ᠠᠽᠧᠷᠪᠠᠶᠢᠵᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠠᠽᠧᠷᠪᠠᠶᠢᠵᠠᠨ ᠤᠯᠤᠰ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠠᠽᠧᠷᠪᠠᠶᠢᠵᠠᠨ ᠤᠯᠤᠰ
ᠠᠽᠧᠷᠪᠠᠶᠢᠵᠠᠨ ᠢᠶᠠᠷ Azərbaycan Respublikası
ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
"Azərbaycan marşı" → «ᠠᠽᠧᠷᠪᠠᠶᠢᠵᠠᠨ ᠤ ᠮᠠᠷᠱ»
ᠨᠡᠶᠢᠰᠯᠡᠯ 
(ᠶᠡᠬᠡ ᠬᠣᠲᠠ)
WP baku siegel.png ᠪᠠᠺᠦ᠋
ᠠᠯᠪᠠᠨ ᠬᠡᠯᠡ ᠠᠽᠧᠷᠪᠠᠶᠢᠵᠠᠨ ᠬᠡᠯᠡ
ᠠᠷᠠᠳ ᠲᠦᠮᠡᠨ 
(1999 ᠤᠨ)
90.6% - ᠠᠽᠧᠷᠪᠠᠶᠢᠵᠠᠨ ᠦᠨᠳᠦᠰᠦᠲᠡᠨ
2.2% - ᠯᠧᠽᠬᠢ ᠶᠠᠰᠤᠲᠠᠨ
1.8% - ᠣᠷᠣᠰ ᠦᠨᠳᠦᠰᠦᠲᠡᠨ
1.5% - ᠠᠷᠮᠧᠨ ᠦᠨᠳᠦᠰᠦᠲᠡᠨ
3.9% - ᠪᠤᠰᠤᠳ ᠠᠷᠠᠳ ᠲᠦᠮᠡᠨ
ᠲᠥᠷᠥ ᠵᠠᠰᠠᠭ ᠠᠷᠠᠳᠴᠢᠯᠠᠭᠰᠠᠨ ᠳᠢᠭᠯᠢᠮᠨᠢᠭᠡᠳᠦᠮᠡᠯ
ᠪᠠᠶᠢᠭᠤᠯᠤᠮᠵᠢ
᠂ ᠶᠡᠷᠦᠩᠬᠡᠶᠢᠯᠡᠭᠴᠢ ᠶᠢᠨ
ᠪᠦᠭᠦᠳᠡ ᠨᠠᠶᠢᠷᠠᠮᠳᠠᠬᠤ ᠵᠠᠰᠠᠭᠲᠠᠢ
 -  ᠶᠡᠷᠦᠩᠬᠡᠶᠢᠯᠡᠭᠴᠢ ᠢᠯᠢᠬᠠᠮ ᠠᠯᠢᠶᠧᠸ
 -  ᠶᠡᠷᠦᠩᠬᠡᠢ ᠰᠠᠶᠢᠳ ᠠᠷᠲᠤᠷ ᠷᠠᠰᠢᠰᠠᠳᠧ
ᠤᠯᠤᠰ ᠤᠨ ᠬᠤᠷᠠᠯ ᠮᠢᠯᠯᠢ ᠮᠠᠵᠤᠯᠢᠰ →
«ᠦᠨᠳᠦᠰᠦᠨ ᠦ ᠬᠤᠷᠠᠯ»
ᠲᠡᠦᠬᠡ
 -  1135 ᠣᠨ ᠠᠲ᠋ᠠᠪ ᠤᠨ ᠤᠯᠤᠰ ᠡᠭᠦᠰᠦᠭᠰᠡᠨ 
 -  1920-04-28 ᠠᠽᠧᠷᠪᠠᠶᠢᠵᠠᠨ ᠨᠡᠢᠢᠭᠡᠮ ᠵᠢᠷᠦᠮᠲᠦ ᠪᠦᠭᠦᠳᠡ ᠨᠠᠢᠢᠷᠠᠮᠳᠠᠬᠤ ᠤᠯᠤᠰ ᠪᠠᠶᠢᠭᠤᠯᠤᠭᠳᠠᠭᠰᠠᠨ 
