ᠡᠮᠦᠨᠡᠭᠣᠪᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠮᠦᠨᠡᠭᠣᠪᠢ ᠠᠶᠢᠮᠠᠭ
—  ᠠᠶᠢᠮᠠᠭ  —
 ᠨᠤᠲᠤᠭ ᠤᠨ ᠤᠳᠤᠷᠢᠳᠤᠯᠭ᠎ᠠ ᠶᠢᠨ ᠣᠷᠳᠣᠨ

ᠰᠦᠯᠳᠡ ᠲᠤᠭ

ᠰᠦᠯᠳᠡ ᠲᠡᠮᠳᠡᠭ
ᠮᠣᠩᠭᠣᠯ ᠣᠷᠣᠨ ᠳᠠᠬᠢ ᠡᠮᠦᠨᠡᠭᠣᠪᠢ ᠠᠶᠢᠮᠠᠭ
ᠤᠯᠤᠰ Flag of Mongolia.svg ᠮᠣᠩᠭᠣᠯ
ᠠᠶᠢᠮᠠᠭ ᠡᠮᠦᠨᠡᠭᠣᠪᠢ
ᠰᠤᠮᠤ (15) ᠨᠤᠲᠤᠭ ᠤᠨ ᠬᠤᠪᠢᠶᠠᠷᠢ ᠬᠡᠰᠡᠭ ᠷᠦᠦ
ᠠᠶᠢᠮᠠᠭ ᠤᠨ ᠲᠥᠪ ᠳᠠᠯᠠᠨᠵᠠᠳᠠᠭᠠᠲᠤ
1931 ᠤᠨ ᠳᠤ ᠠᠶᠢᠮᠠᠭ ᠪᠠᠶᠢᠭᠤᠯᠤᠭᠳᠠᠭᠰᠠᠨ
ᠭᠠᠵᠠᠷ ᠨᠤᠲᠤᠭ 165,380.47 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠤᠨ ᠳᠤ 61,314 ᠬᠦᠮᠦᠨ
ᠬᠦᠮᠦᠨ ᠠᠮᠠ (ᠲᠣᠭᠠᠴᠠ᠃) 2011 ᠤᠨ ᠳᠤ 53,891 ᠬᠦᠮᠦᠨ
 ᠨᠢᠭᠲᠠᠴᠠ ᠰᠡᠶᠢᠷᠡᠭ 0.33 ᠬᠦᠮᠦᠨ/км²
ᠠᠷᠠᠳ ᠲᠦᠮᠡᠨ ᠦᠨᠳᠦᠰᠦᠨ ᠳᠦ ᠪᠡᠨ ᠮᠣᠩᠭᠣᠯ
ᠴᠤᠭᠭᠠᠷ ᠢᠶᠠᠨ ᠡᠮᠦᠨᠡᠭᠣᠪᠢ ᠶᠢᠨ ᠬᠢᠨ
ᠵᠠᠰᠠᠭ ᠳᠠᠷᠤᠭ᠎ᠠ ᠪᠠᠳᠮᠠᠭᠠᠷᠪᠣ ᠶᠢᠨ ᠪᠠᠳᠠᠷ᠎ᠠ (ᠠᠷᠠᠳᠴᠢᠯᠠᠭᠰᠠᠨ ᠨᠠᠮ)
ᠴᠠᠭ ᠤᠨ ᠪᠥᠰᠡ ᠤᠯᠠᠭᠠᠨᠪᠠᠭᠠᠲᠤᠷ ᠤᠨ ᠴᠠᠭ (GMT+8)
ᠲᠠᠨᠢᠬᠤ ᠦᠰᠦᠭ ᠡᠮᠦᠨ᠎ᠡ ᠭᠣᠪᠢ
ᠴᠠᠬᠢᠮ ᠭᠠᠵᠠᠷ umnugobi.gov.mn
ᠬᠣᠩᠭᠣᠷ ᠤᠨ ᠡᠯᠡᠰᠦ
ᠡᠮᠦᠨᠡᠭᠣᠪᠢ ᠶᠢᠨ ᠭᠣᠪᠢ ᠭᠠᠵᠠᠷ
ᠰᠤᠮᠤᠳ ᠤᠨ ᠲᠤᠭ᠂ ᠨᠤᠲᠤᠭ ᠤᠨ ᠠᠯᠳᠠᠷᠲᠠᠳ ᠤᠨ ᠬᠥᠷᠥᠭ

ᠡᠮᠦᠨᠡᠭᠣᠪᠢ ᠨᠢ ᠮᠣᠩᠭᠣᠯ ᠤᠯᠤᠰ ᠍ ᠤᠨ ᠠᠶᠢᠮᠠᠭ ᠃ 1931 ᠤᠨ ᠳᠤ ᠪᠠᠶᠢᠭᠤᠯᠤᠭᠳᠠᠭᠰᠠᠨ᠃ᠡ ᠮᠦᠨᠡᠭᠣᠪᠢ ᠠᠶᠢᠮᠠᠭ ᠨᠢ 165᠂0 ᠮᠢᠩᠭᠠᠨ ᠬᠠᠪᠲᠠᠭᠠᠢ ᠳᠥᠷᠪᠡᠯᠵᠢᠨ ᠺᠢᠯᠣᠮᠧᠲ᠋ᠷ ᠨᠤᠲᠤᠭ ᠳᠡᠪᠢᠰᠬᠡᠷ ᠲᠡᠢ᠂ 15 ᠰᠤᠮᠤ᠂ 58 ᠪᠠᠭ ᠲᠠᠢ᠃ ᠠᠶᠢᠮᠠᠭ ᠤᠨ ᠲᠥᠪ ᠳᠠᠯᠠᠨᠵᠠᠳᠠᠭᠠᠲᠤ ᠬᠣᠲᠠ᠃


ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1923 ᠤᠨ ᠤ ᠳᠤᠮᠳᠠᠭᠤᠷ ᠬᠠᠭᠤᠴᠢᠨ ᠳᠥᠷᠪᠡᠨ ᠠᠶᠢᠮᠠᠭ ᠢ ᠥᠭᠡᠷᠡᠴᠢᠯᠡᠨ ᠪᠠᠶᠢᠭᠤᠯᠬᠤ ᠵᠠᠰᠠᠭ ᠤᠨ ᠭᠠᠵᠠᠷ ᠤᠨ ᠰᠢᠢᠳᠪᠦᠷᠢ᠂ ᠮᠥᠨ ᠠᠶᠢᠮᠠᠭ ᠤᠨ ᠵᠠᠬᠢᠷᠭ᠎ᠠ (ᠶᠠᠮᠤ) ᠪᠠᠶᠢᠭᠤᠯᠬᠤ ᠳᠦᠷᠢᠮ ᠢ ᠪᠠᠲᠤᠯᠠᠨ ᠭᠠᠷᠭᠠᠵᠠᠢ᠃ ᠮᠣᠩᠭᠣᠯ ᠤᠯᠤᠰ ᠤᠨ ᠨᠤᠲᠤᠭ ᠳᠡᠪᠢᠰᠬᠡᠷ᠂ ᠵᠠᠰᠠᠭ ᠵᠠᠬᠢᠷᠭᠠᠨ ᠤ ᠬᠤᠪᠢᠶᠠᠷᠢ ᠳᠤ ᠥᠭᠡᠷᠡᠴᠢᠯᠡᠯᠲᠡ ᠤᠷᠤᠭᠤᠯᠬᠤ ᠲᠤᠬᠠᠢ ᠰᠢᠢᠳᠪᠦᠷᠢ 1928 ᠤᠨ ᠠᠴᠠ ᠡᠬᠢᠯᠡᠨ ᠱᠠᠲᠤ ᠳᠠᠷᠠᠭᠠᠯᠠᠨ ᠭᠠᠷᠴᠠᠢ᠃ ᠠᠶᠢᠮᠠᠭ᠂ ᠬᠣᠱᠤᠳ ᠤᠨ ᠭᠠᠵᠠᠷ ᠨᠤᠲᠤᠭ ᠤᠨ ᠬᠡᠮᠵᠢᠶ᠎ᠡ ᠠᠰᠤᠷᠤ ᠠᠭᠤᠳᠠᠮ᠂ ᠭᠠᠵᠠᠷ ᠤᠨ ᠳᠤᠮᠳᠠ ᠶᠢ ᠣᠯᠵᠤ ᠲᠥᠪᠯᠡᠵᠦ ᠴᠢᠳᠠᠭ᠎ᠠ ᠦᠭᠡᠢ ᠵᠡᠷᠭᠡ ᠶᠢ ᠬᠠᠷᠠᠭᠠᠯᠵᠠᠨ 1931 ᠤᠨ ᠳᠤ ᠣᠷᠣᠨ ᠨᠤᠲᠤᠭ ᠤᠨ ᠵᠠᠰᠠᠭ ᠵᠠᠬᠢᠷᠭᠠᠨ ᠤ ᠪᠦᠲᠦᠴᠡ ᠶᠢᠨ ᠥᠭᠡᠷᠡᠴᠢᠯᠡᠯᠲᠡ ᠬᠢᠭᠰᠡᠨ ᠪᠢᠯᠡ᠃ ᠡᠨᠡ ᠥᠭᠡᠷᠡᠴᠢᠯᠡᠯᠲᠡ ᠪᠡᠷ ᠤᠷᠢᠳᠤ ᠨᠢ 5 ᠠᠶᠢᠮᠠᠭ᠂ 72 ᠬᠣᠰᠢᠭᠤ᠂ 525 ᠰᠤᠮᠤ ᠪᠠᠶᠢᠭᠰᠠᠨ ᠢ 12 ᠠᠶᠢᠮᠠᠭ᠂ 324 ᠰᠤᠮᠤ ᠪᠣᠯᠭᠠᠨ ᠵᠣᠬᠢᠶᠠᠨ ᠪᠠᠶᠢᠭᠤᠯᠤᠭᠳᠠᠬᠤ ᠳᠤ ᠡᠮᠦᠨᠡᠭᠣᠪᠢ ᠠᠶᠢᠮᠠᠭ ᠰᠢᠨ᠎ᠡ ᠪᠡᠷ ᠪᠠᠶᠢᠭᠤᠯᠤᠭᠳᠠᠭᠰᠠᠨ ᠪᠠᠶᠢᠨ᠎ᠠ᠃ ᠢᠩᠭᠢᠬᠦ ᠳᠦ ᠪᠡᠨ ᠪᠣᠭᠳᠠ ᠬᠠᠨ ᠠᠭᠤᠯᠠ᠂ ᠴᠡᠴᠡᠷᠯᠢᠭ ᠮᠠᠨᠳᠠᠯ ᠤᠨ ᠠᠶᠢᠮᠠᠭ ᠤᠳ ᠠᠴᠠ ᠲᠠᠰᠤᠯᠤᠨ ᠵᠣᠬᠢᠶᠠᠨ ᠪᠠᠶᠢᠭᠤᠯᠤᠭᠰᠠᠨ ᠪᠠᠶᠢᠨ᠎ᠠ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

