᠦ ᠬᠡᠰᠡᠭ ᠢ ᠡᠵᠡᠯᠡᠨ ᠣᠷᠣᠰᠢᠨ᠎ᠠ᠃ ᠤᠭ ᠬᠣᠶᠢᠭ ᠨᠢ ᠬᠣᠶᠢᠨ᠎ᠠ ᠠᠴᠠ ᠤᠷᠤᠭᠰᠢ ᠨᠡᠶᠢᠲᠡ 1,100 ᠺᠢᠯᠣᠮᠧᠲ᠋ᠷ ᠤᠷᠲᠤ ᠪᠥᠭᠡᠳ ᠬᠣᠶᠢᠳᠤ ᠬᠡᠰᠡᠭ ᠢᠶᠡᠷ ᠢᠶᠡᠨ ᠠᠽᠢᠶ᠎ᠠ ᠲᠢᠪ ᠲᠡᠢ ᠬᠣᠯᠪᠣᠭᠳᠠᠨ᠎ᠠ᠃ ᠡᠨᠡᠬᠦ ᠠᠭᠤᠯᠠᠷᠬᠠᠭ ᠬᠣᠶᠢᠭ ᠨᠢ ᠪᠠᠷᠠᠭᠤᠨ ᠲᠠᠯ᠎ᠠ ᠪᠠᠷ ᠢᠶᠠᠨ ᠰᠢᠷ᠎ᠠ ᠲᠡᠩᠭᠢᠰ᠂ ᠵᠡᠭᠦᠨ ᠲᠠᠯ᠎ᠠ ᠪᠠᠷ ᠢᠶᠠᠨ ᠶᠠᠫᠣᠨ ᠲᠡᠩᠭᠢᠰᠡᠭᠡᠷᠡ (ᠵᠡᠭᠦᠨ ᠲᠡᠩᠭᠢᠰ) ᠬᠦᠷᠢᠶᠡᠯᠡᠭᠳᠡᠨ᠎ᠡ᠃

БНСУ ᠨᠢ ᠨᠡᠶᠢᠲᠡ 99.6 ᠮᠢᠩᠭᠠᠨ ᠬᠠᠪᠲᠠᠭᠠᠢ ᠠᠮᠠ ᠳᠥᠷᠪᠡᠯᠵᠢᠨ km ᠭᠠᠵᠠᠷ ᠨᠤᠲᠤᠭ ᠲᠠᠢ[22]ᠵᠠᠭᠪᠤᠷ:Dead link ᠪᠠ ᠭᠠᠵᠠᠷ ᠵᠦᠢ ᠶᠢᠨ ᠬᠤᠪᠢ ᠳᠤ 4 ᠪᠥᠰᠡ ᠨᠤᠲᠤᠭ ᠲᠤ ᠬᠤᠪᠢᠶᠠᠵᠤ ᠪᠣᠯᠤᠨ᠎ᠠ᠃ ᠵᠡᠭᠦᠨ ᠬᠡᠰᠡᠭ ᠨᠢ ᠨᠠᠷᠢᠨ ᠳᠠᠯᠠᠢ ᠶᠢᠨ ᠡᠷᠭᠢ ᠪᠦᠬᠦᠢ ᠥᠨᠳᠥᠷ ᠠᠤᠯᠠᠯᠠᠰ᠂ ᠪᠠᠷᠠᠭᠤᠨ ᠬᠡᠰᠡᠭ ᠨᠢ ᠳᠠᠯᠠᠢ ᠶᠢᠨ ᠡᠷᠭᠢ᠂ ᠭᠣᠣᠯ ᠤᠨ ᠠᠢ ᠰᠠᠪᠠ ᠪᠦᠬᠦᠢ ᠲᠡᠭᠰᠢ ᠲᠠᠯ᠎ᠠ᠂ ᠪᠠᠷᠠᠭᠤᠨ ᠡᠮᠦᠨᠡᠲᠦ ᠬᠡᠰᠡᠭ ᠨᠢ ᠠᠤᠯᠠᠯᠠᠰ ᠪᠠ ᠬᠥᠨᠳᠡᠢ᠂ ᠵᠡᠭᠦᠨ ᠡᠮᠦᠨᠡᠲᠦ ᠬᠡᠰᠡᠭ ᠨᠢ ᠨᠠᠺᠳᠤᠨ ᠭᠣᠣᠯ ᠤᠨ ᠠᠢ ᠰᠠᠪᠠ ᠠᠴᠠ ᠪᠦᠷᠢᠳᠦᠭᠰᠡᠨ ᠲᠡᠭᠰᠢ ᠲᠠᠯ᠎ᠠ ᠶᠤᠮ᠃ ᠰᠣᠯᠣᠩᠭᠣᠰ ᠣᠷᠣᠨ ᠤ ᠭᠠᠵᠠᠷ ᠨᠤᠲᠤᠭ ᠤᠨ ᠶᠡᠬᠡᠩᠬᠢ ᠬᠡᠰᠡᠭ ᠨᠢ ᠠᠭᠤᠯᠠᠷᠬᠠᠭ ᠭᠠᠵᠠᠷ ᠡᠵᠡᠯᠡᠳᠡᠭ ᠪᠥᠭᠡᠳ ᠨᠠᠮ ᠳᠣᠣᠷ᠎ᠠ᠂ ᠲᠡᠭᠰᠢ ᠲᠠᠯ᠎ᠠ ᠨᠡᠶᠢᠲᠡ ᠭᠠᠵᠠᠷ ᠨᠤᠲᠤᠭ ᠤᠨ 30% ᠍ ᠶᠢ ᠡᠵᠡᠯᠡᠨ᠎ᠡ᠃

