ᠡᠬᠢᠯᠡᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠡᠬᠢᠯᠡᠯ ᠨᠣᠮ ᠨᠢ ᠪᠢᠪᠯᠢ ᠶᠢᠨ ᠪᠣᠯᠤᠨ ᠬᠠᠭᠤᠴᠢᠨ ᠭᠡᠷ᠎ᠡ ᠶᠢᠨ ᠡᠬᠢᠨ ᠦ ᠨᠣᠮ ᠪᠣᠯᠳᠠᠭ ᠪᠠ ᠪᠢᠪᠯᠢ ᠶᠢᠨ ᠭᠣᠣᠯ ᠲᠠᠨᠢᠯᠴᠠᠭᠤᠯᠭ᠎ᠠ ᠪᠣᠯᠳᠠᠭ᠃ ᠨᠣᠮ ᠤᠨ ᠨᠡᠷ᠎ᠡ ᠨᠢ ᠲᠤᠰ ᠨᠣᠮ ᠤᠨ ᠠᠩᠬᠠᠨ ᠤ ᠦᠭᠡ ᠪᠣᠯᠬᠤ ᠪᠧᠷᠧᠱᠢ ᠳᠤ ("ᠡᠬᠢᠨ ᠳᠦ") ᠬᠡᠮᠡᠬᠦ ᠢᠪᠡᠷᠡᠢ ᠦᠭᠡᠨ ᠡᠴᠡ ᠭᠠᠷᠤᠯᠲᠠᠢ ᠪᠣᠯᠬᠤ ᠶᠢ ᠲᠣᠭᠲᠠᠭᠠᠭᠰᠠᠨ᠃ ᠠᠩᠭᠯᠢ ᠪᠢᠪᠯᠢ ᠶᠢᠨ "Genesis" ᠬᠡᠮᠡᠬᠦ ᠨᠡᠷ᠎ᠡ ᠨᠢ ᠢᠪᠡᠷᠡᠢ ᠦᠭᠡᠨ ᠦ "ᠡᠭᠦᠰᠦᠯ᠂ ᠡᠬᠢ ᠰᠤᠷᠪᠤᠯᠵᠢ᠂ ᠪᠦᠲᠦᠭᠡᠯ ᠪᠠ ᠶᠠᠭᠤᠮᠠᠰ ᠤᠨ ᠡᠬᠢᠯᠡᠯ" ᠭᠡᠰᠡᠨ ᠤᠳᠬ᠎ᠠ ᠲᠠᠢ ᠭᠷᠧᠺ ᠣᠷᠴᠢᠭᠤᠯᠭ᠎ᠠ ᠶᠤᠮ᠃ ᠡᠬᠢᠯᠡᠯ ᠨᠣᠮ ᠪᠣᠯ "ᠪᠦᠬᠦ ᠡᠬᠢᠯᠡᠯ ᠦᠳ ᠦᠨ ᠨᠣᠮ" ᠬᠡᠮᠡᠨ ᠾᠷᠢᠰᠲ᠋ᠢᠳᠬᠡᠯ ᠳᠦ ᠲᠧᠣᠯᠣᠭᠢᠴᠢᠳ ᠦᠵᠡᠳᠡᠭ᠃ ᠡᠬᠢᠯᠡᠯ ᠨᠣᠮ ᠤᠨ ᠪᠢᠴᠢᠭᠴᠢ ᠨᠢ ᠥᠪᠡᠷ ᠢ ᠪᠡᠨ ᠨᠣᠮ ᠳᠤ ᠪᠠᠨ ᠭᠠᠭᠴᠠ ᠳᠤᠷᠠᠳᠤᠭ᠎ᠠ ᠦᠭᠡᠢ ᠪᠥᠭᠡᠳ ᠲᠠᠨᠤᠬᠤ ᠶᠢᠨ (ᠪᠢᠪᠯᠢ ᠶᠢᠨ ᠡᠬᠢᠨ ᠦ ᠲᠠᠪᠤᠨ ᠨᠣᠮ) ᠪᠢᠴᠢᠭᠴᠢ ᠮᠣᠰᠧ ᠪᠠᠶᠢᠭᠰᠠᠨ ᠭᠡᠳᠡᠭ ᠲᠦ ᠡᠷᠡᠭᠡᠯᠵᠡᠯ ᠦᠭᠡᠢ ᠢᠲᠡᠭᠡᠳᠡᠭ᠃ ᠮᠥᠨ ᠡᠷᠲᠡᠨ ᠦ ᠶᠡᠸᠷᠧᠢᠴᠦᠳ ᠪᠣᠯᠤᠨ ᠰᠦᠮ᠎ᠡ ᠶᠢᠨ ᠵᠡᠷᠭᠡᠲᠡᠨ ᠨᠦᠭᠦᠳ ᠮᠣᠰᠧᠭ ᠡᠬᠢᠯᠡᠯ ᠨᠣᠮ ᠤᠨ ᠪᠢᠴᠢᠨ ᠬᠢᠨᠠᠭᠴᠢ ᠬᠡᠮᠡᠨ ᠭᠡᠷᠡᠴᠢᠯᠡᠭᠰᠡᠨ ᠪᠠᠶᠢᠳᠠᠭ᠃

ᠡᠬᠢᠯᠡᠯ ᠨᠣᠮ ᠨᠢ ᠪᠦᠲᠦᠭᠡᠯ᠂ ᠬᠦᠮᠦᠨ ᠲᠥᠷᠥᠯᠬᠢᠲᠡᠨ ᠦ ᠲᠡᠦᠬᠡ ᠶᠢᠨ ᠡᠬᠢᠯᠡᠯ᠂ ᠢᠪᠡᠷᠡᠢ ᠠᠷᠠᠳ ᠲᠦᠮᠡᠨ ᠦ ᠭᠠᠷᠤᠯ ᠡᠭᠦᠰᠦᠯ᠂ ᠠᠪᠷᠠᠬᠤᠮ ᠪᠣᠯᠤᠨ ᠶᠡᠸᠷᠧᠢᠴᠦᠳ ᠦᠨ ᠡᠪᠦᠭᠡ ᠳᠡᠭᠡᠳᠦᠰ ᠦᠳ ᠲᠡᠢ ᠪᠠᠶᠢᠭᠤᠯᠤᠭᠰᠠᠨ ᠪᠤᠷᠬᠠᠨ ᠤ ᠭᠡᠷ᠎ᠡ ᠶᠢ ᠲᠣᠳᠣᠷᠬᠠᠢ ᠪᠢᠴᠢᠭᠰᠡᠨ᠃

ᠡᠬᠢᠯᠡᠯ ᠨᠣᠮ ᠢ ᠴᠢᠬᠤᠯᠠ 2 ᠬᠡᠰᠡᠭ ᠲᠦ ᠬᠤᠪᠢᠶᠠᠳᠠᠭ ᠪᠥᠭᠡᠳ ᠡᠨᠡ ᠨᠢ:

  • 1-11 ᠍ ᠳᠦᠭᠡᠷ ᠪᠦᠯᠦᠭ ᠲᠦ ᠠᠳᠠᠮ ᠠᠴᠠ ᠠᠪᠷᠠᠬᠤᠮ ᠬᠦᠷᠲᠡᠯ᠎ᠡ ᠬᠦᠮᠦᠨ ᠲᠥᠷᠥᠯᠬᠢᠲᠡᠨ ᠦ ᠡᠬᠢᠯᠡᠯ ᠦᠶ᠎ᠡ ᠪᠠ ᠲᠠᠪᠤᠨ ᠲᠡᠦᠬᠡᠨ ᠦᠶ᠎ᠡ ᠳᠦ ᠬᠤᠪᠢᠶᠠᠳᠠᠭ᠃
    • ᠪᠦᠲᠦᠭᠡᠯ: ᠪᠤᠷᠬᠠᠨ ᠪᠦᠬᠦ ᠵᠦᠢᠯ ᠢ ᠪᠦᠲᠦᠭᠡᠭᠰᠡᠨ᠂ ᠡᠭᠦᠨ ᠦ ᠳᠣᠲᠣᠷ᠎ᠠ ᠠᠴᠠ ᠠᠳᠠᠮ᠂ ᠶᠡᠸᠠ ᠬᠣᠶᠠᠷ ᠢ ᠪᠦᠲᠦᠭᠡᠭᠡᠳ ᠶᠡᠳᠧᠨ ᠴᠡᠴᠡᠷᠯᠢᠭ ᠲᠦ ᠠᠮᠢᠳᠤᠷᠠᠭᠤᠯᠤᠭᠰᠠᠨ (1-2 ᠍ ᠳᠦᠭᠡᠷ ᠪᠦᠯᠦᠭ).
