ᠡᠪᠡᠩᠬᠡ ᠥᠪᠡᠷᠲᠡᠭᠡᠨ ᠵᠠᠰᠠᠬᠤ ᠬᠣᠰᠢᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠥᠯᠦᠨ ᠪᠤᠶᠢᠷ ᠳᠠᠬᠢ ᠡᠸᠡᠩᠬᠢ ᠥᠪᠡᠷᠲᠡᠭᠡᠨ ᠵᠠᠰᠠᠬᠤ ᠬᠣᠰᠢᠭᠤᠨ ᠤ ᠪᠠᠶᠢᠷᠢᠰᠢᠯ

ᠡᠪᠡᠩᠬᠡ ᠥᠪᠡᠷᠲᠡᠭᠡᠨ ᠵᠠᠰᠠᠬᠤ ᠬᠣᠰᠢᠭᠤ[1] (ᠬᠢᠲᠠᠳ ᠢᠶᠠᠷ 鄂温克族自治旗 Èwēnkèzú Zìzhìqí) - ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠣᠲᠣᠷ᠎ᠠ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠶᠢᠮᠠᠭ ᠤᠨ ᠲᠦᠪᠰᠢᠨ ᠦ ᠬᠥᠯᠦᠨ ᠪᠤᠶᠢᠷ ᠬᠣᠳᠠ ᠳᠤ ᠬᠠᠷᠢᠶᠠᠯᠠᠭᠳᠠᠳᠠᠭ ᠥᠪᠡᠷᠲᠡᠭᠡᠨ ᠵᠠᠰᠠᠬᠤ ᠬᠣᠰᠢᠭᠤ.

ᠨᠤᠲᠤᠭ ᠳᠡᠪᠢᠰᠬᠡᠷ - 19,111 ᠺᠮ²᠂ 2000 ᠣᠨ ᠤ ᠲᠣᠭᠠᠯᠠᠯᠭ᠎ᠠ ᠪᠠᠷᠬ ᠬᠦᠮᠦᠨ ᠠᠮᠠ ᠶᠢᠨ ᠲᠣᠭ᠎ᠠ - 146,808.[2] ᠬᠣᠰᠢᠭᠤᠨ ᠤ ᠵᠠᠬᠢᠷᠭᠠᠨ ᠤ ᠭᠠᠵᠠᠷ ᠪᠠᠶᠠᠨᠲᠣᠬᠣᠢ ᠪᠠᠯᠭᠠᠰᠤᠠᠨᠳᠠ ᠪᠠᠶᠢᠷᠢᠯᠠᠳᠠᠭ᠃ ᠡᠸᠡᠩᠬᠢ ᠤᠭᠰᠠᠭᠠᠲᠠᠨ ᠤ ᠬᠤᠪᠢ ᠳᠤ ᠬᠢᠲᠠᠳ ᠳᠠᠬᠢ ᠬᠠᠮᠤᠭ ᠤᠨ ᠳᠡᠭᠡᠳᠦ (ᠤᠯᠤᠰ ᠤᠨ ᠭᠤᠷᠪᠠᠳᠤᠭᠠᠷ) ᠲᠦᠪᠰᠢᠨ ᠦ ᠡᠷᠭᠦᠮᠵᠢᠲᠦ ᠵᠠᠰᠠᠭ ᠵᠠᠬᠢᠷᠭᠠᠨ ᠤ ᠨᠢᠭᠡᠴᠡ ᠨᠢ ᠪᠣᠯᠳᠠᠭ᠃

ᠬᠦᠮᠦᠨ ᠠᠮᠠ ᠶᠢᠨ ᠳᠡᠶᠢᠯᠦᠩᠬᠢ ᠣᠯᠠᠩᠬᠢ ᠶᠢ ᠬᠢᠲᠠᠳ ᠤᠳ ᠡᠵᠡᠯᠡᠳᠡᠭ ᠪᠣᠯ 27,517 ᠮᠣᠩᠭᠣᠯᠴᠤᠳ 18.74% ᠍ ᠶᠢ ᠡᠵᠡᠯᠡᠵᠦ ᠪᠠᠶᠢᠨ᠎ᠠ᠃ ᠣᠨᠴᠠᠭᠠᠶᠢᠯᠠᠨ ᠳᠤᠷᠠᠳᠬᠤ ᠳᠤ ᠲᠤᠰ ᠬᠣᠰᠢᠭᠤᠨ ᠳᠤ ᠬᠢᠲᠠᠳ ᠳᠠᠬᠢ ᠪᠤᠷᠢᠶᠠᠳ ᠮᠣᠩᠭᠣᠯᠴᠤᠳ ᠤᠨ ᠲᠥᠪᠬᠢᠨᠡᠭᠰᠡᠨ ᠨᠤᠲᠤᠭ ᠪᠣᠯᠬᠤ "ᠰᠢᠨᠡᠬᠡᠨ" (ᠪᠤᠷ᠃ ᠱᠡᠨᠡᠬᠡᠨ) ᠪᠠᠷᠠᠭᠤᠨ᠂ ᠵᠡᠭᠦᠨ ᠬᠣᠶᠠᠷ ᠰᠤᠮᠤ ᠪᠠᠶᠢᠳᠠᠭ᠃ ᠮᠥᠨ ᠢᠮᠢᠨ ᠭᠣᠣᠯ ᠍ ᠤᠨ ᠡᠷᠭᠢ ᠪᠡᠷ ᠥᠭᠡᠯᠡᠳ ᠮᠣᠩᠭᠣᠯᠴᠤᠳ ᠪᠠᠶᠢᠳᠠᠭ ᠠᠵᠡᠢ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠪᠡᠩᠬᠡ ᠥᠪᠡᠷᠲᠡᠭᠡᠨ ᠵᠠᠰᠠᠬᠤ ᠬᠣᠰᠢᠭᠤᠨ ᠤ ᠨᠤᠲᠤᠭ ᠳᠣᠣᠷᠠᠬᠢ ᠨᠢᠭᠡᠴᠡ ᠨᠦᠭᠦᠳ ᠲᠦ ᠬᠤᠪᠢᠶᠠᠭᠳᠠᠳᠠᠭ:

 • ᠪᠠᠶᠠᠩᠲᠣᠬᠣᠢ ᠪᠠᠯᠭᠠᠰᠤ
 • ᠢᠮᠢᠩ ᠢᠶᠠᠯ ᠪᠠᠯᠭᠠᠰᠤ
 • ᠬᠣᠩᠭᠣᠯᠠᠵᠤ ᠪᠠᠯᠭᠠᠰᠤ
 • ᠳᠠᠶᠢᠨ ᠠᠭᠤᠷᠬᠠᠢ ᠶᠢᠨ ᠪᠠᠯᠭᠠᠰᠤ
 • ᠪᠠᠶᠠᠨᠬᠠᠭᠠᠨ ᠰᠤᠮᠤ
 • ᠰᠢᠨᠡᠬᠡᠨ ᠪᠠᠷᠠᠭᠤᠨ ᠰᠤᠮᠤ
 • ᠰᠢᠨᠡᠬᠡᠨ ᠵᠡᠭᠦᠨ ᠰᠤᠮᠤ
 • ᠢᠮᠢᠨ ᠰᠤᠮᠤ
 • ᠬᠤᠢ ᠰᠤᠮᠤ
 • ᠪᠠᠶᠠᠩᠲᠠᠯ ᠳᠠᠭᠤᠷ ᠱᠢᠶᠠᠨ