ᠭᠠᠭᠪᠤᠨᠳᠤ ᠳᠠᠬᠢ ᠰᠣᠷᠠᠺᠰᠠᠨ ᠠᠭᠤᠯᠠ

ᠰᠣᠯᠣᠩᠭᠣᠰ ᠤᠨ ᠪᠠᠷᠠᠭᠤᠨ ᠪᠠ ᠡᠮᠦᠨᠡᠲᠦ ᠡᠷᠭᠢ ᠶᠢᠨ ᠳᠠᠭᠠᠤ 3000 ᠭᠠᠷᠤᠢ ᠵᠢᠵᠢᠭ ᠠᠷᠠᠯ ᠤᠳ ᠪᠠᠶᠢᠳᠠᠭ ᠠᠴᠠ ᠬᠠᠮᠤᠭ ᠤᠨ ᠲᠣᠮᠣ ᠨᠢ 1,845 ᠺᠢᠯᠣᠮᠧᠲ᠋ᠷ ᠺᠦᠸᠠᠳ᠋ ᠲᠠᠯᠠᠪᠠᠢ ᠲᠠᠢ᠂ ᠡᠮᠦᠨᠡᠲᠦ ᠡᠷᠭᠢ ᠡᠴᠡ 100 ᠺᠢᠯᠣᠮᠧᠲ᠋ᠷ ᠵᠠᠢ ᠳᠤ ᠤᠷᠤᠰᠢᠬᠤ ᠴᠡᠵᠦ ᠠᠷᠠᠯ ᠶᠤᠮ᠃ ᠮᠥᠨ ᠲᠣᠮᠣᠬᠠᠨ ᠭᠣᠣᠯ ᠮᠥᠷᠡᠨ ᠪᠠᠶᠢᠳᠠᠭ ᠠᠴᠠ БНСУ– ᠍ ᠤᠨ ᠨᠡᠶᠢᠰᠯᠡᠯ ᠰᠤᠤᠯ ᠬᠣᠲᠠ ᠶᠢᠨ ᠲᠥᠪ ᠢᠶᠡᠷ ᠤᠷᠤᠰᠬᠤ ᠬᠠᠨ ᠮᠥᠷᠡᠨ (514 ᠺᠢᠯᠣᠮᠧᠲ᠋ᠷ), ᠡᠮᠦᠨᠡᠲᠦ ᠬᠡᠰᠡᠭ ᠢᠶᠡᠷ ᠤᠷᠤᠰᠬᠤ ᠨᠠᠺᠳᠤᠨ ᠮᠥᠷᠡᠨ (525 ᠺᠢᠯᠣᠮᠧᠲ᠋ᠷ) ᠶᠤᠮ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠪᠤᠷᠵᠤᠨᠨᠠᠮᠤᠷᠡᠪᠦᠯ ᠦᠨ 4 ᠤᠯᠠᠷᠢᠯᠲᠠᠢ᠃ ᠡᠪᠦᠯ ᠳᠦ ᠪᠡᠨ ᠰᠤᠤᠯ ᠣᠷᠴᠢᠮ ᠳᠤ 1 ᠍ ᠳᠦᠭᠡᠷ ᠰᠠᠷ᠎ᠠ ᠳᠤ ᠳᠤᠮᠳᠠᠴᠢ ᠪᠠᠷ -7 °C ᠍ ᠰ 1 °C ᠬᠦᠷᠴᠦ ᠬᠦᠢᠲᠡᠷᠡᠨ᠎ᠡ᠃ ᠵᠤᠨ 7 ᠰᠠᠷ᠎ᠠ ᠳᠤ ᠳᠤᠮᠳᠠᠴᠢ ᠪᠠᠷ 22 °C ᠍ ᠰ 29 °C ᠪᠠᠶᠢᠨ᠎ᠠ᠃ ᠠᠭᠤᠯᠠᠷᠬᠠᠭ ᠭᠠᠵᠠᠷ ᠢᠶᠠᠷ ᠡᠪᠦᠯ ᠢᠯᠡᠭᠦᠦ ᠬᠦᠢᠲᠡᠨ ᠪᠠᠶᠢᠬᠤ ᠪᠠ 6-9 ᠍ ᠳᠦᠭᠡᠷ ᠰᠠᠷ᠎ᠠ ᠶᠢᠨ ᠬᠣᠭᠣᠷᠣᠨᠳᠣ ᠪᠣᠷᠣᠭ᠎ᠠ ᠬᠠᠮᠤᠭ ᠤᠨ ᠶᠡᠬᠡ ᠪᠡᠷ ᠣᠷᠣᠨ᠎ᠠ᠃ ᠡᠮᠦᠨᠡᠲᠦ ᠡᠷᠭᠢ ᠣᠷᠴᠢᠮ ᠢᠶᠠᠷ ᠠᠭᠠᠳᠠᠷ ᠪᠣᠷᠣᠭ᠎ᠠ ᠪᠦᠬᠦᠢ ᠬᠠᠷ᠎ᠠ ᠰᠠᠯᠬᠢ ᠵᠤᠨ ᠤ ᠰᠡᠭᠦᠯ ᠰᠠᠷ ᠤᠳ ᠲᠤ ᠦᠵᠡᠭᠳᠡᠨ᠎ᠡ᠃ ᠵᠢᠯ ᠦᠨ ᠳᠤᠮᠳᠠᠴᠢ ᠬᠤᠷ᠎ᠠ ᠲᠤᠨᠳᠠᠰᠤ 1,370 ᠮᠢᠯᠯᠢᠮᠧᠲ᠋ᠷ ᠰ (ᠰᠡᠭᠦᠯ ᠳᠤ) 1,470 ᠮᠢᠯᠯᠢᠮᠧᠲ᠋ᠷ ᠳᠦ (ᠫᠤᠶᠢᠰᠤᠨ) ᠬᠡᠯᠪᠡᠯᠵᠡᠨ᠎ᠡ᠃

ᠬᠦᠷᠢᠶᠡᠯᠡᠨ ᠪᠠᠶᠢᠭ᠎ᠠ ᠣᠷᠴᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠠᠮᠠ ᠨᠢᠭᠲᠠᠴᠠ ᠰᠠᠤᠷᠰᠢᠭᠰᠠᠨ ᠬᠣᠲᠠ ᠨᠤᠭᠤᠳ ᠲᠤ ᠠᠭᠠᠷ ᠤᠨ ᠪᠣᠯᠤᠨ ᠤᠰᠤᠨ ᠤ ᠪᠣᠬᠢᠷᠳᠠᠯ ᠤᠨ ᠠᠰᠠᠭᠤᠳᠠᠯ ᠲᠠᠯᠪᠢᠭᠳᠠᠵᠤ ᠪᠠᠶᠢᠨ᠎ᠠ᠃ ᠬᠦᠷᠢᠶᠡᠯᠡᠨ ᠪᠠᠶᠢᠭ᠎ᠠ ᠣᠷᠴᠢᠨ ᠢ ᠬᠠᠮᠠᠭᠠᠯᠠᠬᠤ᠂ ᠰᠡᠷᠭᠦᠭᠡᠨ ᠪᠣᠰᠬᠠᠬᠤ ᠲᠠᠯ᠎ᠠ ᠪᠠᠷ ᠲᠣᠮᠣᠬᠠᠨ ᠠᠵᠢᠯ ᠤᠨᠳ ᠬᠢᠵᠦ ᠪᠠᠶᠢᠭ᠎ᠠ ᠶᠢᠨ ᠵᠢᠱᠢᠶ᠎ᠡ ᠨᠢ ᠰᠤᠤᠯ ᠬᠣᠲᠠ ᠶᠢᠨ ᠲᠥᠪ ᠲᠦ ᠪᠠᠶᠢᠭᠤᠯᠤᠭᠰᠠᠨ ᠬᠢᠮᠡᠯ ᠭᠣᠣᠯ ᠪᠦᠬᠦᠢ (ᠴᠡᠪᠡᠷ ᠤᠰᠤ) ᠴᠣᠩ ᠢᠶᠡᠴᠢᠨ ᠪᠣᠯᠵᠤ ᠪᠠᠶᠢᠨ᠎ᠠ[23]

ᠡᠮᠦᠨᠡᠲᠦ ᠰᠣᠯᠣᠩᠭᠣᠰ ᠨᠢ ᠬᠦᠷᠢᠶᠡᠯᠡᠨ ᠪᠠᠶᠢᠭ᠎ᠠ ᠣᠷᠴᠢᠨ ᠢ ᠬᠠᠮᠠᠭᠠᠯᠠᠬᠤ ᠳᠡᠯᠡᠬᠡᠢ ᠶᠢᠨ ᠲᠣᠮᠣᠬᠠᠨ ᠪᠠᠶᠢᠭᠤᠯᠤᠯᠭ᠎ᠠ᠂ ᠫᠷᠣᠲ᠋ᠣᠺᠣᠯ ᠤᠳ ᠲᠤ ᠨᠢᠭᠡᠳᠦᠭᠰᠡᠨ ᠣᠷᠣᠨ ᠪᠣᠯᠤᠨ᠎ᠠ[24]

