ᠡᠨᠡᠳᠬᠡᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠡᠨᠡᠳᠬᠡᠭ ᠤᠯᠤᠰ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠲᠥᠷᠥ ᠶᠢᠨ ᠰᠦᠯᠳᠡ
ᠤᠷᠢᠶ᠎ᠠ: ᠳ᠋ᠢᠸᠠ ᠰᠠᠮᠭᠠᠷᠳᠢ ᠪᠠᠷ सत्यमेव जयते →
ᠰᠠᠲᠶᠤᠮᠧᠪ ᠵᠠᠶᠠᠲᠢᠢ → «ᠦᠨᠡᠨ ᠢᠯᠭᠠᠷᠠᠨ᠎ ᠠ»
ᠲᠥᠷᠥ ᠶᠢᠨ ᠳᠠᠭᠤᠯᠠᠯ ᠤᠨ ᠨᠡᠷ᠎ᠡ:
जन गण मन → ᠵᠠᠨᠠ ᠭᠠᠨᠠ ᠮᠠᠨᠤ → «ᠲᠦᠮᠡᠨ ᠦ ᠰᠡᠳᠬᠢᠯ»

ᠨᠡᠶᠢᠰᠯᠡᠯᠰᠢᠨ᠌ ᠡ ᠳ᠋ᠧᠯᠢ (250 ᠮᠢᠩᠭ᠎ᠠ)
ᠲᠣᠮᠣ ᠬᠣᠲᠠ ᠮᠤᠮᠪᠠᠢ (1250 ᠲᠦᠮᠡ)
ᠠᠯᠪᠠᠨ ᠬᠡᠯᠡ ᠬᠢᠨᠳᠢ ᠬᠡᠯᠡᠠᠩᠭᠯᠢ ᠬᠡᠯᠡ
ᠣᠯᠠᠨ ᠲᠦᠮᠡᠨ ᠡᠨᠡᠳᠬᠡᠭ ᠦᠨ ᠬᠢᠨ
ᠲᠥᠷᠥ ᠵᠠᠰᠠᠭ ᠠᠷᠠᠳᠴᠢᠯᠠᠭᠰᠠᠨ ᠳᠢᠭᠯᠢᠮᠬᠣᠯᠪᠣᠭᠠᠨ ᠤ ᠤᠯᠤᠰ᠂ ᠫᠠᠷᠯᠠᠮᠧᠨᠲ ᠤᠨ
ᠪᠦᠭᠦᠳᠡ ᠨᠠᠶᠢᠷᠠᠮᠳᠠᠬᠤ ᠵᠠᠰᠠᠭ
 -  ᠶᠡᠷᠦᠩᠬᠡᠶᠢᠯᠡᠭᠴᠢ ᠫᠠᠷᠨᠠᠪ ᠺᠦ᠋ᠮᠠᠷ ᠮᠦᠺᠧᠷᠵᠢ
 -  ᠳᠡᠳ᠋ ᠶᠡᠷᠦᠩᠬᠡᠶᠢᠯᠡᠭᠴᠢ ᠮᠣᠬᠠᠮᠠᠳᠤ ᠬᠠᠮᠢᠳ ᠠᠨᠰᠠᠷᠢ
 -  ᠶᠡᠷᠦᠩᠬᠡᠢ ᠰᠠᠶᠢᠳ ᠮᠠᠮᠣᠬᠣᠨ ᠰᠢᠩᠭᠬ
ᠤᠯᠤᠰ ᠤᠨ ᠬᠤᠷᠠᠯ «ᠡᠨᠡᠳᠬᠡᠭ ᠤᠯᠤᠰ ᠤᠨ ᠬᠤᠷᠠᠯ»
← ᠫᠠᠷᠠᠳᠦᠺᠢ ᠰᠠᠨᠢᠰᠲᠤ
 -  ᠳᠡᠭᠡᠳᠦ ᠲᠠᠩᠬᠢᠮ «ᠤᠯᠤᠰ ᠤᠨ ᠴᠢᠭᠤᠯᠭᠠᠨ» ᠷᠠᠨᠵᠧ ᠰᠠᠪᠬᠠ
ᠶᠡᠬᠡ ᠪᠷᠢᠲ᠋ᠠᠨ(ᠠᠩᠭᠯᠢ ) ᠡᠴᠡ ᠲᠤᠰᠠᠭᠠᠷ ᠲᠣᠭᠲᠠᠨᠢᠭᠰᠠᠨ ᠲᠡᠦᠬᠡ
 -  1947-08-15 ᠲᠤᠰᠠᠭᠠᠷ ᠲᠣᠭᠲᠠᠨᠢᠭᠰᠠᠨ 
 -  1950-01-26 ᠪᠦᠭᠦᠳᠡ ᠨᠠᠶᠢᠷᠠᠮᠳᠠᠬᠤ ᠤᠯᠤᠰ ᠍ ᠪᠠᠨ ᠲᠤᠩᠬᠠᠭᠯᠠᠭᠰᠠᠨ 
ᠨᠤᠲᠤᠭ ᠳᠡᠪᠢᠰᠬᠡᠷ
 -  ᠪᠦᠬᠦ ᠲᠠᠯᠠᠪᠠᠢ 3,287,263 km2 (7)
 -  ᠭᠠᠳᠠᠷᠭᠤ ᠶᠢᠨ ᠤᠰᠤ (%) 9.56
ᠬᠦᠮᠦᠨ ᠠᠮᠠ
 -  ᠲᠣᠭᠠᠴᠠᠭ᠎ᠠ (2011) 1,210,193,422 (2)
 -  ᠨᠢᠭᠲᠠᠴᠠ ᠰᠡᠶᠢᠷᠡᠭ 366.2 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $4.469 ᠶᠡᠬᠡ ᠨᠠᠶᠤᠳ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 3  ᠳᠦ
 -  ᠨᠢᠭᠡ ᠬᠦᠨᠳᠦ $3,703 
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $1.843 ᠶᠡᠬᠡ ᠨᠠᠶᠤᠳ  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ10 ᠳᠦ
Gini (2004) 36.8 (79)
ᠬᠡᠦᠬᠡᠳ ᠦᠨ ᠬᠥᠭᠵᠢᠯ ᠦᠨ ᠢᠨᠳᠧᠺᠰ (2011) 0.547[1] (ᠳᠤᠮᠳᠠᠴᠢ) (134)
ᠮᠥᠩᠭᠥᠨ ᠦ ᠨᠢᠭᠡᠴᠡ ᠡᠨᠡᠳᠬᠡᠭ ᠷᠦᠢ (ᠡᠨᠡᠳᠬᠡᠭ ᠷᠦᠶᠢᠢ ₹) (INR)
ᠴᠠᠭ ᠤᠨ ᠪᠥᠰᠡ +05:30
ᠵᠠᠮ ᠤᠨ ᠬᠥᠳᠡᠯᠭᠡᠭᠡᠨ ᠵᠡᠭᠦᠨ
ᠳ᠋ᠦᠮᠠᠢᠨ ᠤ ᠨᠡᠷ᠎ᠡ .in
ᠤᠲᠠᠰᠤᠨ ᠤ ᠲᠣᠮᠢᠶ᠎ᠠ 91

ᠪᠦᠭᠦᠳᠡ ᠨᠠᠶᠢᠷᠠᠮᠳᠠᠬᠤ ᠡᠨᠡᠳᠬᠡᠭ ᠤᠯᠤᠰ (ᠡᠨᠡᠳᠬᠡᠭ ᠶᠢᠡᠷ भारत गणराज्य᠂ ᠬᠢᠲᠠᠳ ᠶᠢᠡᠷ 印度共和国᠂ ᠠᠩᠭᠯᠢ ᠶᠢᠡᠷ Republic of India ) ᠪᠤᠶᠤ ᠡᠨᠡᠳᠬᠡᠭ ᠪᠣᠯ ᠡᠮᠦᠨᠡᠲᠦ ᠠᠽᠢᠶ᠎ᠠ ᠍ ᠶᠢᠨ ᠡᠨᠡᠳᠬᠡᠭ ᠦᠨ ᠬᠣᠶᠢᠭ ᠲᠤ ᠤᠷᠤᠰᠢᠬᠤ ᠪᠦᠷᠢᠨ ᠡᠷᠬᠡᠲᠦ ᠤᠯᠤᠰ ᠶᠤᠮ᠃ ᠮᠥᠨ ᠳᠡᠯᠡᠬᠡᠢ ᠶᠢᠨ ᠳᠣᠯᠣᠳᠤᠭᠠᠷ ᠲᠣᠮᠣ ᠭᠠᠵᠠᠷ ᠨᠤᠲᠤᠭ ᠲᠠᠢ ᠣᠷᠣᠨ᠂ ᠬᠣᠶᠠᠳᠤᠭᠠᠷ ᠣᠯᠠᠨ ᠬᠦᠮᠦᠨ ᠠᠮᠠ ᠲᠠᠢ᠂ ᠳᠥᠷᠪᠡᠳᠦᠭᠡᠷ ᠶᠡᠬᠡ ᠡᠳ᠋ ᠍ ᠦᠨ ᠵᠠᠰᠠᠭ ᠲᠠᠢ ᠭᠦᠷᠦᠨ ᠭᠡᠭᠳᠡᠨ᠎ᠡ᠃ ᠫᠠᠺᠢᠰᠲ᠋ᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰᠪᠠᠯᠪᠠᠪᠤᠲᠤᠩᠪᠧᠩᠭᠠᠯᠮᠢᠶᠠᠭ᠍ᠮᠠᠷ ᠵᠢᠷᠭᠤᠭᠠᠨ ᠤᠯᠤᠰ ᠣᠷᠣᠨ ᠲᠠᠢ ᠡᠬᠡ ᠭᠠᠵᠠᠷ ᠢᠶᠠᠷ ᠬᠢᠯᠢᠯᠡᠵᠤ᠂ ᠡᠨᠡᠳᠬᠡᠭ ᠦᠨ ᠳᠠᠯᠠᠢ ᠪᠠᠷ ᠬᠦᠷᠢᠶᠡᠯᠡᠭᠳᠡᠨ ᠣᠷᠣᠰᠢᠳᠠᠭ᠃ ᠪᠠᠰᠠ ᠡᠨᠡᠳᠬᠡᠭ ᠦᠨ ᠳᠠᠯᠠᠢ ᠳᠤ ᠮᠠᠯᠳᠢᠪᠰᠷᠢᠯᠠᠩᠺᠠᠢᠨᠳᠦᠨᠧᠰᠢᠶ ᠠ ᠵᠡᠷᠭᠡ ᠭᠤᠷᠪᠠᠨ ᠤᠯᠤᠰ ᠲᠠᠢ ᠤᠰᠤ ᠪᠠᠷ ᠬᠢᠯᠢᠯᠡᠳᠡᠭ ᠪᠦᠭᠡᠳ ᠫᠠᠺᠢᠰᠲ᠋ᠠᠨ ᠤ ᠬᠢᠨᠠᠵᠤ ᠪᠠᠶᠢᠳᠠᠭ ᠨᠤᠲᠤᠭ ᠢ ᠵᠠᠮᠮᠤ-ᠺᠠᠰᠮᠢᠷ ᠮᠤᠵᠢ ᠶᠢᠨ ᠬᠢ ᠭᠡᠵᠦ ᠵᠢᠳᠬᠦᠳᠡᠭ ᠢᠶᠡᠷ ᠪᠤᠳᠤᠪᠠᠯ ᠠᠹᠬᠠᠨᠢᠰᠲ᠋ᠠᠨ ᠲᠠᠢ ᠪᠠᠰᠠ ᠬᠢᠯᠢᠯᠡᠨ᠎ᠡ[2]

