ᠠᠺᠢᠲ᠋ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
{{{ᠠᠯᠪᠠᠨ ᠶᠣᠰᠣᠨ ᠤ ᠨᠡᠷ᠎ᠡ}}}</br>
ᠬᠣᠲᠠ ᠶᠢᠨ ᠵᠢᠷᠤᠭ</br></br>
ᠰᠦᠯᠳᠡ ᠲᠡᠮᠳᠡᠭ
ᠰᠦᠯᠳᠡ

{{{ᠠᠯᠪᠠᠨ ᠶᠣᠰᠣᠨ ᠤ ᠨᠡᠷ᠎ᠡ}}} ᠍ ᠦᠨ ᠪᠠᠶᠢᠷᠢᠰᠢᠯ</br>ᠠᠺᠢᠲ᠋ᠠ ᠮᠤᠵᠢ ᠶᠢᠨ ᠪᠠᠶᠢᠷᠢᠰᠢᠯ

ᠤᠯᠤᠰ {{{ᠵᠠᠬᠢᠷᠭ᠎ᠠ ᠨᠡᠷ᠎ᠡ}}}
ᠪᠦᠰ {{{ᠵᠠᠬᠢᠷᠭ᠎ᠠ ᠨᠡᠷ᠎ᠡ 1}}}
ᠵᠠᠰᠠᠭ ᠳᠠᠷᠤᠭ᠎ᠠ {{{ᠵᠠᠬᠢᠷᠭ᠎ᠠ ᠨᠡᠷ᠎ᠡ 4}}}
ᠭᠠᠵᠠᠷ ᠨᠤᠲᠤᠭ  
 - ᠨᠡᠶᠢᠲᠡ {{{ᠭᠠᠵᠠᠷ ᠨᠤᠲᠤᠭ ᠨᠡᠶᠢᠲᠡ}}} km²
ᠬᠦᠮᠦᠨ ᠠᠮᠠ  
 - ᠨᠡᠶᠢᠲᠡ (2009-9-1) {{{ᠬᠦᠮᠦᠨ ᠠᠮᠠ ᠨᠡᠶᠢᠲᠡ}}}
 - ᠨᠢᠭᠲᠠᠷᠠᠯ {{{ᠬᠦᠮᠦᠨ ᠠᠮᠠ ᠨᠢᠭᠲᠠᠰᠢᠯ}}}/km²
ᠴᠠᠭ ᠤᠨ ᠪᠥᠰᠡ UTC+9
ᠴᠠᠬᠢᠮ ᠰᠦᠯᠵᠢᠶ᠎ᠡ: [1] (ᠠᠩᠭᠯᠢ)

ᠠᠺᠢᠲ᠋ᠠ ᠪᠣᠯ ᠶᠠᠫᠣᠨᠢ ᠵᠡᠭᠦᠨ ᠬᠣᠶᠢᠳᠤ ᠪᠥᠰᠡ ᠶᠢᠨ ᠠᠶᠢᠮᠠᠭ ᠤᠳ ᠤᠨ ᠨᠢᠭᠡ ᠪᠥᠭᠡᠳ ᠶᠠᠫᠣᠨ ᠲᠡᠩᠭᠢᠰ ᠲᠠᠯ᠎ᠠ ᠳᠤ ᠪᠠᠨ ᠪᠠᠶᠢᠷᠢᠯᠠᠳᠠᠭ᠃ ᠲᠥᠪ ᠬᠣᠲᠠ ᠨᠢ ᠠᠺᠢᠲ᠋ᠠ ᠬᠣᠲᠠ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠷᠢᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠤᠨ ᠭᠠᠳᠠᠷᠭᠤ ᠶᠢᠨ ᠬᠡᠯᠪᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠭᠠᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠭ ᠠᠭᠠᠷ᠂ ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠺᠢᠲ᠋ᠠ ᠮᠤᠵᠢ ᠨᠢ ᠶᠠᠫᠣᠨ ᠲᠡᠩᠭᠢᠰᠡᠶᠢᠨ ᠡᠷᠭᠢ ᠳᠦ ᠣᠷᠣᠰᠢᠳᠠᠭ ᠪᠥᠭᠡᠳ ᠴᠠᠭ ᠠᠭᠤᠷ ᠤᠨ ᠬᠤᠪᠢ ᠳᠤ ᠶᠠᠫᠣᠨ ᠲᠡᠩᠭᠢᠰ ᠦᠨ ᠴᠠᠭᠠᠭᠤᠷ ᠤᠨ ᠪᠦᠯᠦᠭ ᠲᠦ ᠬᠠᠮᠢᠶᠠᠷᠤᠨ᠎ᠠ᠃

ᠶᠠᠫᠣᠨ ᠲᠡᠩᠭᠢᠰ ᠦᠨ ᠡᠷᠭᠢ ᠳᠦ ᠣᠷᠣᠰᠢᠳᠠᠭ ᠢᠮᠠᠭᠲᠠ᠂ ᠨᠢᠢᠭᠲᠠ ᠮᠤᠵᠢᠭᠤᠳᠠ ᠲᠠᠢ ᠠᠳᠠᠯᠢ ᠶᠠᠫᠣᠨ ᠲᠡᠩᠭᠢᠰ ᠦᠨ ᠵᠦᠭ ᠡᠴᠡ ᠴᠢᠭᠢᠭᠯᠢᠭ ᠬᠦᠢᠲᠡᠨ ᠰᠠᠯᠬᠢ ᠦᠯᠢᠶᠡᠵᠦ ᠰᠡᠪᠰᠡᠭᠡᠷ ᠨᠣᠶᠢᠲᠠᠨ ᠴᠠᠰᠤ ᠠᠪᠴᠢᠷᠠᠳᠠᠭ᠃ ᠠᠺᠢᠲ᠋ᠠ ᠮᠤᠵᠢ ᠶᠢᠨ ᠨᠤᠲᠤᠭ ᠤᠨ 90% ᠨᠢ ᠴᠠᠰᠤ ᠮᠠᠰᠢ ᠶᠡᠬᠡ ᠪᠡᠷ ᠣᠷᠣᠳᠠᠭ ᠪᠥᠰᠡ ᠳᠦ ᠬᠠᠮᠤᠷᠤᠭᠳᠠᠬᠤ ᠪᠠ ᠴᠠᠰᠤ ᠶᠡᠬᠡ ᠪᠡᠷ ᠣᠷᠣᠵᠤ ᠬᠤᠩᠭᠠᠷᠯᠠᠳᠠᠭ᠃ ᠡᠪᠦᠯ ᠦᠨ ᠡᠳᠦᠷ ᠦᠨ ᠨᠠᠷᠠ ᠲᠤᠰᠤᠬᠤ ᠬᠤᠭᠤᠴᠠᠭ᠎ᠠ ᠶᠠᠫᠣᠨ ᠤᠯᠤᠰ ᠤᠨ ᠬᠡᠮᠵᠢᠶᠡᠨ ᠳᠦ ᠬᠠᠮᠤᠭ ᠤᠨ ᠪᠠᠭ᠎ᠠ᠃ ᠮᠥᠨ ᠠᠺᠢᠲ᠋ᠠ ᠶᠢᠨ ᠪᠤᠯᠤᠨ ᠣᠷᠴᠢᠮ ᠳᠤ ᠡᠭᠦᠰᠳᠡᠭ ᠬᠡᠲᠦ ᠨᠠᠮ ᠳᠠᠷᠤᠯᠲᠠ ᠶᠢᠨ ᠨᠥᠯᠥᠭᠡ ᠪᠡᠷ ᠬᠦᠴᠦᠲᠡᠢ ᠴᠠᠰᠤᠨ ᠰᠢᠭᠤᠷᠭ᠎ᠠ ᠪᠣᠰᠬᠤ ᠴᠤ ᠲᠣᠬᠢᠶᠠᠯᠳᠤᠯ ᠪᠤᠢ᠃