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠠᠢᠢᠯ:Yeouido2.jpg
ᠶᠣᠶᠢᠳ᠋ᠤ ᠠᠷᠠᠯ᠂ ᠰᠭᠦᠯ᠃ ᠰᠠᠩᠬᠦᠦ ᠶᠢᠨ ᠲᠣᠮᠣᠬᠠᠨ ᠲᠥᠪ

ᠡᠮᠦᠨᠡᠲᠦ ᠰᠣᠯᠣᠩᠭᠣᠰ ᠤᠨ ᠡᠳ᠋ ᠍ ᠦᠨ ᠵᠠᠰᠠᠭ ᠳᠡᠯᠡᠬᠡᠢ ᠳᠦ ᠡᠬᠢᠨ ᠦ 8 ᠍ ᠳᠦ᠂ ᠠᠽᠢᠶ᠎ᠠ ᠳᠤ ᠡᠬᠢᠨ ᠦ 3 ᠍ ᠳᠦ ᠣᠷᠣᠵᠤ ᠪᠠᠶᠢᠨ᠎ᠠ[25][26]᠃ ᠭᠠᠳᠠᠭᠠᠳᠤ ᠬᠤᠳᠠᠯᠳᠤᠭᠠᠨ ᠤ ᠭᠣᠣᠯ ᠲᠦᠩᠰᠢ ᠨᠢ ᠬᠢᠲᠠᠳ[27]᠃ ᠰᠣᠯᠣᠩᠭᠣᠰ ᠤᠨ ᠡᠳ᠋ ᠍ ᠦᠨ ᠵᠠᠰᠠᠭ ᠤᠨ ᠲᠤᠯᠭᠠᠭᠤᠷᠢ ᠨᠢ ᠠᠦ᠋ᠲ᠋ᠣᠮᠠᠰᠢᠨᠬᠠᠭᠠᠰ ᠳᠠᠮᠵᠢᠭᠤᠯᠤᠭᠴᠢᠡᠯᠧᠺᠲ᠋ᠷᠣᠨᠢᠺᠤᠰᠤᠨ ᠣᠩᠭᠣᠴᠠᠭᠠᠨᠭᠡᠶᠢᠨ ᠦᠢᠯᠡᠳᠪᠦᠷᠢᠯᠡᠯ ᠶᠤᠮ᠃

1950 ᠍ ᠳᠦ ᠣᠨ ᠤ ᠦᠶ᠎ᠡ ᠳᠦ ᠰᠣᠯᠣᠩᠭᠣᠰ ᠨᠢ ᠠᠽᠢᠶ᠎ᠠ ᠍ ᠶᠢᠨ ᠬᠠᠮᠤᠭ ᠤᠨ ᠶᠠᠳᠠᠭᠤ ᠣᠷᠣᠨ ᠤ ᠨᠢᠭᠡ ᠪᠠᠶᠢᠪᠠ᠃ ᠶᠠᠫᠣᠨ ᠤ ᠵᠠᠬᠢᠷᠭᠠᠨ ᠳᠤ ᠪᠠᠶᠢᠬᠤ ᠦᠶ᠎ᠡ ᠳᠦ ᠪᠠᠶᠢᠭᠠᠯᠢ ᠶᠢᠨ ᠪᠠᠶᠠᠯᠢᠭ ᠤᠨ ᠶᠡᠬᠡᠩᠬᠢ ᠶᠢ ᠣᠯᠪᠤᠷᠢᠯᠠᠵᠤ ᠳᠠᠭᠤᠰᠤᠭᠰᠠᠨ ᠪᠠ ᠰᠣᠯᠣᠩᠭᠣᠰ ᠤᠨ ᠳᠠᠶᠢᠨᠢ ᠦᠶ᠎ᠡ ᠳᠦ ᠲᠤᠰ ᠤᠯᠤᠰ ᠪᠦᠷᠢᠨ ᠰᠦᠢᠷᠡᠭᠰᠡᠨ ᠪᠠᠶᠢᠨ᠎ᠠ᠃ 1962 ᠣᠨ ᠳᠤ ᠴᠡᠷᠢᠭ ᠦᠨ ᠡᠷᠭᠢᠯᠲᠡ ᠪᠡᠷ ᠲᠥᠷᠥ ᠶᠢᠨ ᠡᠷᠬᠡ ᠶᠢ ᠠᠪᠤᠭᠰᠠᠨ ᠭᠧᠨᠧᠷᠠᠯ ᠫᠠᠺ ᠴᠣᠩ ᠬᠢ ᠭᠡᠢ ᠤᠳᠤᠷᠢᠳᠤᠯᠭ᠎ᠠ ᠪᠠᠷ ᠰᠣᠯᠣᠩᠭᠣᠰ ᠤᠨ ᠡᠳ᠋ ᠍ ᠦᠨ ᠵᠠᠰᠠᠭ ᠰᠡᠷᠭᠦᠵᠦ ᠡᠬᠢᠯᠡᠭᠰᠡᠨ ᠪᠠ 40 ᠵᠢᠯ ᠦᠨ ᠳᠣᠲᠣᠷ᠎ᠠ ᠭᠠᠵᠠᠷ ᠲᠠᠷᠢᠶᠠᠯᠠᠩᠵᠢᠭᠠᠰᠤ ᠠᠩᠨᠠᠭᠤᠷ ᠍ ᠤᠨ ᠣᠷᠣᠨ ᠠᠴᠠ ᠥᠨᠳᠥᠷ ᠲᠧᠭᠨᠣᠯᠣᠭᠢ ᠪᠦᠬᠦᠢ ᠠᠵᠤ ᠦᠢᠯᠡᠳᠪᠦᠷᠵᠢᠭᠰᠡᠨ ᠣᠷᠣᠨ ᠪᠣᠯᠵᠤ ᠬᠤᠪᠢᠷᠠᠵᠠᠢ᠃

ᠫᠠᠺ ᠴᠣᠩ ᠬᠢ ᠵᠥᠪᠯᠡᠯᠲᠦ ᠬᠣᠯᠪᠣᠭᠠᠲᠤ ᠤᠯᠤᠰ ᠤᠨ ᠵᠠᠭᠪᠤᠷ ᠢᠶᠠᠷ 5 ᠵᠢᠯ ᠦᠨ ᠲᠤᠲᠤᠮ ᠤᠨ ᠮᠠᠺᠷᠣ ᠡᠳ᠋ ᠍ ᠦᠨ ᠵᠠᠰᠠᠭ ᠤᠨ ᠲᠥᠯᠥᠪᠯᠡᠭᠡ ᠶᠢ ᠬᠡᠷᠡᠭᠵᠢᠭᠦᠯᠵᠦ ᠡᠬᠢᠯᠡᠭᠰᠡᠨ[28] ᠪᠠ 1965 ᠣᠨ ᠳᠤ ᠶᠠᠫᠣᠨᠲᠣᠢ ᠬᠠᠷᠢᠯᠴᠠᠬᠤ ᠬᠠᠷᠢᠯᠴᠠᠭ᠎ᠠ ᠪᠠᠨ ᠬᠡᠪ ᠦᠨ ᠪᠣᠯᠭᠠᠭᠰᠠᠨ ᠢᠶᠠᠷ ᠭᠠᠳᠠᠭᠠᠳᠤ ᠬᠤᠳᠠᠯᠳᠤᠭ᠎ᠠ᠂ ᠬᠥᠷᠥᠩᠭᠡ ᠣᠷᠣᠭᠤᠯᠤᠯᠲᠠ ᠶᠡᠬᠡᠬᠡᠨ ᠨᠡᠮᠡᠭᠳᠡᠵᠡᠢ᠃ ᠡᠬᠢᠯᠡᠭᠡᠳ ᠬᠥᠩᠭᠡᠨ ᠦᠢᠯᠡᠳᠪᠦᠷᠢ᠂ ᠳᠠᠷᠠᠭ᠎ᠠ ᠨᠢ ᠬᠦᠨᠳᠦ ᠦᠢᠯᠡᠳᠪᠦᠷᠢ ᠨᠦᠭᠦᠳ ᠪᠠᠶᠢᠭᠤᠯᠤᠭᠳᠠᠵᠤ᠂ 1973 ᠣᠨ ᠭᠡᠬᠦ ᠳᠦ ᠡᠮᠦᠨᠡᠲᠦ ᠰᠣᠯᠣᠩᠭᠣᠰ ᠨᠢ ᠡᠳ᠋ ᠍ ᠦᠨ ᠵᠠᠰᠠᠭ ᠤᠨ ᠬᠤᠪᠢ ᠳᠤ ᠳᠡᠯᠡᠬᠡᠢ ᠳᠦ 34 ᠍ ᠳᠦ ᠤᠷᠤᠬᠤ ᠪᠣᠯᠪᠠ[29]