ᠡᠨᠡᠳᠬᠡᠭ ᠦᠨ ᠬᠣᠶᠢᠭ᠂ ᠡᠨᠡᠳᠬᠡᠭ ᠣᠷᠣᠨ ᠪᠣᠯ ᠢᠨᠳᠢ ᠶᠢᠨ ᠰᠤᠶᠤᠯ ᠢᠷᠭᠡᠨᠰᠢᠯ ᠪᠣᠯᠤᠨ ᠪᠤᠰᠤᠳ ᠡᠷᠲᠡᠨ ᠦ ᠰᠤᠶᠤᠯ ᠢᠷᠭᠡᠨᠰᠢᠯ ᠡᠭᠦᠰᠦᠨ ᠴᠡᠴᠡᠭᠯᠡᠭᠰᠡᠨ ᠥᠯᠥᠭᠡᠢ ᠨᠤᠲᠤᠭ ᠪᠥᠭᠡᠳ ᠲᠡᠦᠬᠡ ᠶᠢᠨ ᠶᠡᠬᠡᠩᠬᠢ ᠦᠶ᠎ᠡ ᠳᠦ ᠬᠤᠳᠠᠯᠳᠤᠭᠠᠨ ᠤ ᠵᠠᠮ ᠍ ᠤᠨ ᠵᠠᠩᠭᠢᠯᠠᠭ᠎ᠠ ᠪᠣᠯᠵᠤ᠂ ᠰᠠᠭᠤᠷᠢᠨ ᠢᠷᠭᠡᠨᠰᠢᠯ᠂ ᠰᠤᠶᠤᠯ᠂ ᠱᠠᠰᠢᠨ ᠴᠡᠴᠡᠭᠯᠡᠨ ᠬᠥᠭᠵᠢᠵᠦ ᠪᠠᠶᠢᠵᠠᠢ[3]᠃ᠡᠨᠡᠳᠬᠡᠭ ᠲᠦ ᠬᠢᠨᠳᠦᠪᠤᠳ᠋ᠳ᠋ᠾᠠᠰᠢᠺᠠᠬᠢᠵᠠᠶᠢᠨᠢᠰᠮ ᠵᠡᠷᠭᠡ ᠳᠥᠷᠪᠡᠨ ᠱᠠᠰᠢᠨ ᠡᠭᠦᠰᠴᠦ ᠬᠥᠭᠵᠢᠵᠦ ᠪᠠᠶᠢᠪᠠ᠃

18 ᠍ ᠳᠦᠭᠡᠷ ᠵᠠᠭᠤᠨ ᠤ ᠡᠬᠢᠨ ᠡᠴᠡ 20 ᠍ ᠳᠦᠭᠡᠷ ᠵᠠᠭᠤᠨ ᠤ ᠳᠤᠮᠳᠠ ᠦᠶ᠎ᠡ ᠬᠦᠷᠲᠡᠯ᠎ᠡ ᠠᠯᠬᠤᠮ ᠠᠯᠬᠤᠮ ᠢᠶᠠᠷ ᠪᠷᠢᠲ᠋ᠠᠨ(ᠠᠩᠭᠯᠢ ) ᠤ ᠺᠣᠯᠣᠨᠢ ᠣᠷᠣᠨ ᠪᠣᠯᠤᠭᠰᠠᠭᠠᠷ ᠯᠠ ᠪᠠᠶᠢᠭᠰᠠᠨ᠃ 1947 ᠣᠨ ᠳᠤ ᠲᠤᠰᠠᠭᠠᠷ ᠲᠣᠭᠲᠠᠨᠢᠭᠰᠠᠨ ᠤ ᠳᠠᠷᠠᠭ᠎ᠠ ᠡᠳ᠋ ᠍ ᠦᠨ ᠵᠠᠰᠠᠭ᠂ ᠴᠡᠷᠢᠭ ᠦᠨ ᠬᠦᠴᠦᠨ ᠮᠠᠰᠢ ᠠᠬᠢᠴᠠ ᠲᠠᠢ ᠪᠠᠷ ᠬᠥᠭᠵᠢᠭᠰᠡᠨ ᠪᠠᠶᠢᠨ᠎ ᠠ᠃ ᠣᠳᠣ ᠨᠡᠷᠡᠯᠡᠭᠰᠡᠨ ᠦᠨ᠎ᠡ ᠪᠡᠷ ᠳᠡᠯᠡᠬᠡᠢ ᠶᠢᠨ 12 ᠍ ᠳᠦᠭᠡᠷ᠂ ᠬᠤᠳᠠᠯᠳᠤᠨ ᠠᠪᠬᠤ ᠴᠢᠳᠠᠪᠤᠷᠢ ᠪᠠᠷ ᠳᠡᠯᠡᠬᠡᠢ ᠶᠢᠨ 4 ᠍ ᠳᠦᠭᠡᠷ ᠶᠡᠬᠡ ᠵᠢᠯ ᠦᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠲᠡᠢ ᠤᠯᠤᠰ ᠪᠣᠯᠵᠠᠢ᠃ ᠭᠡᠬᠦ ᠳᠦ ᠪᠡᠨ ᠠᠷᠪᠠᠨ ᠳ᠋ᠤᠩᠰᠢᠭᠤᠷ ᠢᠯᠡᠭᠦᠦ ᠬᠦᠮᠦᠨ ᠲᠡᠢ  ᠤᠴᠢᠷ ᠡᠴᠡ ᠶᠠᠳᠠᠭᠤᠷᠠᠯᠪᠢᠴᠢᠭ ᠦᠰᠦᠭ ᠤᠨ ᠲᠠᠶᠢᠯᠤᠭᠳᠠᠯ ᠍ ᠤᠨ ᠬᠤᠪᠢ ᠳᠣᠣᠭᠤᠷ ᠵᠡᠷᠭᠡ ᠪᠠᠭᠤᠷᠠᠢ ᠲᠠᠯ ᠠ ᠤᠳ ᠲᠠᠢ ᠪᠠᠶᠢᠭᠰᠠᠭᠠᠷ ᠪᠠᠶᠢᠨ᠎ ᠠ[4]

ᠨᠡᠷ᠎ᠡ ᠶᠢᠨ ᠭᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠫᠧᠷᠰ ᠬᠡᠯᠡ ᠤ ᠬᠢᠨᠳᠤ ("ᠢᠨᠳᠠ ᠶᠢᠨ ᠣᠷᠣᠨ"᠂ ᠦᠶ᠎ᠡ ᠪᠡᠷ ᠵᠠᠳᠠᠯᠪᠠᠯ "ᠢᠩᠳᠦ ᠮᠥᠷᠡᠨ+ᠣᠷᠣᠨ") ᠭᠡᠳᠡᠭ ᠡᠴᠡ ᠰᠣᠭᠳᠠ᠂ ᠤᠶᠢᠭᠤᠷ ᠬᠡᠯᠡ ᠪᠡᠷ ᠳᠠᠮᠵᠢᠨ ᠮᠣᠩᠭᠣᠯ ᠬᠡᠯᠡᠨ ᠳᠦ ᠡᠨᠡᠳᠬᠡᠭ ᠬᠡᠮᠡᠨ ᠨᠡᠷᠡᠯᠡᠭᠳᠡᠵᠡᠢ᠃ ᠥᠷᠥᠨᠡᠲᠦ ᠳᠤ ᠳᠡᠯᠭᠡᠷᠡᠭᠰᠡᠨ ᠢᠨᠳᠢᠶᠠᠢᠨᠳᠢᠶ᠎ᠠ ᠭᠡᠳᠡᠭ ᠨᠢ ᠮᠥᠨ ᠠᠳᠠᠯᠢ ᠬᠢᠨᠳᠤ ᠭᠡᠳᠡᠭ ᠡᠴᠡ ᠡᠭᠦᠰᠦᠭᠰᠡᠨ ᠶᠤᠮ᠃ ᠮᠣᠩᠭᠣᠯᠴᠤᠳ ᠪᠠᠰᠠ ᠵᠠᠭᠠᠷ ᠤᠨ ᠣᠷᠣᠨ ᠭᠡᠵᠦ ᠨᠡᠷᠡᠯᠡᠳᠡᠭ᠃ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡᠳᠬᠡᠭ ᠤᠯᠤᠰ ᠨᠢ ᠥᠨᠢ ᠡᠷᠲᠡᠨ ᠦ ᠰᠤᠶᠤᠯ ᠢᠷᠭᠡᠨᠰᠢᠯ ᠦᠳ ᠦᠨ ᠲᠥᠷᠥᠯᠬᠢ ᠡᠬᠡ ᠣᠷᠣᠨ ᠨᠢ ᠪᠣᠯᠳᠠᠭ ᠪᠥᠭᠡᠳ ᠴᠤᠬᠤᠮ ᠬᠦ ᠡᠨᠡ ᠤᠯᠤᠰ ᠲᠤ ᠬᠢᠨᠳᠤ ᠱᠠᠰᠢᠨᠪᠤᠳ᠋ᠳ᠋ᠾᠠ ᠶᠢᠨ ᠱᠠᠰᠢᠨᠰᠢᠺᠠᠬᠢᠵᠠᠶᠢᠨᠢᠰᠮ ᠵᠡᠷᠭᠡ ᠱᠠᠰᠢᠨ ᠨᠤᠭᠤᠳ ᠪᠤᠢ ᠪᠣᠯᠵᠠᠢ᠃ ᠮᠠᠳᠢᠬᠢᠶ᠎ᠠ-ᠫᠠᠷᠳᠧᠱ ᠨᠤᠲᠤᠭ ᠲᠤ ᠪᠠᠶᠢᠬᠤ ᠴᠢᠯᠠᠭᠤᠨ ᠵᠡᠪᠰᠡᠭ ᠦᠨ ᠦᠶ᠎ᠡ ᠶᠢᠨ ᠬᠠᠨᠠᠨ ᠳᠡᠭᠡᠷᠡᠬᠢ ᠵᠢᠷᠤᠭ ᠡᠷᠲᠡᠨ ᠦ ᠡᠨᠡᠳᠬᠡᠭ ᠲᠦ ᠬᠦᠮᠦᠨ ᠠᠮᠢᠳᠤᠷᠠᠵᠤ ᠪᠠᠶᠢᠭᠰᠠᠨ ᠤᠯᠠ ᠮᠥᠷ ᠪᠣᠯᠳᠠᠭ᠃ 9000 ᠵᠢᠯ ᠦᠨ ᠲᠡᠷᠲᠡᠭᠡ ᠳᠦ ᠠᠩᠬᠠᠨ ᠤ ᠪᠠᠶᠢᠩᠭᠤ ᠶᠢᠨ ᠰᠠᠭᠤᠭᠴᠢᠳ ᠪᠤᠢ ᠪᠣᠯᠵᠤ ᠢᠩ ᠳᠦ ᠭᠣᠣᠯ ᠤᠨ ᠬᠥᠪᠡᠭᠡᠨ ᠢᠶᠡᠨ ᠬᠣᠵᠢᠮ ᠤᠨ ᠰᠤᠶᠤᠯ ᠢᠷᠭᠡᠨᠰᠢᠯ ᠳᠦ ᠭᠦᠷᠦᠨ ᠦ ᠰᠠᠭᠤᠷᠢ ᠶᠢ ᠲᠠᠯᠪᠢᠵᠠᠢ᠃