ᠬᠠᠷᠢᠨ ᠵᠤᠨ ᠤ ᠤᠯᠠᠷᠢᠯ ᠳᠤ ᠡᠪᠦᠯ ᠡᠴᠡ ᠡᠷᠡᠰ ᠢᠯᠭᠠᠭ᠎ᠠ ᠲᠠᠢ᠂ ᠴᠡᠯᠮᠡᠭ ᠡᠳᠦᠷ ᠦᠨ ᠲᠣᠭ᠎ᠠ ᠣᠯᠠᠨ᠂ ᠪᠣᠷᠣᠭ᠎ᠠ ᠴᠤ ᠪᠠᠭᠠᠲᠠᠢ ᠪᠠᠶᠢᠳᠠᠭ᠃ ᠮᠥᠨ ᠨᠣᠮᠣᠬᠠᠨ ᠳᠠᠯᠠᠢᠭᠠ ᠠᠴᠠ ᠦᠯᠢᠶᠡᠬᠦ ᠰᠠᠯᠬᠢ ᠶᠢ ᠣᠭ ᠶᠢᠨ ᠨᠢᠷᠤᠭᠤᠨ ᠤ ᠠᠤᠯᠠᠯᠠᠰ ᠨᠥᠮᠥᠷᠢᠯᠦᠭᠰᠡᠨ ᠦ ᠤᠯᠠᠮ ᠠᠴᠠ ᠰᠡᠷᠢᠭᠦᠨ ᠰᠠᠯᠬᠢ ᠦᠭᠡᠢ ᠪᠣᠯᠵᠤ ᠮᠤᠵᠢ ᠶᠢᠨ ᠲᠥᠪ ᠡᠴᠡ ᠮᠤᠵᠢ ᠶᠢᠨ ᠡᠮᠦᠨᠡᠲᠦ ᠬᠡᠰᠡᠭ ᠲᠦ ᠬᠠᠯᠠᠭᠤᠨ ᠠᠭᠠᠷ ᠤᠨ ᠬᠤᠷᠠᠮᠲᠤᠯᠠ ᠪᠤᠢ ᠪᠣᠯᠵᠤ ᠬᠦᠴᠢᠲᠡᠢ ᠬᠠᠯᠠᠯᠲᠠ ᠡᠭᠦᠰᠳᠡᠭ᠃ ᠡᠶᠢᠮᠦ ᠤᠴᠢᠷ ᠠᠴᠠ ᠠᠺᠢᠲ᠋ᠠ ᠮᠤᠵᠢ ᠶᠢᠨ 4 ᠤᠯᠠᠷᠢᠯ ᠨᠢ ᠪᠦᠭᠦᠳᠡ ᠥᠪᠡᠷ ᠥᠪᠡᠷ ᠦᠨ ᠥᠩᠭᠡ ᠠᠶᠠᠰ ᠲᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠶᠢᠨ ᠠᠺᠢᠲ᠋ᠠ ᠮᠤᠵᠢ ᠨᠢ ᠢᠳᠡᠪᠠ ᠪᠣᠯᠤᠨ ᠷᠢᠭᠣ ᠬᠡᠮᠡᠬᠦ ᠲᠡᠦᠬᠡᠨ ᠮᠤᠵᠢ ᠨᠤᠭᠤᠳ ᠤᠨ ᠬᠡᠰᠡᠭ ᠡᠴᠡ ᠪᠥᠷᠢᠳᠬᠦ ᠪᠠ ᠠᠺᠢᠲ᠋ᠠ (ᠨᠠᠮᠤᠷ ᠤᠨ ᠲᠠᠯᠠᠪᠠᠢ) ᠬᠡᠮᠡᠬᠦ ᠨᠡᠷ᠎ᠡ ᠶᠢᠨ ᠤᠴᠢᠷ ᠨᠢ ᠬᠥᠷᠦᠰ ᠨᠢ ᠲᠠᠷᠢᠶ᠎ᠠ ᠪᠤᠳᠠᠭᠠᠨ ᠳᠤ ᠲᠣᠬᠢᠷᠠᠮᠵᠢ ᠦᠭᠡᠢ ᠲᠤᠯᠠ ᠠᠳᠠ ᠪᠤᠶᠤ 《ᠮᠠᠭᠤ ᠲᠠᠯᠠᠪᠠᠢ》 ᠭᠡᠰᠡᠨ ᠦᠭᠡ ᠡᠴᠡ ᠭᠠᠷᠤᠯ ᠲᠠᠢ ᠭᠡᠵᠦ ᠶᠠᠷᠢᠭᠳᠠᠳᠠᠭ᠃ ᠪᠠᠰᠠ ᠠᠺᠢᠲ᠋ᠠ ᠮᠤᠵᠢ ᠶᠢᠨ ᠭᠠᠵᠠᠷ ᠤᠨ ᠵᠢᠷᠤᠭ ᠬᠦᠮᠦᠨ ᠦ ᠡᠷᠡᠦ ᠮᠡᠲᠦ ᠬᠡᠯᠪᠡᠷᠢ ᠲᠡᠢ ᠲᠤᠯᠠ ᠠᠭᠢᠲᠠ ᠪᠤᠶᠤ 《ᠡᠷᠡᠦ ᠲᠠᠯᠠᠪᠠᠢ》 ᠭᠡᠰᠡᠨ ᠦᠭᠡ ᠡᠴᠡ ᠭᠠᠷᠤᠯ ᠲᠠᠢ ᠭᠡᠰᠡᠨ ᠬᠤᠪᠢᠯᠪᠤᠷᠢ ᠴᠤ ᠪᠠᠶᠢᠳᠠᠭ᠃ ᠠᠺᠢᠲ᠋ᠠ (ᠨᠠᠮᠤᠷ ᠤᠨ ᠲᠠᠯᠠᠪᠠᠢ) ᠬᠡᠮᠡᠬᠦ ᠨᠡᠷ᠎ᠡ ᠨᠢ ᠲᠡᠩᠫᠶᠣ-ᠺᠠᠨᠫ ᠢᠶᠠᠨᠭᠡᠶᠢᠨ ᠦᠶ᠎ᠡ ᠳᠦ (729-749 ᠣᠨ) ᠪᠠᠲᠤᠯᠠᠭᠳᠠᠨ ᠮᠥᠷᠳᠡᠭᠳᠡᠬᠦ ᠪᠣᠯᠵᠠᠢ᠃

ᠡᠷᠡᠨ ᠦ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠶᠢᠨ ᠠᠺᠢᠲ᠋ᠠ ᠮᠤᠵᠢ ᠶᠢᠨ ᠨᠤᠲᠤᠭ ᠲᠤ ᠴᠢᠯᠠᠭᠤᠨ ᠵᠡᠪᠰᠡᠭ ᠦᠨ ᠦᠶ᠎ᠡ ᠳᠦ ᠬᠦᠮᠦᠰ ᠠᠮᠢᠳᠤᠷᠠᠵᠤ ᠪᠠᠶᠢᠭᠰᠠᠨ ᠤᠯᠠ ᠮᠥᠷ ᠣᠯᠳᠠᠳᠠᠭ᠃ ᠡᠳᠡᠭᠡᠷ ᠠᠭᠤᠭᠤᠯ ᠣᠷᠣᠰᠢᠨ ᠰᠠᠭᠤᠭᠴᠢᠳ ᠳᠡᠭᠡᠷ᠎ᠡ ᠨᠡᠮᠡᠭᠳᠡᠵᠦ ᠶᠠᠶᠣᠢ ᠶᠢᠨ ᠦᠶ᠎ᠡ ᠳᠦ (ᠮᠠᠨ ᠤ ᠡᠷᠡᠨ ᠦ ᠡᠮᠦᠨ᠎ᠡ 500 - ᠮᠠᠨ ᠤ ᠡᠷᠡᠨ ᠦ 300 ᠣᠨ) ᠧᠦ᠋ᠷᠠᠽᠢ ᠍ ᠶᠢᠨ ᠵᠡᠭᠦᠨ ᠬᠡᠰᠡᠭ ᠡᠴᠡ ᠶᠠᠫᠣᠨ ᠤ ᠪᠠᠷᠠᠭᠤᠨ ᠬᠡᠰᠡᠭ ᠲᠦ ᠬᠦᠮᠦᠰ ᠰᠢᠯᠵᠢᠨ ᠰᠠᠭᠤᠷᠢᠰᠢᠵᠤ ᠡᠬᠢᠯᠡᠵᠡᠢ᠃ ᠡᠭᠦᠨ ᠦ ᠳᠠᠷᠤᠭ᠎ᠠ ᠠᠴᠠ ᠰᠢᠯᠵᠢᠨ ᠰᠠᠭᠤᠷᠢᠰᠢᠭᠴᠢᠳ ᠣᠳᠣ ᠶᠢᠨ ᠶᠠᠫᠣᠨ ᠤ ᠪᠠᠷᠠᠭᠤᠨ ᠲᠥᠪ ᠨᠤᠲᠤᠭ ᠢᠶᠠᠷ ᠲᠥᠪᠯᠡᠨ ᠢᠮᠠᠲ᠋ᠣ ᠦᠨᠳᠦᠰᠦᠲᠡᠨ ᠦ ᠲᠥᠷᠥ ᠳᠦ ᠤᠯᠤᠰ ᠢ ᠡᠭᠦᠰᠬᠡᠵᠦ ᠡᠬᠢᠯᠡᠭᠰᠡᠨ ᠪᠠᠶᠢᠨ᠎ᠠ᠃ ᠡᠨᠡ ᠤᠯᠤᠰ ᠨᠢ ᠴᠢ ᠲᠡᠢ (朝廷) ᠭᠡᠭᠳᠡᠵᠦ ᠪᠠᠶᠢᠭᠰᠠᠨ ᠪᠠ᠂ ᠡᠭᠦᠨ ᠦ ᠳᠠᠷᠠᠭ᠎ᠠ 8 ᠍ ᠳᠦᠭᠡᠷ ᠵᠠᠭᠤᠨ ᠳᠤ ᠤᠯᠤᠰ ᠤᠨ ᠨᠡᠷ᠎ᠡ ᠪᠡᠨ ᠨᠢᠬᠠᠨ (ᠪᠢᠳᠡ ᠶᠠᠫᠣᠨ ᠭᠡᠵᠦ ᠳᠠᠭᠤᠳᠠᠳᠠᠭ ᠬᠡᠳᠦᠢ ᠴᠤ ᠤᠭ ᠨᠡᠷ᠎ᠡ ᠨᠢ ᠨᠢᠬᠠᠨ ᠪᠤᠶᠤ ᠨᠠᠷᠠᠨ ᠤᠯᠤᠰ ᠶᠤᠮ) ᠪᠣᠯᠭᠠᠵᠠᠢ᠃ 8 ᠍ ᠳᠦᠭᠡᠷ ᠵᠠᠭᠤᠨ ᠤ ᠡᠬᠢᠨ ᠦ ᠬᠠᠭᠠᠰ ᠲᠤ ᠴᠢᠦᠲᠡᠢ ᠶᠢᠨ ᠵᠠᠰᠠᠭ ᠠᠴᠠ ᠶᠠᠫᠣᠨ ᠲᠡᠩᠭᠢᠰ ᠦᠨ ᠬᠣᠶᠢᠳᠤ ᠬᠡᠰᠡᠭ ᠢ ᠨᠢᠭᠡᠳᠬᠡᠬᠦ ᠪᠡᠷ ᠣᠳᠣ ᠶᠢᠨ ᠢᠮᠠᠭᠲᠠ ᠮᠤᠵᠢ ᠶᠢᠨ ᠵᠣᠨᠠᠢ ᠬᠢᠵᠠᠭᠠᠷ ᠲᠤ ᠳᠡᠪᠤᠩ ᠠᠴᠠᠺᠦ ᠪᠡᠬᠢᠯᠡᠯᠲᠡ ᠶᠢ ᠪᠠᠶᠢᠭᠤᠯᠤᠭᠰᠠᠨ ᠪᠥᠭᠡᠳ 733 ᠣᠨ ᠳᠤ ᠤᠭ ᠪᠡᠬᠢᠯᠡᠯᠲᠡ ᠨᠢ ᠣᠳᠣ ᠶᠢᠨ ᠠᠺᠢᠲ᠋ᠠ ᠮᠤᠵᠢ ᠶᠢᠨ ᠠᠺᠢᠲ᠋ᠠ ᠬᠣᠳᠠ ᠳᠤ ᠰᠢᠯᠵᠢᠵᠡᠢ᠃ ᠤᠭ ᠪᠡᠬᠢᠯᠡᠯᠲᠡ ᠨᠢ 760 ᠣᠨ ᠳᠤ ᠠᠺᠢᠲ᠋ᠠ ᠴᠠᠶᠢᠵᠠ ᠪᠣᠯᠵᠤ ᠥᠷᠭᠡᠵᠢᠨ ᠳᠡᠪᠠ ᠮᠤᠵᠢ ᠶᠢᠨ ᠵᠠᠰᠠᠭ ᠵᠠᠬᠢᠷᠭ᠎ᠠ ᠰᠢᠯᠵᠢᠨ ᠢᠷᠡᠭᠰᠡᠨ ᠪᠣᠯᠪᠠᠴᠤ ᠴᠢᠯᠠᠭᠤᠨ ᠵᠡᠪᠰᠡᠭ ᠦᠨ ᠦᠶ᠎ᠡ ᠶᠢᠨ ᠠᠭᠤᠭᠤᠯ ᠢᠷᠭᠡᠳ ᠪᠠ ᠴᠢ ᠲᠡᠢ ᠳᠦ ᠬᠠᠷᠢᠶᠠᠯᠠᠭᠳᠠᠳᠠᠭ ᠦᠭᠡᠢ ᠢᠮᠠᠲ᠋ᠣ ᠦᠨᠳᠦᠰᠦᠲᠡᠨ ᠨᠦᠭᠦᠳ ᠦᠨ ᠪᠣᠰᠤᠯᠭ᠎ᠠ ᠳᠤ ᠥᠷᠲᠥᠵᠦ ᠠᠺᠢᠲ᠋ᠠ ᠴᠠᠶᠢᠵᠠ ᠨᠤᠷᠠᠨ ᠳᠡᠪᠠ ᠮᠤᠵᠢ ᠶᠢᠨ ᠵᠠᠰᠠᠭ ᠵᠠᠬᠢᠷᠭ᠎ᠠ ᠳᠠᠬᠢᠨ ᠰᠢᠯᠵᠢᠬᠦ ᠳᠦ ᠬᠦᠷᠴᠡᠢ᠃