ᠡᠳ᠋ ᠍ ᠦᠨ ᠵᠠᠰᠠᠭ ᠤᠨ ᠡᠨᠡ ᠥᠰᠦᠯᠲᠡ ᠶᠢ "ᠬᠡᠨ ᠮᠥᠷᠡᠨ ᠦ ᠡᠷᠭᠢ ᠳ᠋ᠡᠬᠢ ᠢᠳᠡ ᠰᠢᠳᠢ" ᠭᠡᠵᠦ ᠨᠡᠷᠡᠯᠡᠬᠦ ᠪᠣᠯᠤᠭᠰᠠᠨ ᠪᠠ 1980-1990 ᠣᠨ ᠳᠤ ᠰᠣᠯᠣᠩᠭᠣᠰ ᠨᠢ ᠨᠡᠬᠡᠮᠡᠯ᠂ ᠳᠠᠪᠤᠤ᠂ ᠭᠤᠲᠤᠯ ᠤᠨ ᠡᠺᠰᠫᠣᠷᠲ ᠠᠴᠠ ᠢᠯᠡᠭᠦᠦ ᠠᠦ᠋ᠲ᠋ᠣᠮᠠᠰᠢᠨ᠂ ᠡᠯᠧᠺᠲ᠋ᠷᠣᠨᠢᠺ᠂ ᠤᠰᠤᠨ ᠣᠩᠭᠣᠴᠠ᠂ ᠭᠠᠨ ᠦᠢᠯᠡᠳᠪᠦᠷᠢᠯᠡᠵᠦ᠂ ᠡᠺᠰᠫᠣᠷᠲᠯᠠᠬᠤ ᠪᠣᠯᠵᠠᠢ᠃ ᠤᠯᠠᠮ ᠢᠶᠠᠷ ᠥᠨᠳᠥᠷ ᠲᠧᠭᠨᠣᠯᠣᠭᠢ ᠶᠢᠨ ᠪᠦᠲᠦᠭᠡᠭᠳᠡᠬᠦᠨ ᠪᠣᠯᠬᠤ ᠺᠣᠮᠫᠢᠶᠦ᠋ᠲ᠋ᠧᠷ ᠦᠨ ᠳᠡᠯᠭᠡᠴᠡᠭᠠᠷ ᠤᠲᠠᠰᠤᠬᠠᠭᠠᠰ ᠳᠠᠮᠵᠢᠭᠤᠯᠤᠭᠴᠢ ᠦᠢᠯᠡᠳᠪᠦᠷᠢᠯᠡᠵᠦ ᠡᠬᠢᠯᠡᠪᠡ᠃

ᠡᠮᠦᠨᠡᠲᠦ ᠰᠣᠯᠣᠩᠭᠣᠰ ᠨᠢ ᠭᠠᠷ ᠤᠲᠠᠰᠤᠨ ᠤ ᠦᠢᠯᠡᠳᠪᠦᠷᠢᠯᠡᠯ ᠢᠶᠡᠷ ᠢᠶᠡᠨ ᠳᠡᠯᠡᠬᠡᠢ ᠳᠦ ᠲᠡᠷᠢᠭᠦᠯᠡᠳᠡᠭ ᠣᠷᠣᠨ

ᠡᠮᠦᠨᠡᠲᠦ ᠰᠣᠯᠣᠩᠭᠣᠰ ᠤᠨ ᠲᠡᠷᠢᠭᠦᠯᠡᠭᠴᠢ ᠺᠣᠮᠫᠠᠨᠢ ᠨᠤᠭᠤᠳ ᠪᠣᠯᠬᠤ ᠬᠶᠣᠨᠳᠡᠰᠠᠮᠰᠤᠩ ᠢᠡᠯ᠎ᠡ ᠵᠢᠡᠰᠡ ᠺᠡᠢ ᠵᠡᠷᠭᠡ ᠬᠤᠪᠢ ᠤᠨ (ᠭᠡᠷ ᠪᠦᠯᠢ ᠶᠢᠨ) ᠺᠣᠮᠫᠠᠨᠢ ᠨᠤᠭᠤᠳ ᠨᠢ ᠫᠠᠺ ᠦᠨ ᠤᠳᠤᠷᠢᠳᠤᠯᠭ᠎ᠠ ᠶᠢᠨ ᠦᠶ᠎ᠡ ᠶᠢᠨ ᠰᠠᠩᠬᠦᠦ ᠶᠢᠨ ᠪᠣᠯᠤᠨ ᠲᠠᠲᠠᠪᠤᠷᠢ ᠶᠢᠨ ᠲᠠᠭᠠᠯᠠᠮᠵᠢᠲᠠᠢ ᠨᠥᠬᠥᠴᠡᠯ ᠳᠦ ᠴᠡᠴᠡᠭᠯᠡᠨ ᠬᠥᠭᠵᠢᠭᠰᠡᠨ ᠪᠠᠶᠢᠨ᠎ᠠ[30]

