ᠡᠮᠡᠭᠲᠡᠢ ᠬᠦᠮᠦᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠡᠮ᠎ᠡ ᠬᠦᠮᠦᠨ ᠡᠰᠡᠪᠡᠯ ᠡᠮᠡᠭᠲᠡᠢ ᠬᠦᠮᠦᠨ, ᠪᠣᠭᠣᠨᠢ ᠪᠠᠷ ᠡᠮ ᠭᠡᠳᠡᠭ ᠨᠢ ᠨᠠᠰᠤᠨ ᠳᠤ ᠬᠦᠷᠦᠭᠰᠡᠨ ᠡᠮ ᠬᠦᠢᠰ ᠲᠦ ᠬᠦᠮᠦᠨᠡᠶᠢᠭ ᠬᠡᠯᠡᠨ᠎ᠡ᠃ ᠨᠠᠰᠤᠨ ᠳᠤ ᠬᠦᠷᠦᠭᠡ ᠦᠭᠡᠢ ᠶᠢ ᠨᠢ ᠥᠬᠢᠨ (ᠡᠮᠡᠭᠲᠡᠢ ᠬᠡᠦᠬᠡᠳ) ᠪᠤᠶᠤ ᠭᠡᠨ᠎ᠡ᠃ ᠡᠮᠡᠭᠲᠡᠢ ᠬᠦᠮᠦᠨ ᠢ ᠨᠠᠰᠤᠨ ᠤ ᠪᠠᠶᠢᠳᠠᠯ ᠠᠴᠠ ᠬᠠᠮᠢᠶᠠᠷᠤᠭᠤᠯᠤᠨ ᠪᠦᠰᠡᠭᠦᠢᠬᠡᠦᠬᠡᠨᠠᠪᠠᠭᠠᠢᠡᠮᠡᠭᠡᠨ ᠵᠡᠷᠭᠡ ᠪᠡᠷ ᠨᠡᠷᠡᠯᠡᠳᠡᠭ᠃ ᠡᠮᠡᠭᠲᠡᠢ ᠬvᠨ ᠪᠣᠯ ᠡᠨᠡ ᠶᠢᠷᠲᠢᠨᠴᠦ ᠶᠢᠨ ᠡᠬᠢᠯᠡᠯ᠃
ᠪᠠᠭ᠎ᠠ ᠨᠠᠰᠤᠨ ᠤ ᠥᠬᠢᠳ ᠰᠢᠯᠵᠢᠯᠲᠡ ᠶᠢᠨ ᠨᠠᠰᠤ ᠷᠤ ᠤᠷᠤᠬᠤ ᠦᠶ᠎ᠡ ᠳᠦ ᠪᠡᠶ᠎ᠡ ᠹᠢᠽᠢᠣᠯᠣᠭᠢ ᠪᠣᠯᠤᠨ ᠵᠠᠩ ᠠᠪᠤᠷᠢ ᠶᠢᠨ ᠬᠤᠪᠢ ᠳᠤ ᠨᠡᠯᠢᠶᠡᠳ ᠥᠭᠡᠷᠡᠴᠢᠯᠡᠭᠳᠡᠳᠡᠭ᠃ ᠡᠨᠡ ᠦᠶ᠎ᠡ ᠳᠦ ᠰᠠᠷ᠎ᠠ ᠶᠢᠨ ᠲᠡᠮᠳᠡᠭ ᠢᠷᠡᠵᠦ᠂ ᠬᠥᠬᠡ ᠤᠷᠭᠤᠬᠤ᠂ ᠠᠭᠠᠰᠢ ᠠᠷᠠᠨᠰᠢᠨ ᠲᠦᠷᠭᠡᠨ ᠪᠣᠯᠬᠤ ᠨᠢ ᠡᠯᠪᠡᠭ᠃ ᠭᠡᠷ ᠪᠦᠯᠡ ᠶᠢᠨ ᠬᠢᠨ ᠲᠡᠢ ᠪᠡᠨ ᠲᠠᠭᠠᠷᠠᠮᠵᠢ ᠮᠠᠭᠤ ᠲᠠᠢ ᠪᠠᠶᠢᠬᠤ᠂ ᠬᠠᠶᠢᠷ᠎ᠠ ᠳᠤᠷᠠᠯᠠᠯ ᠤᠨ ᠬᠤᠪᠢ ᠳᠤ ᠭᠦᠨᠵᠡᠭᠡᠢ ᠪᠠᠶᠢᠳᠠᠭ ᠨᠢ ᠬᠦᠮᠦᠨ ᠪᠦᠷᠢ ᠶᠢᠨ ᠥᠰᠪᠦᠷᠢ ᠨᠠᠰᠤᠨ ᠳᠤ ᠲᠣᠬᠢᠶᠠᠯᠳᠤᠳᠠᠭ ᠵᠦᠢᠯ ᠶᠤᠮ᠃ ᠡᠨᠡ ᠦᠶ᠎ᠡ ᠥᠩᠭᠡᠷᠡᠭᠰᠡᠨ ᠦ ᠳᠠᠷᠠᠭ᠎ᠠ ᠪᠡᠶ᠎ᠡ ᠬᠦᠮᠦᠨ ᠪᠣᠯᠤᠨ ᠲᠥᠯᠥᠪᠰᠢᠵᠦ᠂ ᠨᠡᠶᠢᠭᠡᠮ ᠳᠦ ᠥᠪᠡᠷ ᠦᠨ ᠪᠠᠶᠢᠷᠢ ᠰᠠᠭᠤᠷᠢ ᠪᠠᠨ ᠤᠯᠬᠤ ᠠᠩᠬᠠᠨ ᠤ ᠠᠯᠬᠤᠮ ᠢᠶᠠᠨ ᠬᠢᠵᠦ ᠪᠠᠶᠢᠳᠠᠭ᠃ ᠬᠠᠷᠢᠨ 18 ᠨᠠᠰᠤ ᠬᠦᠷᠰᠦᠨ ᠦ ᠳᠠᠷᠠᠭ᠎ᠠ ᠨᠠᠰᠤᠨ ᠳᠤ ᠬᠦᠷᠦᠭᠰᠡᠨ ᠭᠡᠵᠦ ᠦᠵᠡᠳᠡᠭ ᠪᠠ ᠪᠢᠣᠯᠣᠭᠢ ᠶᠢᠨ ᠬᠤᠪᠢ ᠳᠤ ᠲᠣᠭᠲᠠᠪᠤᠷᠢᠵᠢᠨ᠎ᠠ᠃ ᠡᠮᠡᠭᠲᠡᠢ ᠬᠦᠮᠦᠨ ᠦ ᠬᠤᠪᠢ ᠳᠤ ᠴᠡᠪᠡᠷᠰᠢᠯᠲᠡ ᠨᠢ 40-45 ᠨᠠᠰᠤᠨ ᠤ ᠬᠣᠭᠣᠷᠣᠨᠳᠣ ᠶᠠᠪᠤᠭᠳᠠᠳᠠᠭ᠃