ᠡᠭᠦᠨ ᠦ ᠳᠠᠷᠠᠭ᠎ᠠ ᠠᠺᠢᠲ᠋ᠠ ᠴᠠᠶᠢᠵᠠ ᠳᠠᠬᠢᠨ ᠰᠡᠷᠭᠦᠭᠡᠭᠳᠡᠵᠦ ᠵᠡᠭᠦᠨ ᠬᠣᠶᠢᠳᠤ ᠪᠥᠰᠡ ᠨᠤᠲᠤᠭ ᠤᠨ ᠶᠠᠫᠣᠨ ᠲᠡᠩᠭᠢᠰ ᠦᠨ ᠬᠡᠰᠡᠭ ᠦᠨ ᠲᠣᠮᠣᠬᠠᠨ ᠲᠥᠪ ᠪᠣᠯᠵᠠᠢ᠃ ᠡᠭᠦᠨ ᠦ ᠳᠠᠷᠤᠭ᠎ᠠ ᠠᠴᠠ ᠬᠤᠷᠳᠤᠴᠠ ᠲᠠᠢ ᠬᠥᠭᠵᠢᠵᠦ ᠡᠬᠢᠯᠡᠰᠦᠭ ᠪᠠᠶᠢᠨ᠎ᠠ᠃ 878 ᠣᠨ ᠳᠤ ᠶᠡᠬᠡ ᠬᠡᠮᠵᠢᠶᠡᠨ ᠦ ᠲᠠᠲᠠᠪᠤᠷᠢ᠂ ᠬᠦᠨᠳᠦ ᠬᠦᠴᠦᠷᠡ ᠬᠥᠳᠡᠯᠮᠦᠷᠢ ᠡᠴᠡ ᠪᠣᠯᠵᠤ ᠲᠣᠮᠣ ᠬᠡᠮᠵᠢᠶᠡᠨ ᠦ ᠪᠣᠰᠤᠯᠭ᠎ᠠ ᠭᠠᠷᠴᠤ ᠵᠠᠰᠠᠭ ᠤᠨ ᠭᠠᠵᠠᠷ ᠠᠴᠠ 5000 ᠴᠡᠷᠢᠭ ᠢᠯᠡᠭᠡᠭᠰᠡᠨ ᠬᠡᠳᠦᠢ ᠴᠤ ᠶᠡᠬᠡᠩᠬᠢ ᠨᠢ ᠠᠯᠠᠭᠳᠠᠵᠤ ᠶᠡᠬᠡᠬᠡᠨ ᠬᠣᠬᠢᠷᠠᠯ ᠠᠮᠰᠠᠵᠠᠢ᠃

ᠳᠤᠮᠳᠠᠳᠤ ᠵᠠᠭᠤᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠣᠰᠢᠦ ᠹᠦᠵᠢᠪᠠᠷᠠ ᠠᠩᠬᠠᠨ ᠤ ᠺᠢᠶᠣᠬᠢᠷ ᠠᠴᠠ ᠮᠣᠲ᠋ᠣᠬᠢᠷᠠ᠂ ᠬᠢ ᠳᠦ ᠬᠷᠠ᠂ ᠶᠠᠰᠦ᠋ᠬᠠᠷᠢᠭ ᠬᠦᠷᠲᠡᠯ᠎ᠡ ᠪᠦᠲᠦᠨ ᠵᠠᠭᠤᠨ ᠢ (11 ᠍ ᠳᠦᠭᠡᠷ ᠵᠠᠭᠤᠨ ᠤ ᠰᠡᠭᠦᠯ ᠡᠴᠡ 12 ᠍ ᠳᠦᠭᠡᠷ ᠵᠠᠭᠤᠨ ᠤ ᠰᠡᠭᠦᠯ) ᠳᠠᠮᠨᠠᠨ ᠣᠷᠣᠰᠢᠵᠤ ᠲᠣᠭᠣᠬᠣᠺᠦ ᠪᠥᠰᠡ ᠪᠦᠬᠦᠯᠢ ᠳᠦ ᠪᠡᠨ ᠭᠣᠽᠣᠺᠦ ᠪᠤᠶᠤ ᠦᠶ᠎ᠡ ᠳᠠᠮᠵᠢᠭ᠌ᠰᠠᠨ ᠢᠵᠠᠭᠤᠷᠲᠠᠨ ᠨᠤᠭᠤᠳ ᠤᠨ ᠵᠠᠬᠢᠷᠭᠠᠨ ᠳᠤ ᠪᠠᠶᠢᠪᠠ᠃ ᠲᠤᠬᠠᠢ ᠶᠢᠨ ᠦᠶ᠎ᠡ ᠳᠦ ᠠᠺᠢᠲ᠋ᠠ ᠶᠢᠨ ᠬᠡᠰᠡᠭ᠂ ᠶᠦᠷᠢ᠂ ᠬᠢᠨᠠᠢ ᠬᠡᠰᠡᠭ ᠹᠦᠵᠢᠪᠤᠷᠢᠭ ᠤᠨ ᠮᠡᠳᠡᠯ ᠳᠦ ᠪᠠᠶᠢᠪᠠ᠃

ᠰᠡᠭᠦᠯ ᠦᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1600 ᠣᠨ ᠤ ᠰᠡᠬᠢᠭᠠᠬᠠᠷᠠᠭ ᠤᠨ ᠲᠤᠯᠤᠯᠳᠤᠭᠠᠨ ᠳᠤ ᠪᠠᠷᠠᠭᠤᠨ ᠤ ᠬᠦᠴᠦ ᠶᠢᠨ ᠴᠣᠬᠢᠭᠰᠠᠨ ᠲᠣᠺᠥᠭᠪᠠ ᠢᠢᠰᠦ ᠶᠡᠬᠡ ᠱᠣᠣᠭᠦᠨᠡᠭᠡᠷᠡ ᠲᠣᠳᠣᠷᠠᠵᠤ ᠵᠠᠰᠠᠭ ᠤᠨ ᠭᠠᠵᠠᠷ ᠢᠶᠠᠨ ᠡᠳᠣ (ᠲᠣᠤᠺᠢᠣ᠋) ᠍ ᠳᠦ ᠲᠥᠪᠯᠡᠷᠡᠭᠦᠯᠵᠦ᠂ ᠨᠢᠭᠡᠳᠦᠭᠰᠡᠨ ᠤᠯᠤᠰ ᠢ ᠪᠠᠶᠢᠭᠤᠯᠵᠠᠢ᠃ ᠡᠨᠡ ᠦᠶ᠎ᠡ ᠳᠦ ᠰᠡᠬᠢᠭᠠᠬᠠᠷᠠᠭ ᠤᠨ ᠲᠤᠯᠤᠯᠳᠤᠭᠠᠨ ᠳᠤ ᠪᠠᠷᠠᠭᠤᠨ ᠤ ᠬᠦᠴᠦ ᠶᠢ ᠳᠡᠮᠵᠢᠵᠦ ᠣᠷᠣᠯᠴᠠᠭᠰᠠᠨ ᠣᠨᠣᠳᠷ ᠠᠴᠠ ᠪᠤᠰᠤᠳ ᠨᠢ ᠰᠢᠨ᠎ᠡ ᠵᠠᠰᠠᠭ ᠤᠨ ᠢᠪᠡᠭᠡᠯ ᠢ ᠬᠦᠷᠲᠡᠭᠰᠡᠨ ᠴᠤ ᠡᠮᠦᠨᠡᠬᠢ ᠬᠠᠷᠢᠶᠠᠲᠤ ᠠᠷᠠᠳ ᠭᠠᠵᠠᠷ ᠨᠤᠲᠤᠭ ᠠᠴᠠ ᠪᠠᠨ ᠰᠠᠯᠠᠵᠠᠢ᠃ ᠡᠭᠦᠨ ᠦ ᠬᠢᠷᠢ ᠪᠡᠷ ᠲᠥᠪ ᠵᠠᠰᠠᠭ ᠤᠨ ᠬᠦᠴᠦ ᠤᠯᠠᠮ ᠴᠢᠩᠭᠠᠷᠴᠢ ᠣᠷᠣᠨ ᠨᠤᠲᠤᠭ ᠤᠨ ᠡᠷᠬᠡ ᠬᠤᠮᠢᠭᠳᠠᠬᠤ ᠪᠣᠯᠵᠠᠢ᠃

1602 ᠣᠨ ᠳᠤ ᠠᠺᠢᠲ᠋ᠠ ᠮᠤᠵᠢ ᠶᠢᠨ ᠠᠩᠬᠠᠨ ᠤ ᠵᠠᠬᠢᠷᠤᠭᠴᠢ ᠪᠠᠷ ᠰᠠᠲ᠋ᠠᠺᠡ ᠶᠣᠰᠢᠨᠣᠪᠦ ᠲᠣᠮᠢᠯᠠᠭᠳᠠᠵᠤ ᠡᠯ᠎ᠡ ᠣᠪᠤᠭ 12 ᠦᠶ᠎ᠡ ᠳᠠᠮᠵᠢᠨ ᠠᠺᠢᠲ᠋ᠠ ᠮᠤᠵᠢ ᠶᠢ ᠵᠠᠬᠢᠷᠴᠠᠢ᠃