1997 ᠣᠨ ᠤ ᠠᠽᠢᠶ᠎ᠠ ᠶᠢᠨ ᠰᠠᠩᠬᠦᠦ ᠶᠢᠨ ᠬᠢᠮᠤᠷᠠᠯ ᠍ ᠤᠨ ᠦᠶ᠎ᠡ ᠪᠡᠷ ᠡᠮᠦᠨᠡᠲᠦ ᠰᠣᠯᠣᠩᠭᠣᠰ ᠤᠨ ᠡᠳ᠋ ᠍ ᠦᠨ ᠵᠠᠰᠠᠭ ᠤᠨ ᠰᠤᠯᠠ ᠲᠠᠯ᠎ᠠ (ᠵᠢᠱᠢᠶᠡᠯᠡᠪᠡᠯ᠂ ᠶᠡᠬᠡᠬᠡᠨ ᠬᠡᠮᠵᠢᠶᠡᠨ ᠦ ᠭᠠᠳᠠᠭᠠᠳᠤ ᠥᠷᠢ ᠭᠡᠬᠦ ᠮᠡᠲᠦ) ᠢᠯᠡ ᠭᠠᠷᠤᠭᠰᠠᠨ ᠪᠠ ᠡᠨᠡᠬᠦ ᠬᠢᠮᠤᠷᠠᠯ ᠬᠣᠶᠠᠷ ᠦᠶ᠎ᠡ ᠱᠠᠲᠤ ᠲᠠᠢ ᠪᠠᠷ ᠶᠠᠪᠤᠭᠳᠠᠵᠠᠢ᠃ ᠡᠬᠢᠨ ᠦ ᠬᠢ ᠨᠢ 1997 ᠣᠨ ᠳᠤ᠂ ᠳᠠᠷᠠᠭ᠎ᠠ ᠶᠢᠨ ᠬᠢ ᠨᠢ 1999 ᠣᠨ ᠳᠤ ᠪᠣᠯᠤᠭᠰᠠᠨ ᠳᠡᠦ ᠺᠣᠮᠫᠠᠨᠢ ᠶᠢᠨ ᠳᠠᠮᠫᠤᠷᠠᠯ ᠢᠶᠠᠷ ᠢᠯᠡᠷᠡᠭᠰᠡᠨ ᠪᠠᠶᠢᠨ᠎ᠠ[31]᠃ ᠳᠡᠦ ᠺᠣᠮᠫᠠᠨᠢ ᠶᠢᠨ ᠳᠠᠮᠫᠤᠷᠠᠯ ᠢ ᠳᠡᠯᠡᠬᠡᠢ ᠶᠢᠨ ᠲᠡᠦᠬᠡᠨ ᠳ᠋ᠡᠬᠢ ᠬᠠᠮᠤᠭ ᠤᠨ ᠲᠣᠮᠣ ᠳᠠᠮᠫᠤᠷᠠᠯ ᠭᠡᠵᠦ ᠲᠣᠭᠠᠴᠠᠵᠤ ᠪᠠᠶᠢᠨ᠎ᠠ[32]᠃ ᠤᠭ ᠬᠢᠮᠤᠷᠠᠯ ᠤᠨ ᠳᠠᠷᠠᠭᠠᠨ ᠠᠴᠠ ᠺᠣᠮᠫᠠᠨᠢ ᠨᠤᠭᠤᠳ ᠤᠨ ᠪᠦᠲᠦᠴᠡ ᠥᠭᠡᠷᠡᠴᠢᠯᠡᠭᠳᠡᠨ᠂ 2003 ᠣᠨ ᠭᠡᠬᠦ ᠳᠦ ᠡᠮᠦᠨᠡᠲᠦ ᠰᠣᠯᠣᠩᠭᠣᠰ ᠤᠨ ᠬᠠᠮᠤᠭ ᠤᠨ ᠲᠣᠮᠣ ᠭᠡᠷ ᠪᠦᠯᠢ ᠶᠢᠨ 30 ᠺᠣᠮᠫᠠᠨᠢ ᠶᠢᠨ ᠲᠠᠯ᠎ᠠ ᠠᠴᠠ ᠢᠯᠡᠭᠦᠦ ᠨᠢ ᠬᠤᠪᠢᠴᠠᠭᠠᠲᠤ ᠺᠣᠮᠫᠠᠨᠢ ᠪᠣᠯᠵᠠᠢ[33]

2003-2005 ᠣᠨ ᠤ ᠬᠣᠭᠣᠷᠣᠨᠳᠣ ᠡᠳ᠋ ᠍ ᠦᠨ ᠵᠠᠰᠠᠭ ᠤᠨ ᠵᠢᠯ ᠦᠨ ᠥᠰᠦᠯᠲᠡ 4% ᠪᠣᠯᠵᠤ ᠪᠠᠭᠤᠷᠠᠪᠠ[34]᠃ ᠡᠨᠡ ᠪᠠᠭᠤᠷᠠᠯᠲᠠ ᠨᠢ ᠬᠤᠪᠢ ᠬᠦᠮᠦᠰ ᠦᠨ ᠺᠠᠷᠲ ᠤᠨ ᠵᠡᠭᠡᠯᠢ᠂ ᠬᠢᠲᠠᠳ ᠍ ᠤᠨ ᠶᠡᠬᠡᠬᠡᠨ ᠬᠡᠮᠵᠢᠶᠡᠨ ᠦ ᠢᠮᠫᠣᠷᠲ ᠵᠡᠷᠭᠡ ᠡᠴᠡ ᠡᠭᠦᠳᠦᠯᠲᠡᠢ ᠪᠠᠶᠢᠨ᠎ᠠ᠃ 2005 ᠣᠨ ᠠᠴᠠ ᠬᠡᠷᠡᠭᠵᠢᠭᠦᠯᠵᠦ ᠡᠬᠢᠯᠡᠭᠰᠡᠨ ᠦᠯᠦ ᠬᠥᠳᠡᠯᠬᠦ ᠬᠥᠷᠥᠩᠭᠡ ᠶᠢᠨ᠂ ᠲᠡᠳᠬᠦᠪᠦᠷᠢ ᠶᠢᠨ᠂ ᠠᠵᠢᠯᠯᠠᠬᠤ ᠬᠦᠴᠦᠨ ᠦ ᠰᠢᠨᠡᠳᠬᠡᠯ ᠦᠨ ᠳᠦᠩ ᠳᠦ[35], 2006 ᠣᠨ ᠤ ᠡᠳ᠋ ᠍ ᠦᠨ ᠵᠠᠰᠠᠭ ᠤᠨ ᠥᠰᠦᠯᠲᠡ 5.1% ᠍ ᠳᠦ ᠬᠦᠷᠦᠭᠰᠡᠨ ᠪᠠᠶᠢᠨ᠎ᠠ᠃

ᠡᠮᠦᠨᠡᠲᠦ ᠰᠣᠯᠣᠩᠭᠣᠰ ᠤᠨ ᠡᠳ᠋ ᠍ ᠦᠨ ᠵᠠᠰᠠᠭ ᠨᠢ ᠳᠤᠮᠳᠠ ᠵᠡᠷᠭᠡ ᠶᠢᠨ ᠢᠨᠹᠯᠢᠶᠠᠼᠢ᠂ ᠠᠵᠢᠯ ᠦᠭᠡᠢᠳᠡᠯ ᠤᠨ ᠪᠠᠭ᠎ᠠ ᠲᠥᠪᠰᠢᠨ᠂ ᠡᠺᠰᠫᠣᠷᠲ᠂ ᠣᠷᠣᠯᠭ᠎ᠠ ᠶᠢᠨ ᠬᠠᠷᠢᠴᠠᠩᠭᠤᠢ ᠲᠡᠭᠰᠢ ᠪᠠᠶᠢᠳᠠᠯ ᠵᠡᠷᠭᠡ ᠪᠡᠷ ᠲᠣᠳᠣᠷᠬᠠᠶᠢᠯᠠᠭᠳᠠᠨ᠎ᠠ[36][37][38]