ᠭᠠᠷᠤᠯ ᠡᠭᠦᠰᠦᠯ

ᠬᠦᠮᠦᠨ ᠦ ᠬᠤᠪᠢᠰᠤᠯ ᠤᠨ ᠲᠡᠦᠬᠡᠨ ᠰᠤᠳᠤᠯᠭ᠎ᠠ ᠪᠠᠷ 16000 ᠵᠢᠯ ᠦᠨ ᠡᠮᠦᠨ᠎ᠡ Homo Sapiens ᠦᠶ᠎ᠡ ᠳᠦ ᠠᠩᠬ᠎ᠠ ᠬᠦᠮᠦᠨ ᠪᠤᠢ ᠪᠣᠯᠤᠭᠰᠠᠨ ᠭᠡᠵᠦ ᠦᠵᠡᠳᠡᠭ ᠪᠠ ᠡᠮᠡᠭᠲᠡᠢ ᠬᠦᠮᠦᠨ ᠠᠩᠬ᠎ᠠ ᠡᠨᠳᠡ ᠡᠴᠡ ᠪᠤᠢ ᠪᠣᠯᠤᠭᠰᠠᠨ᠃ ᠲᠡᠷᠡ ᠦᠶᠡᠰ ᠡᠮᠡᠭᠲᠡᠢ ᠬᠦᠮᠦᠨ ᠡᠭᠦᠰᠦᠭᠰᠡᠨ ᠭᠡᠵᠦ ᠦᠵᠡᠳᠡᠭ᠃


ᠡᠮᠡᠭᠲᠡᠢ ᠬᠦᠮᠦᠨ ᠬᠣᠶᠠᠷ ᠡᠭᠦᠷᠭᠡ ᠲᠡᠢ

1. ᠬᠡᠦᠬᠡᠳ ᠲᠥᠷᠥᠭᠦᠯᠬᠦ᠂ ᠡᠵᠢ ᠪᠣᠯᠬᠤ

2. ᠡᠷ᠎ᠡ ᠨᠥᠬᠥᠷ ᠲᠡᠢ ᠪᠣᠯᠵᠤ᠂ ᠲᠡᠭᠦᠨ ᠦ ᠡᠭᠦᠷᠭᠡ ᠶᠢ ᠭᠦᠢᠴᠡᠳᠭᠡᠬᠦ

ᠡᠮᠡᠭᠲᠡᠢ ᠬᠦᠮᠦᠨ ᠦ ᠪᠡᠶ᠎ᠡ ᠮᠠᠬᠠᠪᠣᠳ ᠤᠨ ᠣᠨᠴᠠᠯᠢᠭ

ᠡᠮᠡᠭᠲᠡᠢ ᠬᠦᠮᠦᠨ ᠦ ᠠᠭᠠᠷᠴᠠᠭᠠᠨ ᠤ ᠶᠠᠰᠤ ᠡᠷᠡᠭᠲᠡᠢ ᠬᠦᠮᠦᠨ ᠦ ᠪᠡᠶ᠎ᠡ ᠮᠠᠬᠠᠪᠣᠳ ᠲᠠᠢ ᠬᠠᠷᠢᠴᠠᠭᠤᠯᠪᠠᠯ ᠪᠠᠭᠲᠠᠭᠠᠮᠵᠢ ᠰᠠᠶᠢᠲᠠᠢᠨᠢᠮᠭᠡᠨ ᠪᠠᠶᠢᠳᠠᠭ᠃ ᠬᠠᠪᠴᠢᠭ ᠵᠢᠵᠢᠭ ᠠᠭᠠᠷᠴᠠᠭ ᠲᠠᠢ ᠡᠮᠡᠭᠲᠡᠢ ᠬᠦᠮᠦᠨ ᠬᠡᠦᠬᠡᠳ ᠲᠥᠷᠥᠭᠦᠯᠬᠦ ᠳᠦ ᠥᠪᠡᠷ ᠲᠦ ᠨᠢ ᠪᠥᠭᠡᠳ ᠬᠡᠦᠬᠡᠳ ᠲᠦ ᠨᠢ ᠬᠦᠨᠳᠦᠷᠡᠯ ᠶᠡᠬᠡ ᠲᠡᠢ ᠪᠠᠶᠢᠳᠠᠭ᠃ ᠡᠨᠡ ᠨᠢ ᠡᠬᠡ ᠶᠢᠨ ᠪᠡᠶ᠎ᠡ ᠶᠢᠨ ᠥᠰᠦᠯᠲᠡ᠂ ᠶᠠᠰᠤᠨ ᠤ ᠬᠥᠭᠵᠢᠯᠲᠡᠢ ᠰᠢᠭᠤᠳ ᠬᠣᠯᠪᠣᠭ᠎ᠠ ᠲᠠᠢ᠃ ᠮᠥᠨ ᠪᠠᠭ᠎ᠠ ᠨᠠᠰᠤᠨ ᠳᠤ ᠪᠠᠨ ᠰᠤᠯᠢᠳᠠᠭ᠎ᠠ ᠡᠪᠡᠳᠴᠢᠨ ᠢᠶᠡᠷ ᠡᠪᠡᠳᠴᠢᠯᠡᠭᠰᠡᠨ ᠦ ᠤᠯᠠᠮ ᠠᠴᠠ ᠡᠭᠦᠰᠳᠡᠭ ᠪᠠᠶᠢᠨ᠎ᠠ᠃ ᠡᠮᠡᠭᠲᠡᠢ ᠬᠦᠮᠦᠨ ᠦ ᠪᠡᠯᠭᠡ ᠡᠷᠬᠡᠲᠡᠨ ᠢ ᠭᠠᠳᠠᠨ᠎ᠠ᠂ ᠳᠣᠲᠣᠨ᠎ᠠ ᠭᠡᠵᠦ ᠬᠣᠶᠠᠷ ᠬᠤᠪᠢᠶᠠᠨ᠎ᠠ᠃

• ᠭᠠᠳᠠᠨ᠎ᠠ ᠪᠡᠯᠭᠡ ᠡᠷᠬᠡᠲᠡᠨ ᠳᠦ ᠦᠲᠦᠷᠢᠶ᠎ᠡ᠂ ᠤᠮᠠᠢ᠂ ᠦᠷ᠎ᠡ ᠳᠠᠮᠵᠢᠭᠤᠯᠬᠤ ᠬᠣᠭᠣᠯᠠᠢ᠂ ᠥᠨᠳᠡᠭᠡᠪᠴᠢ ᠣᠷᠣᠨ᠎ᠠ

• ᠳᠣᠲᠣᠷ᠎ᠠ ᠪᠡᠯᠭᠡ ᠡᠷᠬᠡᠲᠡᠨ ᠳᠦ ᠪᠡᠯᠡᠭ ᠦᠨ ᠶᠡᠬᠡ᠂ ᠪᠠᠭ᠎ᠠ ᠤᠷᠤᠭᠤᠯ᠂ ᠦᠲᠦᠷᠡᠭᠡᠨ ᠦ ᠡᠭᠦᠳᠡᠪᠴᠢ ᠣᠷᠣᠨ᠎ᠠ᠃


 • ᠪᠦᠯᠦᠩᠨᠡᠭᠰᠡᠨ ᠴᠢᠰᠤ
 • ᠶᠡᠬᠡᠰ
 • ᠬᠦᠢ ᠶᠢᠨ ᠭᠣᠭᠴᠣᠭ᠎ᠠ
 • ᠤᠮᠠᠢ
 • ᠤᠷᠤᠭ
 • ᠤᠮᠠᠢ ᠶᠢᠨ ᠬᠥᠵᠦᠭᠦᠦ]]