ᠮᠠᠨ ᠤ ᠡᠷᠡᠨ ᠦ ᠡᠮᠦᠨᠡᠬᠢ 500 ᠣᠨ ᠳᠤ ᠡᠨᠡᠳᠬᠡᠭ ᠦᠨ ᠨᠤᠲᠤᠭ ᠳᠡᠪᠢᠰᠬᠡᠷ ᠳᠡᠭᠡᠷ᠎ᠡ ᠣᠯᠠᠨ ᠰᠠᠯᠤᠩᠭᠢ ᠬᠠᠭᠠᠳᠤ ᠤᠯᠤᠰ ᠤᠳ ᠪᠠᠶᠢᠭᠰᠠᠨ ᠪᠠ ᠪᠤᠳ᠋ᠳ᠋ᠾᠠ ᠶᠢᠨ ᠬᠠᠭᠠᠨ ᠠᠱᠣᠺ ᠤᠨ ᠤᠳᠤᠷᠢᠳᠥᠵᠤ ᠪᠠᠶᠢᠭᠰᠠᠨ ᠮᠠᠦ᠋ᠷᠢᠶ᠎ᠠ ᠤᠯᠤᠰ ᠡᠨᠡᠳᠬᠡᠭ ᠦᠨ ᠰᠤᠶᠤᠯ ᠤᠨ ᠬᠥᠭᠵᠢᠯ ᠳᠤ ᠶᠡᠬᠡᠬᠡᠨ ᠬᠤᠪᠢ ᠨᠡᠮᠡᠷᠢ ᠣᠷᠣᠭᠤᠯᠤᠭᠰᠠᠨ ᠭᠡᠳᠡᠭ᠃ ᠮᠠᠨ ᠤ ᠡᠷᠡᠨ ᠦ ᠡᠮᠦᠨ᠎ᠡ 180 ᠣᠨ ᠠᠴᠠ ᠡᠨᠡᠳᠬᠡᠭ ᠤᠯᠤᠰ ᠲᠥᠪ ᠠᠽᠢᠶ᠎ᠠ ᠶᠢᠨ ᠵᠦᠭ ᠡᠴᠡ ᠢᠷᠡᠬᠦ ᠬᠠᠯᠳᠠᠯᠭᠠᠨ ᠳᠤ ᠥᠷᠲᠥᠵᠦ ᠢᠩᠳᠦ-ᠭᠷᠧᠺ᠂ ᠢᠩᠳᠦ-ᠰᠺᠢᠹ᠂ ᠢᠩᠳᠦ-ᠫᠠᠷᠹᠢᠩ᠂ ᠺᠰᠢᠨ ᠦ ᠸᠠᠩᠲᠤ ᠤᠯᠤᠰ ᠬᠡᠮᠡᠬᠦ ᠤᠯᠤᠰ ᠤᠳ ᠢ ᠥᠪᠡᠷ ᠦᠨ ᠨᠤᠲᠤᠭ ᠳᠡᠪᠢᠰᠬᠡᠷ ᠳᠡᠭᠡᠷ᠎ᠡ ᠪᠠᠶᠢᠭᠤᠯᠬᠤ ᠠᠴᠠ ᠥᠭᠡᠷ᠎ᠡ ᠠᠷᠭ᠎ᠠ ᠦᠭᠡᠢ ᠳᠦ ᠬᠦᠷᠴᠡᠢ᠃ 3 ᠍ ᠳᠦᠭᠡᠷ ᠵᠠᠭᠤᠨ ᠤ ᠦᠶᠡᠰ ᠭᠦᠶᠢᠲ ᠤᠨ ᠤᠯᠤᠰ ᠨᠣᠶᠠᠷᠬᠠᠵᠤ ᠡᠬᠢᠯᠡᠭᠰᠡᠨ ᠪᠠ ᠡᠨᠡ ᠦᠶ᠎ᠡ ᠶᠢ ᠲᠡᠦᠬᠡᠨ ᠳᠦ ᠡᠷᠲᠡᠨ ᠦ ᠡᠨᠡᠳᠬᠡᠭ ᠦᠨ ᠠᠯᠲᠠᠨ ᠦᠶ᠎ᠡ ᠭᠡᠵᠦ ᠨᠡᠷᠡᠯᠡᠳᠡᠭ᠃

ᠨᠤᠲᠤᠭ ᠤᠨ ᠡᠮᠦᠨᠡᠲᠦ ᠬᠡᠰᠡᠭ ᠢ ᠮᠥᠨ ᠴᠢᠯᠤᠶᠢᠶ᠎ᠠ᠂ ᠴᠧᠷᠠ᠂ ᠴᠢᠯ᠂ ᠺᠠᠳᠠᠮᠪᠠ᠂ ᠫᠠᠯᠯᠠᠪᠠ᠂ ᠫᠠᠨᠳᠡᠶᠠ ᠬᠡᠮᠡᠬᠦ ᠤᠯᠤᠰ ᠤᠳ ᠡᠵᠡᠩᠨᠡᠵᠦ ᠪᠠᠶᠢᠭᠰᠠᠨ ᠪᠠ ᠡᠳᠡᠭᠡᠷ ᠤᠯᠤᠰ ᠤᠳ ᠤᠨ ᠠᠴᠢ ᠪᠠᠷ ᠡᠨᠡᠳᠬᠡᠭ ᠣᠷᠣᠨ ᠳᠤ ᠰᠢᠨᠵᠢᠯᠡᠬᠦ ᠤᠬᠠᠭᠠᠨᠰᠤᠶᠤᠯ ᠤᠷᠠᠯᠢᠭᠤᠳᠬ᠎ᠠ ᠵᠣᠬᠢᠶᠠᠯᠲᠣᠭᠠᠨ ᠤ ᠣᠬᠠᠭᠠᠨᠣᠳᠣᠨ ᠣᠷᠣᠨ ᠤ ᠰᠤᠳᠤᠯᠤᠯ᠂ ᠱᠠᠰᠢᠨᠭᠦᠨ ᠤᠬᠠᠭᠠᠨ ᠵᠡᠷᠭᠡ ᠨᠢ ᠬᠥᠭᠵᠢᠵᠦ ᠡᠬᠢᠯᠡᠭᠰᠡᠨ ᠭᠡᠳᠡᠭ᠃

1500 ᠍ ᠊ᠭᠠᠳ ᠣᠨ ᠤ ᠦᠶᠡᠰ ᠫᠣᠷᠲ᠋ᠤᠭᠠᠯᠬᠣᠯᠠᠨᠳ᠋ᠹᠷᠠᠨᠼᠢᠪᠷᠢᠲ᠋ᠠᠨ(ᠠᠩᠭᠯᠢ) ᠵᠡᠷᠭᠡ ᠧᠦ᠋ᠷᠣᠫᠠ ᠶᠢᠨ ᠬᠡᠳᠦ ᠬᠡᠳᠦᠨ ᠣᠷᠣᠨ ᠡᠨᠡᠳᠬᠡᠭ ᠲᠡᠢ ᠬᠤᠳᠠᠯᠳᠤᠭ᠎ᠠ ᠮᠠᠶᠢᠮᠠᠢ ᠬᠢᠬᠦ ᠰᠣᠨᠢᠷᠬᠠᠯ ᠲᠠᠢ ᠪᠣᠯᠵᠤ ᠲᠠᠷᠬᠠᠢ ᠪᠤᠲᠠᠷᠬᠠᠢ ᠵᠢᠵᠢᠭ ᠤᠯᠤᠰ ᠤᠳ ᠢ ᠨᠢ ᠪᠤᠯᠢᠶᠠᠨ ᠡᠵᠡᠯᠡᠵᠦ ᠥᠪᠡᠷ ᠦᠨ ᠺᠣᠯᠣᠨᠢ ᠍ᠤᠷᠤᠨ ᠢ ᠲᠣᠭᠲᠠᠭᠠᠬᠤ ᠶᠢᠨ ᠲᠥᠯᠥᠭᠡ ᠲᠡᠮᠡᠴᠡᠵᠦ ᠡᠬᠢᠯᠡᠭᠰᠡᠨ ᠡᠴᠡ ᠪᠷᠢᠲ᠋ᠠᠨ ᠦ ᠡᠵᠡᠨᠲᠦ ᠭᠦᠷᠦᠨ ᠬᠠᠮᠤᠭ ᠤᠨ ᠬᠦᠴᠦᠲᠡᠢ ᠨᠢ ᠪᠠᠶᠢᠵᠤ ᠡᠨᠡᠳᠬᠡᠭ ᠤᠯᠤᠰ ᠢ ᠥᠪᠡᠷ ᠦᠨ ᠺᠣᠯᠣᠨᠢ ᠤᠯᠤᠰ ᠪᠣᠯᠭᠠᠵᠤ ᠴᠢᠳᠠᠭᠰᠠᠨ ᠪᠠᠶᠢᠨ᠎ᠠ᠃

1857 ᠣᠨ ᠳᠤ ᠪᠷᠢᠲ᠋ᠠᠨ ᠦ ᠣᠰᠲᠤ-ᠢᠨᠳᠢ ᠶᠢᠨ ᠴᠡᠷᠢᠭ ᠳᠠᠶᠢᠴᠢᠳ ᠤᠨ ᠡᠰᠡᠷᠬᠦ ᠲᠤᠰᠠᠭᠠᠷ ᠲᠣᠭᠲᠠᠨᠢᠯ ᠤᠨ ᠢᠶᠠᠨ ᠲᠥᠯᠥᠭᠡ ᠠᠩᠬ᠎ᠠ ᠤᠳᠠᠭ᠎ᠠ ᠡᠨᠡᠳᠬᠡᠭᠴᠤᠳ ᠪᠣᠰᠴᠠᠢ᠃ ᠡᠨᠡ ᠪᠣᠰᠤᠯᠭ᠎ᠠ ᠶᠢ ᠲᠡᠦᠬᠡᠨ ᠳᠦ ᠪᠡᠨ ᠲᠤᠰᠠᠭᠠᠷ ᠲᠣᠭᠠᠲᠠᠨᠢᠯ ᠤᠨ ᠲᠥᠯᠦᠭᠡᠨ ᠤ ᠠᠩᠬᠠᠨ ᠤ ᠳᠠᠶᠢᠨ ᠭᠡᠵᠦ ᠨᠡᠷᠡᠯᠡᠳᠡᠭ᠃ ᠭᠡᠰᠡᠨ ᠴᠤ ᠪᠷᠢᠲ᠋ᠠᠨ ᠦ ᠡᠵᠡᠨᠲᠦ ᠭᠦᠷᠦᠨ ᠪᠣᠰᠤᠯᠭ᠎ᠠ ᠶᠢ ᠲᠠᠰᠤᠯᠤᠨ ᠵᠣᠭᠰᠣᠭᠠᠭᠰᠠᠨ ᠪᠥᠭᠡᠳ ᠡᠨᠡᠳᠬᠡᠭ ᠦᠨ ᠪᠦᠬᠦ ᠨᠤᠲᠤᠭ ᠳᠡᠪᠢᠰᠬᠡᠷ ᠳᠡᠭᠡᠷᠡᠬᠢ ᠺᠣᠯᠣᠨᠢ ᠶᠢᠨ ᠬᠢᠨᠠᠯᠲᠠ ᠪᠠᠨ ᠴᠢᠩᠭᠠᠳᠬᠠᠭᠰᠠᠨ ᠪᠠᠶᠢᠨ᠎ᠠ᠃

ᠡᠭᠦᠨ ᠡᠴᠡ ᠬᠣᠶᠢᠰᠢ 20 ᠍ ᠳᠦᠭᠠᠷ ᠵᠠᠭᠤᠨ ᠤ ᠡᠬᠢ ᠪᠡᠷ ᠡᠨᠡᠳᠬᠡᠭᠴᠦᠳ ᠲᠤᠰᠠᠭᠠᠷ ᠲᠣᠭᠲᠠᠨᠢᠯ ᠤᠨ ᠢᠶᠠᠨ ᠲᠥᠯᠥᠭᠡ ᠮᠢᠲᠠᠷᠠᠰᠢ ᠦᠭᠡᠢ ᠲᠡᠮᠡᠴᠡᠵᠦ ᠡᠬᠢᠯᠡᠭᠰᠡᠨ ᠪᠠ ᠮᠢᠬᠠᠳᠠᠮᠠ ᠭᠠᠨᠳᠢ ᠢᠢᠨ (ᠲᠡᠭᠦᠨ ᠢ ᠠᠯᠪᠠᠨ ᠶᠣᠰᠣᠭᠠᠷ ᠣᠷᠴᠢᠨ ᠦᠶ᠎ᠡ ᠶᠢᠨ ᠡᠨᠡᠳᠬᠡᠭ ᠦᠨ ᠡᠴᠢᠭᠡ ᠬᠡᠮᠡᠳᠡᠭ) ᠤᠳᠤᠷᠢᠳᠤᠭᠰᠠᠨ ᠬᠥᠳᠡᠯᠭᠡᠭᠡᠨ 1947 ᠣᠨ ᠤ 8 ᠰᠠᠷ᠎ᠠ ᠶᠢᠨ 15 ᠍ ᠳᠦ ᠢᠯᠠᠯᠲᠠ ᠪᠠᠶᠢᠭᠤᠯᠵᠤ ᠡᠨᠡᠳᠬᠡᠭ ᠤᠯᠤᠰ ᠪᠦᠷᠢᠨ ᠡᠷᠬᠡᠲᠦ ᠲᠤᠰᠠᠭᠠᠷ ᠲᠣᠭᠲᠠᠨᠢᠯ ᠢᠶᠠᠨ ᠣᠯᠵᠤ ᠠᠪᠤᠭᠰᠠᠨ ᠪᠥᠭᠡᠳ ᠺᠣᠯᠣᠨᠢ ᠶᠢ ᠲᠠᠯᠪᠢᠬᠤ ᠬᠠᠤᠯᠢ ᠶᠢᠨ ᠳᠠᠭᠠᠤ ᠡᠨᠡᠳᠬᠡᠭ ᠨᠢ ᠱᠠᠰᠢᠨ ᠤ ᠦᠵᠡᠯ ᠰᠤᠷᠲᠠᠯ ᠢᠶᠠᠷ ᠢᠶᠠᠨ ᠡᠨᠡᠳᠬᠡᠭ ᠪᠠ ᠫᠠᠺᠢᠰᠲ᠋ᠠᠨ ᠭᠡᠰᠡᠨ 2 ᠬᠡᠰᠡᠭ ᠲᠦ ᠬᠤᠪᠢᠶᠠᠭᠳᠠᠭᠰᠠᠨ ᠶᠤᠮ᠃ ᠡᠶᠢᠨᠬᠦᠦ ᠱᠠᠰᠢᠨ ᠤ ᠦᠵᠡᠯ ᠪᠣᠳᠣᠯ ᠢᠶᠠᠷ ᠢᠶᠠᠨ 2 ᠬᠡᠰᠡᠭ ᠪᠣᠯᠤᠭᠰᠠᠨ ᠤᠯᠤᠰ ᠤᠳ ᠤᠨ ᠬᠣᠭᠣᠷᠣᠨᠳᠣ ᠣᠯᠠᠨ ᠠᠷᠪᠠᠨ ᠵᠢᠯ ᠦᠨ ᠲᠤᠷᠰᠢᠳᠠ ᠴᠢᠰᠤᠲᠤ ᠲᠤᠯᠤᠭᠠᠨ ᠶᠠᠪᠤᠭᠳᠠᠵᠤ ᠪᠠᠶᠢᠵᠠᠢ᠃

1950 ᠣᠨ ᠤ 1 ᠰᠠᠷ᠎ᠠ ᠶᠢᠨ 25 ᠍ ᠳᠦ ᠡᠨᠡᠳᠬᠡᠭ ᠤᠯᠤᠰ ᠦᠨᠳᠦᠰᠦᠨ ᠬᠠᠤᠯᠢ ᠪᠠᠨ ᠪᠠᠲᠤᠯᠠᠵᠤ ᠫᠠᠷᠯᠠᠮᠧᠨᠲ ᠪᠦᠬᠦᠢ ᠡᠨᠡᠳᠬᠡᠭ ᠤᠯᠤᠰ ᠢ ᠪᠠᠶᠢᠭᠤᠯᠤᠭᠰᠠᠨ ᠶᠤᠮ᠃

20 ᠍ ᠳᠦᠭᠡᠷ ᠵᠠᠭᠤᠨ ᠤ 2 ᠍  ᠳᠤᠭᠠᠷ ᠬᠠᠭᠠᠰ ᠲᠤ ᠬᠥᠷᠰᠢ ᠵᠡᠷᠭᠡᠯᠡᠳᠡᠭᠡ ᠣᠷᠣᠨ ᠨᠤᠭᠤᠳ ᠲᠠᠢ ᠬᠢᠯᠢ ᠲᠣᠭᠣᠷᠢᠭᠰᠠᠨ ᠪᠠᠶᠢᠩᠭᠤ ᠶᠢᠨ ᠮᠠᠷᠭᠤᠭᠠᠨ ᠲᠤ ᠲᠤᠯᠭᠠᠷᠴᠤ ᠡᠬᠢᠯᠡᠭᠰᠡᠨ ᠪᠠᠶᠢᠨ᠎ᠠ᠃ ᠡᠭᠦᠨ ᠳᠤ ᠫᠠᠺᠢᠰᠲ᠋ᠠᠨ ᠤᠯᠤᠰ ᠲᠠᠢ 1947᠂ 1965᠂ 1971 ᠣᠨ ᠳᠤ ᠲᠤᠰ ᠲᠤᠰ ᠳᠠᠶᠢᠲᠤᠵᠤ ᠪᠠᠶᠢᠵᠠᠢ᠃

ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠨ᠌ ᠡ ᠳ᠋ᠧᠯᠢ ᠳᠤ ᠵᠠᠰᠠᠭ ᠤᠨ ᠭᠠᠵᠠᠷ ᠤᠨ ᠴᠢᠬᠤᠯᠠ ᠰᠠᠯᠪᠣᠷᠢ ᠪᠠᠶᠢᠷᠢᠯᠠᠳᠠᠭ᠃