ᠣᠳᠣ ᠶᠢᠨ ᠪᠠᠶᠢᠳᠠᠯ ᠢᠶᠠᠷ ᠡᠮᠦᠨᠡᠲᠦ ᠰᠣᠯᠣᠩᠭᠣᠰ ᠤᠨ ᠠᠦ᠋ᠲ᠋ᠣᠮᠠᠰᠢᠨ᠂ ᠤᠰᠤᠨ ᠣᠩᠭᠣᠴᠠᠨ ᠤ ᠦᠢᠯᠡᠳᠪᠦᠷᠢᠯᠡᠯ ᠡᠳ᠋ ᠍ ᠦᠨ ᠵᠠᠰᠠᠭ ᠤᠨ ᠦᠨᠳᠦᠰᠦ ᠨᠢ ᠪᠣᠯᠵᠤ ᠪᠠᠶᠢᠨ᠎ᠠ᠃ ᠡᠮᠦᠨᠡᠲᠦ ᠰᠣᠯᠣᠩᠭᠣᠰ ᠤᠨ ᠬᠶᠣᠨᠳᠡ ᠮᠣᠲ᠋ᠣᠷᠰ ᠪᠠ ᠲᠡᠭᠦᠨ ᠦ ᠰᠠᠯᠪᠤᠷᠢ ᠺᠢᠶᠠ ᠮᠣᠲ᠋ᠣᠷᠰ ᠨᠢ ᠳᠡᠯᠡᠬᠡᠢ ᠶᠢᠨ 5 ᠳᠠᠬᠢ ᠲᠣᠮᠣ ᠠᠦ᠋ᠲ᠋ᠣᠮᠠᠰᠢᠨ ᠦᠢᠯᠡᠳᠪᠦᠷᠢᠯᠡᠭᠴᠢ ᠶᠤᠮ[39]᠃ ᠰᠣᠯᠣᠩᠭᠣᠰ ᠤᠨ ᠠᠦ᠋ᠲ᠋ᠣᠮᠠᠰᠢᠨ ᠦᠢᠯᠡᠳᠦᠷᠯᠡᠭᠴᠢᠳ ᠬᠡᠳᠦᠢ ᠪᠡᠷ ᠧᠦᠢᠷᠣᠫᠠ ᠶᠢᠨ ᠬᠣᠯᠪᠣᠭ᠎ᠠᠲᠣᠢ ᠪᠠᠶᠢᠭᠤᠯᠤᠭᠰᠠᠨ ᠴᠢᠯᠦᠭᠡᠲᠦ ᠬᠤᠳᠠᠯᠳᠤᠭᠠᠨ ᠤ ᠬᠡᠯᠡᠯᠴᠡᠭᠡᠷᠡᠶᠢᠨ ᠬᠤᠭᠤᠴᠠᠭ᠎ᠠ ᠨᠢ ᠳᠠᠭᠤᠰᠤᠭᠰᠠᠨ ᠴᠤ ᠭᠡᠰᠡᠨ ᠧᠦᠢᠷᠣᠫᠠ ᠶᠢᠨ ᠬᠣᠯᠪᠣᠭᠠᠨ ᠤ ᠤᠯᠤᠰ ᠤᠳ ᠲᠤ ᠳᠠᠬᠢ ᠡᠺᠰᠫᠣᠷᠲ ᠤᠨ ᠬᠡᠮᠵᠢᠶ᠎ᠡ ᠪᠡᠨ ᠨᠡᠮᠡᠭᠳᠡᠭᠦᠯᠬᠦ ᠪᠡᠷ ᠲᠥᠯᠥᠪᠯᠡᠵᠦ ᠪᠠᠶᠢᠨ᠎ᠠ[40]

ᠡᠮᠦᠨᠡᠲᠦ ᠰᠣᠯᠣᠩᠭᠣᠰ ᠤᠨ ᠤᠰᠤᠨ ᠣᠩᠭᠣᠴᠠᠨ ᠤ ᠦᠢᠯᠡᠳᠪᠦᠷᠢᠯᠡᠯ ᠨᠢ ᠳᠡᠯᠡᠬᠡᠢ ᠳᠦ ᠬᠠᠮᠤᠭ ᠤᠨ ᠲᠣᠮᠣ ᠳᠤ ᠲᠣᠭᠠᠴᠠᠭᠳᠠᠵᠤ ᠪᠠᠶᠢᠭ᠎ᠠ ᠪᠠ 2004 ᠣᠨ ᠳᠤ ᠦᠢᠯᠡᠳᠪᠦᠷᠢᠯᠡᠯ ᠦᠨ ᠬᠡᠮᠵᠢᠶ᠎ᠡ ᠪᠡᠷ ᠢᠶᠡᠨ ᠶᠠᠫᠣᠨ ᠢ ᠭᠦᠢᠴᠡᠭᠰᠡᠨ ᠪᠠᠶᠢᠨ᠎ᠠ[41]᠃ ᠡᠮᠦᠨᠡᠲᠦ ᠰᠣᠯᠣᠩᠭᠣᠰ ᠨᠢ ᠳᠤᠮᠳᠠᠴᠢ ᠪᠠᠷ ᠠᠵᠢᠯ ᠤᠨᠨ 4 ᠡᠳᠦᠷ ᠲᠦ᠂ 80 ᠰᠠᠶ᠎ᠠ ᠠᠮᠠ᠃ᠳ᠋ᠣᠯᠯᠠᠷ ᠤᠨ ᠥᠷᠲᠡᠭ ᠪᠦᠬᠦᠢ ᠨᠢᠭᠡ ᠤᠰᠤᠨ ᠣᠩᠭᠣᠴᠠ ᠶᠢ ᠦᠢᠯᠡᠳᠪᠦᠷᠢᠯᠡᠳᠡᠭ ᠪᠠ 2006 ᠣᠨ ᠤ ᠪᠠᠶᠢᠳᠠᠯ ᠢᠶᠠᠷ ᠳᠡᠯᠡᠬᠡᠢ ᠳᠡᠭᠡᠷ᠎ᠡ ᠰᠢᠨ᠎ᠡ ᠪᠡᠷ ᠦᠢᠯᠡᠳᠪᠦᠷᠢᠯᠡᠵᠦ ᠪᠤᠢ 3 ᠣᠩᠭᠣᠴᠠ ᠲᠤᠲᠤᠮ ᠤᠨ ᠨᠢᠭᠡ ᠶᠢ ᠦᠢᠯᠡᠳᠪᠦᠷᠢᠯᠡᠵᠦ ᠪᠠᠶᠢᠴᠠᠢ᠃

ᠬᠡᠳᠦᠢ ᠪᠡᠷ ᠡᠮᠦᠨᠡᠲᠦ ᠰᠣᠯᠣᠩᠭᠣᠰ ᠣᠳᠣ ᠪᠠᠷ ᠤᠰᠤᠨ ᠣᠩᠭᠣᠴᠠ ᠦᠢᠯᠡᠳᠪᠦᠷᠢᠯᠡᠯ᠂ ᠵᠠᠬᠢᠶᠠᠯᠠᠭ᠎ᠠ ᠶᠢᠨ ᠬᠡᠮᠵᠢᠶ᠎ᠡ ᠪᠡᠷ ᠢᠶᠡᠨ ᠢᠯᠡᠭᠦᠦ ᠪᠠᠶᠢᠭ᠎ᠠ ᠴᠤ᠂ ᠬᠢᠲᠠᠳ ᠤᠯᠤᠰ 2015 ᠣᠨ ᠭᠡᠬᠦ ᠳᠦ ᠳᠡᠯᠡᠬᠡᠢ ᠶᠢᠨ ᠬᠠᠮᠤᠭ ᠤᠨ ᠲᠣᠮᠣ ᠤᠰᠤᠨ ᠣᠩᠭᠣᠴᠠ ᠦᠢᠯᠡᠳᠪᠦᠷᠢᠯᠡᠭᠴᠢ ᠪᠣᠯᠬᠤ ᠵᠣᠷᠢᠯᠲᠠ ᠲᠠᠯᠪᠢᠵᠤ ᠪᠠᠶᠢᠨ᠎ᠠ᠃ ᠭᠡᠬᠦ ᠳᠦ ᠪᠡᠨ ᠣᠳᠣ ᠪᠠᠷ ᠰᠣᠯᠣᠩᠭᠣᠰ ᠤᠨ ᠤᠰᠤᠨ ᠣᠩᠭᠣᠴᠠ ᠬᠢᠮᠳᠠ ᠥᠷᠲᠡᠭ ᠲᠡᠢ ᠪᠠᠶᠢᠭ᠎ᠠ ᠶᠤᠮ[42]