2015 ᠤᠨ ᠤ ᠵᠢᠯ ᠦᠨ ᠡᠴᠦᠰ ᠦᠨ ᠪᠠᠶᠢᠳᠠᠯ ᠢᠶᠠᠷ ᠡᠮᠦᠨᠡᠭᠣᠪᠢ ᠠᠶᠢᠮᠠᠭ ᠤᠨ ᠨᠡᠶᠢᠲᠡ ᠬᠦᠮᠦᠨ ᠠᠮᠠ 61540 ᠪᠣᠯᠵᠤ ᠡᠮᠦᠨᠡᠬᠢ ᠤᠨ ᠠᠴᠠ 1875 ᠬᠦᠮᠦᠨ ᠢᠶᠡᠷ ᠪᠤᠶᠤ 3᠂1 ᠬᠤᠪᠢᠶᠠᠷᠢ ᠥᠰᠦᠭᠰᠡᠨ ᠪᠠᠶᠢᠨ᠎ᠠ᠃ ᠡᠷᠦᠬᠡ ᠶᠢᠨ ᠲᠣᠭ᠎ᠠ 19994 ᠪᠣᠯᠵᠤ ᠡᠮᠦᠨᠡᠬᠢ ᠤᠨ ᠠᠴᠠ 663 ᠡᠷᠦᠬᠡ ᠪᠡᠷ ᠪᠤᠶᠤ 3᠂4 ᠬᠤᠪᠢᠶᠠᠷᠢ ᠥᠰᠦᠭᠰᠡᠨ ᠦᠵᠡᠭᠦᠯᠦᠯᠲᠡ ᠲᠡᠢ ᠪᠠᠶᠢᠨ᠎ᠠ᠃ ᠨᠡᠶᠢᠲᠡ ᠬᠦᠮᠦᠨ ᠠᠮᠠ ᠶᠢᠨ 31᠂8 ᠬᠤᠪᠢ ᠢ 0-15 ᠨᠠᠰᠤᠨ ᠤ ᠬᠡᠦᠬᠡᠳ᠂ 62᠂5 ᠬᠤᠪᠢ ᠢ 16-59 ᠨᠠᠰᠤᠨ ᠤ᠂ 5᠂7 ᠬᠤᠪᠢ ᠢ 60 ᠡᠴᠨ ᠳᠡᠭᠡᠭᠰᠢ ᠨᠠᠰᠤᠨ ᠤ ᠬᠦᠮᠦᠨ ᠠᠮᠠ ᠡᠵᠡᠯᠡᠵᠦ ᠪᠠᠶᠢᠨ᠎ᠠ᠃ ᠮᠥᠨ ᠮᠣᠩᠭᠣᠯ ᠤᠯᠤᠰ ᠤᠨ 3 ᠰᠠᠶ᠎ᠠ ᠳᠠᠬᠢ ᠢᠷᠭᠡᠨ ᠡᠮᠦᠨᠡᠭᠣᠪᠢ ᠠᠶᠢᠮᠠᠭ ᠲᠤ ᠮᠡᠨᠳᠦᠯᠡᠵᠦ ᠣᠨᠴᠠᠯᠠᠬᠤ ᠦᠢᠯᠡ ᠶᠠᠪᠤᠳᠠᠯ ᠲᠣᠬᠢᠶᠠᠭᠰᠠᠨ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠭᠣᠪᠢ ᠨᠢ ᠭᠠᠵᠠᠷ ᠨᠤᠲᠤᠭ ᠤᠨ ᠬᠡᠮᠵᠢᠶ᠎ᠡ ᠪᠡᠷ ᠲᠣᠮᠣ ᠠᠶᠢᠮᠠᠭ ᠶᠤᠮ᠃ ᠠᠶᠢᠮᠠᠭ ᠤᠨ ᠨᠤᠲᠤᠭ ᠨᠢ ᠭᠣᠪᠢ ᠴᠥᠯ ᠦᠨ ᠮᠤᠵᠢ ᠳᠤ ᠪᠠᠭᠠᠳᠬᠤ ᠪᠥᠭᠡᠳ ᠳᠤᠮᠳᠠᠴᠢ ᠪᠠᠷ ᠳᠠᠯᠠᠢ ᠶᠢᠨ ᠲᠦᠪᠰᠢᠨ ᠡᠴᠡ 1300-1600 m ᠥᠨᠳᠥᠷ ᠲᠦ ᠣᠷᠣᠰᠢᠨ᠎ᠠ᠃ ᠡᠨᠳᠡ ᠠᠯᠲᠠᠢ ᠶᠢᠨ ᠨᠢᠷᠤᠭᠤᠨ ᠤ ᠦᠷᠭᠦᠯᠵᠢᠯᠡᠯ ᠭᠤᠷᠪᠠᠨ ᠰᠠᠶᠢᠬᠠᠨᠰᠡᠪᠡᠷᠡᠢᠨᠣᠶᠠᠨ ᠪᠣᠭᠳᠠᠨᠣᠮᠣᠭᠠᠨᠲᠣᠰᠣᠲᠤᠨᠡᠮᠡᠭ ᠲᠦᠠᠯᠲᠠᠨ᠎ᠠ ᠠᠭᠤᠯᠠᠭᠢᠯᠪᠡᠩ ᠳᠦ ᠵᠡᠷᠭᠡ ᠳᠠᠯᠠᠢ ᠶᠢᠨ ᠲᠦᠪᠰᠢᠨ ᠡᠴᠡ 3000 m ᠬᠦᠷᠲᠡᠯ᠎ᠡ ᠥᠨᠳᠥᠷ ᠡᠷᠭᠦᠭᠳᠡᠭᠰᠡᠨ ᠠᠭᠤᠯᠠ ᠨᠢᠷᠤᠭᠤᠳ ᠪᠣᠯᠤᠨ 100 ᠭᠠᠷᠤᠢ km ᠦᠷᠭᠦᠯᠵᠢᠯᠡᠭᠰᠡᠨ ᠬᠣᠩᠭᠣᠷ ᠤᠨ ᠡᠯᠡᠰᠦ᠂ ᠬᠡᠳᠦᠨ 100 ᠺᠢᠯᠣᠮᠧᠲ᠋ᠷ ᠥᠷᠭᠡᠨ ᠭᠠᠯᠪᠠᠪᠣᠷᠵᠣᠩᠵᠢᠭᠡᠮᠡᠭᠵᠠᠭᠰᠡᠭᠦᠵᠢ ᠶᠢᠨ ᠠᠯᠳᠠᠷᠲᠤ ᠶᠡᠬᠡ ᠭᠣᠪᠢ ᠨᠤᠭᠤᠳ ᠪᠤᠢ᠃

ᠬᠠᠠᠳᠨᠡᠮᠡᠭ ᠲᠦᠵᠥᠭᠡᠯᠡᠨᠡᠩᠭᠡᠷ ᠪᠦᠯᠢᠶᠡᠨᠲᠠᠯᠬᠢᠲᠤ ᠵᠡᠷᠭᠡ ᠣᠯᠠᠨ ᠬᠦᠢᠲᠡᠨ ᠷᠠᠰᠢᠶᠠᠨ᠂ ᠡᠯᠢᠭᠡᠨᠰᠠᠯᠬᠢᠲ ᠤᠨ ᠬᠠᠯᠠᠭᠤᠨ ᠷᠠᠰᠢᠶᠠᠨ ᠤᠰᠤ ᠲᠠᠢ᠃

ᠬᠥᠳᠡᠭᠡ ᠲᠠᠯ᠎ᠠ ᠶᠢᠨ ᠬᠥᠷᠥᠰᠥ ᠨᠢ ᠵᠡᠰᠲᠤᠭᠤᠯᠭ᠎ᠠᠴᠢᠯᠠᠭᠤᠨ ᠨᠡᠭᠦᠷᠡᠰᠦᠲᠡᠮᠦᠷ ᠦᠨ ᠬᠥᠳᠡᠷᠭᠠᠨᠲᠢᠭᠬᠠᠶᠢᠯᠤᠭᠤᠷ ᠵᠣᠩᠰᠢ᠂ ᠴᠠᠰᠤᠨ ᠪᠠ ᠤᠲᠤᠭᠠᠲᠤ ᠪᠣᠯᠣᠷ ᠵᠡᠷᠭᠡ ᠦᠨᠡᠲᠦ ᠡᠷᠳᠡᠨᠢ ᠶᠢᠨ ᠪᠠᠶᠠᠯᠢᠭ ᠠᠷᠪᠢᠨ ᠲᠠᠢ᠃ ᠡᠭᠦᠨ ᠳᠦ ᠮᠠᠰᠢ ᠶᠡᠬᠡ ᠳᠤᠯᠠᠭᠠᠨ ᠭᠠᠷᠭᠠᠳᠠᠭ ᠲᠠᠪᠤᠨᠲᠣᠯᠣᠭᠠᠢ ᠶᠢᠨ ᠴᠢᠯᠠᠭᠤᠨ ᠨᠡᠭᠦᠷᠡᠰᠦ ᠣᠯᠠᠨ ᠮᠢᠯᠯᠶᠠᠷ ᠲᠤ ᠲᠣᠨ ᠨᠥᠭᠡᠴᠡ ᠲᠡᠢ᠃

ᠠᠮᠢᠲᠠᠨ ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠩ ᠬᠠᠯᠠᠭᠤᠨ ᠳᠤ ᠲᠡᠰᠪᠦᠷᠢᠲᠡᠢ᠂ ᠰᠢᠮ᠎ᠡ ᠲᠡᠵᠢᠭᠡᠯ ᠰᠠᠶᠢᠲᠠᠢ᠂ ᠵᠢᠵᠢᠭ ᠨᠠᠪᠴᠢᠲᠤ ᠲᠠᠴᠢᠷ ᠤᠷᠭᠤᠮᠠᠯ ᠭᠣᠣᠯᠯᠠᠭᠰᠠᠨ 250 ᠭᠠᠷᠤᠢ ᠲᠥᠷᠥᠯ ᠦᠨ ᠤᠷᠭᠤᠮᠠᠯ ᠲᠠᠢ ᠪᠥᠭᠡᠳ ᠲᠡᠭᠦᠨ ᠦ ᠳᠣᠲᠣᠷ᠎ᠠ ᠬᠤᠨᠴᠢᠷᠠᠯᠲᠠᠨ ᠦᠨᠳᠦᠰᠦᠳᠡᠭᠲᠦᠰᠡᠷᠵᠢᠮᠢᠳᠣᠭ ᠵᠡᠷᠭᠡ ᠣᠯᠠᠨ ᠲᠥᠷᠥᠯ ᠦᠨ ᠡᠮ ᠦᠨ ᠤᠷᠭᠤᠮᠠᠯ ᠡᠯᠪᠡᠭ᠃ ᠬᠠᠷᠮᠠᠭᠭᠣᠶᠣᠣᠴᠤᠯᠢᠬᠢᠷ ᠵᠡᠷᠭᠡ ᠠᠮᠲᠠᠯᠢᠭ ᠤᠷᠭᠤᠮᠠᠯ᠂ ᠬᠠᠶᠢᠯᠠᠰᠤᠵᠠᠭᠲᠣᠣᠷᠠᠢᠵᠢᠭᠳᠡ ᠭᠡᠬᠦ ᠮᠡᠲᠦ ᠮᠣᠳᠣ ᠤᠷᠭᠤᠨ᠎ᠠ᠃

ᠬᠠᠷ᠎ᠠ ᠰᠡᠭᠦᠯᠲᠦᠴᠠᠭᠠᠨ ᠵᠡᠭᠡᠷ᠎ᠡᠰᠢᠯᠦᠭᠦᠰᠦᠦᠨᠡᠭᠡᠬᠢᠷᠰᠠᠲᠠᠤᠯᠠᠢᠳᠣᠷᠣᠭᠣᠰᠤᠤᠰᠠᠷ ᠡᠯᠪᠡᠭ ᠪᠥᠭᠡᠳ ᠬᠤᠯᠠᠨᠠᠷᠭᠠᠯᠢᠮᠠᠵᠠᠭᠠᠯᠠᠢᠶᠠᠩᠭᠢᠷᠬᠠᠪᠲᠠᠭᠠᠢ ᠵᠡᠷᠭᠡ ᠬᠣᠪᠣᠷ ᠠᠮᠢᠲᠠᠳ ᠴᠤ ᠪᠤᠢ᠃

ᠬᠥᠳᠡᠭᠡ ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠢᠮᠠᠭ ᠤᠨ ᠡᠳ᠋ ᠍ ᠦᠨ ᠵᠠᠰᠠᠭ ᠤᠨ ᠨᠢᠭᠡ ᠭᠣᠣᠯ ᠰᠠᠯᠪᠤᠷᠢ ᠨᠢ ᠬᠥᠳᠡᠭᠡ ᠠᠵᠤ ᠠᠬᠤᠢ᠂ ᠡᠭᠦᠨ ᠦ ᠳᠣᠲᠣᠷ᠎ᠠ ᠮᠠᠯ ᠠᠵᠤ ᠠᠬᠤᠢ ᠭᠣᠣᠯᠯᠠᠬᠤ ᠬᠤᠪᠢ ᠢ ᠡᠵᠡᠯᠡᠳᠡᠭ᠃ 2015 ᠤᠨ ᠤ ᠵᠢᠯ ᠦᠨ ᠡᠴᠦᠰ ᠦᠨ ᠪᠠᠶᠢᠳᠠᠯ ᠢᠶᠠᠷ 2 ᠰᠠᠶ᠎ᠠ 55 ᠮᠢᠩᠭᠠᠨ ᠲᠣᠭ᠎ᠠ ᠲᠣᠯᠣᠭᠠᠢ ᠮᠠᠯ ᠲᠣᠭᠠᠯᠠᠭᠤᠯᠤᠭᠰᠠᠨ ᠨᠢ 85 ᠵᠢᠯ ᠦᠨ ᠲᠡᠦᠬᠡᠨ ᠳᠦ ᠲᠣᠬᠢᠶᠠᠯᠳᠤᠭ᠎ᠠ ᠦᠭᠡᠢ ᠲᠡᠦᠬᠡᠨ ᠦᠢᠯᠡ ᠶᠠᠪᠤᠳᠠᠯ ᠪᠣᠯᠤᠭᠰᠠᠨ ᠶᠤᠮ᠃ ᠳᠡᠯᠡᠬᠡᠢ ᠶᠢᠨ ᠤᠯᠠᠭᠠᠨ ᠨᠣᠮᠣᠨ ᠳᠤ ᠪᠠᠭᠲᠠᠳᠠᠭ ᠬᠣᠶᠠᠷ ᠪᠥᠬᠡᠳᠦ ᠲᠡᠮᠡᠭᠡ ᠪᠡᠨ ᠵᠢᠯ ᠳᠠᠷᠠᠭᠠᠯᠠᠨ ᠲᠣᠭᠲᠠᠮᠠᠯ ᠥᠰᠬᠡᠵᠦ᠂ ᠬᠠᠨ᠎ᠠ ᠶᠢᠨ ᠬᠡᠴᠡ ᠶᠢᠨ ᠬᠦᠷᠡᠩ᠂ ᠭᠠᠯᠪᠠ ᠶᠢᠨ ᠭᠣᠪᠢ ᠶᠢᠨ ᠤᠯᠠᠭᠠᠨ ᠲᠡᠮᠡᠭᠡᠳ ᠢᠶᠡᠨ ᠡᠭᠦᠯᠳᠡᠷ ᠪᠣᠯᠭᠠᠨ ᠪᠠᠲᠤᠯᠠᠭᠠᠵᠢᠭᠤᠯᠬᠤ ᠶᠢᠨ ᠵᠡᠷᠭᠡᠴᠡᠭᠡ ᠮᠣᠩᠭᠣᠯ ᠤᠯᠤᠰ ᠤᠨ ᠰᠠᠶᠢᠨ ᠮᠠᠯᠴᠢᠨ 6 ᠲᠣᠳᠣᠷᠠᠭᠰᠠᠨ ᠲᠡᠦᠬᠡᠨ ᠦᠢᠯᠡ ᠶᠠᠪᠤᠳᠠᠯ ᠢᠶᠠᠷ ᠪᠠᠶᠠᠯᠢᠭ ᠵᠢᠯ ᠪᠠᠶᠢᠯ᠎ᠠ᠃