ᠰᠠᠷ᠎ᠠ ᠶᠢᠨ ᠲᠡᠮᠳᠡᠭ

ᠨᠥᠬᠥᠨ ᠦᠷᠡᠵᠢᠬᠦᠢ ᠶᠢᠨ ᠨᠠᠰᠤᠨ ᠤ ᠡᠮᠡᠭᠲᠡᠢ ᠶᠢᠨ ᠥᠨᠳᠡᠭᠡᠪᠴᠢ ᠤᠮᠠᠢ ᠳᠤ ᠰᠠᠷ᠎ᠠ ᠶᠢᠨ ᠲᠡᠮᠳᠡᠭ ᠲᠡᠢ ᠬᠣᠯᠪᠣᠭᠠᠲᠠᠢ ᠪᠠᠷ ᠮᠥᠴᠡᠯᠭᠡ ᠳᠦ ᠥᠭᠡᠷᠡᠴᠢᠯᠡᠯᠲᠡ ᠶᠠᠪᠤᠭᠳᠠᠨ᠎ᠠ᠃ ᠡᠭᠦᠨ ᠦ ᠦᠷ᠎ᠡ ᠳ᠋ᠦᠩ ᠳᠦ ᠦᠲᠦᠷᠡᠭᠡᠨ ᠡᠴᠡ ᠬᠠᠯᠠᠭᠤᠨ ᠴᠢᠰᠤ ᠭᠠᠷᠬᠤ ᠵᠠᠮ ᠢᠶᠠᠷ ᠰᠠᠷ᠎ᠠ ᠶᠢᠨ ᠲᠡᠮᠳᠡᠭ ᠦᠵᠡᠭᠳᠡᠨ᠎ᠡ᠃

1. ᠥᠨᠳᠡᠭᠡᠨ ᠡᠰ ᠪᠣᠯᠪᠠᠰᠤᠷᠠᠬᠤ: ᠰᠠᠷ᠎ᠠ ᠶᠢᠨ ᠲᠡᠮᠳᠡᠨ ᠢᠷᠡᠭᠰᠡᠨ ᠡᠴᠡ ᠬᠣᠶᠢᠰᠢ ᠥᠨᠳᠡᠭᠡᠨ ᠡᠰ ᠪᠣᠯᠪᠠᠰᠤᠷᠠᠬᠤ ᠬᠦᠷᠲᠡᠯ᠎ᠡ ᠠᠷᠪᠠ ᠠᠴᠠ ᠠᠷᠪᠠᠨ ᠳᠥᠷᠪᠡ ᠬᠣᠨᠣᠭ ᠦᠯᠢᠭᠡᠯᠵᠢᠯᠡᠨ᠎ᠡ

2. ᠪᠣᠯᠪᠠᠰᠤᠷᠠᠭᠰᠠᠨ ᠥᠨᠳᠡᠭᠡᠨ ᠡᠰ ᠭᠠᠳᠠᠭᠰᠢᠯᠠᠬᠤ: ᠰᠠᠷ᠎ᠠ ᠶᠢᠨ ᠲᠡᠮᠳᠡᠭ ᠦᠨ ᠳᠤᠮᠳᠠ ᠦᠶ᠎ᠡ ᠪᠤᠶᠤ ᠲᠡᠭᠦᠨ ᠢ ᠡᠬᠢᠯᠡᠭᠰᠡᠨ ᠡᠴᠡ ᠬᠣᠶᠢᠰᠢ ᠬᠣᠶᠠᠷ ᠳᠣᠯᠣᠭ᠎ᠠ ᠬᠣᠨᠣᠭ ᠲᠤ ᠶᠠᠪᠤᠭᠳᠠᠨ᠎ᠠ᠃ ᠡᠨᠡ ᠬᠤᠭᠤᠴᠠᠭᠠᠨ ᠳᠤ ᠦᠷ᠎ᠡ ᠲᠣᠭᠲᠠᠬᠤ ᠦᠶ᠎ᠡ ᠡᠯᠪᠡᠭ ᠪᠠᠶᠢᠳᠠᠭ᠃

3. ᠪᠡᠶ᠎ᠡ ᠬᠥᠭᠵᠢᠬᠦ ᠦᠶ᠎ᠡ: ᠪᠣᠯᠪᠠᠰᠤᠷᠠᠵᠤ ᠭᠠᠳᠠᠭᠰᠢᠯᠠᠭᠰᠠᠨ ᠥᠨᠳᠡᠭᠡᠨ ᠡᠰ ᠦᠨ ᠰᠠᠭᠤᠷᠢᠨ ᠳᠡᠭᠡᠷ᠎ᠡ ᠰᠢᠷ᠎ᠠ ᠪᠡᠶ᠎ᠡ ᠬᠥᠭᠵᠢᠨ᠎ᠡ᠃

