ᠡᠮᠦᠨᠡᠭᠣᠪᠢ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠮᠦᠨᠡᠭᠣᠪᠢ ᠰᠤᠮᠤ
ᠡᠮᠦᠨᠡᠭᠣᠪᠢ ᠰᠤᠮᠤ
ᠰᠤᠮᠤ
ᠤᠯᠤᠰ᠂ ᠣᠷᠣᠨ ᠮᠣᠩᠭᠣᠯ ᠮᠣᠩᠭᠣᠯ (ᠮᠣᠩᠭᠣᠯ ᠤᠯᠤᠰ)
ᠳᠡᠭᠡᠳᠦ ᠨᠤᠲᠤᠭ ᠤᠪᠰᠤ ᠠᠶᠢᠮᠠᠭ
ᠳᠣᠲᠣᠭᠠᠳᠤ ᠬᠤᠪᠢᠶᠠᠷᠢ ᠲᠠᠪᠤᠨ ᠪᠠᠭ:
1. ᠬᠣᠯᠪᠣᠭ᠎ᠠ
2. ᠤᠯᠢᠶᠠᠰᠤ ᠳᠤ
3. ᠣᠷᠣᠯᠭ᠎ᠠ
4. ᠪᠠᠶᠠᠨᠭᠣᠣᠯ
5. ᠨᠠᠮᠢᠷᠠ
ᠭᠠᠵᠠᠷ ᠨᠤᠲᠤᠭ 3.2 ᠮᠢᠩᠭᠠᠨ км² ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕
ᠬᠦᠮᠦᠨ ᠠᠮᠠ (2012) 4,320 ᠬᠦᠮᠦᠨ ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕
ᠰᠢᠤᠳᠠᠨ ᠳᠤᠭᠠᠷ 85210
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠲᠠᠷᠢᠶᠠᠯᠠᠩ
ᠨᠠᠷᠠᠨᠪᠤᠯᠠᠭ
ᠬᠣᠪᠳᠣ
ᠥᠯᠥᠭᠡᠢ
ᠪᠠᠶᠠᠨᠨᠠᠭᠤᠷ
ᠮᠢᠩᠭᠠᠳ
ᠭᠠᠵᠠᠷ ᠳᠠᠢ-
ᠳ ᠤᠨ ᠤᠷᠲᠤ
ᠤᠯᠠᠭᠠᠨᠠᠭᠠᠮ (109 ᠺᠢᠯᠣᠮᠧᠲ᠋ᠷ)
ᠤᠯᠠᠭᠠᠨᠪᠠᠭᠠᠲᠤᠷ (1387 ᠺᠢᠯᠣᠮᠧᠲ᠋ᠷ) [1]