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠭᠣᠪᠢ ᠠᠶᠢᠮᠠᠭ ᠤᠨ ᠬᠡᠮᠵᠢᠶᠡᠨ ᠳᠦ 2015-2016 ᠤᠨ ᠤ ᠬᠢᠴᠢᠶᠡᠯ ᠦᠨ ᠵᠢᠯ ᠳᠦ ᠶᠡᠷᠦᠩᠬᠡᠢ ᠪᠣᠯᠪᠠᠰᠤᠷᠠᠯ ᠤᠨ 19 ᠰᠤᠷᠭᠠᠭᠤᠯᠢ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠭ᠎ᠠ ᠪᠥᠭᠡᠳ 401 ᠪᠦᠯᠦᠭ ᠲᠦ 10987 ᠰᠤᠷᠤᠭᠴᠢ ᠬᠠᠮᠤᠷᠤᠭᠳᠠᠵᠤ ᠪᠠᠶᠢᠨ᠎ᠠ᠃ ᠰᠡᠭᠦᠯ ᠦᠨ ᠵᠢᠯ ᠦᠳ ᠲᠦ ᠳᠡᠯᠡᠬᠡᠢ ᠶᠢᠨ ᠪᠣᠯᠪᠠᠰᠤᠷᠠᠯ ᠲᠠᠢ ᠡᠮᠦᠨᠡᠭᠣᠪᠢᠴᠤᠳ ᠪᠣᠯᠬᠤ ᠶᠢ ᠡᠷᠬᠢᠮ ᠵᠣᠷᠢᠯᠭ᠎ᠠ ᠪᠣᠯᠭᠠᠨ ᠠᠵᠢᠯᠯᠠᠵᠤ᠂ ᠪᠣᠯᠪᠠᠰᠤᠷᠠᠯ ᠤᠨ ᠰᠠᠯᠠᠪᠤᠷᠢ ᠲᠤ ᠪᠠᠨ 23᠂2 ᠲᠡᠷᠪᠤᠮ ᠲᠥᠭᠥᠷᠢᠭ ᠦᠨ ᠬᠥᠷᠥᠩᠭᠡ ᠣᠷᠣᠭᠤᠯᠤᠯᠲᠠ ᠪᠦᠲᠦᠭᠡᠨ ᠪᠠᠶᠢᠭᠤᠯᠤᠯᠲᠠ ᠶᠢᠨ ᠠᠵᠢᠯ ᠢ ᠬᠢᠵᠦ᠂ ᠡᠭᠦᠨ ᠦ ᠦᠷ᠎ᠡ ᠳ᠋ᠦᠩ ᠳᠦ ᠰᠤᠷᠭᠠᠭᠤᠯᠢ ᠶᠢᠨ ᠡᠮᠦᠨᠡᠬᠢ ᠪᠣᠯᠪᠠᠰᠤᠷᠠᠯ ᠤᠨ ᠬᠠᠮᠤᠷᠤᠨ ᠰᠤᠷᠭᠠᠯᠲᠠ 92᠂9 ᠬᠤᠪᠢ ᠳᠤ ᠬᠦᠷᠴᠦ᠂ ᠰᠠᠭᠤᠷᠢ ᠪᠣᠯᠪᠠᠰᠤᠷᠠᠯ ᠤᠨ ᠬᠠᠮᠤᠷᠤᠨ ᠰᠤᠷᠭᠠᠯᠲᠠ 100 ᠬᠤᠪᠢ ᠳᠤ ᠬᠦᠷᠦᠭᠰᠡᠨ ᠪᠠᠶᠢᠨ᠎ᠠ᠃

ᠡᠷᠡᠭᠦᠯ ᠮᠡᠨᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠭᠣᠪᠢ ᠠᠶᠢᠮᠠᠭ ᠤᠨ ᠬᠡᠮᠵᠢᠶᠡᠨ ᠳᠦ ᠡᠷᠡᠭᠦᠯ ᠮᠡᠨᠳᠦ ᠶᠢᠨ 83 ᠪᠠᠶᠢᠭᠤᠯᠤᠯᠭ᠎ᠠ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃ ᠡᠭᠦᠨ ᠳᠦ ᠠᠶᠢᠮᠠᠭ ᠤᠨ ᠡᠷᠡᠭᠦᠯ ᠮᠡᠨᠳᠦ ᠶᠢᠨ ᠭᠠᠵᠠᠷ᠂ ᠪᠥᠰᠡ ᠶᠢᠨ ᠣᠨᠣᠰᠢᠯᠠᠭ᠎ᠠ ᠡᠮᠴᠢᠯᠡᠭᠡᠨ ᠦ ᠲᠥᠪ᠂ ᠵᠣᠨᠣᠽ ᠡᠪᠡᠳᠴᠢᠨ ᠰᠤᠳᠤᠯᠤᠯ ᠤᠨ ᠦᠨᠳᠦᠰᠦᠨ ᠦ ᠲᠥᠪ᠂ ᠰᠤᠮᠤ ᠳᠤᠮᠳᠠ ᠶᠢᠨ ᠡᠮᠨᠡᠯᠭᠡ 3᠂ ᠰᠤᠮᠤ ᠶᠢᠨ ᠡᠷᠡᠭᠦᠯ ᠮᠡᠨᠳᠦ ᠶᠢᠨ ᠲᠥᠪ 11᠂ ᠡᠷᠦᠬᠡ ᠶᠢᠨ ᠡᠷᠡᠭᠦᠯ ᠮᠡᠨᠳᠦ ᠶᠢᠨ ᠲᠥᠪ 3᠂ ᠬᠤᠪ ᠤᠨ ᠡᠮᠨᠡᠯᠭᠡ 24᠂ ᠴᠡᠷᠢᠭ ᠦᠨ ᠠᠩᠬᠢ ᠶᠢᠨ ᠡᠮᠨᠡᠯᠭᠡ 23᠂ ᠡᠮ ᠦᠨ ᠡᠷᠭᠢᠯᠲᠡ ᠶᠢᠨ ᠰᠠᠨ 14᠂ ᠡᠮ ᠬᠠᠩᠭᠠᠮᠵᠢ ᠶᠢᠨ ᠪᠠᠶᠢᠭᠤᠯᠤᠯᠭ᠎ᠠ 4᠂ ᠨᠡᠶᠢᠲᠡ ᠶᠢᠨ ᠡᠮ ᠦᠨ ᠰᠠᠩ 17 ᠠᠵᠢᠯᠯᠠᠵᠤ ᠪᠠᠶᠢᠨ᠎ᠠ᠃