  • ᠠᠩᠬᠠᠨ ᠤ ᠵᠠᠬᠢᠷᠤᠭᠴᠢ ᠶᠣᠰᠢᠨᠣᠪᠦ (1602-1633)
  • 2 ᠳᠠᠬᠢ ᠵᠠᠬᠢᠷᠤᠭᠴᠢ ᠶᠣᠰᠢᠲ᠋ᠠᠺᠠ (1633-1671)
  • 3 ᠳᠠᠬᠢ ᠵᠠᠬᠢᠷᠤᠭᠴᠢ ᠶᠣᠱᠢᠰᠦᠮᠢ (1671-1703)
  • 4 ᠳ᠋ᠡᠬᠢ ᠵᠠᠬᠢᠷᠤᠭᠴᠢ ᠶᠣᠰᠢᠲ᠋ᠠᠺᠠ (1703-1715)
  • 5 ᠳᠠᠬᠢ ᠵᠠᠬᠢᠷᠤᠭᠴᠢ ᠶᠣᠰᠢᠮᠢᠨ᠎ᠡ (1715-1749)
  • 6 ᠳᠠᠬᠢ ᠵᠠᠬᠢᠷᠤᠭᠴᠢ ᠶᠣᠰᠢᠮᠠᠰᠠ (1749-1753)
  • 7 ᠳᠠᠬᠢ ᠵᠠᠬᠢᠷᠤᠭᠴᠢ ᠶᠣᠱᠤᠬᠤᠷᠦ (1753-1758)
  • 8 ᠳᠠᠬᠢ ᠵᠠᠬᠢᠷᠤᠭᠴᠢ ᠶᠣᠰᠢᠶᠠᠴᠦ (1758-1785)
  • 9 ᠳᠠᠬᠢ ᠵᠠᠬᠢᠷᠤᠭᠴᠢ ᠶᠣᠰᠢᠮᠠᠰᠠ (1785-1815)
  • 10 ᠳᠠᠬᠢ ᠵᠠᠬᠢᠷᠤᠭᠴᠢ ᠶᠣᠰᠢᠭᠢᠷᠣ (1815-1846)
  • 11 ᠳ᠋ᠡᠬᠢ ᠵᠠᠬᠢᠷᠤᠭᠴᠢ ᠶᠣᠰᠢᠴᠢᠺᠠ (1846-1857)
  • 12 ᠳᠠᠬᠢ ᠵᠠᠬᠢᠷᠤᠭᠴᠢ ᠶᠣᠰᠢᠲ᠋ᠠᠺᠠ (1857-1869)

ᠠᠺᠢᠲ᠋ᠠ ᠮᠤᠵᠢ ᠠᠴᠠ ᠲᠥᠷᠥᠨ ᠭᠠᠷᠤᠭᠰᠠᠨ ᠠᠯᠳᠠᠷᠲᠠᠨ ᠨᠤᠭᠤᠳ ᠢ ᠳᠤᠷᠠᠳᠪᠠᠯ ᠰᠠᠲ᠋ᠣ ᠨᠣᠪᠦᠬᠦᠷᠣ᠂ ᠬᠢᠷᠲᠠ ᠠᠴᠢᠲᠡᠨ᠎ᠡ ᠪᠣᠯᠤᠨ ᠠᠺᠢᠲ᠋ᠠ ᠷᠠᠩᠭ᠎ᠠ (ᠤᠷᠠᠨ ᠵᠢᠷᠤᠭ ᠤᠨ ᠨᠢᠭᠡᠨ ᠲᠥᠷᠥᠯ) ᠍ ᠢ ᠦᠨᠳᠦᠰᠦᠯᠡᠭᠴᠢ ᠰᠠᠲ᠋ᠠᠺᠡ ᠶᠣᠰᠢᠶᠠᠴᠦ᠂ ᠣᠳᠣᠨ᠎ᠠ ᠨᠣᠲ᠋ᠠᠬᠡ ᠨᠠᠷ ᠲᠥᠷᠥᠨ ᠭᠠᠷᠤᠭᠰᠠᠨ ᠪᠢᠯᠡ᠃

1868 ᠣᠨ ᠳᠤ ᠡᠬᠢᠯᠡᠭᠰᠡᠨ ᠪᠣᠰᠢᠨ ᠤ ᠪᠠᠶᠢᠯᠳᠤᠭᠠᠨ ᠳᠤ ᠺᠥᠪᠣᠲ᠋ᠠ ᠨᠠᠷ ᠤᠨ ᠳᠡᠪᠠᠭ ᠤᠨ ᠵᠠᠬᠢᠷᠤᠭᠴᠢ ᠨᠠᠷ ᠣᠦ ᠶᠢᠨ ᠡᠪᠰᠡᠯᠳᠦ ᠨᠢᠭᠡᠳᠦᠭᠰᠡᠨ ᠬᠡᠳᠦᠢ ᠴᠤ ᠺᠥᠪᠣᠲ᠋ᠠ ᠶᠢᠨ ᠲᠠᠯ᠎ᠠ ᠶᠢᠨ ᠬᠢᠨ ᠡᠷᠭᠢᠯᠲᠡ ᠭᠠᠷᠭᠠᠨ ᠺᠥᠪᠣᠲ᠋ᠠ ᠭᠡᠨᠡᠳᠲᠡ ᠰᠢᠨ᠎ᠡ ᠵᠠᠰᠠᠭ ᠤᠨ ᠲᠠᠯ᠎ᠠ ᠳᠤ ᠣᠷᠣᠵᠤ ᠡᠴᠦᠰ ᠦᠨ ᠳᠦᠩ ᠳᠦ ᠪᠡᠨ ᠢᠯᠠᠯᠲᠠ ᠪᠠᠶᠢᠭᠤᠯᠤᠭᠰᠠᠨ ᠪᠣᠯᠪᠠᠴᠤ ᠺᠥᠪᠣᠲ᠋ᠠ ᠶᠢᠨ ᠭᠠᠵᠠᠷ ᠤᠨ ᠶᠡᠬᠡᠩᠬᠢ ᠨᠢ ᠠᠯᠳᠠᠭᠳᠠᠭᠰᠠᠨ ᠭᠡᠳᠡᠭ᠃

ᠳᠤᠮᠳᠠ ᠪᠣᠯᠤᠨ ᠰᠡᠭᠦᠯ ᠦᠶ᠎ᠡ ᠶᠢᠨ ᠣᠨ ᠴᠠᠭ ᠤᠨ ᠬᠡᠯᠬᠢᠶᠡᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