    • ᠤᠨᠠᠯᠲᠠ: ᠠᠳᠠᠮ᠂ ᠶᠡᠸ᠎ᠠ ᠶᠢᠨ ᠠᠯᠳᠠᠭᠠᠨ ᠠᠴᠠ ᠬᠦᠮᠦᠨ ᠲᠥᠷᠥᠯᠬᠢᠲᠡᠨ ᠦ ᠲᠡᠦᠬᠡᠨ ᠳᠦ ᠭᠡᠮ ᠣᠷᠣᠵᠤ ᠢᠷᠡᠭᠰᠡᠨ᠃ ᠭᠡᠮ ᠨᠢᠭᠦᠯ ᠦᠨ ᠬᠠᠷᠢᠶᠠᠯ ᠣᠷᠣᠵᠤ ᠢᠷᠡᠭᠰᠡᠨ (3 ᠍ ᠳᠦᠭᠡᠷ ᠪᠦᠯᠦᠭ).
    • ᠺᠠᠢᠨ ᠪᠠ ᠠᠪᠧᠯ: ᠨᠡᠶᠢᠭᠡᠮᠰᠢᠯ ᠦᠨ 2 ᠥᠭᠡᠷ᠎ᠡ ᠦᠨᠳᠦᠰᠦ ᠶᠢ ᠲᠠᠯᠪᠢᠭᠰᠠᠨ᠃ ᠪᠤᠷᠬᠠᠨᠯᠠᠭ ᠦᠨᠳᠦᠰᠦᠲᠡᠨ᠂ ᠪᠤᠷᠬᠠᠨ ᠦᠭᠡᠢ ᠬᠠᠷᠠᠩᠭᠤᠢ ᠦᠨᠳᠦᠰᠦᠲᠡᠨ (4-5 ᠍ ᠳᠦᠭᠡᠷ ᠪᠦᠯᠦᠭ).
    • ᠤᠰᠤᠨ ᠭᠠᠯᠪᠠ: ᠡᠷᠲᠡ ᠳᠡᠭᠡᠷ᠎ᠡ ᠦᠶ᠎ᠡ ᠳᠦ ᠠᠮᠢᠳᠤᠷᠠᠵᠤ ᠪᠠᠶᠢᠭᠰᠠᠨ ᠨᠣ ᠶᠢᠨ ᠦᠶ᠎ᠡ ᠳᠦ ᠳᠡᠯᠡᠬᠡᠢ ᠪᠤᠰᠤᠷ ᠮᠠᠭᠤ ᠪᠠᠷ ᠳᠦᠭᠦᠷᠬᠦ ᠳᠦ ᠪᠤᠷᠬᠠᠨ ᠵᠥᠪᠬᠡᠨ ᠵᠥᠪ ᠰᠢᠳᠤᠷᠭᠤ ᠨᠣ ᠶᠢᠨ ᠭᠡᠷ ᠪᠦᠯᠢ ᠶᠢ ᠥᠷᠥᠰᠢᠶᠡᠨ ᠠᠪᠤᠷᠠᠵᠤ᠂ ᠶᠢᠷᠲᠢᠨᠴᠦ ᠶᠢ ᠤᠰᠤᠨ ᠭᠠᠯᠪᠠ ᠪᠠᠷ ᠤᠰᠠᠳᠬᠠᠭᠰᠠᠨ (6-10 ᠍ ᠳᠦᠭᠡᠷ ᠪᠦᠯᠦᠭ).