ᠠᠭᠤᠯᠠ ᠠᠭᠤᠷᠬᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠭᠣᠪᠢ ᠠᠶᠢᠮᠠᠭ ᠲᠤ 12 ᠲᠥᠷᠥᠯ ᠦᠨ ᠠᠰᠢᠭᠲᠤ ᠮᠠᠯᠲᠠᠮᠠᠯ ᠤᠨ 71 ᠣᠷᠳᠣ᠂ 185 ᠣᠷᠴᠢᠮ ᠢᠯᠡᠷᠡᠯ ᠲᠡᠮᠳᠡᠭᠯᠡᠭᠳᠡᠵᠡᠢ᠃ ᠣᠷᠣᠨ ᠨᠤᠲᠤᠭ ᠲᠤ ᠠᠰᠢᠭᠲᠤ ᠮᠠᠯᠲᠠᠮᠠᠯ ᠤᠨ ᠬᠠᠶᠢᠭᠤᠯ ᠰᠤᠳᠤᠯᠭ᠎ᠠ᠂ ᠣᠯᠪᠤᠷᠢᠯᠠᠯᠲᠠ ᠶᠢᠨ ᠦᠢᠯᠡ ᠠᠵᠢᠯᠯᠠᠭ᠎ᠠ ᠶᠠᠪᠤᠭᠤᠯᠬᠤ ᠬᠥᠷᠥᠩᠭᠡ ᠣᠷᠣᠭᠤᠯᠤᠭᠴᠢᠳ ᠤᠨ ᠲᠣᠭ᠎ᠠ 1997 ᠤᠨ ᠠᠴᠠ ᠬᠣᠶᠢᠰᠢ ᠲᠠᠰᠤᠷᠠᠯᠲᠠ ᠦᠭᠡᠢ ᠥᠰᠦᠭᠰᠡᠭᠡᠷ ᠢᠷᠡᠭᠰᠡᠨ᠃ 2012 ᠤᠨ ᠤ ᠪᠠᠶᠢᠳᠠᠯ ᠢᠶᠠᠷ ᠲᠤᠰ ᠠᠶᠢᠮᠠᠭ ᠤᠨ ᠨᠤᠲᠤᠭ ᠳᠡᠪᠢᠰᠬᠡᠷ ᠲᠦ ᠠᠰᠢᠭᠲᠤ ᠮᠠᠯᠲᠠᠮᠠᠯ ᠤᠨ 520 ᠲᠤᠰᠬᠠᠢ ᠵᠥᠪᠰᠢᠶᠡᠷᠡᠯ ᠣᠯᠭᠣᠭᠳᠠᠭᠰᠠᠨ ᠠᠴᠠ 57 ᠨᠢ ᠠᠰᠢᠭᠯᠠᠯᠲᠠ ᠶᠢᠨ᠂ 463 ᠨᠢ ᠬᠠᠶᠢᠭᠤᠯ ᠤᠨ ᠵᠥᠪᠰᠢᠶᠡᠷᠡᠯ ᠪᠠᠶᠢᠭ᠎ᠠ ᠪᠠ ᠡᠳᠡᠭᠡᠷ ᠢ 186 ᠭᠷᠠᠮᠷᠤᠢ ᠠᠵᠤ ᠠᠬᠤᠢ ᠨᠢᠭᠡᠴᠡ ᠡᠵᠡᠮᠰᠢᠵᠦ ᠪᠠᠶᠢᠨ᠎ᠠ᠃

ᠲᠠᠪᠤᠨ ᠲᠣᠯᠣᠭᠠᠢ ᠶᠢᠨ ᠨᠡᠭᠦᠷᠡᠰᠦᠨ ᠦ ᠠᠭᠤᠷᠬᠠᠢ ᠨᠢ ᠡᠮᠦᠨᠡᠭᠣᠪᠢ ᠠᠶᠢᠮᠠᠭ ᠤᠨ ᠲᠥᠪ ᠳᠠᠯᠠᠨᠵᠠᠳᠠᠭᠠᠲᠤ ᠬᠣᠲᠠ ᠠᠴᠠ ᠵᠡᠭᠦᠨ ᠲᠡᠰᠢ 100 ᠺᠢᠯᠣᠮᠧᠲ᠋ᠷ ᠳᠦ ᠴᠣᠭᠲᠤᠴᠡᠴᠡᠢ ᠰᠤᠮᠤ ᠶᠢᠨ ᠲᠥᠪ ᠡᠴᠡ ᠪᠠᠷᠠᠭᠤᠨ ᠤᠷᠤᠭᠰᠢ 18 ᠺᠢᠯᠣᠮᠧᠲ᠋ᠷ ᠳᠦ᠂ ᠤᠯᠠᠭᠠᠨᠪᠠᠭᠠᠲᠤᠷ ᠠᠴᠠ 540 ᠺᠢᠯᠣᠮᠧᠲ᠋ᠷ ᠳᠦ ᠣᠷᠣᠰᠢᠳᠠᠭ᠃ ᠤᠯᠤᠰ ᠤᠨ ᠶᠡᠬᠡ ᠬᠤᠷᠠᠯ ᠠᠴᠠ ᠤᠭ ᠣᠷᠳᠣ ᠶᠢ ᠰᠲᠷᠠᠲ᠋ᠧᠭᠢ ᠶᠢᠨ ᠠᠴᠢ ᠬᠣᠯᠪᠣᠭᠳᠠᠯ ᠪᠦᠬᠦᠢ ᠣᠷᠳᠣ ᠪᠠᠷ ᠲᠣᠭᠲᠠᠭᠠᠭᠰᠠᠨ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠭᠠᠯᠢ ᠴᠠᠭ ᠠᠭᠤᠷ ᠤᠨ ᠬᠤᠪᠢ ᠳᠤ ᠡᠷᠡᠰ ᠲᠡᠰᠦ ᠡᠬᠡ ᠭᠠᠵᠠᠷ ᠤᠨ ᠠᠭᠤᠷ ᠠᠮᠢᠰᠬᠤᠯ ᠲᠠᠢ᠂ ᠡᠪᠦᠯ ᠳᠦ ᠪᠡᠨ -20-30 ᠭᠷᠠᠳᠦ᠋ᠰ ᠬᠦᠷᠲᠡᠯ᠎ᠡ ᠬᠦᠢᠲᠡᠷᠡᠳᠡᠭ᠂ ᠳᠤᠯᠠᠭᠠᠨ ᠤ ᠤᠯᠠᠷᠢᠯ ᠳᠤ ᠬᠠᠯᠠᠭᠤᠨ ᠨᠢ 30-38 ᠭᠷᠠᠳᠦ᠋ᠰ᠂ ᠰᠠᠯᠬᠢᠨ ᠤ ᠬᠤᠷᠳᠤ 5-15 m/sec᠂ ᠵᠠᠷᠢᠮ ᠳᠤ ᠪᠠᠨ 34-45 m/sec ᠬᠦᠷᠡᠳᠡᠭ᠃