ᠤᠯᠤᠰ ᠲᠥᠷᠥ ᠶᠢᠨ ᠲᠤᠬᠠᠢ ᠡᠨᠡᠳᠬᠡᠭ ᠦᠨ ᠦᠨᠳᠦᠰᠦᠨ ᠦ ᠤᠯᠤᠰ ᠤᠨ ᠬᠤᠷᠠᠯ ᠳᠤ ᠨᠠᠮ ᠭᠣᠣᠯᠯᠠᠬᠤ ᠡᠭᠦᠷᠭᠡ ᠶᠢ ᠭᠦᠢᠴᠡᠳᠭᠡᠬᠦ ᠪᠥᠭᠡᠳ ᠡᠨᠡ ᠨᠠᠮ ᠤᠨ ᠲᠦᠷᠦᠭᠦᠴᠦᠳ ᠨᠢ ᠡᠨᠡᠳᠬᠡᠭ ᠤᠯᠤᠰ ᠲᠤᠰᠠᠭᠠᠷ ᠲᠣᠭᠲᠠᠨᠢᠯ ᠢᠶᠠᠨ ᠣᠯᠵᠤ ᠠᠪᠤᠭᠰᠠᠨ ᠦᠶᠡᠰ ᠡᠬᠢᠯᠡᠭᠡᠳ ᠣᠳᠣ ᠶᠢ ᠬᠦᠷᠲᠡᠯ᠎ᠡ ᠤᠯᠤᠰ ᠣᠷᠣᠨ ᠢ ᠤᠳᠤᠷᠢᠳᠤᠨ ᠵᠠᠯᠠᠵᠤ ᠶᠠᠪᠤᠭ᠎ᠠ ᠶᠤᠮ᠃ ᠡᠨᠡᠳᠬᠡᠭ ᠤᠯᠤᠰ ᠲᠤ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠭ᠎ ᠠ ᠨᠠᠮ ᠤᠳ ᠢ ᠵᠢᠭ᠌ᠰᠠᠭᠠᠪᠠᠯ:

 • ᠡᠨᠡᠳᠬᠡᠭ ᠦᠨ ᠦᠨᠳᠦᠰᠦᠨ ᠦ ᠤᠯᠤᠰ ᠤᠨ ᠬᠤᠷᠠᠯ - ᠡᠨᠡ ᠨᠠᠮ ᠨᠢ ᠬᠡᠳᠦᠶᠢᠪᠡᠷ 100 ᠭᠠᠷᠤᠢ ᠵᠢᠯ ᠦᠨ ᠲᠡᠦᠬᠡ ᠲᠡᠢ ᠴᠤ ᠬᠡᠳᠦ ᠬᠡᠳᠦᠨ ᠤᠳᠠᠭ᠎ᠠ ᠤᠨᠠᠯᠲᠠᠨ ᠳᠤ ᠣᠷᠣᠵᠤ ᠪᠠᠶᠢᠭᠰᠠᠨ ᠲᠡᠦᠬᠡ ᠲᠡᠢ᠃ ᠢᠨᠳᠢᠷᠠ ᠭᠠᠨᠳᠢ ᠍ ᠶᠢᠨ ᠡᠨᠡᠳᠬᠡᠭ ᠦᠨ ᠦᠨᠳᠦᠰᠦᠨ ᠦ ᠤᠯᠤᠰ ᠤᠨ ᠬᠤᠷᠠᠯ ᠴᠤ ᠭᠡᠵᠦ ᠨᠡᠷᠡᠯᠡᠭᠳᠡᠵᠦ ᠶᠠᠪᠤᠭᠰᠠᠨ ᠦᠶ᠎ᠡ ᠪᠤᠢ᠃ ᠡᠨᠡᠬᠦ ᠵᠡᠭᠦᠨ ᠬᠡᠰᠡᠭ ᠢ ᠲᠡᠷᠢᠭᠦᠯᠡᠭᠴᠢ ᠨᠠᠮ ᠨᠢ 1947—1977᠂ 1980—1989᠂ 1991—1996 ᠪᠣᠯᠤᠨ 2004 ᠣᠨ ᠠᠴᠠ ᠥᠨᠥ ᠶᠢ ᠬᠦᠷᠲᠡᠯ᠎ᠡ ᠪᠤᠰᠤᠳ ᠨᠠᠮ ᠤᠳ ᠤᠨ ᠲᠡᠷᠢᠭᠦᠨ ᠳᠦ ᠶᠠᠪᠤᠵᠤ ᠪᠠᠶᠢᠨ᠎ᠠ᠃
 • ᠪᡀᠠᠷᠠᠲ᠋ᠢ ᠳᠵᠠᠨᠠᠲᠤ ᠶᠢᠨ ᠨᠠᠮ (ᠡᠨᠡᠳᠬᠡᠭ ᠦᠨ ᠠᠷᠠᠳ ᠤᠨ ᠨᠠᠮ) - ᠡᠨᠡᠬᠦ ᠪᠠᠷᠠᠭᠤᠨ ᠬᠡᠰᠡᠭ ᠢ ᠲᠡᠷᠢᠭᠦᠯᠡᠭᠴᠢ ᠨᠠᠮ ᠢ 1980 ᠣᠨ ᠳᠤ ᠠᠲᠠᠯ᠎ᠠ ᠪᠢᠬᠠᠷᠢ ᠸᠠᠵᠫᠠᠢ᠂ ᠯᠠᠯᠤ ᠺᠷᠢᠰᠨᠨᠠᠢ ᠠᠳᠪᠠᠨᠢ ᠨᠠᠷ ᠪᠠᠶᠢᠭᠤᠯᠤᠭᠰᠠᠨ ᠪᠥᠭᠡᠳ ᠬᠢᠨᠳᠤᠶᠢᠰᠮ ᠢ ᠪᠠᠷᠢᠮᠲᠠᠯᠠᠭᠴᠢ ᠨᠠᠮ ᠶᠤᠮ᠃ ᠤᠯᠤᠰ ᠣᠷᠣᠨ ᠢ 1996 ᠪᠣᠯᠤᠨ 1998-2004 ᠣᠨ ᠨᠤᠭᠤᠳ ᠲᠤ ᠲᠤᠰ ᠲᠤᠰ ᠤᠳᠤᠷᠢᠳᠥᠵᠤ ᠪᠠᠶᠢᠭᠰᠠᠨ᠃
 • ᠦᠯᠡᠳᠡᠭᠰᠡᠨ ᠨᠠᠮ ᠤᠳ ᠨᠢ ᠶᠡᠷᠦᠳᠡᠭᠡᠨ 2-3 ᠵᠢᠵᠢᠭ ᠤᠯᠤᠰ ᠤᠳ ᠤᠨ ᠬᠦᠷᠢᠶᠡᠨ ᠳᠦ ᠬᠦᠴᠦᠲᠡᠢ ᠪᠠᠶᠢᠷᠢ ᠰᠠᠭᠤᠷᠢ ᠡᠵᠡᠯᠡᠳᠡᠭ ᠪᠠᠶᠢᠭᠰᠠᠨ ᠪᠠ ᠡᠶᠢᠮᠦ ᠨᠠᠮ ᠤᠳ ᠤᠨ ᠲᠣᠭᠠᠨ ᠳᠤ
  • ᠡᠨᠡᠳᠬᠡᠭ ᠦᠨ ᠡᠪ ᠬᠠᠮᠳᠣ ᠨᠠᠮ
  • ᠰᠠᠮᠠᠳᠵᠸᠠᠳ ᠤᠨ ᠨᠠᠮ
  • ᠳᠵᠠᠨᠲᠠ ᠳᠠᠯᠤ ᠶᠢᠨ ᠨᠢᠭᠡᠳᠦᠭᠰᠡᠨ ᠨᠠᠮ ᠵᠡᠷᠭᠡ ᠣᠷᠣᠨ᠎ᠠ᠃