ᠰᠢᠨᠵᠢᠯᠡᠬᠦ ᠤᠬᠠᠭᠠᠨ ᠪᠠ ᠲᠧᠭᠨᠣᠯᠣᠭᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠨᠰᠠᠷ ᠤᠨ ᠬᠥᠲᠥᠯᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠪᠧᠷᠲ HUBO ᠷᠣᠪᠣ ᠳᠤ

ᠡᠮᠦᠨᠡᠲᠦ ᠰᠣᠯᠣᠩᠭᠣᠰ ᠨᠢ ᠣᠷᠣᠰ ᠬᠣᠯᠪᠣᠭᠠᠨ ᠤ ᠤᠯᠤᠰ ᠍ ᠲᠠᠢ ᠬᠠᠮᠲᠤᠷᠠᠨ ᠰᠠᠨᠰᠠᠷ ᠤᠨ ᠬᠥᠲᠥᠯᠪᠦᠷᠢ ᠬᠡᠷᠡᠭᠵᠢᠭᠦᠯᠵᠦ[43], ᠠᠷᠠᠷᠢᠩᠭ-1, ᠠᠷᠠᠷᠢᠩᠭ-2 ᠬᠢᠮᠡᠯ ᠳᠠᠭᠠᠭᠤᠯᠢ ᠨᠤᠭᠤᠳ ᠬᠥᠭᠡᠷᠭᠡᠭᠡᠳ ᠪᠠᠶᠢᠨ᠎ᠠ᠃

2008 ᠣᠨ ᠳᠤ ᠡᠮᠦᠨᠡᠲᠦ ᠰᠣᠯᠣᠩᠭᠣᠰ ᠨᠢ ᠥᠪᠡᠷ ᠦᠨ ᠰᠠᠨᠰᠠᠷ ᠤᠨ ᠪᠠᠭᠤᠳᠠᠯ ᠢ (Naro Space Center) ᠠᠰᠢᠭᠯᠠᠯᠲᠠᠨ ᠳᠤ ᠣᠷᠣᠭᠤᠯᠬᠤ ᠪᠠᠷ ᠠᠵᠢᠯᠯᠠᠵᠤ ᠪᠠᠶᠢᠨ᠎ᠠ᠃ ᠤᠭ ᠪᠠᠭᠤᠳᠠᠯ ᠨᠢ ᠰᠣᠯᠣᠩᠭᠣᠰ ᠤᠨ ᠰᠠᠨᠰᠠᠷ ᠰᠤᠳᠤᠯᠤᠯ ᠤᠨ ᠬᠦᠷᠢᠶᠡᠯᠡᠩ ᠳᠦ ᠬᠠᠷᠢᠶᠠᠯᠠᠭᠳᠠᠬᠤ ᠪᠠ ᠫᠤᠤᠵᠢᠩ ᠬᠦᠭᠰᠡᠭᠦᠯᠬᠦ ᠲᠠᠪᠴᠠᠩ᠂ ᠬᠢᠨᠠᠯᠲᠠ ᠶᠢᠨ ᠪᠠᠶᠢᠷᠢ᠂ ᠫᠤᠤᠵᠢᠩ ᠤᠨ ᠴᠣᠭᠴᠠᠯᠠᠪᠤᠷᠢ᠂ ᠲᠤᠷᠰᠢᠯᠲᠠ ᠶᠢᠨ ᠴᠣᠭᠴᠠᠯᠠᠪᠤᠷᠢ᠂ ᠰᠤᠷᠭᠠᠯᠲᠠ ᠶᠢᠨ ᠪᠠᠶᠢᠷᠢ ᠵᠡᠷᠭᠡ ᠡᠴᠡ ᠪᠥᠷᠢᠳᠦᠨ᠎ᠡ[44]᠃ ᠡᠮᠦᠨᠡᠲᠦ ᠰᠣᠯᠣᠩᠭᠣᠰ ᠠᠴᠠ ᠠᠩᠬᠠᠨ ᠤ ᠰᠠᠨᠰᠠᠷ ᠤᠨ ᠨᠢᠰᠬᠡᠭᠴᠢ ᠨᠢ ᠢ ᠰᠦ ᠶᠣᠩ ᠭᠡᠳᠡᠭ ᠡᠮᠡᠭᠲᠡᠢ ᠪᠠᠶᠢᠭᠰᠠᠨ ᠪᠠ 2008 ᠣᠨ ᠤ 4 ᠰᠠᠷ᠎ᠠ ᠶᠢᠨ 8 ᠍ ᠳᠦ ᠣᠷᠣᠰ ᠤᠨ ᠰᠣᠶᠽ ТМА-12 ᠬᠥᠯᠭᠡᠷ᠎ᠡ ᠰᠠᠨᠰᠠᠷ ᠲᠤ ᠨᠢᠰᠦᠭᠰᠡᠨ ᠪᠠᠶᠢᠨ᠎ᠠ[45]