  • 1871 ᠣᠨ ᠤ 8 ᠰᠠᠷ᠎ᠠ ᠶᠢᠨ 29 – ᠮᠤᠵᠢᠢᠭ ᠡᠮᠬᠢᠯᠡᠬᠦ ᠠᠵᠢᠯ ᠤᠨᠨ ᠬᠦᠷᠢᠶᠡᠨ ᠳᠦ ᠠᠺᠢᠲ᠋ᠠ ᠮᠤᠵᠢ ᠶᠢ ᠡᠭᠦᠰᠬᠡᠨ ᠪᠠᠶᠢᠭᠤᠯᠤᠭᠰᠠᠨ (8 ᠰᠠᠷ᠎ᠠ ᠶᠢᠨ 29 ᠍ ᠦ ᠡᠳᠦᠷ ᠢ ᠮᠤᠵᠢ ᠪᠠᠶᠢᠭᠤᠯᠤᠭᠳᠠᠭᠰᠠᠨ ᠡᠳᠦᠷ ᠪᠣᠯᠭᠠᠨ ᠲᠡᠮᠳᠡᠭᠯᠡᠳᠡᠭ)
  • 1872 ᠣᠨ ᠤ 4 ᠰᠠᠷ᠎ᠠ ᠶᠢᠨ 20 - ᠬᠠᠭᠤᠴᠢᠨ ᠺᠥᠪᠣᠲ᠋ᠠ ᠶᠢᠨ ᠴᠠᠶᠢᠵᠠ ᠶᠢ ᠠᠺᠢᠲ᠋ᠠ ᠮᠤᠵᠢ ᠶᠢᠨ ᠵᠠᠬᠢᠷᠭ᠎ᠠ ᠪᠣᠯᠭᠠᠵᠤ᠂ ᠮᠤᠵᠢ ᠶᠢᠨ ᠠᠩᠬᠠᠨ ᠤ ᠵᠠᠬᠢᠷᠤᠭᠴᠢ ᠪᠠᠷ ᠰᠢᠮᠠᠭᠢ ᠦᠦ ᠲᠣᠮᠢᠯᠠᠭᠳᠠᠪᠠ᠃
  • 1873 ᠣᠨ ᠤ 9 ᠰᠠᠷ᠎ᠠ ᠶᠢᠨ 10- ᠨᠢᠰᠰᠢᠨ ᠰᠤᠷᠭᠠᠭᠤᠯᠢ ᠶᠢ ᠧᠦ᠋ᠷᠣᠫᠠ ᠬᠡᠯᠪᠡᠷᠢ ᠪᠡᠷ ᠰᠢᠨᠡᠴᠢᠯᠡᠵᠦ ᠨ ᠡᠴᠡᠢ᠃(ᠣᠳᠣ ᠶᠢᠨ ᠠᠺᠢᠲ᠋ᠠ ᠮᠤᠵᠢ ᠶᠢᠨ ᠠᠺᠢᠲ᠋ᠠ ᠠᠬᠠᠯᠠᠬᠤ ᠰᠤᠷᠭᠠᠭᠤᠯᠢ ᠶᠢᠨ ᠡᠬᠢ)
    • 10 ᠰᠠᠷ᠎ᠠ ᠶᠢᠨ 1 – ᠲᠡᠩᠰᠦ ᠰᠤᠷᠭᠠᠭᠤᠯᠢ ᠶᠢ ᠨᠡᠭᠡᠭᠡᠪᠡ (ᠠᠺᠢᠲ᠋ᠠ ᠶᠢᠨ ᠶᠡᠬᠡ ᠰᠤᠷᠭᠠᠭᠤᠯᠢ ᠶᠢᠨ ᠪᠣᠯᠪᠠᠰᠤᠷᠠᠯ ᠤᠨ ᠹᠠᠺᠦᠶᠢᠯᠲ᠋ᠧᠲ ᠦᠨ ᠡᠬᠡ)
  • 1874 ᠣᠨ ᠤ 1 ᠰᠠᠷ᠎ᠠ ᠶᠢᠨ 22 - ᠮᠤᠵᠢ ᠶᠢᠨ ᠡᠮᠨᠡᠯᠭᠡ ᠶᠢ ᠪᠣᠰᠬᠠᠪᠠ᠃
    • 2 ᠰᠠᠷ᠎ᠠ ᠶᠢᠨ 2 - ᠠᠺᠢᠲ᠋ᠠ ᠶᠢᠨ ᠠᠩᠬᠠᠨ ᠤ ᠰᠣᠨᠢᠨ ᠭᠠᠷᠪᠠ
    • 3 ᠰᠠᠷ᠎ᠠ ᠶᠢᠨ 25 -ᠠᠺᠢᠲ᠋ᠠ ᠶᠢᠨ ᠱᠤᠤᠳᠠᠩ ᠤᠨ ᠭᠠᠵᠠᠷ ᠨᠡᠭᠡᠭᠡᠭᠳᠡᠪᠡ
  • 1878 ᠣᠨ ᠤ 11 ᠰᠠᠷ᠎ᠠ ᠶᠢᠨ 29 - ᠠᠺᠢᠲ᠋ᠠ ᠶᠢᠨ ᠠᠩᠬᠠᠨ ᠤ ᠦᠷ᠎ᠡ ᠶᠢᠨ ᠪᠢᠷᠵᠢ ᠶᠢᠨ ᠠᠷᠠᠯᠵᠢᠶ᠎ᠠ ᠬᠢᠭᠳᠡᠪᠡ。
    • 12 ᠰᠠᠷ᠎ᠠ ᠶᠢᠨ 10 - ᠠᠺᠢᠲ᠋ᠠ ᠶᠢᠨ ᠴᠠᠬᠢᠯᠭᠠᠨ ᠬᠣᠯᠪᠣᠭᠠᠨ ᠤ ᠰᠠᠯᠪᠤᠷᠢ ᠨᠡᠭᠡᠭᠡᠭᠳᠡᠪᠡ
  • 1879 ᠣᠨ ᠤ 1 ᠰᠠᠷ᠎ᠠ ᠶᠢᠨ 4 - 48 ᠳᠠᠬᠢ ᠤᠯᠤᠰ ᠤᠨ ᠪᠠᠩᠬᠢ ᠪᠤᠶᠤ ᠠᠺᠢᠲ᠋ᠠ ᠶᠢᠨ ᠪᠠᠩᠬᠢ ᠨᠡᠭᠡᠭᠡᠭᠳᠡᠪᠡ᠃
  • 1889 ᠣᠨ ᠤ 4 ᠰᠠᠷ᠎ᠠ ᠶᠢᠨ 1 - ᠡᠮᠦᠨᠡᠲᠦ ᠠᠺᠢᠲ᠋ᠠ ᠶᠢᠨ ᠬᠡᠰᠡᠭ ᠬᠣᠲᠠ ᠶᠢᠨ ᠡᠷᠬᠡ ᠲᠡᠢ ᠪᠣᠯᠵᠤ ᠠᠺᠢᠲ᠋ᠠ ᠬᠣᠲᠠ ᠪᠠᠶᠢᠭᠤᠯᠤᠭᠳᠠᠪᠠ᠃
    • 7 ᠰᠠᠷ᠎ᠠ ᠶᠢᠨ 3 - ᠠᠺᠢᠲ᠋ᠠ ᠪᠠᠰᠠ ᠲᠡᠮᠦᠷ ᠵᠠᠮ ᠠᠺᠢᠲ᠋ᠠ-ᠴᠦᠴᠢᠰᠠᠺᠢᠭ ᠤᠨ ᠬᠣᠭᠣᠷᠣᠨᠳᠣ ᠦᠢᠯᠡᠴᠢᠯᠡᠵᠦ ᠡᠬᠢᠯᠡᠪᠡ
  • 1895 ᠣᠨ ᠤ 5 ᠰᠠᠷ᠎ᠠ ᠶᠢᠨ 3 - ᠬᠣᠺᠥᠲᠠ ᠪᠠᠩᠬᠢ ᠨᠡᠭᠡᠭᠡᠭᠳᠡᠪᠡ᠃
  • 1898 ᠣᠨ ᠤ 9 ᠰᠠᠷ᠎ᠠ ᠶᠢᠨ 20 - ᠶᠠᠪᠠᠭᠠᠨ ᠴᠡᠷᠢᠭ ᠦᠨ 17 ᠍ ᠳᠦᠭᠡᠷ ᠠᠩᠭᠢ ᠰᠡᠩᠳᠠᠢᠭᠠ ᠠᠴᠠ ᠠᠺᠢᠲ᠋ᠠᠳ ᠰᠢᠯᠵᠢᠵᠦ ᠳᠠᠭᠤᠰᠪᠠ᠃
  • 1899 ᠣᠨ ᠤ 6 ᠰᠠᠷ᠎ᠠ ᠶᠢᠨ 21 - ᠵᠢᠩᠪᠠ ᠥᠷᠲᠡᠭᠡ᠂ ᠰᠢᠷᠰᠪᠠ ᠥᠷᠲᠡᠭᠡ ᠨᠡᠭᠡᠭᠡᠭᠳᠡᠪᠡ᠃
  • 1901 ᠣᠨ ᠤ 11 ᠰᠠᠷ᠎ᠠ ᠶᠢᠨ 14 - ᠺᠢᠨᠢᠶᠣᠭ᠎ᠠ ᠶᠢᠨ ᠴᠠᠬᠢᠯᠭᠠᠨ ᠰᠲ᠋ᠠᠨᠼ ᠠᠴᠠ ᠠᠺᠢᠲ᠋ᠠ ᠬᠣᠲᠠ᠂ ᠴᠦᠴᠢᠰᠠᠺᠢ ᠪᠣᠭᠣᠮᠲᠠ ᠬᠣᠲᠠ ᠨᠤᠭᠤᠳ ᠢ ᠴᠠᠬᠢᠯᠭᠠᠨ ᠢᠶᠠᠷ ᠬᠠᠩᠭᠠᠵᠤ ᠡᠬᠢᠯᠡᠪᠡ᠃
  • 1902 ᠣᠨ ᠤ 10 ᠰᠠᠷ᠎ᠠ ᠶᠢᠨ 21 - ᠲᠡᠮᠦᠷ ᠵᠠᠮ ᠤᠨ ᠠᠺᠢᠲ᠋ᠠ ᠥᠷᠲᠡᠭᠡ ᠨᠡᠭᠡᠭᠡᠭᠳᠡᠪᠡ᠃
  • 1905 ᠣᠨ - ᠸ᠎ᠠ ᠶᠢᠨᠠᠢ ᠰᠠᠳᠤᠶᠤᠶᠢᠺᠢᠭ ᠤᠨ ᠣᠶᠢᠮᠣᠰᠤᠨ ᠨᠢᠳᠦᠲᠦ ᠢᠷᠭᠠᠢ ᠵᠢᠭᠠᠰᠤ ᠦᠷᠡᠵᠢᠭᠦᠯᠬᠦ ᠲᠧᠭᠨᠣᠯᠣᠭᠢ ᠠᠮᠵᠢᠯᠲᠠ ᠳᠤ ᠬᠦᠷᠪᠡ᠃
    • 9 ᠰᠠᠷ᠎ᠠ ᠶᠢᠨ 14 - ᠦᠭ ᠶᠢᠨ ᠲᠡᠮᠦᠷ ᠵᠠᠮ ᠤᠨ ᠱᠤᠭᠤᠮ ᠪᠦᠬᠦᠯᠢ ᠳᠦ ᠪᠡᠨ ᠨᠡᠭᠡᠭᠡᠭᠳᠡᠪᠡ᠃