ᠡᠮᠡᠭᠲᠡᠢ ᠬᠦᠮᠦᠨ ᠦ ᠡᠨᠡ ᠰᠠᠷ᠎ᠠ ᠶᠢᠨ ᠲᠡᠮᠳᠡᠭ ᠳᠤᠮᠳᠠᠴᠢ ᠪᠠᠷ 3-6 ᠬᠣᠨᠣᠭ ᠢᠷᠡᠨ᠎ᠡ᠃ ᠰᠠᠷ᠎ᠠ ᠶᠢᠨ ᠲᠡᠮᠳᠡᠭ ᠢᠷᠡᠬᠦ ᠦᠶ᠎ᠡ ᠳᠦ ᠰᠡᠳᠬᠢᠯ ᠰᠠᠨᠠᠭᠠᠨ ᠤ ᠣᠭᠴᠣᠮ ᠥᠭᠡᠷᠡᠴᠢᠯᠡᠭᠳᠡᠬᠦ , ᠬᠣᠭᠣᠯᠠ ᠢᠳᠡᠬᠦ ᠬᠡᠮᠵᠢᠶ᠎ᠡ ᠶᠡᠬᠡᠰᠬᠦ ᠪᠠᠭᠠᠰᠬᠤ᠂ ᠵᠢᠩ ᠬᠠᠰᠤᠬᠤ ᠪᠣᠯᠤᠨ ᠨᠡᠮᠡᠬᠦ᠂ ᠬᠥᠬᠡ ᠬᠥᠨᠳᠡᠭᠦᠷᠯᠡᠵᠦ ᠡᠪᠡᠳᠬᠦ ᠵᠡᠷᠭᠡ ᠪᠡᠶ᠎ᠡ ᠳᠦ ᠥᠭᠡᠷᠡᠴᠢᠯᠡᠯᠲᠡ ᠣᠷᠣᠳᠠᠭ᠃ ᠵᠠᠷᠢᠮ ᠳᠤ ᠪᠠᠨ ᠡᠮᠡᠭᠲᠡᠢᠬᠦᠮᠦᠨ ᠦ ᠪᠡᠶ᠎ᠡ ᠡᠪᠡᠳᠦᠭᠰᠡᠨ ᠰᠤᠯᠢᠳᠠᠭᠰᠠᠨ ᠲᠣᠬᠢᠶᠠᠯᠳᠤᠯ ᠳᠤ ᠶᠡᠷᠦᠳᠡ ᠶᠢᠨ ᠪᠠᠶᠢᠳᠠᠭ ᠠᠴᠠ ᠪᠠᠨ ᠶᠡᠬᠡ ᠪᠡᠷ ᠡᠪᠡᠳᠳᠡᠭ᠃ ᠣᠯᠠᠩᠬᠢ ᠡᠮᠡᠭᠲᠡᠶᠢᠴᠦᠳ ᠰᠠᠷ᠎ᠠ ᠶᠢᠨ ᠲᠡᠮᠳᠡᠭ ᠦᠨ ᠡᠬᠢᠨ ᠦ ᠡᠳᠦᠷ ᠦᠳ ᠲᠦ ᠴᠢᠰᠤ ᠶᠡᠬᠡ ᠬᠡᠮᠵᠢᠶ᠎ᠡ ᠪᠡᠷ ᠭᠠᠷᠬᠤ ᠪᠥᠭᠡᠳ ᠰᠡᠭᠦᠯ ᠦᠨ ᠡᠳᠦᠷ ᠦᠳ ᠲᠦ ᠪᠠᠭᠠᠰᠠᠨ᠎ᠠ᠃ ᠬᠠᠷᠢᠨ ᠵᠠᠷᠢᠮ ᠡᠮᠡᠭᠲᠡᠶᠢᠴᠦᠳ ᠲᠦ ᠡᠰᠡᠷᠭᠦ ᠪᠡᠷ ᠢᠶᠡᠨ ᠪᠠᠶᠢᠳᠠᠭ᠃ ᠭᠠᠷᠬᠤ ᠴᠢᠰᠤᠨ ᠤ ᠨᠡᠶᠢᠲᠡ ᠬᠡᠮᠵᠢᠶ᠎ᠡ 120-130 ᠮᠢᠯᠯᠢᠯᠢᠲ᠋ᠷ ᠪᠠ ᠰᠠᠯᠢᠰᠤ᠂ ᠰᠢᠩᠭᠡᠵᠦ ᠢᠯᠭᠠᠳᠠᠰᠤ ᠪᠠᠭᠠᠳᠤᠨ᠎ᠠ᠃ ᠡᠨᠡ ᠦᠶ᠎ᠡ ᠳᠦ ᠡᠮᠵᠡᠭ ᠪᠣᠯᠬᠤ , ᠲᠠᠭ᠎ᠠ ᠦᠭᠡᠢ ᠪᠠᠶᠢᠳᠠᠯ ᠪᠤᠢ ᠪᠣᠯᠬᠤ ᠨᠢ ᠠᠵᠢᠭᠳᠠᠭᠳᠠᠳᠠᠭ᠃ ᠡᠨᠡ ᠨᠢ ᠫᠷᠣᠰᠣᠲᠤᠭᠯᠠᠨᠳᠢ ᠬᠡᠮᠡᠬᠦ ᠳᠠᠭᠠᠭᠠᠪᠤᠷᠢ ᠶᠢᠨ ᠨᠥᠯᠥᠭᠡ ᠪᠡᠷ ᠤᠮᠠᠢ ᠶᠢᠨ ᠪᠤᠯᠴᠢᠩ ᠬᠦᠴᠦᠲᠡᠢ ᠠᠭᠰᠢᠵᠤ᠂ ᠬᠦᠴᠢᠯᠲᠥᠷᠦᠭᠴᠢ ᠳᠤᠲᠠᠭᠳᠠᠭᠰᠠᠨ ᠠᠴᠠ ᠬᠣᠮᠰᠠᠳᠠᠯ ᠡᠭᠦᠰᠦᠨ᠎ᠡ᠃ ᠡᠭᠦᠨ ᠦ ᠤᠯᠠᠮ ᠠᠴᠠ ᠮᠡᠳᠡᠷᠡᠯ ᠦᠨ ᠰᠤᠳᠠᠰᠤ ᠮᠡᠳᠡᠷᠡᠮᠡᠲᠡᠭᠡᠢ ᠪᠣᠯᠬᠤ ᠲᠠᠢ ᠬᠣᠯᠪᠣᠭ᠎ᠠ ᠲᠠᠢ᠃ ᠪᠡᠶ᠎ᠡ ᠶᠢᠨ ᠳᠤᠯᠠᠭᠠᠨ ᠰᠠᠷ᠎ᠠ ᠶᠢᠨ ᠲᠡᠮᠳᠡᠭ ᠢᠷᠡᠭᠰᠡᠨ ᠡᠴᠡ ᠬᠣᠶᠢᠰᠢ ᠶᠡᠬᠡᠰᠴᠦ᠂ ᠥᠨᠳᠡᠭᠡᠨ ᠡᠰ ᠭᠠᠳᠠᠭᠰᠢᠯᠠᠭᠰᠠᠨ ᠤ ᠳᠠᠷᠠᠭ᠎ᠠ ᠳᠤᠯᠠᠭᠠᠨ ᠨᠢ ᠳᠡᠭᠡᠳᠦ ᠴᠡᠭ ᠲᠦ ᠪᠡᠨ ᠬᠦᠷᠡᠨ᠎ᠡ᠃ ᠪᠡᠶ᠎ᠡ ᠶᠢᠨ ᠳᠤᠯᠠᠭᠠᠨ ᠢ ᠬᠡᠮᠵᠢᠬᠤ ᠶᠢᠨ ᠲᠤᠯᠠᠳᠠ ᠥᠷᠯᠥᠭᠡ ᠰᠡᠷᠢᠭᠡᠳ ᠲᠠᠶᠢᠪᠤᠩ ᠬᠡᠪᠲᠡᠭᠡᠯ ᠰᠢᠯᠤᠭᠤᠨ ᠭᠡᠳᠡᠰᠦᠨ ᠳᠡᠭᠡᠷ᠎ᠡ ᠪᠡᠨ ᠬᠠᠯᠠᠭᠤᠨ ᠬᠡᠮᠵᠢᠭᠴᠢ ᠲᠠᠯᠪᠢᠵᠤ ᠰᠢᠯᠭᠠᠨ᠎ᠠ᠃ ᠭᠡᠨᠡᠳᠲᠡ ᠬᠠᠯᠠᠭᠤᠨᠪ ᠬᠡᠮ ᠨᠢ ᠶᠡᠬᠡᠰᠪᠡᠯ ᠦᠷ᠎ᠡ ᠲᠣᠭᠲᠠᠬᠤ ᠪᠣᠯᠤᠮᠵᠢ ᠲᠠᠢ ᠦᠶ᠎ᠡ ᠡᠬᠢᠯᠡᠭᠰᠡᠨ ᠢ ᠢᠯᠡᠷᠬᠡᠶᠢᠯᠡᠨ᠎ᠡ᠃ ᠡᠨᠡ ᠨᠢ ᠪᠡᠶ᠎ᠡ ᠶᠢᠨ ᠬᠡᠮ 36,5 ᠪᠠᠶᠢᠭᠰᠠᠨ ᠢᠶᠠᠨ 37-37,5 ᠪᠣᠯᠬᠤ ᠦᠶ᠎ᠡ ᠶᠤᠮ᠃ [1]

ᠡᠷᠡᠭᠦᠯ ᠮᠡᠨᠳᠦ

ᠡᠮᠡᠭᠲᠡᠶᠢᠴᠦᠳ ᠦᠨ ᠡᠷᠡᠭᠦᠯ ᠮᠡᠨᠳᠦ ᠡᠮᠡᠭᠲᠡᠢ ᠬᠦᠮᠦᠨ ᠦ ᠠᠨᠠᠲ᠋ᠣᠮ ᠤᠨ ᠣᠨᠴᠠᠯᠢᠭᠣ ᠠᠴᠠ ᠬᠠᠮᠢᠶᠠᠷᠤᠨ ᠠᠰᠠᠭᠤᠳᠠᠯ ᠭᠠᠯᠳᠠᠭ᠃ ᠡᠨᠡ ᠨᠢ ᠬᠥᠬᠦᠨ ᠦ ᠬᠣᠣᠷᠲᠤ ᠬᠠᠪᠤᠳᠠᠷ᠂ ᠤᠮᠠᠢ ᠶᠢᠨ ᠬᠦᠵᠦᠭᠦᠨ ᠦ ᠬᠣᠣᠷᠲᠤ ᠬᠠᠪᠤᠳᠠᠷ ᠪᠣᠯᠤᠨ ᠥᠨᠳᠡᠭᠡᠪᠴᠢᠨ ᠦ ᠬᠣᠣᠷᠲᠤ ᠬᠠᠪᠤᠳᠠᠷ ᠵᠡᠷᠭᠡ ᠬᠦᠢᠰ ᠦᠨ ᠬᠣᠯᠪᠣᠭ᠎ᠠ ᠲᠠᠢ ᠡᠪᠡᠳᠴᠢᠨ ᠪᠠᠶᠢᠳᠠᠭ᠃ ᠡᠮᠡᠭᠲᠡᠶᠢᠴᠦᠳ ᠲᠦ ᠲᠣᠬᠢᠶᠠᠯᠳᠤᠳᠠᠭ ᠡᠨᠡ ᠡᠪᠡᠳᠴᠢᠨ ᠳᠤᠲᠠᠭᠤ ᠵᠢᠷᠮᠦᠰᠦᠯᠡᠬᠦ ᠪᠤᠶᠤ ᠤᠷᠤᠭ ᠬᠥᠨᠳᠡᠬᠦ᠂ ᠳᠣᠣᠷ᠎ᠠ ᠠᠴᠠ ᠳᠠᠭᠠᠷᠠᠬᠤ᠂ᠰᠠᠷ᠎ᠠ ᠶᠢᠨ ᠲᠡᠮᠳᠡᠭ ᠦᠨ ᠬᠡᠮ ᠠᠯᠳᠠᠭᠳᠠᠬᠤ᠂ ᠰᠢᠭᠡᠰᠦᠨ ᠵᠠᠮ ᠤᠨ ᠵᠠᠷᠢᠮ ᠥᠭᠰᠥᠬᠦ ᠬᠡᠯᠪᠡᠷᠢ ᠶᠢᠨ ᠬᠠᠯᠳᠠᠪᠤᠷᠢ ᠵᠡᠷᠭᠡ ᠡᠴᠡ ᠦᠷᠪᠢᠰᠦᠯ ᠡᠭᠦᠰᠦᠨ᠎ᠡ᠃ ᠲᠤᠰ ᠡᠪᠡᠳᠴᠢᠨ ᠲᠦᠷᠭᠡᠨ ᠪᠠ ᠤᠳᠠᠭᠠᠨ ᠭᠡᠰᠡᠨ ᠬᠣᠶᠠᠷ ᠱᠠᠲᠤᠯᠠᠯᠲᠠᠢ ᠪᠠᠶᠢᠳᠠᠭ᠃ ᠤᠮᠠᠢ ᠶᠢᠨ ᠬᠦᠵᠦᠭᠦᠨ ᠦ ᠦᠷᠪᠢᠰᠦᠯ᠂ ᠳᠠᠪᠤᠰᠠᠭᠠᠨ ᠤ ᠦᠷᠪᠢᠰᠦᠯ ᠶᠡᠬᠡᠪᠴᠢᠯᠡᠨ ᠬᠠᠪᠰᠤᠷᠴᠢ ᠭᠣᠣᠯᠳᠠᠭᠤ ᠵᠢᠷᠮᠦᠰᠦᠯᠡᠬᠦ ᠨᠠᠰᠤᠨ ᠤ ᠡᠮᠡᠭᠲᠡᠶᠢᠴᠦᠳ ᠲᠦ ᠲᠣᠬᠢᠶᠠᠯᠳᠤᠳᠠᠭ᠃ ᠡᠨᠡ ᠡᠪᠡᠳᠴᠢᠨ ᠨᠦᠭᠦᠳ ᠢ ᠡᠷᠲᠡ ᠣᠨᠣᠰᠢᠯᠠᠨ᠂ ᠡᠷᠲᠡ ᠡᠮᠡᠴᠢᠯᠡᠪᠡᠯ ᠪᠦᠷᠢᠨ ᠡᠳᠡᠭᠡᠬᠦ ᠪᠣᠯᠤᠮᠵᠢ ᠲᠠᠢ᠂ ᠠᠷᠬᠠᠭ ᠬᠡᠯᠪᠡᠷᠢ ᠳᠦ ᠰᠢᠯᠵᠢᠪᠡᠯ ᠲᠦᠷᠢ ᠡᠳᠡᠭᠡᠭᠰᠡᠨ ᠶᠠᠭᠤᠮᠰᠢᠭ ᠬᠡᠷᠡᠨ ᠢᠶᠡᠨ ᠪᠠᠶᠢᠨ ᠪᠠᠶᠢᠨ ᠳᠠᠪᠲᠠᠭᠳᠠᠳᠠᠭ᠃ ᠳᠣᠣᠷ᠎ᠠ ᠠᠴᠠ ᠳᠠᠭᠠᠷᠠᠬᠤ᠂ ᠬᠦᠢᠲᠡᠨ ᠤᠰᠤᠨ ᠳᠤ ᠤᠷᠤᠬᠤ᠂ ᠬᠦᠨᠳᠦ ᠵᠦᠢᠯ ᠡᠷᠭᠦᠬᠦ ᠵᠡᠷᠭᠡ ᠨᠢ ᠡᠮᠡᠭᠲᠡᠢ ᠬᠦᠮᠦᠨ ᠦ ᠰᠠᠪᠠ ᠥᠨᠳᠡᠭᠡᠪᠴᠢᠨ ᠳᠦ ᠡᠪᠡᠳᠴᠢᠨ ᠡᠭᠦᠰᠭᠡᠬᠦ ᠰᠢᠯᠲᠠᠭᠠᠨ ᠪᠣᠯᠳᠠᠭ᠃ ᠰᠠᠪᠠ ᠥᠨᠳᠡᠭᠡᠪᠴᠢᠨ ᠦ ᠦᠷᠪᠢᠰᠦᠯ᠂ ᠤᠮᠠᠢ ᠶᠢᠨ ᠬᠦᠵᠦᠭᠦᠨ ᠦ ᠦᠷᠪᠢᠰᠦᠯ ᠢ ᠤᠳᠠᠭᠠᠬᠢ ᠨᠢ ᠠᠭᠠᠷᠴᠠᠭᠠᠨ ᠤ ᠬᠥᠨᠳᠡᠢ ᠳᠤ ᠬᠣᠣᠷ ᠲᠠᠢ ᠬᠣᠣᠷ ᠦᠭᠡᠢ ᠬᠠᠪᠤᠳᠠᠷ ᠡᠭᠦᠰᠭᠡᠬᠦ᠂ ᠵᠢᠷᠮᠦᠰᠦᠯᠡᠬᠦ ᠦᠭᠡᠢ ᠪᠠᠶᠢᠬᠤ ᠲᠣᠬᠢᠶᠠᠯᠳᠤᠯ ᠪᠠᠶᠢᠳᠠᠭ᠃ [2]