 -  1991-10-18 ᠵᠥᠪᠯᠡᠯᠲᠦ ᠬᠣᠯᠪᠣᠭᠠᠲᠤ ᠤᠯᠤᠰ ᠍ ᠠᠴᠠ ᠲᠤᠰᠠᠭᠠᠷ ᠲᠣᠭᠲᠠᠨᠢᠭᠰᠠᠨ 
ᠨᠤᠲᠤᠭ ᠳᠡᠪᠢᠰᠬᠡᠷ
 -  ᠪᠦᠬᠦ ᠲᠠᠯᠠᠪᠠᠢ 86,600ᠤᠰ km2 
 -  ᠭᠠᠳᠠᠷᠭᠤ ᠶᠢᠨ ᠤᠰᠤ (%) 1.6
ᠬᠦᠮᠦᠨ ᠠᠮᠠ
 -  ᠲᠣᠭᠠᠴᠠᠭ᠎ᠠ (2011) 9,165,000[1] (89)
 -  ᠲᠣᠭᠠᠯᠠᠯᠭ᠎ᠠ (1999) 7,953,438 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $94.318 ᠲᠡᠷᠪᠤᠮ[2] 
 -  ᠨᠢᠭᠡ ᠬᠦᠨᠳᠦ $10,340[2] 
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $72.189 ᠲᠡᠷᠪᠤᠮ[2] 
 -  ᠨᠢᠭᠡ ᠬᠦᠨᠳᠦ $7,914[2] 
Gini (2001) 36.5[3] (ᠳᠤᠮᠳᠠᠴᠢ
ᠮᠥᠩᠭᠥᠨ ᠦ ᠨᠢᠭᠡᠴᠡ ᠠᠽᠧᠷᠪᠠᠶᠢᠵᠠᠨ ᠤ ᠮᠠᠨᠤᠳᠤ (AZN)
ᠴᠠᠭ ᠤᠨ ᠪᠥᠰᠡ ᠠᠽᠧᠷᠪᠠᠶᠢᠵᠠᠨ ᠤ ᠴᠠᠭ (GMT+4)
 -  ᠵᠤᠨ ᠤ ᠴᠠᠭ  (GMT+5)
ᠤᠲᠠᠰᠤᠨ ᠤ ᠲᠣᠮᠢᠶ᠎ᠠ +994

ᠺᠠᠰᠫᠢ ᠲᠡᠩᠭᠢᠰ  ᠌  ᠤᠨ  ᠡᠷᠭᠢ ᠶᠢᠨ᠂ ᠺᠠᠸᠬᠠᠰ ᠤᠨ ᠨᠢᠷᠤᠭᠤ ᠭᠡᠬᠦ ᠲᠣᠳᠣᠳᠬᠠᠯ ᠲᠠᠢ ᠪᠦᠷᠢᠨ ᠡᠷᠬᠡᠲᠦ ᠤᠯᠤᠰ ᠪᠣᠯ ᠠᠽᠧᠷᠪᠠᠶᠢᠵᠠᠨ ( ᠋Azerbaijan ᠂ ᠬᠢᠲᠠᠳ ᠢᠢᠡᠷ 阿塞拜疆) ᠶᠤᠮ᠃ ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠠᠽᠧᠷᠪᠠᠶᠢᠵᠠᠨ ᠤᠯᠤᠰ (ᠠᠽᠧᠷᠪᠠᠶᠢᠵᠠᠨ ᠶᠢᠡᠷ Azərbaycan Respublikası) ᠭᠡᠨ᠎ᠡ᠃ ᠤᠭ ᠨᠢ ᠥᠷᠥᠨᠡᠲᠦ ᠠᠽᠢᠶ᠎ᠠ ᠍ ᠶᠢᠨ ᠬᠢ[4], ᠠᠷᠠᠢ ᠥᠭᠡᠷ᠎ᠡ ᠪᠡᠷ ᠪᠣᠳᠣᠪᠠᠯ ᠳᠣᠷᠣᠨᠠᠲᠤ ᠧᠦ᠋ᠷᠣᠫᠠ ᠍ ᠶᠢᠨ ᠬᠢ ᠭᠡᠵᠦ ᠪᠠᠰᠠ ᠬᠡᠯᠡᠵᠦ ᠪᠣᠯᠤᠨ᠎ᠠ᠃[5][6] ᠶᠠᠭ ᠠᠽᠧᠷᠪᠠᠶᠢᠵᠠᠨ᠂ ᠥᠪᠡᠷᠲᠡᠭᠡᠨ ᠵᠠᠰᠠᠬᠤ ᠨᠬᠴᠤᠸᠠᠩ ᠭᠡᠬᠦ ᠬᠣᠶᠠᠷ ᠰᠠᠯᠤᠩᠭᠢᠳᠠ ᠭᠠᠵᠠᠷ ᠲᠠᠢ᠃ ᠡᠨᠡ ᠬᠣᠶᠠᠷ ᠢ ᠠᠷᠮᠧᠨ ᠤ ᠨᠤᠲᠤᠭ ᠵᠠᠭᠠᠭᠯᠠᠵᠤ ᠪᠠᠶᠢᠳᠠᠭ᠃ ᠶᠠᠭ ᠠᠽᠧᠷᠪᠠᠶᠢᠵᠠᠨ ᠨᠢ ᠠᠷᠮᠧᠨ (566 ᠺᠢᠯᠣᠮᠧᠲ᠋ᠷ)᠂ ᠭᠦᠷᠦᠵᠢᠶ ᠠ (322 ᠺᠢᠯᠣᠮᠧᠲ᠋ᠷ)᠂ ᠣᠷᠣᠰ ᠬᠣᠯᠪᠣᠭᠠᠨ ᠤ ᠤᠯᠤᠰ (ᠳᠠᠺᠧᠰᠲ᠋ᠠᠨ 284 ᠺᠢᠯᠣᠮᠧᠲ᠋ᠷ)᠂ ᠢᠷᠡᠨ (432 ᠺᠢᠯᠣᠮᠧᠲ᠋ᠷ) ᠳᠥᠷᠪᠡᠨ ᠤᠯᠤᠰ ᠲᠠᠢ᠂ ᠨᠬᠴᠤᠸᠠᠩ ᠨᠢ ᠢᠷᠡᠨ᠂ ᠠᠷᠮᠧᠨ᠂ ᠲᠦᠷᠺ ᠲᠠᠢ ᠲᠤᠰ ᠲᠤᠰ ᠬᠢᠯᠢ ᠵᠠᠯᠭᠠᠨ᠎ᠠ᠃ ᠶᠠᠭ ᠠᠽᠧᠷᠪᠠᠶᠢᠵᠠᠨ ᠵᠡᠭᠦᠨᠰᠢ ᠺᠠᠰᠫᠢ (ᠡᠷᠭᠢ ᠶᠢᠨ ᠤᠷᠲᠤ ᠨᠢ 713 ᠺᠢᠯᠣᠮᠧᠲ᠋ᠷ) ᠬᠦᠷᠳᠡᠭ᠃

ᠠᠽᠧᠷᠪᠠᠶᠢᠵᠠᠨ ᠺᠠᠸᠬᠠᠰ ᠤᠨ ᠠᠭᠤᠯᠠᠷᠬᠠᠭ ᠭᠠᠵᠠᠷ᠂ ᠺᠠᠰᠫᠢ ᠲᠠᠨᠭᠭᠢᠰ ᠦᠨ ᠨᠠᠮ ᠳᠣᠣᠷ᠎ᠠ ᠭᠠᠵᠠᠷ᠂ ᠡᠨᠡ ᠬᠣᠶᠠᠷ ᠤᠨ ᠳᠤᠮᠳᠠᠬᠢ ᠲᠡᠭᠰᠢ ᠲᠠᠯ᠎ᠠ ᠭᠠᠵᠠᠷ ᠭᠡᠰᠡᠨ ᠭᠤᠷᠪᠠᠨ ᠶᠠᠩᠵᠤ ᠪᠠᠶᠢᠴᠠ ᠠᠵᠢᠭ᠌ᠯᠡᠭ᠌ᠳᠠᠳᠠᠭ᠃ ᠣᠷᠣᠰ ᠲᠠᠢ ᠬᠢᠯᠢᠯᠡᠬᠦ ᠵᠤᠷᠪᠤᠰᠬᠠᠨ ᠪᠠᠶᠢᠷᠢᠯᠠᠬᠤ ᠶᠡᠬᠡ ᠺᠠᠸᠬᠠᠰ ᠤᠨ ᠨᠢᠷᠤᠭᠤᠨ ᠤ ᠪᠠᠽᠠᠷᠳ᠋ᠦᠵ ᠠᠭᠤᠯᠠ (4,466 ᠮᠸᠲ᠋ᠷ) ᠬᠠᠮᠤᠭ ᠤᠨ ᠥᠨᠳᠥᠷ᠂ ᠡᠰᠡᠷᠭᠦ ᠪᠡᠷ ᠺᠠᠰᠫᠢ ᠲᠡᠩᠭᠢᠰ ᠦᠨ ᠡᠷᠭᠢ ᠳᠤ (-28 ᠮᠸᠲ᠋ᠷ) ᠬᠠᠮᠤᠭ ᠤᠨ ᠨᠠᠮ ᠴᠡᠭ ᠪᠠᠶᠢᠨ᠎ᠠ ᠭᠡᠵᠦ ᠲᠣᠭᠠᠴᠠᠭᠠᠯᠠᠵᠠᠢ᠃

ᠪᠦᠬᠦᠯᠢ ᠳᠦ ᠪᠡᠨ 86,600 ᠺᠦᠸᠠᠳ᠋ ᠺᠢᠯᠣᠮᠧᠲ᠋ᠷ (ᠳᠡᠯᠡᠬᠡᠢ ᠳᠤ 113 ᠍ ᠳᠦᠭᠠᠷ ᠲᠣᠮᠣ) ᠨᠤᠲᠤᠭ ᠲᠠᠢ ᠠᠽᠧᠷᠪᠠᠶᠢᠵᠠᠨ ᠳᠤ 2011 ᠣᠨ ᠳᠤ 9.1 ᠰᠠᠶ᠎ᠠ (ᠳᠡᠯᠡᠬᠡᠢ ᠳᠤ 89 ᠍ ᠳᠦᠭᠡᠷ ᠣᠯᠠᠨ) ᠬᠦᠮᠦᠨ ᠠᠵᠤ ᠲᠥᠷᠥᠨ ᠰᠠᠭᠤᠵᠤ ᠪᠠᠶᠢᠨ᠎ᠠ᠃[1] ᠡᠨᠡ ᠨᠢ ᠨᠢᠭᠡᠴᠡ км² ᠍ ᠳᠤ 105.8 ᠬᠦᠮᠦᠨ (ᠳᠡᠯᠡᠬᠡᠢ ᠳᠤ 103 ᠍ ᠳᠦᠭᠠᠷ ᠰᠢᠬᠠᠭᠤ) ᠣᠨᠣᠭᠳᠠᠵᠤ ᠪᠠᠶᠢᠨ᠎ᠠ ᠭᠡᠰᠡᠨ ᠦᠭᠡ᠃ 2009 ᠣᠨ ᠤ ᠪᠠᠶᠢᠳᠠᠯ ᠢᠶᠠᠷ ᠬᠦᠮᠦᠨ ᠠᠮᠠ ᠶᠢᠨ ᠣᠯᠠᠩᠬᠢ 91.6% ᠍ ᠶᠢ ᠠᠽᠧᠷᠪᠠᠶᠢᠵᠠᠨ ᠦᠨᠳᠦᠰᠦᠲᠡᠨ ᠪᠦᠷᠢᠳᠦᠭᠦᠯᠵᠦ ᠪᠠᠶᠢᠨ᠎ᠠ᠃[7] ᠲᠡᠳᠡ ᠲᠦᠷᠦᠭ ᠰᠠᠯᠪᠤᠷᠢ ᠶᠢᠨ ᠣᠭᠤᠵᠠ ᠪᠦᠯᠦᠭ ᠦᠨ ᠬᠡᠯᠡ ᠶᠠᠷᠢᠶ᠎ᠠ ᠲᠠᠢ ᠪᠣᠯᠬᠣᠷ ᠲᠦᠷᠺᠲᠦᠺᠮᠧᠨ ᠲᠡᠢ ᠠᠷᠠᠢ ᠣᠶᠢᠷ᠎ᠠ ᠬᠠᠮᠢᠶᠠᠲᠠᠨ ᠪᠣᠯᠳᠠᠭ᠃

ᠣᠷᠣᠨ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡᠳᠦᠮᠡᠯ ᠲᠥᠷᠥ ᠶᠢᠨ ᠪᠠᠶᠢᠭᠤᠯᠤᠮᠵᠢ ᠲᠠᠢ ᠠᠽᠧᠷᠪᠠᠶᠢᠵᠠᠨ ᠤᠯᠤᠰ ᠤᠨ ᠨᠤᠲᠤᠭ ᠳᠡᠪᠢᠰᠬᠡᠷ ᠦᠨᠳᠦᠰᠦᠨ 59 ᠠᠶᠢᠮᠠᠭ (rayon, «ᠷᠠᠶᠣᠨ»)᠂ ᠡᠳᠡᠭᠡᠷ ᠠᠶᠢᠮᠠᠭ ᠠᠴᠠ ᠭᠠᠳᠠᠭᠤᠷ 10 ᠬᠣᠲᠠ (şəhər) ᠪᠣᠯᠤᠨ ᠰᠠᠯᠤᠩᠭᠢᠳᠠ ᠣᠷᠣᠰᠢᠭᠰᠠᠨ ᠨᠬᠴᠤᠸᠠᠩ ᠣᠷᠣᠨ ᠭᠡᠳ ᠨᠡᠷ᠎ᠡ ᠪᠦᠬᠦᠢ 70 ᠨᠤᠲᠤᠭ ᠠᠴᠠ ᠪᠥᠷᠢᠳᠦᠨ᠎ᠡ᠃ ᠴᠢᠨᠠᠭᠰᠢᠯᠠᠪᠠᠯ ᠠᠶᠢᠮᠠᠭ ᠤᠳ ᠳᠣᠲᠣᠷ᠎ᠠ ᠪᠠᠨ 2698 ᠰᠠᠭᠤᠷᠢᠨ ᠭᠠᠵᠠᠷ (bələdiyyə)᠂ ᠬᠣᠲᠠ ᠨᠤᠭᠤᠳ ᠳᠣᠲᠣᠷ᠎ᠠ ᠪᠠᠨ ᠳᠡᠭᠦᠷᠭᠡ (şəhər rayon) ᠪᠣᠯᠵᠤ ᠬᠤᠪᠢᠶᠠᠭᠳᠠᠳᠠᠭ᠃ ᠬᠠᠷᠠᠮᠰᠠᠯᠲᠠᠢ ᠨᠢ ᠤᠤᠯ ᠤᠨ ᠺᠠᠷᠠᠪᠠᠬᠤ 12 ᠨᠤᠲᠤᠭ ᠢ ᠠᠪᠤᠭᠠᠳ ᠲᠤᠰᠠᠭᠠᠷᠯᠠᠴᠢᠬᠠᠭᠰᠠᠨ ᠶᠣᠮ᠃

ᠠᠽᠧᠷᠪᠠᠶᠢᠵᠠᠨ ᠤ 70 ᠠᠶᠢᠮᠠᠭ᠂ ᠬᠣᠲᠠ᠂ ᠥᠪᠡᠷᠲᠡᠭᠡᠨ ᠵᠠᠰᠠᠬᠤ ᠣᠷᠣᠨ ᠢ ᠢᠯᠭᠠᠭᠰᠠᠨ ᠭᠠᠵᠠᠷ ᠤᠨ ᠵᠢᠷᠤᠭ᠃ ᠨᠣᠭᠣᠭᠠᠨ ᠥᠩᠭᠡ ᠪᠡᠷ ᠤᠤᠯ ᠤᠨ ᠺᠠᠷᠠᠪᠠᠬᠤ ᠍ ᠤᠨ ᠡᠵᠡᠯᠡᠭᠰᠡᠨ ᠭᠠᠵᠠᠷ ᠢ ᠲᠡᠮᠳᠡᠭᠯᠡᠪᠡ᠃

ᠲᠠᠪᠢᠨ ᠶᠢᠰᠦᠨ ᠠᠶᠢᠮᠠᠭ
1. ᠠᠪᠱᠧᠷᠣᠨ
2. ᠠᠭᠵᠠᠪᠧᠳᠢ
3. ᠠᠭᠳᠤᠮ
4. ᠠᠭᠳᠠᠰᠢ
5. ᠠᠺᠰᠲ᠋ᠠᠹᠠ
6. ᠠᠭᠰᠤ
8. ᠠᠰᠲ᠋ᠠᠷᠠ
10. ᠪᠠᠯᠠᠺᠸᠨ
11. ᠪᠠᠷᠳ᠋ᠧ
12. ᠪᠢᠯᠧᠭᠠᠨ
13. ᠪᠢᠯᠧᠰᠤᠪᠤᠷ
14. ᠵᠠᠪᠷᠠᠢᠯ
15. ᠵᠠᠯᠢᠯᠠᠪ ᠲᠤ
16. ᠳᠠᠱᠺᠧᠰᠠᠨ
17. ᠱᠠᠪᠷᠠᠨ
18. ᠹᠢᠽᠤᠯ
19. ᠺᠠᠳᠧᠪᠠᠢ
21. ᠭᠧᠷᠠᠩᠪᠣᠢ

22. ᠭᠧᠣᠺᠴᠢᠶ᠎ᠠ
23. ᠬᠠᠵᠢᠭᠠᠪᠤᠯ
24. ᠢᠮᠥᠰᠯ
25. ᠢᠰᠦᠮᠠᠢᠢᠯᠤ
26. ᠺᠧᠯᠪᠠᠵᠠᠷ
27. ᠺᠶᠷᠲᠠᠮᠢᠷ
28. ᠯᠠᠴᠢᠨ
29. ᠯᠠᠨᠺᠧᠷᠠᠨ
31. ᠯᠧᠷᠢᠺ
32. ᠮᠠᠰᠠᠯᠤ
35. ᠨᠧᠹᠲᠢᠶᠡᠴᠢᠯᠠ
36. ᠣᠭᠤᠵᠠ
37. ᠭᠠᠪᠠᠯ
38. ᠺᠠᠬᠢ
39. ᠬᠠᠰᠠᠭ
40. ᠭᠣᠪᠦ᠋ᠰᠲᠠᠨ
41. ᠺᠦᠪᠠ
42. ᠺᠦᠶᠢᠪᠠᠲ᠋ᠤ

43. ᠺᠦᠶᠢᠰᠤᠷᠤ
44. ᠰᠠᠭᠠᠲᠠᠯᠤ
45. ᠰᠠᠪᠢᠷᠠᠪᠲᠤ
46. ᠱᠧᠺᠢ
48. ᠰᠠᠯᠢᠶᠠᠨᠤ
49. ᠱᠧᠮᠢᠬᠠ
50. ᠱᠠᠮᠬᠢᠷ
51. ᠰᠠᠮᠤᠬ᠎ᠠ
52. ᠰᠢᠵᠠᠨᠢ
56. ᠲᠧᠷᠲ᠋ᠧᠷ
57. ᠲᠣᠪᠤᠵᠠ
58. ᠤᠵᠢᠷ
59. ᠬᠠᠴᠢᠮᠠᠰ
61. ᠬᠠᠨᠯᠠᠷ
62. ᠬᠤᠰᠤ
63. ᠬᠣᠵᠢᠯᠤᠨ
64. ᠬᠣᠵᠢᠪᠲᠦ
65. ᠢᠷᠠᠳᠢᠮᠤ

66. ᠶᠡᠸᠯᠠᠬᠤ
68. ᠵᠠᠩᠭᠧᠯᠠᠨ
69. ᠵᠠᠺᠠᠲ᠋ᠠᠤ
70. ᠽᠧᠷᠲᠠᠪ
ᠠᠷᠪᠠᠨ ᠬᠣᠲᠠ
9. ᠪᠠᠺᠦ᠋
7. ᠰᠢᠷᠸᠠᠨ
20. ᠭᠢᠨᠵᠠ
30. ᠯᠠᠨᠺᠧᠷᠠᠨ
33. ᠮᠢᠩᠶᠡᠽᠧᠸᠢᠷ
34. ᠨᠠᠹᠲ᠋ᠠᠯᠠᠨ
47. ᠱᠧᠺᠢ
53. ᠰᠤᠮᠤᠭᠢᠲ
55. ᠱᠤᠱᠠ
60. ᠬᠠᠨᠺᠧᠨᠳᠢ
67. ᠶᠡᠸᠯᠠᠬᠤ
ᠥᠪᠡᠷᠲᠡᠭᠡᠨ ᠵᠠᠰᠠᠬᠤ ᠨᠢᠭᠡ ᠣᠷᠣᠨ
70. ᠨᠬᠴᠤᠸᠠᠩ

ᠡᠰᠢ ᠦᠨᠳᠦᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 11 July – The International Population Day, The demographic situation in Azerbaijan, The State Statistical Committee of the Republic of Azerbaijan, 11 July 2011, retrieved 12 July 2011