ᠡᠮᠦᠨᠡᠭᠣᠪᠢ ᠨᠢ ᠤᠪᠰᠤ ᠠᠶᠢᠮᠠᠭ ᠤᠨ ᠰᠤᠮᠤ ᠶᠤᠮ᠃ 1924 ᠣᠨ ᠳᠤ ᠪᠠᠶᠢᠭᠤᠯᠤᠭᠳᠠᠭᠰᠠᠨ᠃ ᠵᠠᠰᠠᠭ ᠵᠠᠬᠢᠷᠭᠠᠨ ᠤ ᠬᠤᠪᠢ ᠳᠤ 5 ᠪᠠᠭ ᠲᠤ ᠬᠤᠪᠢᠶᠠᠭᠳᠠᠳᠠᠭ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠪᠰᠤᠬᠣᠪᠳᠣᠪᠠᠶᠠᠨ-ᠥᠯᠥᠭᠡᠢ ᠠᠶᠢᠮᠠᠭ ᠤᠳ ᠤᠨ ᠬᠢᠯᠢ ᠶᠢᠨ ᠵᠠᠭᠠᠭ ᠲᠤ ᠣᠷᠣᠰᠢᠳᠠᠭ᠃ ᠰᠤᠮᠤ ᠶᠢᠨ ᠲᠥᠪ ᠨᠢ ᠤᠯᠠᠭᠠᠨᠪᠠᠭᠠᠲᠤᠷ ᠬᠣᠲᠠ ᠠᠴᠠ 1516 ᠺᠢᠯᠣᠮᠧᠲ᠋ᠷ᠂ ᠤᠯᠠᠭᠠᠨᠠᠭᠠᠮ ᠬᠣᠲᠠ ᠠᠴᠠ 119 ᠺᠢᠯᠣᠮᠧᠲ᠋ᠷ᠂ ᠬᠣᠪᠳᠣ ᠬᠣᠲᠠ ᠠᠴᠠ 145 ᠺᠢᠯᠣᠮᠧᠲ᠋ᠷ᠂ ᠥᠯᠥᠭᠡᠢ ᠬᠣᠲᠠ ᠠᠴᠠ 188 ᠺᠢᠯᠣᠮᠧᠲ᠋ᠷ ᠵᠠᠶᠢᠲᠠᠢ ᠣᠷᠣᠰᠢᠳᠠᠭ᠃

ᠰᠤᠮᠤ ᠨᠡᠶᠢᠲᠡ 314.6 ᠮᠢᠩᠭᠠᠨ ᠭᠠ ᠨᠤᠲᠤᠭ ᠳᠡᠪᠢᠰᠬᠡᠷ ᠲᠡᠢ᠃ ᠭᠠᠵᠠᠷ ᠤᠨ ᠭᠠᠳᠠᠷᠭᠤ ᠶᠢᠨ ᠲᠥᠷᠬᠥ ᠪᠠᠶᠢᠳᠠᠯ ᠨᠢ ᠵᠢᠭᠳᠡ ᠪᠢᠰᠢ ᠬᠣᠶᠢᠳᠤ ᠬᠡᠰᠡᠭ ᠢᠶᠡᠷ ᠢᠶᠡᠨ ᠠᠭᠤᠯᠠᠷᠬᠠᠭ᠂ ᠡᠮᠦᠨᠡᠲᠦ ᠬᠡᠰᠡᠭ ᠢᠶᠡᠷ ᠢᠶᠡᠨ ᠲᠠᠯ᠎ᠠ ᠭᠣᠣᠯᠳᠠᠭᠤ᠂ ᠲᠥᠪ ᠬᠡᠰᠡᠭ ᠢᠶᠡᠷ ᠥᠷᠭᠡᠨ ᠲᠠᠯᠪᠢᠭᠤ ᠬᠥᠨᠳᠡᠢ᠂ ᠬᠣᠩᠬᠣᠷ ᠣᠯᠠᠨ ᠲᠠᠢ᠃