ᠷᠣᠪᠣ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠯᠣᠩᠭᠣᠰ ᠤᠨ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠠᠬᠢᠭᠰᠠᠨ ᠲᠥᠪᠰᠢᠨ ᠦ ᠬᠦᠷᠢᠶᠡᠯᠡᠩ ᠨᠢ ᠬᠦᠮᠦᠨ ᠲᠡᠢ ᠲᠥᠰᠲᠡᠢ᠂ HUBO ᠷᠣᠪᠣᠲ ᠢ ᠵᠣᠬᠢᠶᠠᠨ ᠪᠦᠲᠦᠭᠡᠭᠰᠡᠨ ᠪᠠᠶᠢᠨ᠎ᠠ᠃ ᠤᠭ ᠷᠣᠪᠣ ᠳᠤ ᠪᠣᠯᠤᠨ ᠶᠠᠫᠣᠨᠬᠣᠩᠳᠠ ᠮᠣᠲ᠋ᠣᠷᠰ ᠺᠣᠮᠫᠠᠨᠢ ᠶᠢᠨ ᠵᠣᠬᠢᠶᠠᠭᠰᠠᠨ ASIMO ᠷᠣᠪᠣ ᠳᠤ 2 ᠨᠢ ᠠᠯᠬᠤᠵᠤ ᠴᠢᠳᠠᠳᠠᠭ ᠬᠦᠮᠦᠨ ᠲᠡᠢ ᠲᠥᠰᠲᠡᠢ ᠷᠣᠪᠣᠲᠤ ᠨᠤᠭᠤᠳ ᠶᠤᠮ[46]᠃ ᠠᠩᠬᠠᠨ ᠤ HUBO ᠷᠣᠪᠣᠲ ᠤᠨ ᠥᠷᠲᠡᠭ ᠨᠢ 1 ᠰᠠᠶ᠎ᠠ ᠳ᠋ᠣᠯᠯᠠᠷ ᠪᠠᠶᠢᠭᠰᠠᠨ ᠪᠠ 3 ᠵᠢᠯ ᠵᠠᠷᠤᠴᠠᠭᠤᠯᠤᠭᠰᠠᠨ ᠪᠠᠶᠢᠨ᠎ᠠ[47]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Yonseiᠵᠠᠭᠪᠤᠷ:Disambiguation needed Korean 1-1, English Version, 2007, p. XII
  2. Korea's Population: 50 million. National Statistics Office (2012). August 8, 2012 ᠍ ᠳᠦ ᠬᠠᠨᠳᠤᠭᠰᠠᠨ᠃
  3. 3.0 3.1 3.2 3.3 South Korea. International Monetary Fund (September 2011). November 1, 2012 ᠍ ᠳᠦ ᠬᠠᠨᠳᠤᠭᠰᠠᠨ᠃
  4. Gini index, CIA World Fact Book.
  5. Human Development Report. United Nations (2011). November 5, 2011 ᠍ ᠳᠦ ᠬᠠᠨᠳᠤᠭᠰᠠᠨ᠃
  6. Korea's History (Ko-Choson, Three Kingdoms, Parhae Kingdom, Unified Shilla, Koryo Dynasty, Colonial Period, Independence Struggle, Provisional Government of Korea, Independence Army, Republic of Korea,)
  7. URL_ID=3946&URL_DO=DO_TOPIC&URL_SECTION=201.html World's oldest printed Doc
  8. Murder of Empress Myeongseong
  9. Forced Annexation
  10. South Korea. U.S. Department of State. 2006-09-16 ᠍ ᠳᠦ ᠬᠠᠨᠳᠤᠭᠰᠠᠨ᠃
  11. http://www.yolsa.org/sub_plus_1.html Yolsa.org Information on Anti-Yushin protests
  12. The Nobel Peace Prize 2000. The Nobel Foundation (2000). February 17, 2009 ᠍ ᠳᠦ ᠬᠠᠨᠳᠤᠭᠰᠠᠨ᠃
  13. South Korea. CIA Country Studies. 2006-04-22 ᠍ ᠳᠦ ᠬᠠᠨᠳᠤᠭᠰᠠᠨ᠃
  14. World City Populations. 2006-04-04 ᠍ ᠳᠦ ᠬᠠᠨᠳᠤᠭᠰᠠᠨ᠃
  15. Populations for all cities as of 2005, By city and province. NSO Database. 2006-04-22 ᠍ ᠳᠦ ᠬᠠᠨᠳᠤᠭᠰᠠᠨ᠃
  16. The result of 2010 Population and Housing Census of Korea, Statistics Korea
  17. http://joongangdaily.joins.com/article/view.asp?aid=2880037
  18. http://joongangdaily.joins.com/article/view.asp?aid=2880519
  19. US military figures as of 2005, from [1] (Excel file) Tim Kane Global US Troop Deployment, 1950-2003
  20. According to figures compiled by the South Korean National Statistical Office. 인구᠂가구/시도별 종교인구/시도별 종교인구 (2005년 인구총조사). NSO online KOSIS database. 2006-08-23 ᠍ ᠳᠦ ᠬᠠᠨᠳᠤᠭᠰᠠᠨ᠃ This should not be confused with other figures which report only the percentage of the religious population that are Buddhist, Christian, Cheondoist, etc...
  21. Korean Christian missionaries. Christianity Today. 2006-09-15 ᠍ ᠳᠦ ᠬᠠᠨᠳᠤᠭᠰᠠᠨ᠃
  22. The estimated area rises steadily from year to year, possibly due to land reclamation. 행정구역(구시군)별 국토적. Korea Statistical Information Service. 2006-03-27 ᠍ ᠳᠦ ᠬᠠᠨᠳᠤᠭᠰᠠᠨ᠃
  23. Seoul Metropolitan Government - "A Clean, Attractive & Global City, Seoul!"
  24. ᠵᠠᠭᠪᠤᠷ:Factbook
  25. IMF (2007). "World Economic Outlook Database, October 2007". 2007. IMF. Retrieved on 2008-02-12.
  26. IMF (2007). "World Economic Outlook Database, October 2007". 2007. IMF. Retrieved on 2008-02-12.
  27. Trade Policy Outlook for Second-term Bush Administration
  28. Soviet Economic Development
  29. NationMaster - NationMaster Survey
  30. See Cumings 1997, chapter 6.
  31. KOIS (2003), pp. 238-239.
  32. [2] Paper: Economic Reform in South Korea: An Unfinished Legacy
  33. 18 out of 30, according to Country Studies: South Korea. The Economist (2003-04-10). 2006-04-06 ᠍ ᠳᠦ ᠬᠠᠨᠳᠤᠭᠰᠠᠨ᠃
  34. GDP - Rank order - Real Growth Rate. CIA Factbook. 2006-09-15 ᠍ ᠳᠦ ᠬᠠᠨᠳᠤᠭᠰᠠᠨ᠃
  35. Anti-Speculation Measures. Hankooki Ilbo. 2006-09-15 ᠍ ᠳᠦ ᠬᠠᠨᠳᠤᠭᠰᠠᠨ᠃
  36. Field Listing - Inflation Rate - (consumer prices). CIA Factbook. 2006-09-15 ᠍ ᠳᠦ ᠬᠠᠨᠳᠤᠭᠰᠠᠨ᠃
  37. Field Listing - Unemployment Rate. CIA Factbook. 2006-09-15 ᠍ ᠳᠦ ᠬᠠᠨᠳᠤᠭᠰᠠᠨ᠃
  38. Field Listing - Exports. CIA Factbook. 2006-09-15 ᠍ ᠳᠦ ᠬᠠᠨᠳᠤᠭᠰᠠᠨ᠃
  39. Hyundai-Kia Pass Nissan to Become Worlds Sixth Largest Automaker - Automobile.com Auto News
  40. BBC NEWS | Business | S Korea and EU begin trade talks
  41. Shipbuilding on the rise in South Korea - Ports And Shipping | Business Asia | Find Articles at BNET.com
  42. S. KOREAN SHIPYARDS DOMINATE HIGH-VALUE-ADDED SHIP MARKET. Industry & Business Article - Research, News, Information, Contacts, Divisions, Subsidiaries, Business Associations
  43. Korea, Russia enter full-fledged space partnership | Korea.net News
  44. South Korea Begins Construction Of New Space Center – Korean Information Service, SpaceDaily, August 12, 2003
  45. S. Korea names woman as first astronaut – Korean CNN, March 10, 2008
  46. Lugmayr, Luigi (2004-12-22). New Humanoid Robot: HUBO Robot from Korea. I4U. 2007-07-07 ᠍ ᠳᠦ ᠬᠠᠨᠳᠤᠭᠰᠠᠨ᠃
  47. Kyu, Lee Sung; Todd Thacker (2005-01-18). Korean Robotics Steps Into the Future. OhmyNews. 2007-07-07 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: South Korea

ᠪᠢᠴᠢᠭᠡᠰᠦ