ᠠᠶᠠᠯᠠᠯ ᠵᠢᠭᠤᠯᠴᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

- ᠠᠶᠢᠮᠠᠭ ᠤᠨ ᠲᠥᠪ ᠡᠴᠡ ᠪᠠᠷᠠᠭᠤᠨ ᠵᠦᠭ ᠲᠦ 220 ᠺᠢᠯᠣᠮᠧᠲ᠋ᠷ ᠰᠡᠪᠡᠷᠡᠢ ᠰᠤᠮᠤ ᠶᠢᠨ ᠨᠤᠲᠤᠭ ᠲᠤ 800 m ᠥᠨᠳᠥᠷ᠂ 150 ᠺᠢᠯᠣᠮᠧᠲ᠋ᠷ ᠦᠷᠭᠦᠯᠵᠢᠯᠡᠭᠰᠡᠨ ᠬᠣᠩᠭᠣᠷ ᠤᠨ ᠭᠣᠣᠯ ᠤᠨ ᠦᠵᠡᠰᠬᠦᠯᠡᠩᠲᠦ ᠡᠯᠡᠰᠦᠨ ᠠᠭᠤᠯᠠ᠂

- ᠮᠣᠩᠭᠣᠯ ᠤᠯᠤᠰ ᠤᠨ ᠠᠯᠳᠠᠷᠲᠤ 33 ᠭᠷᠠᠮᠪ ᠦᠨ ᠨᠢᠭᠡ ᠬᠡᠰᠡᠭ ᠪᠣᠯᠬᠤ ᠬᠡᠳᠦᠨ ᠠᠷᠪᠠᠨ ᠺᠮ ᠥᠷᠭᠡᠨ ᠭᠠᠯᠪᠠ᠂ ᠪᠣᠷᠵᠣᠩ᠂ ᠵᠢᠭᠡᠮᠡᠭ᠂ ᠵᠠᠭ ᠰᠡᠭᠦᠵᠢ ᠶᠢᠨ ᠠᠯᠳᠠᠷᠲᠤ ᠶᠡᠬᠡ ᠭᠣᠪᠢ ᠨᠤᠭᠤᠳ᠂

- 50-120 ᠰᠠᠶ᠎ᠠ ᠵᠢᠯ ᠦᠨ ᠲᠡᠷᠲᠡᠭᠡ ᠠᠮᠢᠳᠤᠷᠠᠵᠤ ᠪᠠᠶᠢᠭᠰᠠᠨ ᠡᠷᠲᠡᠨ ᠦ ᠦᠯᠭᠡ ᠭᠦᠷᠪᠡᠯ ᠦᠨ ᠴᠢᠯᠠᠭᠤᠵᠢᠭᠰᠠᠨ ᠶᠠᠰᠤ᠂ ᠥᠨᠳᠡᠭᠡ᠂ ᠴᠢᠯᠠᠭᠤᠵᠢᠭᠰᠠᠨ ᠮᠣᠳᠣ ᠵᠡᠷᠭᠡ ᠫᠠᠯᠧᠨᠲ᠋ᠣᠯᠣᠭ ᠤᠨ ᠣᠯᠳᠠᠪᠤᠷᠢ ᠨᠤᠭᠤᠳ ᠣᠯᠳᠠᠭᠰᠠᠨ ᠪᠤᠯᠠᠭᠠᠨ ᠰᠤᠮᠤ ᠶᠢᠨ ᠨᠤᠲᠤᠭ ᠲᠤ ᠪᠠᠶᠢᠳᠠᠭ ᠪᠠᠶᠠᠨ ᠵᠠᠭ

- ᠳᠡᠯᠡᠬᠡᠢ ᠳᠦ ᠬᠣᠪᠣᠷ ᠲᠤ ᠲᠣᠭᠠᠴᠠᠭᠳᠠᠬᠤ ᠨᠡᠮᠡᠭ ᠲᠦ᠂ ᠬᠡᠷᠡᠮᠦᠨ ᠴᠠᠪ᠂ ᠱᠠᠷᠢᠭ ᠤᠨ ᠭᠠᠩᠭ᠎ᠠ᠂ ᠪᠦᠭᠡ ᠶᠢᠨ ᠴᠠᠪᠠ᠂ ᠵᠡᠷᠭᠡ ᠪᠠᠶᠢᠭᠠᠯ ᠤᠨ ᠲᠣᠭᠲᠠᠴᠠ ᠪᠦᠬᠦᠢ ᠦᠵᠡᠰᠬᠦᠯᠡᠩᠲᠦ ᠭᠠᠵᠠᠷ ᠤᠳ᠂ ᠣᠩᠭᠣᠨ ᠵᠡᠷᠯᠢᠭ ᠪᠠᠶᠢᠭᠠᠯᠢ᠂

- ᠬᠤᠲᠤᠭᠲᠤ ᠳᠠᠨᠽᠠᠨᠷᠠᠪᠵᠢᠶ᠎ᠠ ᠶᠢᠨ ᠪᠠᠶᠢᠭᠤᠯᠤᠭᠰᠠᠨ ᠡᠨᠧᠷᠭᠢ ᠶᠢᠨ ᠲᠥᠪ ᠪᠣᠯᠬᠤ ᠳᠡᠮᠴᠢ ᠶᠢᠨ ᠬᠡᠶᠢᠳ

- ᠠᠶᠢᠮᠠᠭ ᠤᠨ ᠬᠠᠮᠤᠭ ᠤᠨ ᠪᠠᠷᠠᠭᠤᠨ ᠰᠤᠮᠤ ᠪᠣᠯᠬᠤ ᠭᠤᠷᠪᠠᠨᠲᠡᠰ ᠰᠤᠮᠤ ᠶᠢᠨ ᠨᠤᠲᠤᠭ ᠲᠤ ᠪᠠᠶᠢᠳᠠᠭ ᠬᠡᠷᠡᠮᠦᠨ ᠴᠠᠪ

- ᠠᠶᠢᠮᠠᠭ ᠤᠨ ᠬᠠᠮᠤᠭ ᠤᠨ ᠵᠡᠭᠦᠨ ᠰᠤᠮᠤ ᠪᠣᠯᠬᠤ ᠮᠠᠩᠯᠠᠢ ᠰᠤᠮᠤ ᠶᠢᠨ ᠨᠤᠲᠤᠭ ᠲᠤ ᠪᠠᠶᠢᠳᠠᠭ ᠦᠯᠦᠭ ᠭᠦᠷᠪᠡᠯ ᠦᠨ ᠴᠢᠯᠠᠭᠤᠵᠢᠭᠰᠠᠨ ᠮᠥᠷ