    • 1907 ᠣᠨ ᠤ 12 ᠰᠠᠷ᠎ᠠ ᠶᠢᠨ 26 - ᠠᠺᠢᠲ᠋ᠠ ᠶᠢᠨ ᠰᠢᠤᠳᠠᠨ ᠬᠣᠯᠪᠣᠭᠠᠨ ᠤ ᠰᠠᠯᠪᠤᠷᠢ ᠠᠺᠢᠲ᠋ᠠ ᠬᠣᠲᠠ ᠶᠢᠨ ᠳᠣᠲᠣᠷ᠎ᠠ ᠲᠧᠯᠧᠹᠣᠨ ᠤᠲᠠᠰᠤᠨ ᠤ ᠦᠢᠯᠡᠴᠢᠯᠡᠭᠡ ᠶᠢ ᠨᠡᠪᠲᠡᠷᠡᠭᠦᠯᠪᠡ (ᠬᠡᠷᠡᠭᠯᠡᠭᠴᠢ ᠶᠢᠨ ᠲᠣᠭ᠎ᠠ 201)
  • 1910 ᠣᠨ ᠤ 8 ᠰᠠᠷ᠎ᠠ ᠶᠢᠨ 11 - ᠶᠡᠬᠡ ᠦᠶᠡᠷ ᠪᠣᠯᠵᠤ 25 ᠬᠦᠮᠦᠨ ᠠᠮᠢ ᠡᠷᠡᠰᠳᠡᠪᠡ᠃
  • 1911 ᠣᠨ ᠤ 4 ᠰᠠᠷ᠎ᠠ ᠶᠢᠨ 30 - ᠠᠺᠢᠲ᠋ᠠ ᠶᠢᠨ ᠠᠭᠤᠯᠠ ᠠᠭᠤᠷᠬᠠᠢ ᠶᠢᠨ ТМС (ᠣᠳᠣ ᠶᠢᠨ ᠠᠺᠢᠲ᠋ᠠ ᠶᠢᠨ ᠶᠡᠬᠡ ᠰᠤᠷᠭᠠᠭᠤᠯᠢ ᠶᠢᠨ ᠢᠨᠵᠧᠨᠧᠷ ᠦᠨ ᠹᠠᠺᠦᠶᠢᠯᠲ᠋ᠧᠲ ᠦᠨ ᠡᠬᠡ) ᠨᠡᠭᠡᠭᠡᠭᠳᠡᠪᠡ᠃
  • 1912 ᠣᠨ ᠤ 1 ᠰᠠᠷ᠎ᠠ ᠶᠢᠨ 28 – ᠰᠢᠷᠰᠡ ᠨᠣᠪᠤ ᠡᠮᠦᠨᠡᠲᠦ ᠲᠤᠶᠢᠯ ᠳᠤ ᠶᠠᠫᠣᠨ ᠤ ᠳᠠᠯᠪᠠᠭ᠎ᠠ ᠶᠢ ᠬᠠᠳᠬᠤᠪᠠ᠃
  • 1912 ᠣᠨ ᠤ 9 ᠰᠠᠷ᠎ᠠ ᠶᠢᠨ 23 - ᠲᠠᠶᠢᠹᠦ᠋ᠨ ᠦ ᠤᠯᠠᠮ ᠠᠴᠠ 23 ᠬᠦᠮᠦᠨ ᠠᠮᠢ ᠠᠯᠳᠠᠪᠠ᠃
  • 1914 ᠣᠨ ᠤ 3 ᠰᠠᠷ᠎ᠠ ᠶᠢᠨ 15 - ᠬᠦᠴᠢᠲᠡᠢ ᠭᠠᠵᠠᠷ ᠬᠥᠳᠡᠯᠦᠯᠲᠡᠡᠶᠢᠨ ᠤᠯᠠᠮ ᠠᠴᠠ 94 ᠬᠦᠮᠦᠨ ᠠᠮᠢ ᠠᠯᠳᠠᠪᠠ᠃
    • 5 ᠰᠠᠷ᠎ᠠ ᠶᠢᠨ 26 – ᠨᠢᠬᠤᠩᠰᠡᠬᠢᠶᠤᠶᠢ ᠺᠣᠮᠫᠠᠨᠢ ᠬᠠᠷ᠎ᠠ ᠭᠣᠣᠯ ᠤᠨ ᠴᠢᠯᠠᠭᠣᠨ ᠲᠣᠰᠣᠨ ᠤ ᠣᠷᠣᠳ ᠲᠤ ᠷᠣᠲ᠋ᠠᠷᠢ ᠬᠤᠪᠢᠯᠪᠤᠷᠢ ᠶᠢᠨ ᠴᠣᠨᠣᠭ ᠭᠠᠷᠭᠠᠨ ᠲᠣᠰᠣ ᠣᠯᠪᠤᠷᠢᠯᠠᠵᠤ ᠡᠬᠢᠯᠡᠪᠡ᠃
  • 1916 ᠣᠨ ᠤ 12 ᠰᠠᠷ᠎ᠠ ᠶᠢᠨ 16 - ᠣᠭ ᠶᠢᠨ ᠲᠡᠮᠦᠷ ᠵᠠᠮ ᠪᠦᠬᠦᠯᠢ ᠳᠦ ᠪᠡᠨ ᠠᠰᠢᠭᠯᠠᠯᠲᠠ ᠳᠤ ᠤᠷᠤᠪᠠ᠃
  • 1917 ᠣᠨ ᠤ 8 ᠰᠠᠷ᠎ᠠ ᠶᠢᠨ 1 - ᠲᠥᠪ ᠪᠠᠩᠬᠢᠨ ᠤ ᠠᠺᠢᠲ᠋ᠠ ᠳᠠᠬᠢ ᠰᠠᠯᠪᠤᠷᠢ ᠨᠡᠭᠡᠭᠡᠭᠳᠡᠪᠡ᠃
  • 1919 ᠣᠨ ᠤ 8 ᠰᠠᠷ᠎ᠠ ᠶᠢᠨ 24 - ᠺ ᠠᠴᠠᠺᠠ ᠠᠭᠤᠷᠬᠠᠢ ᠶᠢᠨ ᠠᠵᠢᠯᠴᠢᠳ ᠤᠨ ᠡᠰᠡᠷᠭᠦᠴᠡᠯ ᠦᠨ ᠬᠤᠷᠠᠯ᠃
  • 1921 ᠣᠨ ᠤ 2 ᠰᠠᠷ᠎ᠠ ᠶᠢᠨ 25 - "ᠲᠠᠦᠮᠠᠺᠥᠬᠢᠲᠠ" (ᠳᠠᠶᠢᠨ ᠢ ᠡᠰᠡᠷᠭᠦᠴᠡᠭᠰᠡᠨ ᠤᠳᠬ᠎ᠠ ᠵᠣᠬᠢᠶᠠᠯ ᠤᠨ ᠬᠡᠪᠯᠡᠯ) ᠭᠠᠷᠪᠠ᠃
  • 1924 ᠣᠨ ᠤ 7 ᠰᠠᠷ᠎ᠠ ᠶᠢᠨ 31 - ᠦᠪᠴᠥᠬᠠᠨ ᠰᠡᠨ ᠲᠡᠮᠦᠷ ᠵᠠᠮ ᠪᠦᠬᠦᠯᠢ ᠳᠦ ᠪᠡᠨ ᠠᠰᠢᠭᠯᠠᠯᠲᠠ ᠳᠤ ᠤᠷᠤᠪᠠ᠃
    • 11 ᠰᠠᠷ᠎ᠠ ᠶᠢᠨ 12 - ᠺᠢᠲ᠋ᠠᠾᠣᠩᠵᠣ ᠲᠡᠮᠦᠷ ᠵᠠᠮ ᠪᠦᠬᠦᠯᠢ ᠳᠦ ᠪᠡᠨ ᠠᠰᠢᠭᠯᠠᠯᠲᠠ ᠳᠤ ᠤᠷᠤᠪᠠ᠃
  • 1926 ᠣᠨ ᠤ 3 ᠰᠠᠷ᠎ᠠ ᠶᠢᠨ 8- ᠺ ᠠᠴᠠᠺᠠ ᠠᠭᠤᠷᠬᠠᠢ ᠶᠢᠨ ᠲᠦᠢᠮᠡᠷ ᠦᠨ ᠬᠣᠬᠢᠷᠠᠭᠴᠢᠳ ᠲᠤ ᠨᠥᠬᠥᠨ ᠣᠯᠭᠣᠪᠤᠷᠢ ᠣᠯᠭᠣᠬᠤ ᠠᠵᠢᠯᠴᠢᠳ ᠤᠨ ᠬᠤᠷᠠᠯ᠃
  • 1929 ᠣᠨ ᠤ 11 ᠰᠠᠷ᠎ᠠ ᠶᠢᠨ 27 - ᠮᠠᠳᠠ ᠲᠣᠰᠬᠣᠨ ᠤ ᠬᠥᠳᠡᠯᠭᠡᠭᠡᠨ ᠡᠪᠯᠡᠷᠡᠯᠳᠦᠬᠦᠷᠪᠡ᠃
  • 1932 ᠣᠨ ᠤ 7 ᠰᠠᠷ᠎ᠠ ᠶᠢᠨ 5 - NHK ᠍ ᠶᠢᠨ ᠨᠡᠪᠲᠡᠷᠡᠭᠦᠯᠭᠡ ᠠᠺᠢᠲ᠋ᠠᠳ ᠴᠠᠴᠤᠭᠳᠠᠵᠤ ᠡᠬᠢᠯᠡᠪᠡ᠃
  • 1935 ᠣᠨ ᠤ 3 ᠰᠠᠷ᠎ᠠ ᠶᠢᠨ 20 - ᠨᠢᠬᠠᠨ ᠺᠣᠭᠶᠣ ᠶᠠᠬᠠᠰᠢᠭ ᠤᠨ ᠭᠠᠵᠠᠷ ᠤᠨ ᠲᠣᠰᠤᠨ ᠤ ᠣᠷᠣᠳ ᠲᠤ ᠵᠢ ᠠᠴᠠ ᠪᠠᠨ ᠬᠤᠪᠢᠯᠪᠤᠷᠢ ᠶᠢᠨ ᠴᠣᠨᠣᠭ ᠭᠠᠷᠭᠠᠨ ᠲᠣᠰᠣ ᠣᠯᠪᠤᠷᠢᠯᠠᠵᠤ ᠡᠬᠢᠯᠡᠪᠡ᠃
  • 1936 ᠣᠨ ᠤ 7 ᠰᠠᠷ᠎ᠠ ᠶᠢᠨ 30 - ᠭᠣᠨᠠᠭᠰᠡᠨ ᠲᠡᠮᠦᠷ ᠵᠠᠮ ᠪᠦᠬᠦᠯᠢ ᠳᠦ ᠪᠡᠨ ᠠᠰᠢᠭᠯᠠᠯᠲᠠ ᠳᠤ ᠤᠷᠤᠪᠠ᠃
    • 11 ᠰᠠᠷ᠎ᠠ ᠶᠢᠨ 20 – ᠣᠰᠠᠷᠢᠽᠠᠸᠠ ᠠᠭᠤᠷᠬᠠᠢ ᠶᠢᠨ ᠳᠠᠯᠠᠨ ᠡᠪᠳᠡᠷᠡᠴᠢ 308 ᠬᠦᠮᠦᠨ ᠨᠠᠰᠤ ᠪᠠᠷᠵᠢ᠂ ᠣᠷᠣ ᠰᠤᠷᠠᠭ ᠦᠭᠡᠢ ᠠᠯᠠᠭ᠎ᠠ ᠪᠣᠯᠪᠠ᠃