1991 ᠣᠨ ᠠᠴᠠ ᠡᠬᠢᠯᠡᠭᠰᠡᠨ ᠥᠭᠡᠷᠡᠴᠢᠯᠡᠯᠲᠡ ᠰᠢᠨᠡᠴᠢᠯᠡᠯᠲᠡ ᠶᠢᠨ ᠠᠴᠢ ᠪᠠᠷ ᠡᠨᠡᠳᠬᠡᠭ ᠤᠯᠤᠰ ᠬᠥᠭᠵᠢᠵᠦ ᠪᠤᠢ ᠣᠷᠣᠨ ᠨᠤᠭᠤᠳ ᠤᠨ ᠨᠢᠭᠡ ᠪᠣᠯᠵᠠᠢ᠃ ᠥᠭᠡᠷᠡᠴᠢᠯᠡᠯᠲᠡ ᠰᠢᠨᠡᠴᠢᠯᠡᠯᠲᠡ ᠶᠢ 1996 ᠣᠨ ᠳᠤ ᠠᠲ᠋ᠯᠠ ᠪᠢᠬᠠᠷᠢ ᠸᠠᠵᠫᠠ ᠦᠨ ᠤᠳᠤᠷᠢᠳᠤᠭᠰᠠᠨ ᠵᠠᠰᠠᠭ ᠤᠨ ᠭᠠᠵᠠᠷ᠂ 2004 ᠣᠨ ᠳᠤ ᠰᠣᠨᠢ ᠭᠠᠨᠳᠠᠭ ᠤᠨ ᠤᠳᠤᠷᠢᠳᠤᠭᠰᠠᠨ ᠡᠨᠡᠳᠬᠡᠭ ᠦᠨ ᠦᠨᠳᠦᠰᠦᠨ ᠦ ᠤᠯᠤᠰ ᠤᠨ ᠬᠤᠷᠠᠯ ᠰᠣᠩᠭᠣᠭᠤᠯᠢ ᠳᠤ ᠢᠯᠠᠵᠤ ᠵᠠᠰᠠᠭ ᠤᠨ ᠭᠠᠵᠠᠷ ᠤᠨ ᠲᠡᠷᠢᠭᠦᠨ ᠢᠶᠡᠷ ᠨᠡᠷᠡᠲᠦ ᠡᠳ᠋ ᠍ ᠦᠨ ᠵᠠᠰᠠᠭᠴᠢ ᠮᠠᠮᠣᠬᠣᠨ ᠰᠢᠩᠭᠬ ᠲᠣᠮᠢᠯᠠᠭᠳᠠᠨ ᠦᠷᠭᠦᠯᠵᠢᠯᠡᠭᠦᠯᠵᠦ ᠪᠠᠶᠢᠨ᠎ᠠ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡᠳᠬᠡᠭ ᠪᠣᠯ ᠬᠣᠯᠪᠣᠭᠠᠨ ᠤ ᠪᠠᠶᠢᠭᠤᠯᠤᠮᠵᠢ ᠲᠠᠢ ᠤᠯᠤᠰ᠃ ᠡᠨᠡᠳᠬᠡᠭ ᠦᠨ ᠬᠣᠯᠪᠣᠭᠠᠨ ᠤ ᠪᠠᠶᠢᠭᠤᠯᠤᠮᠵᠢ ᠳᠤ 28 ᠮᠤᠵᠢ ᠤᠯᠤᠰ (ᠠᠩᠭᠯᠢ ᠪᠠᠷ state) ᠪᠣᠯᠤᠨ ᠬᠣᠯᠪᠣᠭᠠᠨ ᠤ 7 ᠨᠤᠲᠤᠭ (ᠠᠩᠭᠯᠢ ᠪᠠᠷ union territory) ᠬᠠᠮᠤᠷᠤᠭᠳᠠᠳᠠᠭ᠃[5] ᠮᠤᠵᠢ ᠤᠯᠤᠰ ᠤᠳ ᠳᠤᠣᠷᠠᠳᠤ ᠲᠠᠯ᠎ᠠ ᠨᠢ ᠨᠢᠭᠡ ᠠᠯᠪᠠᠨ ᠶᠣᠰᠣᠨ ᠤ ᠨᠤᠲᠤᠭ ᠤᠨ ᠬᠡᠯᠡᠲᠡᠢ ᠪᠠᠶᠢᠳᠠᠭ ᠠᠴᠠ ᠭᠠᠳᠠᠨ᠎ᠠ ᠬᠣᠯᠪᠣᠭᠠᠨ ᠤ ᠬᠣᠶᠠᠷ ᠨᠤᠲᠤᠭ ᠤᠨ ᠠᠳᠠᠯᠢ (ᠫᠦᠳᠦᠴᠢᠷᠷᠢ᠂ ᠨᠡᠶᠢᠰᠯᠡᠯ ᠳᠧᠯ) ᠥᠪᠡᠷᠰᠡᠳ ᠢᠶᠡᠨ ᠵᠠᠰᠠᠭ ᠤᠨ ᠭᠠᠵᠠᠷ ᠢᠶᠠᠨ ᠰᠣᠩᠭᠣᠨ ᠪᠠᠶᠢᠭᠤᠯᠬᠤ ᠡᠷᠬᠡ ᠲᠡᠢ᠃ ᠦᠯᠡᠳᠡᠭᠰᠡᠨ ᠬᠣᠯᠪᠣᠭᠠᠨ ᠤ ᠲᠠᠪᠤᠨ ᠨᠤᠲᠤᠭ ᠤᠯᠤᠰ ᠤᠨ ᠶᠡᠷᠦᠩᠬᠡᠶᠢᠯᠡᠭᠴᠢ ᠶᠢᠨ ᠰᠢᠭᠤᠳ ᠬᠢᠨᠠᠯᠲᠠᠨ ᠳᠤ ᠪᠠᠶᠢᠵᠤ ᠲᠥᠪ ᠡᠴᠡ ᠵᠠᠰᠠᠭ ᠤᠨ ᠳᠠᠷᠤᠭ᠎ᠠ ᠶᠢ ᠨᠢ ᠲᠣᠮᠢᠯᠠᠳᠠᠭ᠃ 1956 ᠣᠨ ᠳᠤ ᠬᠦᠮᠦᠨ ᠠᠮᠠ ᠶᠢᠨ ᠵᠣᠩᠬᠢᠯᠠᠬᠤ ᠬᠡᠯᠡ ᠶᠢ ᠬᠠᠷᠠᠭᠠᠯᠵᠠᠨ ᠮᠤᠵᠢ ᠤᠯᠤᠰ ᠤᠳ ᠢ ᠥᠭᠡᠷᠡᠴᠢᠯᠡᠨ ᠪᠠᠶᠢᠭᠤᠯᠤᠭᠰᠠᠨ ᠠᠴᠠ ᠬᠣᠶᠢᠰᠢ ᠪᠠᠷᠤᠭ ᠥᠭᠡᠷᠡᠴᠢᠯᠡᠭᠳᠡᠭᠡ ᠦᠭᠡᠢ ᠪᠠᠶᠢᠨ᠎ᠠ᠃[6] ᠬᠣᠯᠪᠣᠭᠠᠨ ᠤ ᠨᠢᠭᠡᠴᠡ ᠲᠤᠰ ᠪᠦᠷᠢ ᠳᠣᠲᠣᠷ᠎ᠠ ᠪᠠᠨ ᠲᠡᠭᠦᠷᠭᠡ ᠨᠦᠭᠦᠳ ᠲᠦ (ᠠᠩᠭᠯᠢ ᠪᠠᠷ district}}) ᠬᠤᠪᠢᠶᠠᠭᠳᠠᠳᠠᠭ᠃ ᠥᠨᠥ ᠦᠶ᠎ᠡ ᠳᠦ ᠤᠯᠤᠰ ᠤᠨ ᠬᠡᠮᠵᠢᠶᠡᠨ ᠳᠦ 642 ᠳᠡᠭᠦᠷᠭᠡ ᠪᠠᠶᠢᠨ᠎ᠠ᠃[7] ᠴᠠᠨᠠᠭᠰᠢᠯᠠᠪᠠᠯ᠂ ᠳᠡᠭᠦᠷᠭᠡ ᠶᠢ ᠬᠡᠳᠦ ᠬᠡᠳᠦᠨ ᠲᠧᠺᠰᠢᠯ ᠪᠣᠯᠭᠠᠨ ᠬᠤᠪᠢᠶᠠᠳᠠᠭ᠃

ᠡᠨᠡᠳᠬᠡᠭ ᠦᠨ ᠬᠣᠯᠪᠣᠭᠠᠨ ᠤ 35 ᠨᠢᠭᠡᠴᠡ ᠶᠢᠨ ᠪᠠᠶᠢᠷᠢᠰᠢᠯ (ᠵᠢᠭ᠌ᠰᠠᠭᠠᠯᠳᠠ ᠶᠢᠨ ᠳ᠋ᠤᠭᠠᠷ᠂ ᠦᠰᠦᠭ ᠦᠨ ᠳᠠᠭᠠᠤ)

28 ᠮᠤᠵᠢ ᠤᠯᠤᠰ

 1. ᠠᠨᠳᠠᠷ ᠫᠠᠷᠳᠧᠱ
 2. ᠠᠷᠤᠨᠠᠴᠢᠯ ᠫᠠᠷᠳᠧᠱ
 3. ᠠᠰᠰᠠᠮ
 4. ᠪᠬᠤᠷ
 5. ᠴᠠᠲᠲ᠋ᠢᠰᠬᠠᠷᠷ
 6. ᠭᠣᠸᠠ
 7. ᠭᠤᠵᠢᠷᠠᠲ
 8. ᠬᠠᠷᠢᠶᠠᠨ᠎ᠠ
 9. ᠬᠢᠮᠠᠴᠠᠯ ᠫᠠᠷᠳᠧᠱ
 10. ᠵᠠᠮᠮᠤ-ᠺᠠᠰᠮᠢᠷ
 1. ᠵᠠᠷᠺᠠᠨᠳ
 2. ᠺᠠᠷᠨᠠᠲ᠋ᠠᠺᠠ
 3. ᠺᠧᠷᠠᠯ
 4. ᠮᠠᠳᠠᠶ᠎ᠠ ᠫᠠᠷᠳᠧᠱ
 5. ᠮᠠᠬᠠᠷᠠᠰᠳᠢᠷᠠ
 6. ᠮᠠᠨᠢᠫᠦᠷ
 7. ᠮᠸᠭᠬᠠᠯᠤᠶ᠎ᠠ
 8. ᠮᠢᠽᠣᠷᠠᠮ
 9. ᠨᠠᠭᠠᠯᠠᠨᠳᠤ
 1. ᠣᠷᠢᠰ ᠢᠶᠠ
 2. ᠫᠠᠩᠵᠠᠪ
 3. ᠷᠠᠵᠠᠰᠲᠠᠨ
 4. ᠰᠢᠺᠺᠢᠮ
 5. ᠲᠠᠮᠢᠯᠨᠳᠤ
 6. ᠲᠷᠢᠫᠦ᠋ᠷᠠ
 7. ᠤᠲᠠᠲᠠᠷ ᠫᠠᠷᠳᠧᠱ
 8. ᠤᠲᠠᠲᠠᠷᠠᠺᠠᠨᠳ
 9. ᠪᠠᠷᠠᠭᠤᠨ ᠪᠧᠩᠭᠠᠯ

ᠬᠣᠯᠪᠣᠭᠠᠨ ᠤ 7 ᠨᠤᠲᠤᠭ

 1. ᠠᠨᠳᠠᠮᠠᠨ-ᠨᠢᠺᠣᠪᠠᠷ ᠤᠨ ᠠᠷᠠᠯ ᠤᠳ
 2. ᠴᠢᠨᠠᠳᠠᠭᠠᠷᠬ᠎ᠠ
 3. ᠳᠠᠳ᠋ᠷᠠ-ᠨᠠᠭᠠᠷ ᠬᠠᠤᠧᠯ
 4. ᠳᠠᠮᠠᠨ-ᠳ᠋ᠢᠭᠤ
 5. ᠯᠠᠺᠱᠠᠳ᠋ᠸᠢᠫ
 6. ᠨᠡᠶᠢᠰᠯᠡᠯ ᠳᠧᠯ ᠤᠨ ᠨᠤᠲᠤᠭ
 7. ᠫᠦᠳᠦᠴᠢᠷᠷᠢ