  2. 2.0 2.1 2.2 2.3 Azerbaijan:Report for Selected Countries and Subjects. International Monetary Fund. April 12, 2011 ᠍ ᠳᠦ ᠬᠠᠨᠳᠤᠭᠰᠠᠨ᠃
  3. Distribution of family income – Gini index. The World Factbook. CIA. September 1, 2009 ᠍ ᠳᠦ ᠬᠠᠨᠳᠤᠭᠰᠠᠨ᠃
  4. UN. UN classification of world regions. the original on 2012-05-27 ᠍ ᠰ ᠠᠷᠬᠢᠸᠯᠠᠭᠳᠠᠭᠰᠠᠨ᠃ 2012-04-18 ᠍ ᠳᠦ ᠬᠠᠨᠳᠤᠭᠰᠠᠨ᠃
  5. Definition of AZERBAIJAN. the original on 2012-05-27 ᠍ ᠰ ᠠᠷᠬᠢᠸᠯᠠᠭᠳᠠᠭᠰᠠᠨ᠃ 2012-04-18 ᠍ ᠳᠦ ᠬᠠᠨᠳᠤᠭᠰᠠᠨ᠃ 《independent country W Asia & SE Europe bordering on Caspian Sea》
  6. CIA. AZERBAIJAN. 2012-04-18 ᠍ ᠳᠦ ᠬᠠᠨᠳᠤᠭᠰᠠᠨ᠃ 《Southwestern Asia, bordering the Caspian Sea, between Iran and Russia, with a small European portion north of the Caucasus range》
  7. The State Statistical Committee of the Azerbaijan Republic, The ethnic composition of the population according to the 2009 census.

ᠪᠢᠴᠢᠭᠡᠰᠦ