  • 1938 ᠣᠨ ᠤ 4 ᠰᠠᠷ᠎ᠠ ᠶᠢᠨ 27 - ᠣᠮᠤᠨ᠎ᠠ ᠭᠣᠣᠯ ᠤᠨ ᠬᠣᠭᠣᠯᠠᠢ ᠶᠢ ᠮᠠᠯᠲᠠᠵᠤ ᠳᠠᠭᠤᠰᠪᠠ᠃
    • 4 ᠰᠠᠷ᠎ᠠ ᠶᠢᠨ 27 - ᠶᠠᠰᠢᠮᠠᠭᠰᠡᠨ ᠲᠡᠮᠦᠷ ᠵᠠᠮ ᠪᠦᠬᠦᠯᠢ ᠳᠦ ᠪᠡᠨ ᠠᠰᠢᠭᠯᠠᠯᠲᠠ ᠳᠤ ᠤᠷᠤᠪᠠ᠃
  • 1939 ᠣᠨ ᠤ 5 ᠰᠠᠷ᠎ᠠ ᠶᠢᠨ 1 - ᠣᠭ ᠶᠢᠨ ᠭᠠᠵᠠᠷ ᠬᠥᠳᠡᠯᠦᠯᠲᠡ ᠶᠢᠨ ᠤᠯᠠᠮ ᠠᠴᠠ 26 ᠬᠦᠮᠦᠨ ᠠᠮᠢ ᠠᠯᠳᠠᠪᠠ᠃
  • 1940 ᠣᠨ ᠤ 9 ᠰᠠᠷ᠎ᠠ ᠶᠢᠨ 26 - ᠨᠣᠰᠢᠷᠣ ᠬᠣᠲᠠ ᠪᠠᠶᠢᠭᠤᠯᠤᠭᠳᠠᠪᠠ᠃
  • 1941 ᠣᠨ ᠤ 10 ᠰᠠᠷ᠎ᠠ ᠶᠢᠨ 20 - ᠠᠺᠢᠲ᠋ᠠ᠂ 48, ᠶᠦᠽᠠᠸ᠎ᠠ ᠶᠢᠨ 3 ᠲᠣᠮᠣ ᠪᠠᠩᠬᠢ ᠨᠢᠭᠡᠳᠦᠨ ᠠᠺᠢᠲ᠋ᠠ ᠪᠠᠩᠬᠢ ᠪᠣᠯᠪᠠ
  • 1944 ᠣᠨ ᠤ 5 ᠰᠠᠷ᠎ᠠ ᠶᠢᠨ 9 - ᠬᠠᠭᠣᠺᠠ ᠠᠭᠤᠷᠬᠠᠢ ᠳᠤ ᠨᠤᠷᠠᠯᠲᠠ ᠪᠣᠯᠵᠤ 22 ᠬᠦᠮᠦᠨ ᠳᠠᠷᠤᠭᠳᠠᠪᠠ᠃
    • 9 ᠰᠠᠷ᠎ᠠ ᠶᠢᠨ 18 - ᠲᠠᠶᠢᠹᠦ᠋ᠨ ᠦ ᠤᠯᠠᠮ ᠠᠴᠠ 5 ᠬᠦᠮᠦᠨ ᠠᠮᠢ ᠠᠯᠳᠠᠪᠠ
  • 1945 ᠣᠨ ᠤ 7 ᠰᠠᠷ᠎ᠠ ᠶᠢᠨ 5 - ᠶᠣᠺᠣᠲ᠋ ᠍ ᠶᠢᠨ ᠠᠩᠬᠠᠨ ᠤ ᠪᠥᠮᠪᠦᠭᠡᠳᠡᠯ ᠳᠦ
    • 8 ᠰᠠᠷ᠎ᠠ ᠶᠢᠨ 10 - ᠶᠣᠺᠣᠲ᠋ ᠍ ᠶᠢᠨ 2 ᠳᠠᠬᠢ ᠪᠥᠮᠪᠦᠭᠡᠳᠡᠯ ᠳᠦ
    • 8 ᠰᠠᠷ᠎ᠠ ᠶᠢᠨ 14 – ᠴᠦᠴᠢᠰᠠᠺᠢᠭ ᠤᠨ ᠶᠡᠬᠡ ᠪᠥᠮᠪᠦᠭᠡᠳᠡᠯ ᠳᠦ
  • 1949 ᠣᠨ ᠤ 5 ᠰᠠᠷ᠎ᠠ ᠶᠢᠨ 31 - ᠠᠺᠢᠲ᠋ᠠ ᠶᠢᠨ ᠪᠠᠭᠰᠢ ᠶᠢᠨ ᠰᠤᠷᠭᠠᠭᠤᠯᠢ᠂ ᠠᠺᠢᠲ᠋ᠠ ᠶᠢᠨ ᠵᠠᠯᠠᠭᠤ ᠪᠠᠭᠰᠢ ᠶᠢᠨ ᠰᠤᠷᠭᠠᠭᠤᠯᠢ᠂ ᠠᠺᠢᠲ᠋ᠠ ᠶᠢᠨ ᠠᠭᠤᠯᠠ ᠠᠭᠤᠷᠬᠠᠢ ᠶᠢᠨ ТМС ᠨᠢᠭᠡᠳᠦᠨ ᠠᠺᠢᠲ᠋ᠠ ᠶᠢᠨ ᠶᠡᠬᠡ ᠰᠤᠷᠭᠠᠭᠤᠯᠢ ᠶᠢᠨ ᠦᠨᠳᠦᠰᠦ ᠶᠢ ᠲᠠᠯᠪᠢᠪᠠ᠃
  • 1951 ᠣᠨ ᠤ 1 ᠰᠠᠷ᠎ᠠ ᠶᠢᠨ 19 - ᠠᠺᠢᠲ᠋ᠠ ᠶᠢᠨ ᠪᠣᠭᠣᠮᠲᠠ ᠴᠢᠬᠤᠯᠠ ᠪᠣᠭᠣᠮᠲᠠ ᠶᠢᠨ ᠲᠣᠭᠠᠨ ᠳᠤ ᠪᠦᠷᠢᠳᠬᠡᠭᠳᠡᠪᠡ᠃
    • 4 ᠰᠠᠷ᠎ᠠ ᠶᠢᠨ 1 - ᠬᠠᠭᠤᠴᠢᠨ ᠶᠣᠺᠣᠲᠡ ᠬᠣᠲᠠ᠂ ᠣᠠᠳᠡ ᠬᠣᠲᠠ ᠡᠭᠦᠰᠦᠨ ᠪᠠᠶᠢᠭᠤᠯᠤᠭᠳᠠᠪᠠ᠃
  • 1954 ᠣᠨ ᠤ 3 ᠰᠠᠷ᠎ᠠ ᠶᠢᠨ 31 - ᠣᠭ ᠬᠣᠲᠠ᠂ ᠶᠦᠽᠠᠸᠠ ᠬᠣᠲᠠ᠂ ᠬᠣᠨᠵᠢᠶᠢ ᠬᠣᠲᠠ ᠡᠭᠦᠰᠦᠨ ᠪᠠᠶᠢᠭᠤᠯᠤᠭᠳᠠᠪᠠ᠃
    • 5 ᠰᠠᠷ᠎ᠠ ᠶᠢᠨ 3 - ᠣᠣᠮᠠᠭᠠᠷᠢ ᠬᠣᠲᠠ ᠡᠭᠦᠰᠦᠨ ᠪᠠᠶᠢᠭᠤᠯᠤᠭᠳᠠᠪᠠ᠃
  • 1961 ᠣᠨ ᠤ 9 ᠰᠠᠷ᠎ᠠ ᠶᠢᠨ 26 - ᠠᠺᠢᠲ᠋ᠠ ᠶᠢᠨ ᠨᠢᠰᠬᠦ ᠪᠠᠭᠤᠳᠠᠯ ᠨᠡᠭᠡᠭᠡᠭᠳᠡᠪᠡ᠃
    • 10 ᠰᠠᠷ᠎ᠠ ᠶᠢᠨ 8-13 - ᠦᠨᠳᠦᠰᠦᠨ ᠦ ᠰᠫᠣᠷᠲ ᠤᠨ 16 ᠍ ᠳᠦᠭᠡᠷ ᠨᠠᠭᠠᠳᠤᠮ ᠵᠣᠬᠢᠶᠠᠨ ᠪᠠᠶᠢᠭᠤᠯᠤᠭᠳᠠᠪᠠ᠃
  • 1965 ᠣᠨ ᠤ 11 ᠰᠠᠷ᠎ᠠ ᠶᠢᠨ 1 – ᠠᠺᠢᠲ᠋ᠠ ᠶᠢᠨ ᠪᠤᠯᠤᠩ ᠤᠨ ᠨᠤᠲᠤᠭ ᠳᠡᠪᠢᠰᠬᠡᠷ ᠢ ᠰᠢᠨ᠎ᠡ ᠦᠢᠯᠡᠳᠪᠦᠷᠢ ᠶᠢᠨ ᠬᠣᠲᠠ ᠪᠠᠷ ᠪᠦᠷᠢᠳᠬᠡᠪᠡ᠃
  • 1966 ᠣᠨ ᠤ 10 ᠰᠠᠷ᠎ᠠ ᠶᠢᠨ 20 – ᠲᠠᠽᠠᠸᠠ ᠨᠠᠭᠤᠷ ᠤᠨ ᠲᠡᠮᠦᠷ ᠵᠠᠮ ᠪᠦᠬᠦᠯᠢ ᠳᠦ ᠪᠡᠨ ᠠᠰᠢᠭᠯᠠᠯᠲᠠ ᠳᠤ ᠤᠷᠤᠪᠠ᠃
  • 1970 ᠣᠨ ᠤ 4 ᠰᠠᠷ᠎ᠠ ᠶᠢᠨ 1 - ᠠᠺᠢᠲ᠋ᠠ ᠶᠢᠨ ᠶᠡᠬᠡ ᠰᠤᠷᠭᠠᠭᠤᠯᠢ ᠳᠤ ᠠᠨᠠᠭᠠᠬᠤ ᠤᠬᠠᠭᠠᠨ ᠤ ᠰᠠᠯᠪᠤᠷᠢ ᠨᠡᠭᠡᠭᠡᠭᠳᠡᠪᠡ᠃
  • 1972 ᠣᠨ ᠤ 4 ᠰᠠᠷ᠎ᠠ ᠶᠢᠨ 1 – ᠺᠠᠽᠦᠨᠠ ᠬᠣᠲᠠ ᠡᠭᠦᠰᠦᠨ ᠪᠠᠶᠢᠭᠤᠯᠤᠭᠳᠠᠪᠠ᠃