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡᠳᠬᠡᠭ ᠨᠢ 20 ᠍ ᠳᠦᠭᠡᠷ ᠵᠠᠭᠤᠨ ᠤ ᠳᠤᠮᠳᠠ ᠦᠶ᠎ᠡ ᠬᠦᠷᠲᠡᠯ᠎ᠡ ᠪᠷᠢᠲ᠋ᠠᠨ ᠤ ᠡᠵᠡᠨᠲᠦ ᠭᠦᠷᠦᠨ ᠦ ᠺᠣᠯᠣᠨᠢ ᠪᠠᠶᠢᠭᠠᠳ 1947 ᠣᠨ ᠳᠤ ᠲᠤᠰᠠᠭᠠᠷ ᠲᠣᠭᠲᠠᠨᠢᠯ ᠢᠶᠠᠨ ᠣᠯᠵᠤ ᠠᠪᠴᠤ ᠡᠳ᠋ ᠍ ᠦᠨ ᠵᠠᠰᠠᠭ ᠪᠣᠯᠤᠨ ᠴᠡᠷᠢᠭ ᠳᠠᠶᠢᠨ ᠤ ᠰᠠᠯᠪᠤᠷᠢ ᠬᠦᠴᠦᠲᠡᠢ ᠬᠥᠭᠵᠢᠵᠦ ᠢᠯᠠᠩᠭᠤᠶ᠎ᠠ ᠰᠡᠭᠦᠯ ᠦᠨ 20 ᠍ᠵᠢᠯ ᠦᠨ ᠬᠤᠭᠤᠴᠠᠭᠠᠨ ᠳᠤ ᠳᠡᠭᠡᠷᠡᠬᠢ ᠰᠠᠯᠪᠤᠷᠢ ᠤᠳ ᠲᠤ ᠶᠡᠬᠡᠬᠡᠨ ᠠᠮᠵᠢᠯᠲᠠ ᠭᠠᠷᠤᠭᠰᠠᠨ ᠠᠵᠡᠢ᠃

ᠡᠨᠡᠳᠬᠡᠭ ᠦᠨ ᠡᠳ᠋ ᠍ ᠦᠨ ᠵᠠᠰᠠᠭ ᠨᠢ ᠦᠨᠳᠦᠰᠦᠨ ᠦ ᠨᠡᠶᠢᠲᠡ ᠪᠦᠲᠦᠭᠡᠭᠳᠡᠬᠦᠨ ᠳᠦᠭᠡᠷ ᠲᠣᠭᠠᠴᠠᠪᠠᠯ 12 ᠍ ᠳᠦ᠂ ᠬᠤᠳᠠᠯᠳᠤᠨ ᠠᠪᠬᠤ ᠴᠢᠳᠠᠪᠤᠷᠢ ᠶᠢᠨ ᠫᠠᠷᠢᠲ᠋ᠧᠲ ᠢᠶᠠᠷ ᠲᠣᠭᠠᠴᠠᠪᠠᠯ 4 ᠲᠤ ᠵᠢᠭ᠌ᠰᠠᠳᠠᠭ᠃ ᠡᠳ᠋ ᠍ ᠦᠨ ᠵᠠᠰᠠᠭ ᠤᠨ ᠰᠢᠨᠡᠴᠢᠯᠡᠯ ᠦᠨ ᠦᠷ᠎ᠡ ᠳ᠋ᠦᠩ ᠳᠦ ᠥᠰᠦᠯᠲᠡ ᠪᠡᠷ ᠢᠶᠡᠨ ᠳᠡᠯᠡᠬᠡᠢ ᠳᠦ ᠬᠣᠶᠠᠷ ᠲᠤ ᠣᠷᠣᠳᠠᠭ ᠪᠣᠯᠪᠠᠴᠤ ᠶᠠᠳᠠᠭᠤᠷᠠᠯ᠂ ᠪᠢᠴᠢᠭ ᠦᠰᠦᠭ ᠲᠦ ᠲᠠᠶᠢᠯᠤᠭᠳᠠᠬᠤ ᠦᠭᠡᠢ ᠪᠠᠶᠢᠬᠤ᠂ ᠬᠣᠭᠣᠯᠠᠨ ᠤ ᠬᠣᠮᠰᠠᠳᠠᠯ ᠵᠡᠷᠭᠡ ᠪᠠᠶᠢᠳᠠᠯ ᠶᠡᠷᠤ ᠨᠢ ᠤᠷᠤᠰᠢᠵᠤ ᠪᠠᠶᠢᠨ᠎ᠠ᠃

ᠡᠳ᠋ ᠍ ᠦᠨ ᠵᠠᠰᠠᠭ ᠤᠨ ᠬᠤᠪᠢ ᠳᠤ ᠠᠮᠢᠵᠢᠷᠭᠠᠨ ᠤ ᠲᠦᠪᠰᠢᠨ ᠡᠴᠡ ᠳᠣᠣᠭᠤᠷ ᠬᠦᠮᠦᠨ ᠠᠮᠠ 25% (2002)᠂ ᠢᠨᠹᠯᠢᠶᠠᠼᠢ 4.2% (2004)᠂ ᠬᠥᠳᠡᠯᠮᠦᠷᠢ ᠶᠢᠨ ᠴᠢᠳᠠᠪᠤᠷᠢ ᠲᠠᠢ ᠬᠦᠮᠦᠨ ᠠᠮᠠ 48220 ᠲᠦᠮᠡ (2004)᠂ ᠠᠵᠢᠯ ᠦᠭᠡᠢᠳᠡᠯ 9.2% (2004)᠂ ᠠᠵᠤ ᠦᠢᠯᠡᠳᠪᠦᠷᠢ ᠶᠢᠨ ᠥᠰᠦᠯᠲᠡ 7.4% (2004) ᠲᠤ ᠬᠦᠷᠴᠤ ᠪᠠᠶᠢᠨ᠎ᠠ᠃

ᠭᠠᠷᠭᠠᠯᠲᠠ (ᠡᠺᠰᠫᠣᠷᠲ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠶᠢᠲᠡ ᠡᠺᠰᠫᠣᠷᠲ ᠨᠢ 2012 ᠣᠨ ᠤ ᠪᠠᠶᠢᠳᠠᠯ ᠢᠶᠠᠷ 69180 ᠳ᠋ᠤᠩᠰᠢᠭᠤᠷ ᠳ᠋ᠣᠯᠯᠠᠷ᠃ ᠡᠭᠦᠨ ᠡᠴᠡ ᠠᠮᠧᠷᠢᠺᠠ ᠶᠢᠨ ᠨᠢᠭᠡᠳᠦᠭᠰᠡᠨ ᠤᠯᠤᠰ — 20.3%᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ — 6.3%᠂ ᠶᠡᠬᠡ ᠪᠷᠢᠲ᠋ᠠᠨ(ᠠᠩᠭᠯᠢ ) — 5.2%᠂ ᠰᠢᠶᠠᠩᠭᠠᠩ — 4.7%᠂ ᠭᠧᠷᠮᠠᠨ — 4.3%᠃

ᠤᠷᠤᠭᠤᠯᠤᠯᠲᠠ (ᠢᠮᠫᠣᠷᠲ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠶᠢᠲᠡ ᠢᠮᠫᠣᠷᠲ ᠨᠢ 2003 ᠣᠨ ᠤ ᠪᠠᠶᠢᠳᠠᠯ ᠢᠶᠠᠷ 89330 ᠳ᠋ᠤᠩᠰᠢᠭᠤᠷ ᠳ᠋ᠣᠯᠯᠠᠷ᠃ ᠡᠭᠦᠨ ᠡᠴᠡ ᠠᠮᠧᠷᠢᠺᠠ ᠶᠢᠨ ᠨᠢᠭᠡᠳᠦᠭᠰᠡᠨ ᠤᠯᠤᠰ ᠠᠴᠠ — 6.7%᠂ ᠪᠧᠯᠬᠢ ᠡᠴᠡ — 5.9%᠂ ᠶᠡᠬᠡ ᠪᠷᠢᠲ᠋ᠠᠨ(ᠠᠩᠭᠯᠢ ) ᠠᠴᠠ 5%᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠡᠴᠡ — 4.5%᠂ ᠰᠢᠩᠭᠠᠫᠦᠷ ᠡᠴᠡ — 4.2%᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠩ ᠳᠦ-ᠭᠠᠩᠭ᠎ᠠ ᠶᠢᠨ ᠨᠠᠮ ᠳᠣᠣᠷ᠎ᠠ ᠭᠠᠵᠠᠷ ᠢᠶᠠᠷ
ᠬᠦᠮᠦᠨ ᠠᠮᠠ ᠰᠢᠭᠢᠭᠦᠦ ᠰᠠᠭᠤᠷᠢᠰᠢᠳᠠᠭ᠃

ᠳᠡᠯᠡᠬᠡᠢ ᠳᠦ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠳᠠᠷᠠᠭ᠎ᠠ ᠬᠣᠶᠠᠳᠤᠭᠠᠷ ᠣᠯᠠᠨ ᠬᠦᠮᠦᠨ ᠠᠮᠠ ᠲᠠᠢ ᠤᠯᠤᠰ ᠪᠣᠯ ᠡᠨᠡᠳᠬᠡᠭ᠃ 2010 ᠣᠨ ᠤ ᠲᠣᠭᠠᠯᠠᠯᠭ᠎ᠠ ᠪᠠᠷ ᠬᠦᠮᠦᠨ ᠠᠮᠠ ᠶᠢᠨ ᠲᠣᠭ᠎ᠠ - 10 ᠳ᠋ᠤᠩᠰᠢᠭᠤᠷ 2100 ᠲᠦᠮᠡ᠃[8] ᠡᠭᠦᠨ ᠡᠴᠡ 70% ᠨᠢ ᠬᠣᠳᠠ ᠳᠤ ᠪᠤᠰᠤ ᠬᠥᠳᠡᠭᠡ ᠨᠤᠲᠤᠭ ᠲᠠᠢ᠃ 2011 ᠣᠨ ᠳᠤ 53 ᠰᠠᠶᠠᠲᠠᠨ ᠬᠣᠲᠠ ᠲᠠᠢ ᠪᠠᠶᠢᠭ᠎ᠠ ᠠᠴᠠ[9] ᠮᠤᠮᠪᠠᠢ (ᠬᠠᠭᠤᠴᠢᠨ ᠢᠶᠠᠷ ᠪᠣᠮᠪᠧᠢ)᠂ ᠳᠧᠯᠪᠠᠩᠭᠠᠯᠣᠷᠬᠠᠶᠢᠳᠠᠷᠠᠪᠲᠤᠠᠬᠠᠮᠠᠳᠠᠪᠲᠤ ᠵᠡᠷᠭᠡ ᠨᠢ ᠬᠠᠮᠤᠭ ᠠᠴᠠ ᠣᠯᠠᠨ ᠣᠷᠣᠰᠢᠨ ᠰᠠᠭᠤᠭᠴᠢ ᠲᠠᠢ᠃ ᠬᠦᠮᠦᠨ ᠠᠮᠠ ᠶᠢᠨ 64.8% ᠪᠢᠴᠢᠭ ᠦᠰᠦᠭ ᠲᠠᠶᠢᠯᠤᠭᠳᠠᠰᠠᠨ ᠠᠴᠠ ᠬᠠᠮᠤᠭ ᠤᠨ ᠶᠡᠬᠡ ᠳᠤ ᠪᠡᠨ ᠺᠧᠷᠠᠯ ᠮᠤᠵᠢ ᠤᠯᠤᠰ ᠲᠤ 91%[10], ᠬᠠᠮᠤᠭ ᠤᠨ ᠪᠠᠭ᠎ᠠ ᠳᠤ ᠪᠠᠨ ᠪᠬᠤᠷ ᠲᠤ 47% ᠪᠠᠶᠢᠨ᠎ᠠ᠃[11]