    • ᠪᠠᠪᠧᠯ ᠤᠨ ᠴᠠᠮᠬᠠᠭ: ᠤᠰᠤᠨ ᠭᠠᠯᠪᠠ ᠶᠢᠨ ᠳᠠᠷᠠᠭ᠎ᠠ ᠳᠡᠯᠡᠬᠡᠢ ᠶᠢᠨ ᠬᠦᠮᠦᠨ ᠲᠥᠷᠥᠯᠬᠢᠲᠡᠨ ᠰᠢᠲᠦᠭᠡᠨ ᠰᠢᠲᠦᠵᠦ᠂ ᠲᠡᠷᠰᠯᠡᠭᠦᠦ ᠪᠣᠯᠬᠤ ᠳᠤ᠂ ᠪᠤᠷᠬᠠᠨ ᠬᠦᠮᠦᠨ ᠲᠥᠷᠥᠯᠬᠢᠲᠡᠨ ᠢ ᠬᠡᠯᠡ ᠰᠤᠶᠤᠯ ᠢᠶᠠᠷ ᠨᠢ ᠢᠯᠭᠠᠭ᠎ᠠ ᠲᠠᠢ ᠪᠣᠯᠭᠠᠵᠤ᠂ ᠳᠡᠯᠡᠬᠡᠢ ᠳᠠᠶᠠᠭᠠᠷ ᠲᠠᠷᠠᠭᠠᠭᠰᠠᠨ (11 ᠍ ᠳᠦᠭᠡᠷ ᠪᠦᠯᠦᠭ)
  • 12-50 ᠍ ᠳᠦᠭᠡᠷ ᠪᠦᠯᠦᠭ ᠲᠦ ᠢᠪᠡᠷᠡᠢ ᠠᠷᠠᠳ ᠲᠦᠮᠡᠨ ᠦ ᠡᠬᠢᠯᠡᠯ ᠪᠠ ᠪᠤᠷᠬᠠᠨ ᠠᠪᠤᠷᠠᠯ ᠤᠨ ᠵᠣᠷᠢᠯᠭ᠎ᠠ ᠢᠰᠷᠸᠯ ᠤᠨ ᠳᠥᠷᠪᠡᠨ ᠭᠣᠣᠯ ᠡᠪᠦᠭᠡ ᠡᠴᠢᠭᠡ ᠪᠣᠯᠬᠤ ᠠᠪᠷᠠᠬᠤᠮ᠂ ᠢᠰᠠᠺᠢᠶᠠᠺᠣᠸ᠂ ᠢᠣᠰᠧᠹ ᠦᠨ ᠠᠮᠢᠳᠤᠷᠠᠯ ᠳᠤ ᠦᠷᠭᠦᠯᠵᠢᠯᠡᠬᠦ ᠳᠦ ᠴᠢᠭᠯᠡᠭᠳᠡᠭᠰᠡᠨ᠃ ᠪᠤᠷᠬᠠᠨ ᠠᠪᠷᠠᠬᠤᠮ ᠢ ᠳᠠᠭᠤᠳᠠᠭᠰᠠᠨ ᠳᠠᠭᠤᠳᠠᠯᠭ᠎ᠠ ᠬᠢᠭᠡᠳ ᠲᠡᠭᠦᠨ ᠲᠡᠢ ᠪᠠ ᠦᠷ᠎ᠡ ᠤᠳᠤᠮ ᠲᠠᠢ ᠨᠢ ᠪᠠᠶᠢᠭᠤᠯᠤᠭᠰᠠᠨ ᠭᠡᠷ᠎ᠡ ᠪᠣᠯᠤᠨ ᠶᠸᠵᠠᠫᠲ ᠳ᠋ᠡᠬᠢ ᠢᠰᠤᠶᠢᠯᠴᠤᠳ ᠲᠤ ᠨᠡᠭᠦᠷᠯᠡᠭᠰᠡᠨ ᠪᠣᠭᠣᠯᠴᠢᠯᠠᠯ ᠢᠶᠠᠷ ᠲᠡᠭᠦᠰᠳᠡᠭ᠃

ᠡᠬᠢᠯᠡᠯ ᠨᠣᠮ ᠨᠢ ᠨᠡᠶᠢᠲᠡ 50 ᠪᠦᠯᠦᠭ ᠲᠡᠢ ᠪᠠ ᠮᠠᠨ ᠤ ᠡᠷᠡᠨ ᠦ ᠡᠮᠦᠨ᠎ᠡ 1445-1405 ᠣᠨ ᠤ ᠦᠶ᠎ᠡ ᠳᠦ ᠪᠢᠴᠢᠭᠳᠡᠵᠦ ᠳᠠᠭᠤᠰᠤᠭᠰᠠᠨ᠃ ᠮᠠᠨ ᠤ ᠳᠡᠯᠡᠬᠡᠢ ᠬᠠᠮᠤᠭ ᠤᠨ ᠡᠷᠲᠡᠨ ᠦ ᠪᠢᠴᠢᠪᠦᠷᠢ ᠶᠤᠮ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠡᠬᠢᠯᠡᠯ&oldid=333351》 ᠍  ᠡᠴᠡ ᠠᠪᠤᠭᠰᠠᠨ

ᠪᠢᠴᠢᠭᠡᠰᠦ