ᠬᠦᠢᠰ ᠦᠨ ᠢᠯᠭᠠᠭ᠎ᠠ

ᠡᠷᠲᠡᠨ ᠦ ᠰᠤᠶᠤᠯ ᠳᠤ ᠡᠮᠡᠭᠲᠡᠶᠢᠴᠦᠳ ᠲᠤᠬᠠᠢ ᠶᠢᠨ ᠤᠯᠤᠰ ᠤᠨ ᠰᠤᠶᠤᠯ ᠤᠨ ᠢᠯᠡᠷᠬᠡᠶᠢᠯᠡᠯ ᠭᠡᠵᠦ ᠦᠵᠡᠳᠡᠭ ᠪᠠᠶᠢᠭᠰᠠᠨ᠃ ᠡᠷᠡᠭᠲᠡᠢ ᠨᠢ ᠬᠦᠨᠳᠦ ᠬᠦᠴᠦᠷᠡ ᠠᠵᠢᠯ ᠢ ᠭᠦᠢᠴᠡᠳᠭᠡᠳᠡᠭ ᠪᠠ ᠡᠮᠡᠭᠲᠡᠢ ᠨᠢ ᠭᠡᠷ ᠳᠣᠲᠣᠷᠠᠬᠢ ᠠᠵᠢᠯ ᠢ ᠭᠦᠢᠴᠡᠳᠭᠡᠵᠦ᠂ ᠤᠷᠠᠨ ᠬᠠᠳᠬᠤᠮᠠᠯ ᠣᠶᠣᠳᠠᠯ ᠵᠡᠷᠭᠡ ᠶᠢ ᠬᠢᠳᠡᠭ ᠪᠠᠶᠢᠭᠰᠠᠨ᠃ ᠳᠡᠯᠡᠬᠡᠢ ᠶᠢᠨ ᠬᠥᠭᠵᠢᠯ ᠦᠨ ᠳᠤᠮᠳᠠ ᠶᠠᠪᠤᠴᠠ ᠳᠤ ᠡᠬᠡ ᠪᠡᠷ ᠢᠶᠡᠨ ᠣᠪᠤᠭᠯᠠᠬᠤ ᠶᠢ ᠪᠤᠷᠤᠭᠤ ᠭᠡᠵᠦ ᠦᠵᠡᠳᠡᠭ ᠪᠠᠶᠢᠭᠰᠠᠨ᠃ ᠰᠡᠭᠦᠯ ᠦᠨ ᠦᠶ᠎ᠡ ᠶᠢᠨ ᠲᠡᠦᠬᠡᠨ ᠳᠦ ᠬᠦᠢᠰ ᠦᠨ ᠡᠭᠦᠷᠭᠡ ᠮᠠᠰᠢ ᠶᠡᠬᠡ ᠥᠭᠡᠷᠡᠴᠢᠯᠡᠭᠳᠡᠭᠰᠡᠨ᠃ ᠡᠮᠡᠭᠲᠡᠶᠢᠴᠦᠳ ᠡᠷᠦᠬᠡ ᠲᠣᠯᠣᠭᠠᠶᠢᠯᠠᠳᠠᠭ᠂ ᠡᠬᠡ ᠪᠡᠷ ᠢᠶᠡᠨ ᠣᠪᠤᠭᠯᠠᠳᠠᠭ ᠪᠣᠯᠤᠭᠰᠠᠨ᠃ ᠡᠮᠡᠭᠲᠡᠶᠢᠴᠦᠳ ᠤᠯᠤᠰ ᠤᠨ ᠲᠡᠷᠢᠭᠦᠨ ᠪᠣᠯᠬᠤ ᠲᠣᠬᠢᠶᠠᠯᠳᠤᠯ ᠪᠤᠢ ᠪᠣᠯᠵᠤ᠂ ᠡᠮᠡᠭᠲᠡᠶᠢᠴᠦᠳ ᠦᠨ ᠡᠭᠦᠷᠭᠡ ᠨᠡᠮᠡᠭᠳᠡᠵᠦ ᠡᠷᠡᠭᠲᠡᠢ ᠬᠦᠮᠦᠨ ᠦ ᠡᠭᠦᠷᠭᠡ ᠡᠴᠡ ᠵᠠᠷᠢᠮ ᠲᠠᠯ᠎ᠠ ᠪᠠᠷ ᠢᠶᠠᠨ ᠢᠯᠡᠭᠦᠦ ᠪᠣᠯᠤᠭᠰᠠᠨ᠃ ᠪᠢᠣᠯᠣᠭᠢ ᠶᠢᠨ ᠬᠤᠪᠢ ᠳᠤ ᠡᠷᠡᠭᠲᠡᠢ ᠬᠦᠮᠦᠨ ᠡᠮᠡᠭᠲᠡᠢ ᠬᠦᠮᠦᠨ ᠡᠴᠡ ᠰᠤᠯᠠ ᠪᠡᠶ᠎ᠡ ᠲᠡᠢ ᠪᠥᠭᠡᠳ ᠳᠡᠯᠡᠬᠡᠢ ᠳᠡᠭᠡᠷ᠎ᠡ ᠡᠷᠡᠴᠦᠳ ᠡᠮᠡᠭᠲᠡᠶᠢᠴᠦᠳ ᠡᠴᠡ ᠪᠡᠨ ᠣᠯᠠᠨ ᠲᠥᠷᠦᠳᠡᠭ ᠪᠣᠯᠪᠠᠴᠤ ᠨᠠᠰᠤ ᠠᠬᠢᠬᠤ ᠲᠤᠰᠤᠮ 25-30 ᠨᠠᠰᠤᠨ ᠤ ᠡᠮᠡᠭᠲᠡᠢ ᠨᠢ ᠡᠷᠭᠢᠲᠡᠢ ᠡᠴᠡ ᠪᠡᠨ ᠣᠯᠠᠨ ᠪᠣᠯᠳᠠᠭ᠃ ᠡᠮᠡᠭᠲᠡᠶᠢᠴᠦᠳ ᠨᠠᠰᠤ ᠠᠬᠢᠬᠤ ᠲᠤᠰᠤᠮ ᠪᠡᠶ᠎ᠡ ᠶᠢᠨ ᠬᠤᠪᠢ ᠤᠨ ᠵᠢᠩ ᠳᠠᠪᠠᠮᠠᠭᠠᠶᠢᠯᠠᠵᠤ ᠨᠡᠮᠡᠭᠳᠡᠳᠡᠭ᠃ ᠡᠷᠡᠴᠦᠳ᠂ ᠡᠮᠡᠭᠲᠡᠶᠢᠴᠦᠳ ᠦᠨ ᠢᠯᠭᠠᠭ᠎ᠠ᠂ ᠣᠨᠴᠠᠯᠢᠭ ᠨᠢ ᠠᠬᠤᠢ ᠶᠢᠨ ᠲᠠᠯ᠎ᠠ ᠳᠡᠭᠡᠷ᠎ᠡ ᠴᠤ ᠠᠵᠢᠭᠡᠯᠡᠭᠳᠠᠳᠠᠭ᠃