ᠠᠭᠠᠷ ᠤᠨ ᠲᠣᠯᠠᠭᠠᠨ ᠤ ᠬᠡᠮᠵᠢᠶ᠎ᠡ ᠤᠨ ᠬᠤᠪᠢ ᠳᠤ ᠳᠤᠮᠳᠠᠴᠢ ᠪᠠᠷ ᠵᠤᠨ ᠳᠤ 20-25 ᠬᠡᠮ ᠬᠦᠷᠲᠡᠯ᠎ᠡ ᠬᠠᠯᠠᠵᠤ᠂ ᠡᠪᠦᠯ ᠳᠦ ᠪᠡᠨ 20-30 ᠣᠷᠴᠢᠮ ᠬᠡᠮ ᠬᠦᠷᠴᠦ ᠬᠦᠢᠲᠡᠷᠡᠴᠢ᠂ ᠳᠤᠮᠳᠠᠴᠢ ᠰᠠᠯᠬᠢᠨ ᠤ ᠬᠤᠷᠳᠤ 4-18 ᠮ/ᠰᠧᠺᠦᠶᠢᠨᠳ᠋ ᠬᠦᠷᠡᠳᠡᠭ ᠲᠥᠪ ᠠᠽᠢᠶ᠎ᠠ ᠶᠢᠨ ᠲᠣᠮᠣᠬᠠᠨ ᠴᠥᠯ ᠦᠨ ᠨᠢᠭᠡ ᠪᠣᠯᠬᠤ ᠭᠣᠪᠢ ᠶᠢᠨ ᠬᠣᠢ ᠳᠤ ᠦᠵᠦᠭᠦᠷ ᠬᠡᠰᠡᠭ ᠲᠦ ᠤᠷᠤᠰᠢᠬᠤ ᠪᠠ ᠶᠡᠷᠦᠩᠬᠡᠢ ᠳᠤ ᠪᠡᠨ ᠬᠤᠷ᠎ᠠ ᠲᠤᠨᠤᠳᠠᠰᠤ ᠪᠠᠭ᠎ᠠ ᠲᠠᠢ ᠬᠠᠭᠤᠷᠠᠢ᠂ ᠴᠡᠯᠮᠡᠭ᠂ ᠰᠠᠯᠬᠢ ᠶᠡᠬᠡ ᠲᠡᠢ ᠡᠷᠡᠰ ᠲᠡᠰᠦ ᠠᠭᠤᠷ ᠠᠮᠢᠰᠬᠤᠯ ᠲᠠᠢ᠃

ᠰᠤᠮᠤ ᠶᠢᠨ ᠲᠥᠪ ᠦᠨ ᠳᠡᠷᠭᠡᠳᠡᠭᠦᠷ ᠤᠷᠤᠰᠬᠤ ᠨᠠᠮᠢᠷ ᠤᠨ ᠭᠣᠣᠯ ᠬᠠᠷᠬᠢᠷ᠎ᠠ ᠶᠢᠨ ᠠᠤᠯᠠᠯᠠᠰ ᠠᠴᠠ ᠡᠬᠢ ᠠᠪᠴᠤ ᠬᠠᠷ᠎ᠠ-ᠤᠰᠤ ᠨᠠᠭᠤᠷ ᠲᠤ ᠴᠢᠳᠬᠤᠳᠠᠭ᠃ ᠮᠥᠨ ᠲᠤᠰ ᠰᠤᠮᠤ ᠶᠢᠨ ᠨᠤᠲᠤᠭ ᠢᠶᠠᠷ ᠬᠣᠪᠳᠣ᠂ ᠪᠤᠷᠭᠠᠰᠤᠲᠠᠢ ᠶᠢᠨ ᠭᠣᠣᠯ ᠤᠷᠤᠰᠤᠨ ᠥᠩᠭᠡᠷᠡᠳᠡᠭ᠃ ᠬᠠᠷ᠎ᠠ-ᠤᠰᠤ ᠨᠠᠭᠤᠷ ᠨᠢ 15 ᠺᠢᠯᠣᠮᠧᠲ᠋ᠷ ᠤᠷᠲᠤ᠂ 7 ᠺᠢᠯᠣᠮᠧᠲ᠋ᠷ ᠥᠷᠭᠡᠨ ᠶᠤᠮ᠃

ᠲᠥᠷᠥ ᠶᠢᠨ ᠲᠠᠬᠢᠯᠭ᠎ᠠ ᠲᠠᠢ ᠠᠯᠲᠠᠨ ᠬᠥᠬᠡᠢ ᠠᠭᠤᠯᠠ ᠪᠣᠯᠤᠨ ᠬᠣᠪᠣᠷᠳᠠᠭᠰᠠᠨ ᠠᠮᠢᠲᠠᠳ᠂ ᠤᠷᠭᠤᠮᠠᠯ ᠤᠨ ᠨᠥᠭᠡᠴᠡ ᠪᠦᠬᠦᠢ ᠤᠯᠢᠶᠠᠰᠤᠲᠤ ᠶᠢᠨ ᠰᠢᠯᠢ᠂ ᠢᠷᠭᠠᠢ ᠳᠤ ᠠᠭᠤᠯᠠ᠂ ᠶᠣᠯᠣ ᠶᠢᠨ ᠰᠢᠯᠢ᠂ ᠬᠣᠪᠳᠣ᠂ ᠣᠷᠣᠯᠭ᠎ᠠ ᠶᠢᠨ ᠭᠣᠣᠯ ᠤᠨ ᠬᠥᠨᠳᠡᠢ ᠰᠢᠭᠤᠢ᠂ ᠨᠣᠭᠣᠭᠠᠨ ᠤ ᠷᠠᠰᠢᠶᠠᠨ᠂ ᠬᠠᠷ᠎ᠠ ᠤᠰᠤ ᠨᠠᠭᠤᠷ ᠵᠡᠷᠭᠡ ᠪᠠᠶᠢᠭᠠᠯᠢ ᠶᠢᠨ ᠰᠣᠨᠢᠨ᠂ ᠰᠣᠳᠣᠨ ᠲᠣᠭᠲᠠᠴᠠ ᠠᠮᠢᠲᠠᠨ ,ᠤᠷᠭᠤᠮᠠᠯ ᠢᠶᠠᠷ ᠪᠠᠶᠠᠯᠢᠭ ᠨᠤᠲᠤᠭ ᠲᠠᠢ᠃ ᠲᠤᠬᠠᠶᠢᠯᠠᠪᠠᠯ᠂ ᠠᠷᠭᠠᠯ᠂ ᠶᠠᠩᠭᠢᠷ᠂᠂ ᠪᠤᠭᠤ᠂ ᠭᠠᠬᠠᠢ᠂ ᠢᠷᠪᠢᠰ᠂ ᠰᠢᠯᠦᠭᠦᠰᠦ᠂ ᠶᠣᠯᠣ᠂ ᠲᠠᠰ᠂ ᠬᠣᠶᠢᠯᠣᠭ ᠭᠡᠬᠦ ᠮᠡᠲᠦ ᠬᠣᠪᠣᠷᠳᠠᠭᠰᠠᠨ ᠠᠨ ᠠᠮᠢᠲᠠᠨ ᠲᠠᠢ᠃

ᠡᠳ᠋ ᠍ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠲᠥᠪ ᠡᠴᠡ ᠶᠠᠪᠠᠷ ᠤᠨ ᠨᠡᠭᠦᠷᠡᠰᠦᠨ ᠦ ᠣᠷᠳᠣ 12 ᠺᠢᠯᠣᠮᠧᠲ᠋ᠷ᠂ ᠣᠷᠣᠯᠭ᠎ᠠ ᠶᠢᠨ ᠠᠯᠲᠠᠨ ᠤ ᠣᠷᠳᠣ 30 ᠺᠢᠯᠣᠮᠧᠲ᠋ᠷ᠂ ᠪᠠᠷᠢᠯᠭ᠎ᠠ ᠶᠢᠨ ᠮᠠᠲ᠋ᠧᠷᠢᠶᠠᠯ ᠨᠠᠮᠢᠷ ᠤᠨ ᠭᠣᠣᠯ᠂ ᠣᠷᠣᠯᠭ᠎ᠠ ᠶᠢᠨ ᠭᠣᠣᠯ᠂ ᠮᠤᠩᠵᠢᠪ ᠤᠨ ᠲᠣᠭᠣᠰᠬᠠᠨ ᠤ ᠰᠢᠪᠠᠷ 1.5-50 ᠺᠢᠯᠣᠮᠧᠲ᠋ᠷ᠂ ᠬᠠᠷ᠎ᠠ ᠰᠢᠨᠠᠭ᠎ᠠ᠂ ᠲᠠᠤᠯᠠᠢ᠂ ᠶᠠᠪᠠᠷ᠂ ᠰᠡᠷᠢᠭᠦᠨ ᠦ ᠡᠷᠦᠳᠡᠰᠦ ᠪᠤᠳᠤᠭ᠂ ᠵᠣᠰᠣ 5-40 ᠺᠢᠯᠣᠮᠧᠲ᠋ᠷ᠂ ᠰᠡᠭᠦᠵᠢ ᠶᠢᠨ ᠳᠠᠪᠤᠰᠤ᠂ ᠬᠤᠵᠢᠷ ᠤᠨ ᠣᠷᠳᠣ 25 ᠺᠢᠯᠣᠮᠧᠲ᠋ᠷ᠂ ᠨᠠᠷᠢᠨ ᠬᠣᠭᠣᠯᠠ᠂ ᠲᠥᠭᠥᠷᠢᠭ ᠬᠣᠭᠣᠯᠠ᠂ ᠳᠠᠪᠤᠰᠤᠲᠤ ᠬᠣᠭᠣᠯᠠ᠂ ᠤᠯᠠᠭᠠᠨ ᠰᠢᠨᠠᠭ᠎ᠠ᠂ ᠲᠠᠤᠯᠠᠢ᠂ ᠪᠣᠷᠣ ᠬᠠᠭ ᠤᠨ ᠬᠤᠵᠢᠷ 10-20 ᠺᠢᠯᠣᠮᠧᠲ᠋ᠷ ᠵᠠᠢ ᠳᠤ ᠣᠷᠣᠰᠢᠳᠠᠭ᠃

ᠰᠤᠮᠤ ᠶᠢᠨ ᠡᠳ᠋ ᠍ ᠍ ᠦᠨ ᠵᠠᠰᠠᠭ ᠤᠨ ᠭᠣᠣᠯᠯᠠᠬᠤ ᠰᠠᠯᠪᠤᠷᠢ ᠨᠢ ᠦᠶ᠎ᠡ ᠶᠢᠨ ᠦᠶ᠎ᠡ ᠳᠦ ᠳᠠᠮᠵᠢᠨ ᠢᠷᠡᠭᠰᠡᠨ ᠤᠯᠠᠮᠵᠢᠯᠠᠯᠲᠤ ᠪᠡᠯᠴᠢᠭᠡᠷ ᠦᠨ ᠮᠠᠯ ᠠᠵᠤ ᠠᠬᠤᠢ ᠶᠤᠮ᠃ 2009 ᠣᠨ ᠤ 9 ᠰᠠᠷ᠎ᠠ ᠶᠢᠨ ᠪᠠᠶᠢᠳᠠᠯ ᠢᠶᠠᠷ 164500 ᠲᠣᠯᠣᠭᠠᠢ ᠮᠠᠯ ᠲᠠᠢ᠂ ᠡᠭᠦᠨ ᠡᠴᠡ ᠲᠡᠮᠡᠭᠡ 987, ᠠᠳᠤᠭᠤ 4654, ᠦᠬᠡᠷ 5167, ᠬᠣᠨᠢ 80120, ᠢᠮᠠᠭ᠎ᠠ 73572 ᠲᠣᠯᠣᠭᠠᠢ ᠪᠠᠶᠢᠭ᠎ᠠ ᠠᠴᠠ ᠵᠢᠯ ᠳᠤ 6.0 ᠲᠣᠨ ᠲᠡᠮᠡᠭᠡᠨ ᠦ ᠨᠣᠣᠰᠣ᠂ 120 ᠲᠣᠨ ᠬᠣᠨᠢᠨ ᠤ ᠨᠣᠣᠰᠣ᠂ 25 ᠲᠣᠨ ᠢᠮᠠᠭᠠᠨ ᠤ ᠨᠣᠣᠯᠣᠭᠤᠷ᠂ 10.0-15.0 ᠰᠢᠷᠬᠡᠭ ᠠᠷᠠᠰᠤ ᠰᠢᠷᠢ᠂ ᠠᠶᠢᠷᠠᠭ 3 ᠲᠣᠨ᠂ 50 ᠭᠠᠷᠤᠢ ᠲᠨ ᠰᠦ᠋, ᠰᠦᠨ ᠪᠦᠲᠦᠭᠡᠭᠳᠡᠬᠦᠨ᠂ 7.0-10.0 ᠲᠣᠨ ᠮᠢᠬ᠎ᠠ᠂ ᠮᠠᠯ ᠪᠡᠯᠡᠳᠬᠡᠨ ᠨᠡᠶᠢᠯᠡᠭᠦᠯᠳᠡᠭ᠃