ᠤᠭᠰᠠᠭᠠᠲᠠᠨ ᠤ ᠪᠦᠲᠦᠴᠡ (2000)[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳ ᠲᠦᠮᠡᠨ ᠲᠣᠭ᠎ᠠ ᠬᠤᠪᠢ
ᠬᠢᠲᠠᠳ ᠦᠨᠳᠦᠰᠦᠲᠡᠨ 89,780 61,15 %
ᠮᠣᠩᠭᠣᠯ ᠦᠨᠳᠦᠰᠦᠲᠡᠨ 27,517 18,74 %
ᠳᠠᠭᠤᠷ ᠶᠠᠰᠤᠲᠠᠨ 13,943 9,5 %
ᠬᠠᠮᠨᠢᠭᠠᠨ ᠶᠠᠰᠤᠲᠠᠨ 9,733 6,63 %
ᠮᠠᠨᠵᠤ ᠦᠨᠳᠦᠰᠦᠲᠡᠨ 3,775 2,57 %
ᠬᠣᠲᠣᠩ ᠬᠢᠲᠠᠳ 1,400 0,95 %
ᠰᠣᠯᠣᠩᠭᠣᠰ ᠦᠨᠳᠦᠰᠦᠲᠡᠨ 235 0,16 %
ᠣᠷᠣᠰ ᠦᠨᠳᠦᠰᠦᠲᠡᠨ 159 0,11 %
ᠰᠢᠪᠡ ᠶᠠᠰᠤᠲᠠᠨ 85 0,06 %
ᠣᠷᠴᠢᠨ ᠣᠮᠤᠭ 78 0,05 %
ᠪᠤᠰᠤᠳ 103 0,08 %

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠡᠪᠡᠩᠬᠡ ᠥᠪᠡᠷᠲᠡᠭᠡᠨ ᠵᠠᠰᠠᠬᠤ ᠬᠣᠰᠢᠭᠤ»
 1. ᠮᠣᠩᠭᠣᠯ ᠪᠢᠴᠢᠭ ᠢᠶᠡᠷ ᠪᠢᠴᠢᠭᠰᠡᠨ ᠡᠴᠡ ᠪᠠᠭᠤᠯᠭᠠᠪᠠᠯ "ᠡᠪᠡᠩᠬᠡ ᠥᠪᠡᠷᠲᠡᠭᠡᠨ ᠵᠠᠰᠠᠬᠤ ᠬᠣᠰᠢᠭᠤ", ᠣᠷᠣᠰ ᠪᠢᠴᠢᠭ ᠡᠴᠡ ᠬᠥᠷᠪᠡᠭᠦᠯᠪᠡᠯ "ᠡᠸᠧᠩᠺᠢ ᠥᠪᠡᠷᠲᠡᠭᠡᠨ ᠵᠠᠰᠠᠬᠤ ᠬᠣᠰᠢᠭᠤ", ᠥᠪᠡᠷᠰᠡᠳ ᠦᠨ ᠳᠠᠭᠤᠳᠠᠯᠭ᠎ᠠ ᠠᠴᠠ ᠨᠢ ᠦᠨᠳᠦᠰᠦᠯᠡᠪᠡᠯ ᠮᠠᠭᠠᠳ ᠦᠭᠡᠢ "ᠡᠸᠡᠩᠬᠢ ᠥᠪᠡᠷᠲᠡᠭᠡᠨ ᠵᠠᠰᠠᠬᠤ ᠬᠣᠰᠢᠭᠤ" ᠭᠡᠵᠦ ᠭᠤᠷᠪᠠᠨ ᠶᠠᠩᠵᠤ ᠪᠠᠷ ᠪᠢᠴᠢᠭᠳᠡᠵᠦ ᠪᠣᠯᠤᠨ᠎ᠠ᠃
 2. ᠬᠢᠲᠠᠳ ᠤᠨ ᠪᠦᠷᠢᠳᠭᠡᠯ ᠤᠨ ᠭᠠᠵᠠᠷ: ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤᠨ ᠬᠦᠮᠦᠨ ᠠᠮᠠ ᠶᠢᠨ ᠲᠣᠭ᠎ᠠ (2000 ᠣᠨ) (ᠬᠢᠲᠠᠳ ᠬᠡᠯᠡ ᠪᠡᠷ)

ᠪᠢᠴᠢᠭᠡᠰᠦ