 • ᠡᠷᠡᠭᠲᠡᠢ ᠬᠦᠮᠦᠨ ᠡᠮᠡᠭᠲᠡᠢ ᠡᠴᠡ ᠪᠡᠨ ᠮᠠᠰᠢᠨ ᠢᠯᠡᠭᠦᠦ ᠰᠠᠶᠢᠨ ᠪᠠᠷᠢᠳᠠᠭ ᠪᠠ ᠡᠮᠡᠭᠲᠡᠢ ᠨᠢ ᠡᠷᠭᠢᠲᠡᠢ ᠡᠴᠡ ᠪᠡᠨ ᠤᠳᠠᠭᠠᠨ ᠶᠠᠪᠤᠳᠠᠭ ᠨᠢ ᠨᠣᠲᠠᠯᠠᠭᠳᠠᠭᠰᠠᠨ ᠪᠠᠶᠢᠳᠠᠭ᠃
 • ᠡᠷᠡᠴᠦᠳ ᠦᠨ ᠥᠪᠡᠷᠲᠡᠭᠡᠨ ᠢᠲᠡᠭᠡᠬᠦ ᠢᠲᠡᠭᠡᠯ ᠡᠮᠡᠭᠲᠡᠶᠢᠴᠦᠳ ᠦᠨ ᠬᠢ ᠡᠴᠡ ᠪᠡᠨ ᠢᠯᠡᠭᠦᠦ ᠰᠠᠶᠢᠨ ᠬᠥᠭᠵᠢᠭᠰᠡᠨ ᠪᠠᠶᠢᠳᠠᠭ᠃
 • ᠡᠷᠡᠴᠦᠳ ᠢᠯᠡᠭᠦᠦ ᠪᠠᠭ᠎ᠠ ᠶᠠᠷᠢᠳᠠᠭ᠃ ᠡᠮᠡᠭᠲᠡᠢ ᠬᠦᠮᠦᠨ ᠨᠢᠭᠡ ᠳᠣᠣᠷ᠎ᠠ ᠤᠷᠤᠰᠬᠠᠭᠰᠠᠨ ᠦᠭᠡᠨ ᠨᠦᠭᠦᠳ ᠢ ᠡᠷᠡᠴᠦᠳ ᠨᠢᠭᠡ ᠳᠣᠣᠷ᠎ᠠ ᠬᠦᠯᠢᠶᠡᠨ ᠠᠪᠴᠤ ᠤᠶᠢᠯᠠᠭᠠᠬᠤ ᠴᠢᠳᠠᠪᠤᠷᠢ ᠦᠭᠡᠢ ᠪᠠᠶᠢᠳᠠᠭ᠃ ᠡᠨᠡ ᠨᠢ ᠭᠡᠷ ᠪᠦᠯᠢ ᠳᠣᠲᠣᠷᠠᠬᠢ ᠮᠠᠷᠭᠤᠭᠠᠨ ᠤ ᠨᠢᠭᠡ ᠰᠢᠯᠲᠠᠭᠠᠨ ᠶᠤᠮ᠃
 • ᠡᠮᠡᠭᠲᠡᠶᠢᠴᠦᠳ ᠭᠡᠷ ᠠᠬᠤᠢ ᠶᠢᠨ ᠪᠣᠯᠤᠨ ᠬᠣᠪ ᠵᠢᠪ ᠲᠥᠷᠥᠯ ᠦᠨ ᠶᠠᠷᠢᠶ᠎ᠠ ᠶᠡᠬᠡᠩᠬᠢ ᠳᠦ ᠪᠡᠨ ᠳᠡᠯᠭᠡᠳᠡᠭ ᠪᠣᠯ ᠡᠷᠡᠴᠦᠳ ᠠᠯᠪᠠ ᠠᠵᠢᠯ ᠲᠠᠢ ᠬᠣᠯᠪᠣᠭ᠎ᠠ ᠲᠠᠢ ᠰᠡᠳᠦᠪ ᠢᠶᠡᠷ ᠶᠠᠷᠢᠯᠴᠠᠳᠠᠭ᠃
 • ᠡᠷᠡᠭᠲᠡᠢ ᠬᠦᠮᠦᠨ ᠬᠣᠱᠣᠩᠨᠠᠯ ᠬᠦᠯᠢᠶᠡᠵᠦ ᠠᠪᠬᠤ ᠳᠤ ᠪᠠᠨ ᠰᠠᠶᠢᠨ ᠪᠠᠶᠢᠳᠠᠭ᠃ ᠬᠠᠷᠢᠨ ᠡᠮᠡᠭᠲᠡᠢ ᠬᠦᠮᠦᠰ ᠥᠪᠡᠷ ᠳᠡᠭᠡᠷ᠎ᠡ ᠪᠡᠨ ᠲᠤᠰᠬᠠᠵᠤ ᠠᠪᠬᠤ ᠨᠢ ᠡᠯᠪᠡᠭ