ᠭᠠᠵᠠᠷ ᠲᠠᠷᠢᠶᠠᠯᠠᠩ ᠤᠨ ᠦᠢᠯᠡᠳᠪᠦᠷᠢᠯᠡᠯ ᠰᠡᠭᠦᠯ ᠦᠨ ᠵᠢᠯ ᠤᠨᠳ ᠲᠤ ᠡᠷᠴᠢᠮᠲᠡᠢ ᠬᠥᠭᠵᠢᠵᠦ 2009 ᠣᠨ ᠳᠤ 20 ᠡᠷᠦᠬᠡ᠂ 1 ᠠᠯᠪᠠᠨ ᠪᠠᠶᠢᠭᠤᠯᠤᠯᠭ᠎ᠠ ᠨᠡᠶᠢᠲᠡ 6.99 ᠭᠠ ᠳᠦ ᠲᠥᠮᠥᠰᠥ᠂ 2.02 ᠭᠠ ᠳᠦ ᠬᠦᠨᠡᠰᠦᠨ ᠦ ᠨᠣᠭᠣᠭ᠎ᠠ ᠲᠠᠷᠢᠶᠠᠯᠠᠵᠤ 62 ᠲᠣᠨ ᠲᠥᠮᠥᠰᠥ᠂ 9 ᠲᠣᠨ ᠬᠦᠨᠡᠰᠦᠨ ᠦ ᠨᠣᠭᠣᠭ᠎ᠠ ᠬᠤᠷᠢᠶᠠᠨ ᠠᠪᠤᠭᠰᠠᠨ᠃

ᠦᠢᠯᠡᠳᠪᠦᠷᠢᠯᠡᠯ᠂ ᠦᠢᠯᠡᠴᠢᠯᠡᠭᠡᠨ ᠦ ᠬᠤᠪᠢ ᠤᠨ ᠬᠡᠪᠰᠢᠯ ᠦᠨ ᠵᠢᠵᠢᠭ ᠪᠢᠽᠢᠨ᠋ᠧᠰ ᠦᠨ ᠦᠢᠯᠡ ᠠᠵᠢᠯᠯᠠᠭ᠎ᠠ ᠲᠥᠯᠥᠪᠰᠢᠵᠦ ᠪᠠᠶᠢᠨ᠎ᠠ᠃ ᠡᠭᠦᠨ ᠳᠦ: 150 ᠰᠢᠷᠬᠡᠭ ᠢᠰᠡᠭᠡᠢ ᠦᠢᠯᠡᠳᠪᠦᠷᠢᠯᠡᠳᠡᠭ ᠢᠰᠡᠭᠡᠶᠢᠨ ᠦ ᠦᠢᠯᠡᠳᠪᠦᠷᠢ᠂ ᠡᠳᠦᠷ ᠲᠦ 30 ᠰᠢᠷᠬᠡᠭ ᠲᠠᠯᠬ᠎ᠠ᠂ 50 ᠺᠢᠯᠣᠭ᠍ᠷᠠᠮ ᠨᠠᠷᠢᠨ ᠪᠣᠣᠪᠣ ᠦᠢᠯᠡᠳᠪᠦᠷᠢᠯᠡᠳᠡᠭ ᠲᠠᠯᠬ᠎ᠠ᠂ ᠨᠠᠷᠢᠨ ᠪᠣᠣᠪᠣᠨ ᠤ 2 ᠼᠧᠬᠡ᠂ ᠵᠢᠯ ᠳᠤ 800 ᠰᠢᠷᠬᠡᠭ ᠴᠠᠭᠠᠨ ᠤᠯᠠ ᠲᠠᠢ ᠭᠤᠲᠤᠯ ᠦᠢᠯᠡᠳᠪᠦᠷᠢᠯᠡᠳᠡᠭ ᠬᠤᠪᠢ ᠤᠨ ᠣᠶᠣᠳᠠᠯᠴᠢᠨ 8, ᠦᠰᠦᠴᠢᠨ 1, ᠵᠣᠴᠢᠳ ᠪᠠᠭᠤᠳᠠᠯ 1, ᠬᠤᠪᠢ ᠤᠨ ᠮᠠᠯ ᠡᠮᠨᠡᠯᠭᠡ᠂ ᠦᠷᠡᠵᠢᠯ ᠦᠨ 4 ᠨᠢᠭᠡᠴᠡ᠂ ᠬᠡᠪᠯᠡᠯ ᠦᠨ ᠦᠢᠯᠡᠴᠢᠯᠡᠭᠡᠨ ᠦ ᠭᠠᠵᠠᠷ 2, ᠰᠢᠲᠠᠬᠤᠨ ᠲᠦᠭᠡᠭᠡᠬᠦ ᠰᠲ᠋ᠠᠨᠼ 3 ᠦᠢᠯᠡ ᠠᠵᠢᠯᠯᠠᠭ᠎ᠠ ᠶᠠᠪᠤᠭᠤᠯᠵᠤ ᠪᠠᠶᠢᠭ᠎ᠠ ᠠᠴᠠ 2013 ᠣᠨ ᠤ 4 ᠍ ᠍ ᠳᠦᠭᠡᠷ ᠰᠠᠷ᠎ᠠ ᠠᠴᠠ ᠭ᠃ᠪᠠᠲᠤᠪᠠᠶᠠᠷ ᠤᠨ 《ᠪᠣᠯᠣᠷ》 ᠰᠢᠲᠠᠬᠤᠨ ᠲᠦᠭᠡᠭᠡᠬᠦ ᠰᠲ᠋ᠠᠨᠼ᠂ ᠳᠠᠮᠳᠢᠨ ᠤ ᠰᠢᠲᠠᠬᠤᠨ ᠲᠦᠭᠡᠭᠡᠬᠦ ᠰᠲ᠋ᠠᠨᠼ ᠤᠳ АИ 92 ᠠᠦ᠋ᠲ᠋ᠣ᠋ ᠪᠧᠨ᠋ᠽᠢᠨ ᠢᠶᠡᠷ ᠦᠢᠯᠡᠴᠢᠯᠡᠵᠦ ᠡᠬᠢᠯᠡᠭᠡᠳ ᠪᠠᠶᠢᠨ᠎ᠠ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠭᠣᠪᠢ ᠰᠤᠮᠤ ᠨᠢ 2009 ᠣᠨ ᠤ 9 ᠰᠠᠷ᠎ᠠ ᠶᠢᠨ ᠪᠠᠶᠢᠳᠠᠯ ᠢᠶᠠᠷ 1030 ᠡᠷᠦᠬᠡ ᠶᠢᠨ 4336 ᠬᠦᠮᠦᠨ ᠠᠮᠠ ᠲᠠᠢ᠂ 41 ᠬᠤᠪᠢ ᠪᠤᠶᠤ 1780 ᠨᠢ 0-16 ᠨᠠᠰᠤᠨ ᠤ ᠬᠡᠦᠬᠡᠳ᠂ 53.8 ᠬᠤᠪᠢ ᠪᠤᠶᠤ 2337 ᠬᠦᠮᠦᠨ ᠬᠥᠳᠡᠯᠮᠦᠷᠢ ᠶᠢᠨ ᠨᠠᠰᠤᠨ ᠤ᠂ 5 ᠬᠤᠪᠢ ᠨᠢ ᠲᠡᠳᠬᠦᠪᠦᠷᠢ ᠶᠢᠨ ᠨᠠᠰᠤᠨ ᠤ ᠠᠬᠠᠮᠠᠳ ᠤᠳ ᠡᠵᠡᠯᠡᠵᠦ ᠪᠠᠶᠢᠭ᠎ᠠ ᠪᠠ ᠨᠡᠶᠢᠲᠡ ᠬᠦᠮᠦᠰ ᠦᠨ 1169 ᠪᠤᠶᠤ 51 ᠬᠤᠪᠢ ᠨᠢ ᠡᠮᠡᠭᠲᠡᠶᠢᠴᠦᠳ᠃ ᠠᠵᠢᠯ ᠬᠥᠳᠡᠯᠮᠦᠷᠢ ᠡᠷᠬᠢᠯᠡᠭᠴᠢᠳ 1905, ᠡᠭᠦᠨ ᠡᠴᠡ ХАА ᠍ ᠍ ᠦᠨ ᠰᠠᠯᠪᠤᠷᠢ ᠳᠤ 1510 ᠬᠦᠮᠦᠨ ᠠᠵᠢᠯᠯᠠᠳᠠᠭ᠃ ᠠᠵᠢᠯᠭᠦᠶᠢᠴᠦᠳ 224 ᠪᠠᠶᠢᠨ᠎ᠠ᠃