- ᠳᠡᠯᠡᠬᠡᠢ ᠳᠦ ᠬᠣᠪᠣᠷᠳᠠᠭᠰᠠᠨ ᠠᠨ ᠠᠮᠢᠲᠠᠨ᠂ ᠬᠣᠪᠣᠷ ᠲᠥᠷᠥᠯ ᠦᠨ ᠤᠷᠭᠤᠮᠠᠯ ᠢᠶᠠᠷ ᠢᠶᠠᠨ ᠭᠠᠳᠠᠭᠠᠳᠤ ᠶᠢᠨ ᠵᠢᠭᠤᠯᠴᠢᠨ᠂ ᠠᠶᠠᠯᠠᠭᠴᠢᠳ ᠤᠨ ᠰᠣᠨᠢᠷᠬᠠᠯ ᠢ ᠶᠡᠬᠡᠬᠡᠨ ᠲᠠᠲᠠᠵᠤ ᠪᠠᠶᠢᠨ᠎ᠠ᠃

ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠯᠠᠨᠵᠠᠳᠠᠭᠠᠲᠤ ᠨᠢᠰᠬᠦ ᠪᠠᠭᠤᠳᠠᠯ (ZMDZ/DLZ) ᠨᠢ 1 ᠰᠢᠷᠤᠶᠢᠨ ᠵᠤᠷᠪᠤᠰ ᠲᠠᠢ ᠪᠥᠭᠡᠳ ᠤᠯᠠᠭᠠᠨᠪᠠᠭᠠᠲᠤᠷᠤᠷᠤᠭᠤ ᠪᠠᠶᠢᠩᠭᠤ ᠶᠢᠨ ᠨᠢᠰᠦᠯᠭᠡ ᠲᠡᠢ᠃ ᠮᠥᠨ ᠰᠠᠶᠢᠵᠢᠷᠠᠭᠤᠯᠤᠭᠰᠠᠨ ᠰᠢᠷᠤᠶᠢᠨ ᠵᠠᠮ ᠢᠶᠠᠷ ᠴᠣᠭᠲᠤ-ᠣᠪᠣᠭ᠎ᠠ ᠰᠤᠮᠤ ᠶᠢᠨ ᠲᠥᠪ᠂ ᠳᠤᠮᠳᠠᠭᠤᠪᠢ ᠠᠶᠢᠮᠠᠭ ᠤᠨ ᠲᠥᠪ ᠮᠠᠨᠳᠠᠯᠭᠣᠪᠢ ᠶᠢ ᠳᠠᠭᠠᠷᠢᠨ ᠡᠳᠦᠷ ᠲᠦ ᠬᠣᠶᠠᠷ ᠤᠳᠠᠭ᠎ᠠ ᠠᠦ᠋ᠲ᠋ᠣᠪᠦ᠋ᠰ ᠢᠶᠠᠷ ᠬᠦᠮᠦᠨ ᠲᠡᠭᠡᠭᠡᠪᠦᠷᠢ ᠦᠢᠯᠡᠴᠢᠯᠡᠳᠡᠭ᠃

 ᠨᠤᠲᠤᠭ ᠤᠨ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠭᠣᠪᠢ ᠠᠶᠢᠮᠠᠭ ᠤᠨ ᠰᠤᠮᠤᠳ ᠤᠨ ᠭᠠᠵᠠᠷ ᠨᠤᠲᠤᠭ᠂ ᠬᠦᠮᠦᠨ ᠠᠮᠠ ᠶᠢᠨ ᠲᠣᠭ᠎ᠠ᠂ ᠨᠢᠭᠲᠠᠰᠢᠯ
ᠰᠤᠮᠤ ᠶᠢᠨ ᠨᠡᠷ᠎ᠡ ᠬᠦᠮᠦᠨ ᠠᠮᠠ ᠶᠢᠨ ᠲᠣᠭ᠎ᠠ
(1994)[1]
ᠬᠦᠮᠦᠨ ᠠᠮᠠ ᠶᠢᠨ ᠲᠣᠭ᠎ᠠ
(2003)[2]
ᠬᠦᠮᠦᠨ ᠠᠮᠠ ᠶᠢᠨ ᠲᠣᠭ᠎ᠠ
(2005)[3]
ᠬᠦᠮᠦᠨ ᠠᠮᠠ ᠶᠢᠨ ᠲᠣᠭ᠎ᠠ
(2009)[4]
ᠰᠤᠮᠤ ᠶᠢᠨ ᠲᠥᠪ ᠦᠨ
ᠬᠦᠮᠦᠨ ᠠᠮᠠ ᠶᠢᠨ ᠲᠣᠭ᠎ᠠ
 ᠨᠤᠲᠤᠭ ᠳᠡᠪᠢᠰᠬᠡᠷ
(км²)[2]
 ᠨᠢᠭᠲᠠᠰᠢᠯ
(/км²)
ᠪᠠᠶᠠᠨᠳᠠᠯᠠᠢ 2,125 2,360 2,338 2,316 651 10,751 0.22
ᠪᠠᠶᠠᠨ-ᠣᠪᠣᠭ᠎ᠠ 1,577 1,569 1,539 1,574 544 10,474 0.15
ᠪᠤᠯᠠᠭᠠᠨ 2,421 2,433 2,430 2,395 929 7,498 0.32
ᠭᠤᠷᠪᠠᠨᠲᠡᠰ 2,983 3,376 3,524 4,034 1,842 27,967 0.14
ᠳᠠᠯᠠᠨᠵᠠᠳᠠᠭᠠᠲᠤ 12,391 15,308 15,954 17,946 16,856 476 37.70
ᠮᠠᠨᠳᠤᠯ-ᠣᠪᠣᠭ᠎ᠠ 2,345 2,166 2,004 1,954 603 6,433 0.30
ᠮᠠᠩᠯᠠᠢ 2,215 2,422 2,431 2,450 608 12,418 0.20
ᠨᠣᠶᠠᠨ 1,417 1,468 1,390 1,318 401 10,550 0.12
ᠨᠣᠮᠣᠭᠠᠨ 2,608 3,045 3,009 2,869 787 19,468 0.15
ᠰᠡᠪᠡᠷᠡᠢ 2,216 2,423 2,309 2,191 709 8,095 0.27
ᠬᠠᠨᠪᠣᠭᠳᠠ 2,161 2,451 2,659 3,154 1,361 15,151 0.21
ᠬᠠᠨᠬᠣᠩᠭᠣᠷ 2,559 2,931 2,542 2,376 616 9,931 0.24
ᠬᠦᠷᠮᠡᠨ 1,968 1,951 1,910 1,796 495 12,393 0.14
ᠴᠣᠭᠲᠤ-ᠣᠪᠣᠭ᠎ᠠ 1,863 1,761 1,672 1,666 619 6,526 0.26
ᠴᠣᠭᠲᠤᠴᠡᠴᠡᠢ 1,990 2,130 2,155 2,642 1,043 7,246 0.36

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. http://www.reliefweb.int/library/documents/oxfamannex1-4.pdf
  2. 2.0 2.1 Statistics office of Ömnögovi Aimag, [1]
  3. Official site of Ömnögovi Aimag, [2]
  4. Ömnögovi Aimag Statistical Office

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