ᠵᠠᠩ ᠠᠷᠠᠨᠰᠢᠨ

ᠡᠮᠡᠭᠲᠡᠢ ᠬᠦᠮᠦᠨ ᠲᠥᠷᠥᠯᠬᠢ ᠶᠢᠨ ᠵᠥᠭᠡᠯᠡᠨ᠂ ᠡᠨᠡᠷᠢᠩᠭᠦᠢ᠂ ᠬᠦᠯᠢᠶᠡᠴᠡᠲᠡᠢ᠂ ᠶᠠᠭᠤᠮᠠᠨ ᠳᠤ ᠨᠢᠬᠠᠭᠤᠷ ᠠᠭᠠᠰᠢ ᠨᠢ ᠳᠠᠪᠠᠮᠠᠭᠠᠶᠢᠯᠠᠭᠰᠠᠨ ᠪᠠᠶᠢᠳᠠᠭ᠃ ᠡᠳᠡᠭᠡᠷ ᠬᠦᠮᠦᠰ ᠨᠢ ᠡᠬᠡ ᠬᠦᠮᠦᠨ ᠪᠣᠯᠬᠤ ᠪᠢᠣᠯᠣᠭᠢ ᠶᠢᠨ ᠣᠨᠴᠠᠭᠠᠢ ᠰᠢᠨᠵᠢ ᠴᠢᠨᠠᠷ ᠲᠠᠢ ᠪᠠᠶᠢᠳᠠᠭ ᠤᠴᠢᠷ ᠠᠭᠠᠰᠢ ᠵᠠᠩᠭᠢ ᠶᠢ ᠬᠤᠪᠢ ᠳᠤ ᠤᠬᠠᠭᠠᠯᠢᠭ᠂ ᠪᠤᠰᠤᠳ ᠲᠤ ᠶᠠᠭᠤᠮ᠎ᠠ ᠵᠢᠭᠠᠵᠤ ᠰᠤᠷᠭᠠᠬᠤ ᠳᠤ ᠪᠠᠨᠰᠠᠶᠢᠨ ᠪᠠᠶᠢᠳᠠᠭ᠃ ᠭᠡᠬᠦ ᠳᠦ ᠪᠡᠨ ᠣᠷᠣᠨ ᠤ ᠰᠤᠶᠤᠯ ᠤᠯᠠᠮᠵᠢᠯᠠᠯ ᠠᠴᠠ ᠰᠢᠯᠲᠠᠭᠠᠯᠠᠭᠠᠳ ᠥᠭᠡᠷ᠎ᠡ ᠥᠭᠡᠷ᠎ᠡ ᠪᠠᠶᠢᠳᠠᠭ᠃ ᠮᠣᠩᠭᠣᠯ ᠡᠮᠡᠭᠲᠡᠢ ᠬᠦᠨᠳᠦ ᠪᠠᠶᠢᠬᠤ ᠶᠣᠰᠣᠲᠠᠢ ᠠᠭᠠᠰᠢ ᠵᠠᠩ:

• ᠦᠢᠯᠢᠩ ᠳᠦ ᠤᠷᠠᠨ

• ᠦᠭᠡᠨ ᠳᠦ ᠴᠡᠴᠡᠨ

• ᠴᠡᠪᠡᠷ ᠨᠢᠮᠪᠠᠢ ᠶᠢ ᠡᠷᠬᠢᠮᠯᠡᠳᠡᠭ

• ᠠᠭᠠᠰᠢ ᠵᠠᠩ ᠲᠣᠭᠲᠠᠭᠤᠨ᠂ ᠲᠠᠶᠢᠪᠤᠩ

• ᠰᠠᠷᠠᠭᠤᠯ ᠤᠬᠠᠭᠠᠨ ᠲᠠᠢ
[3]


ᠬᠤᠪᠴᠠᠰᠤ᠂ ᠵᠠᠭᠪᠤᠷ

ᠳᠡᠯᠡᠬᠡᠢ ᠶᠢᠨ ᠥᠭᠡᠷ᠎ᠡ ᠥᠭᠡᠷ᠎ᠡ ᠬᠡᠰᠡᠭ ᠲᠦ ᠣᠷᠣᠰᠢᠳᠠᠭ ᠣᠷᠣᠨ ᠨᠤᠲᠤᠭ ᠤᠨ ᠰᠤᠶᠤᠯᠱᠠᠰᠢᠨ ᠰᠢᠲᠦᠯᠭᠡ᠂ ᠨᠡᠶᠢᠭᠡᠮ ᠤᠨ ᠬᠡᠮ ᠬᠡᠮᠵᠢᠶ᠎ᠡ ᠪᠣᠯᠤᠨ ᠤᠯᠤᠰ ᠣᠷᠣᠨ ᠤ ᠬᠥᠭᠵᠢᠯ ᠵᠡᠷᠭᠡ ᠣᠯᠠᠨ ᠬᠦᠴᠦᠨ ᠵᠦᠢᠯᠡᠰ ᠨᠥᠯᠥᠭᠡᠯᠡᠨ ᠬᠤᠪᠴᠠᠰᠤᠨ ᠤ ᠰᠣᠩᠭᠣᠯᠲᠠ ᠵᠠᠭᠪᠤᠷ ᠬᠣᠭᠣᠷᠣᠨᠳᠣ ᠪᠠᠨ ᠢᠯᠭᠠᠭ᠎ᠠ ᠲᠠᠢ ᠪᠠᠶᠢᠳᠠᠭ᠃ ᠠᠮᠢᠳᠤᠷᠠᠵᠤ ᠪᠤᠢ ᠨᠡᠶᠢᠭᠡᠮ ᠤᠨ ᠢᠯᠭᠠᠨ ᠤ ᠬᠠᠮᠢᠶᠠᠷᠤᠨ ᠦᠵᠡᠯ ᠪᠣᠳᠣᠯ ᠥᠭᠡᠷ᠎ᠡ ᠥᠭᠡᠷ᠎ᠡ ᠪᠠᠶᠢᠳᠠᠭ᠃ ᠭᠡᠰᠡᠨ ᠬᠡᠳᠦᠢ ᠴᠤ ᠣᠯᠠᠨ ᠤᠯᠤᠰ ᠣᠷᠣᠨ ᠨᠤᠭᠤᠳ ᠲᠤ ᠬᠤᠪᠴᠠᠰᠤᠯᠠᠯᠲᠠ ᠶᠢᠨ ᠲᠠᠯᠠᠷᠠᠬᠢ ᠰᠣᠩᠭᠣᠯᠲᠠ᠂ ᠡᠮᠥᠰᠬᠦ ᠵᠦᠢᠯᠡᠰ ᠢ ᠬᠢᠨᠠᠵᠤ ᠴᠢᠳᠠᠬᠤ ᠦᠭᠡᠢ᠃ ᠡᠨᠡ ᠨᠢ ᠢᠰᠯᠠᠮ ᠤᠨ ᠬᠤᠪᠴᠠᠰᠤᠯᠠᠯᠲᠠ ᠶᠢᠨ ᠲᠠᠯ᠎ᠠ ᠪᠠᠷ ᠶᠤᠮ᠃ ᠵᠠᠷᠢᠮ ᠤᠯᠤᠰ ᠠᠯᠪᠠᠨ ᠶᠣᠰᠣᠭᠠᠷ ᠲᠣᠳᠣᠷᠬᠠᠢ ᠵᠠᠷᠴᠢᠮ ᠢᠶᠠᠷ ᠡᠮᠥᠰᠬᠦ ᠬᠤᠪᠴᠠᠰᠤ ᠶᠢ ᠬᠢᠵᠠᠭᠠᠷᠯᠠᠭᠰᠠᠨ ᠪᠠᠶᠢᠳᠠᠭ᠃ ᠡᠳᠡᠭᠡᠷ ᠬᠠᠤᠯᠢ ᠨᠢ ᠮᠠᠰᠢ ᠶᠡᠬᠡ ᠮᠠᠷᠭᠤᠭᠠᠨ ᠲᠠᠢ ᠪᠠᠶᠢᠳᠠᠭ᠃ ==

Heading text[ᠵᠠᠰᠠᠪᠤᠷᠢᠯᠠᠬᠤ | ᠺᠣᠳ᠋ ᠢᠶᠠᠷ ᠵᠠᠰᠠᠬᠣ]

 1. http://www.103.mn/archives/509,
 2. http://uyerhel.com/index.php?option=com_content&task=view&id=15&Itemid=31,
 3. http://oogiinoo_chups.blog.gogo.mn/read/entry215823

ᠪᠢᠴᠢᠭᠡᠰᠦ