ᠪᠣᠯᠪᠠᠰᠤᠷᠠᠯ᠂ ᠡᠷᠡᠭᠦᠯ ᠮᠡᠨᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠷᠦᠩᠬᠡᠢ ᠪᠣᠯᠪᠠᠰᠤᠷᠠᠯ ᠤᠨ ᠪᠦᠷᠢᠨ ᠳᠤᠮᠳᠠ ᠪᠠ ᠪᠠᠭ᠎ᠠ ᠨᠡᠶᠢᠲᠡ 3 ᠰᠤᠷᠭᠠᠭᠤᠯᠢ ᠨᠡᠶᠢᠲᠡ 110 ᠬᠦᠮᠦᠨ ᠦ ᠣᠷᠣᠨ ᠲᠣᠭᠠᠲᠠᠢ ᠪᠠᠷ ᠦᠢᠯᠡ ᠠᠵᠢᠯᠯᠠᠭ᠎ᠠ ᠶᠠᠪᠤᠭᠤᠯᠵᠤ᠂ 1260 ᠭᠠᠷᠤᠢ ᠰᠤᠷᠤᠭᠴᠢ᠂ ᠰᠤᠷᠭᠠᠭᠤᠯᠢ ᠶᠢᠨ ᠡᠮᠦᠨᠡᠬᠢ ᠪᠣᠯᠪᠠᠰᠤᠷᠠᠯ ᠳᠦ 130 ᠬᠡᠦᠬᠡᠳ ᠬᠦᠮᠦᠵᠢᠨ᠂ ᠶᠡᠬᠡ᠂ ᠳᠡᠭᠡᠳᠦ ᠰᠤᠷᠭᠠᠭᠤᠯᠢ᠂ ᠺᠣᠯᠯᠧᠵᠢ ᠳᠤ 100 ᠭᠠᠷᠤᠢ ᠬᠡᠦᠬᠡᠳ ᠰᠤᠷᠤᠯᠴᠠᠵᠤ ᠪᠠᠶᠢᠭ᠎ᠠ ᠪᠥᠭᠡᠳ ᠵᠢᠯ ᠳᠤ ᠳᠤᠮᠳᠠᠴᠢ ᠪᠠᠷ 130 ᠬᠡᠦᠬᠡᠳ ᠰᠢᠨ᠎ᠡ ᠪᠡᠷ ᠮᠡᠨᠳᠦᠯᠡᠵᠦ᠂ ᠬᠦᠮᠦᠨ ᠠᠮᠠ ᠶᠢᠨ ᠴᠡᠪᠡᠷ ᠥᠰᠦᠯᠲᠡ 1.6 ᠬᠤᠪᠢ ᠪᠠᠶᠢᠨ᠎ᠠ᠃

ᠰᠤᠮᠤ ᠶᠢᠨ ᠬᠦᠮᠦᠨ ᠡᠮᠨᠡᠯᠭᠡ 2007 ᠣᠨ ᠳᠤ ᠰᠤᠮᠤ ᠳᠤᠮᠳᠠ ᠶᠢᠨ ᠡᠮᠨᠡᠯᠭᠡ ᠰᠲ᠋ᠠᠲ᠋ᠦ᠋ᠰ ᠲᠦ ᠰᠢᠯᠵᠢᠭᠰᠡᠨ᠂ 3 ᠶᠡᠬᠡ ᠡᠮᠴᠢ᠂ ᠨᠡᠶᠢᠲᠡ 33 ᠣᠷᠣᠨ ᠲᠣᠭᠠᠲᠠᠢ ᠪᠠᠷ ᠠᠵᠢᠯᠯᠠᠳᠠᠭ᠃

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ

  1. ᠤᠪᠰᠤ ᠠᠶᠢᠮᠠᠭ ᠤᠨ ᠪᠦᠷᠢᠳᠭᠡᠯ ᠤᠨ ᠬᠡᠯᠲᠡᠰ᠃ «2012 ᠣᠨ ᠤ ᠵᠢᠯ ᠦᠨ ᠡᠮᠬᠢᠳᠬᠡᠯ».

ᠪᠢᠴᠢᠭᠡᠰᠦ