ᠡᠨᠡᠳᠬᠡᠭ ᠪᠣᠯ ᠣᠯᠠᠨ ᠬᠡᠯᠡᠲᠡᠨ ᠦ ᠥᠯᠥᠭᠡᠢ᠃ ᠦᠨᠳᠦᠰᠦᠨ ᠳᠦ ᠪᠡᠨ ᠡᠨᠡᠳᠬᠡᠭ-ᠠᠷᠢ (ᠬᠦᠮᠦᠨ ᠠᠮᠠ ᠶᠢᠨ 74%)᠂ᠳ᠋ᠷᠠᠪᠢᠳᠠ (24%) ᠵᠡᠷᠭᠡ ᠬᠣᠶᠠᠷ ᠬᠡᠯᠡᠨ ᠦ ᠪᠦᠯᠦᠭ ᠲᠦ ᠬᠠᠮᠢᠶᠠᠷᠳᠠᠭ᠃ ᠡᠨᠡᠳᠬᠡᠭ-ᠠᠷᠢ ᠪᠦᠯᠦᠭ ᠡᠴᠡ ᠬᠢᠨᠳᠢ (41.0%)᠂ ᠪᠧᠩᠭᠠᠯ (8.1%)᠂ ᠮᠠᠷᠠᠳᠬᠢ (7.0%)᠂ ᠤᠷᠢᠳᠦ (5.0%)᠂ ᠭᠤᠵᠢᠷᠠᠲ (4.5%)᠂ ᠣᠷᠢᠶ᠎ᠠ (3.2%)᠂ ᠫᠠᠩᠵᠠᠪ (2.8%)᠂ ᠳ᠋ᠷᠠᠪᠢᠳᠠ ᠪᠦᠯᠦᠭ ᠡᠴᠡ ᠲᠡᠯᠦᠭᠦ (7.4%)᠂ ᠲᠠᠮᠢᠯ (5.9%)᠂ ᠺᠠᠨᠠᠳᠠ (3.7%)᠂ ᠮᠠᠯᠢᠯᠠᠮ (3.2%) ᠬᠡᠯᠡᠨ ᠨᠦᠭᠦᠳ ᠲᠦᠭᠡᠮᠡᠯ ᠲᠠᠷᠬᠠᠵᠠᠢ᠃[12]

ᠡᠨᠡᠳᠬᠡᠭ ᠦᠨ ᠬᠦᠮᠦᠨ ᠠᠮᠠ ᠶᠢᠨ 80.5% ᠨᠢ ᠬᠢᠨᠳᠦ᠂ 13.4% ᠨᠢ ᠢᠰᠯᠠᠮ᠂ 2.4% ᠨᠢ ᠾᠷᠢᠰᠲ᠋ᠤᠰ᠂ 1.8% ᠨᠢ ᠰᠢᠺᠠᠬᠢ᠂ 0.7% ᠨᠢ ᠪᠤᠳ᠋ᠳ᠋ᠾᠠ᠂ 0.4% ᠨᠢ ᠵᠠᠶᠢᠨᠢᠰᠮ ᠱᠠᠰᠢᠨ ᠤ ᠰᠢᠲᠦᠯᠭᠡ ᠲᠡᠢ ᠶᠤᠮ ᠪᠠᠶᠢᠨ᠎ᠠ᠃[13]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 1. Human Development Report 2011. United Nations (2011). 5 November 2011 ᠍ ᠳᠦ ᠬᠠᠨᠳᠤᠭᠰᠠᠨ᠃
 2. ᠫᠷᠢᠮᠧᠴᠢᠨᠧ: ᠢᠨᠳᠢᠶᠢᠰᠺᠣᠧ ᠫᠷᠠᠪᠢᠲ᠋ᠧᠯᠰᠳᠪᠠ ᠰᠴᠢᠲ᠋ᠠ ᠲᠤ᠂ ᠴᠲ᠋ᠣ ᠢᠨᠳᠢᠶ᠎ᠠ ᠲᠠᠺᠵᠧ ᠭᠠᠷᠨᠢᠴᠢᠲᠤ ᠰ ᠠᠹᠬᠠᠨᠢᠰᠲ᠋ᠠᠨᠣᠮ᠂ ᠲᠠᠺ ᠺᠠᠺ ᠷᠠᠰᠰᠮᠠᠲᠷᠢᠪᠠ ᠲᠤ ᠸᠧᠰᠢ ᠰᠢᠲᠦ ᠳᠦ ᠳᠵᠠᠮᠮᠤ ᠢ ᠺᠠᠰᠮᠢᠷᠠ ᠢᠨᠳᠢᠶᠢᠰᠺᠣᠢ ᠲᠧᠷᠷᠢᠲ᠋ᠣᠷᠠᠶᠢ᠂ ᠸᠺᠯᠦᠴᠠᠶ᠎ᠠ ᠲᠤ ᠶᠥᠭᠣ ᠴᠢᠰᠲ᠂ ᠺᠣᠲ᠋ᠣᠷᠠᠶ᠎ᠠ ᠭᠠᠷᠨᠢᠴᠢᠲᠤ ᠰ ᠠᠹᠬᠠᠨᠢᠰᠲ᠋ᠠᠨ᠃ ᠭᠠᠷᠨᠴᠠ ᠮᠧᠵᠳᠤ ᠢᠨᠳᠢᠶᠧᠢ ᠢ ᠫᠠᠺᠢᠰᠲ᠋ᠠᠨᠣᠮ ᠪ ᠤᠯ ᠵᠠᠮᠣᠷᠣᠵᠧᠨᠠ ᠸ 1948 ᠭᠣᠳᠤ᠂ ᠫᠣᠰᠯᠧ ᠫᠷᠧᠺᠷᠠᠱᠧᠨᠢᠶ᠎ᠠ ᠣᠩᠨᠢ᠂ ᠫᠷᠣᠶᠢᠽᠣᠱᠧᠳᠱᠧᠮᠤ ᠫᠣ ᠢᠨᠢᠼᠢᠶᠠᠲ᠋ᠢᠸᠧ ООН. ᠸᠰᠯᠧᠳᠰᠲ᠋ᠸᠢᠶ᠎ᠡ ᠡᠲᠣᠭᠣ ᠷᠧᠭᠢᠨ᠂ ᠭᠠᠷᠨᠢᠴᠢᠱᠢᠢ ᠰ ᠠᠹᠬᠠᠨᠨᠢᠰᠲᠠᠨᠠᠮ᠂ ᠣᠺᠠᠽᠠᠯᠰᠢ ᠨᠠ ᠲᠧᠷᠷᠢᠲ᠋ᠣᠷᠢ᠂ ᠫᠣᠳᠺᠣᠨᠲ᠋ᠷᠣᠯᠢᠨᠣᠢ ᠫᠠᠺᠢᠰᠲᠠᠨᠤ
 3. Oldenburg, Phillip. 2007. "India: History, " Microsoft® Encarta® Online Encyclopedia2007© 1997—2007 Microsoft Corporation.
 4. Poverty estimates for 2004-05, Planning commission, Government of India, March 2007. Accessed: July 29, 2008
 5. Country Profile: India (PDF). Library of Congress - Federal Research Division (December 2004)
 6. States Reorganisation Act, 1956. Constitution of India. Commonwealth Legal Information Institute. the original on 2011-08-22 ᠍ ᠰ ᠠᠷᠬᠢᠸᠯᠠᠭᠳᠠᠭᠰᠠᠨ᠃ 2007-10-31 ᠍ ᠳᠦ ᠬᠠᠨᠳᠤᠭᠰᠠᠨ᠃
 7. Districts of India. Government of India. National Informatics Centre (NIC). 2007-11-25 ᠍ ᠳᠦ ᠬᠠᠨᠳᠤᠭᠰᠠᠨ᠃
 8. "Provisional Population Totals – Census 2011", Office of the Registrar General and Census Commissioner (Ministry of Home Affairs, Government of India)
 9. "Cities having population 1 lakh and above". censusindia. The Registrar General & Census Commissioner, India. Retrieved 18 October 2011.
 10. Kerala's literacy rate. kerala.gov.in. Government of Kerala. 2007-12-13 ᠍ ᠳᠦ ᠬᠠᠨᠳᠤᠭᠰᠠᠨ᠃
 11. Census Statistics of Bihar: Literacy Rates Literacy rate of Bihar. Government of Bihar. 2007-12-13 ᠍ ᠳᠦ ᠬᠠᠨᠳᠤᠭᠰᠠᠨ᠃
 12. SCHEDULED LANGUAGES IN DESCENDING ORDER OF SPEAKERS' STRENGTH — 2001
 13. 2001 ᠣᠨ ᠤ ᠡᠨᠡᠳᠬᠡᠭ ᠤᠯᠤᠰ ᠤᠨ ᠬᠦᠮᠦᠨ ᠠᠮᠠ ᠶᠢᠨ ᠲᠣᠭᠠᠯᠠᠯᠭ᠎ᠠ ᠶᠢᠨ ᠳ᠋ᠦᠩ

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: भारत
http://wiki.uhaan.com/index.php?title=ᠡᠨᠡᠳᠬᠡᠭ&oldid=470999》 ᠍  ᠡᠴᠡ ᠠᠪᠤᠭᠰᠠᠨ

ᠪᠢᠴᠢᠭᠡᠰᠦ