  • 1978 ᠣᠨ ᠤ 11 ᠰᠠᠷ᠎ᠠ ᠶᠢᠨ 15 – ᠣᠦᠽᠠᠸᠠ ᠪᠣᠯᠤᠨ ᠲᠥᠪ ᠱᠤᠤᠳᠠᠩ ᠤᠨ ᠲᠧᠯᠧᠹᠣᠨ ᠤᠲᠠᠰᠤᠨ ᠤ ᠦᠢᠯᠡᠴᠢᠯᠡᠭᠡ ᠶᠢ ᠵᠣᠭᠰᠣᠭᠠᠵᠤ᠂ ᠠᠺᠢᠲ᠋ᠠ ᠮᠤᠵᠢ ᠶᠢᠨ ᠲᠧᠯᠧᠹᠣᠨ ᠤᠲᠠᠰᠤᠨ ᠤ ᠦᠢᠯᠡᠴᠢᠯᠡᠭᠡ ᠪᠦᠷᠢᠨ ᠠᠦ᠋ᠲ᠋ᠣᠮᠠᠲ ᠪᠣᠯᠪᠠ᠃
  • 1981 ᠣᠨ ᠤ 6 ᠰᠠᠷ᠎ᠠ ᠶᠢᠨ 26 – ᠰᠢᠨ᠎ᠡ ᠠᠺᠢᠲ᠋ᠠ ᠨᠢᠰᠬᠦ ᠪᠠᠭᠤᠳᠠᠯ ᠠᠴᠠ ᠶᠦᠪᠠ ᠬᠣᠲᠠᠷᠠᠭᠤ ᠨᠢᠰᠦᠯᠭᠡ ᠨᠡᠭᠡᠭᠡᠪᠡ᠃
  • 1982 ᠣᠨ ᠤ 8 ᠰᠠᠷ᠎ᠠ ᠶᠢᠨ 4 – ᠠᠺᠢᠲ᠋ᠠ᠂ ᠺᠠᠸᠠᠪ᠂ ᠶᠦᠪᠠ ᠬᠣᠲᠠ ᠨᠤᠭᠤᠳ ᠲᠧᠭᠨᠣᠫᠣᠯᠢᠰ ᠬᠥᠭᠵᠢᠯ ᠦᠨ ᠪᠥᠰᠡ ᠨᠤᠲᠤᠭ ᠢᠶᠠᠷ ᠪᠦᠷᠢᠳᠬᠡᠭᠳᠡᠪᠡ᠃
  • 1983 ᠣᠨ ᠤ 5 ᠰᠠᠷ᠎ᠠ ᠶᠢᠨ 26 – ᠶᠠᠫᠣᠨ ᠲᠡᠩᠭᠢᠰ ᠦᠨ ᠭᠠᠵᠠᠷ ᠬᠥᠳᠡᠯᠦᠯᠲᠡ ᠶᠢᠨ ᠤᠯᠠᠮ ᠠᠴᠠ 83 ᠬᠦᠮᠦᠨ ᠠᠮᠢ ᠠᠯᠳᠠᠪᠠ᠃
  • 1984 ᠣᠨ ᠤ 7 ᠰᠠᠷ᠎ᠠ ᠶᠢᠨ 31 – ᠱᠣᠭᠣᠪᠠᠭ ᠤᠨ 59 ᠣᠨ ᠤ ᠪᠦᠬᠦ ᠶᠠᠫᠣᠨ ᠤ ᠠᠬᠠᠯᠠᠬᠤ ᠰᠤᠷᠭᠠᠭᠤᠯᠢ ᠶᠢᠨ ᠰᠫᠣᠷᠲ ᠤᠨ ᠨᠠᠭᠠᠳᠤᠮ ᠵᠣᠬᠢᠶᠠᠨ ᠪᠠᠶᠢᠭᠤᠯᠤᠭᠳᠠᠪᠠ᠃
  • 1986 ᠣᠨ ᠤ 11 ᠰᠠᠷ᠎ᠠ ᠶᠢᠨ 20 – ᠺᠠᠽᠦᠨᠠ ᠬᠣᠲᠠ ᠵᠠᠭᠪᠤᠷ ᠬᠣᠲᠠ ᠪᠠᠷ ᠰᠢᠯᠭᠠᠷᠠᠪᠠ᠃
  • 1989 ᠣᠨ ᠤ 4 ᠰᠠᠷ᠎ᠠ ᠶᠢᠨ 1 – ᠠᠺᠢᠲ᠋ᠠ ᠨᠠᠶᠢᠷᠢᠺᠥᠭᠰᠡᠨ ᠲᠡᠮᠦᠷ ᠵᠠᠮ ᠪᠦᠬᠦᠯᠢ ᠳᠦ ᠪᠡᠨ ᠠᠰᠢᠭᠯᠠᠯᠲᠠ ᠳᠤ ᠤᠷᠤᠪᠠ᠃
  • 1997 ᠣᠨ ᠤ 3 ᠰᠠᠷ᠎ᠠ ᠶᠢᠨ 22 – ᠠᠺᠢᠲ᠋ᠠ ᠰᠢᠩᠺᠠᠨ ᠰᠡᠨ ᠺᠣᠮᠠᠴᠢ ᠠᠰᠢᠭᠯᠠᠯᠲᠠ ᠳᠤ ᠤᠷᠤᠪᠠ᠃
    • 4 ᠰᠠᠷ᠎ᠠ ᠶᠢᠨ 1 – ᠠᠺᠢᠲ᠋ᠠ ᠬᠣᠲᠠ ᠲᠥᠪ ᠬᠣᠲᠠ ᠶᠢᠨ ᠰᠲ᠋ᠠᠲ᠋ᠦ᠋ᠰ ᠲᠠᠢ ᠪᠣᠯᠤᠭᠰᠠᠨ᠃
    • 11 ᠰᠠᠷ᠎ᠠ ᠶᠢᠨ 13 - ᠠᠺᠢᠲ᠋ᠠ ᠶᠢᠨ ᠠᠦ᠋ᠲ᠋ᠣ᠋ ᠵᠠᠮ ᠪᠦᠬᠦᠯᠢ ᠳᠦ ᠪᠡᠨ ᠨᠡᠭᠡᠭᠡᠭᠳᠡᠪᠡ᠃
  • 1999 ᠣᠨ ᠤ 7 ᠰᠠᠷ᠎ᠠ ᠶᠢᠨ 9 - ᠠᠺᠢᠲ᠋ᠠ ᠶᠢᠨ ᠪᠣᠭᠣᠮᠲᠠ ᠠᠴᠠ ᠤᠯᠤᠰ ᠳᠣᠲᠣᠷᠠᠬᠢ ᠲᠣᠭᠲᠠᠮᠠᠯ ᠤᠰᠤᠨ ᠱᠤᠭᠤᠮ ᠠᠰᠢᠭᠯᠠᠯᠲᠠ ᠳᠤ ᠤᠷᠤᠪᠠ᠃
  • 2000 ᠣᠨ ᠤ 8 ᠰᠠᠷ᠎ᠠ ᠶᠢᠨ 22–25 - 2000 ᠣᠨ ᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠡᠩᠬᠡ ᠶᠢ ᠰᠠᠬᠢᠭᠤᠯᠬᠤ ᠬᠦᠴᠦᠨ ᠦ ᠠᠭᠤᠯᠵᠠᠯᠲᠠ ᠪᠣᠯᠪᠠ᠃
  • 2001 ᠣᠨ ᠤ 8 ᠰᠠᠷ᠎ᠠ ᠶᠢᠨ 16–26 - ᠳᠡᠯᠡᠬᠡᠢ ᠶᠢᠨ ᠲᠣᠭᠯᠠᠭᠠᠮ 2001 ᠨᠠᠭᠠᠳᠤᠮ ᠪᠣᠯᠪᠠ᠃
    • 10 ᠰᠠᠷ᠎ᠠ ᠶᠢᠨ 29 - ᠠᠺᠢᠲ᠋ᠠ ᠨᠢᠰᠬᠦ ᠪᠠᠭᠤᠳᠠᠯ ᠠᠴᠠ ᠣᠯᠠᠨ ᠤᠯᠤᠰ ᠤᠨ ᠲᠣᠭᠲᠠᠮᠠᠯ ᠨᠢᠰᠦᠯᠭᠡ ᠦᠢᠯᠡᠳᠴᠦ ᠡᠬᠢᠯᠡᠪᠡ᠃
  • 2005 ᠣᠨ ᠤ 3 ᠰᠠᠷ᠎ᠠ ᠶᠢᠨ 22 - ᠣᠭ᠂ ᠸᠠᠺᠠᠮᠢ ᠬᠣᠲᠠ ᠨᠤᠭᠤᠳ ᠨᠢᠭᠡᠳᠦᠨ ᠰᠢᠨ᠎ᠡ ᠪᠡᠷ ᠣᠭ ᠬᠣᠲᠠ ᠡᠭᠦᠰᠪᠡ᠃ ᠶᠦᠷᠢᠬᠤᠨᠵᠣ᠂ ᠳᠠᠶᠢᠰᠦᠨ᠂ ᠬᠣᠶᠢᠳᠤ ᠠᠺᠢᠲ᠋ᠠ ᠬᠣᠲᠠ ᠨᠤᠭᠤᠳ ᠡᠭᠦᠰᠪᠡ᠃
    • 9 ᠰᠠᠷ᠎ᠠ ᠶᠢᠨ 20 - ᠰᠡᠩᠪᠣᠺᠦ ᠬᠣᠲᠠ ᠡᠭᠦᠰᠪᠡ᠃
    • 10 ᠰᠠᠷ᠎ᠠ ᠶᠢᠨ 1 - ᠶᠣᠺᠣᠲᠡ ᠬᠣᠲᠠ ᠪᠣᠯᠤᠨ ᠬᠢᠷᠠᠺᠠ ᠶᠢᠨ 5 ᠵᠢᠵᠢᠭ ᠬᠣᠲᠠ᠂ 2 ᠲᠣᠰᠬᠣᠨ ᠨᠢᠭᠡᠳᠦᠨ ᠶᠣᠺᠣᠲᠡ ᠬᠣᠲᠠ ᠰᠢᠨ᠎ᠡ ᠪᠡᠷ ᠪᠠᠶᠢᠭᠤᠯᠤᠭᠳᠠᠪᠠ᠃ ᠮᠥᠨ ᠨᠢᠺᠠᠾᠣ ᠬᠣᠲᠠ ᠡᠭᠦᠰᠦᠨ ᠪᠠᠶᠢᠭᠤᠯᠤᠭᠳᠠᠪᠠ᠃
  • 2006 ᠣᠨ ᠤ 3 ᠰᠠᠷ᠎ᠠ ᠶᠢᠨ 21 - ᠨᠣᠰᠢᠷᠣ ᠬᠣᠲᠠ ᠨᠢᠼᠢ ᠬᠣᠲᠠ ᠨᠤᠭᠤᠳ ᠨᠢᠭᠡᠳᠦᠨ ᠰᠢᠨ᠎ᠡ ᠨᠣᠰᠢᠷᠣ ᠬᠣᠲᠠ ᠶᠢ ᠡᠭᠦᠰᠭᠡᠪᠡ᠃
  • 2007 ᠣᠨ ᠤ 1 ᠰᠠᠷ᠎ᠠ ᠶᠢᠨ 27-10 ᠰᠠᠷ᠎ᠠ ᠶᠢᠨ 9 – ᠦᠨᠳᠦᠰᠦᠨ ᠦ ᠰᠫᠣᠷᠲ ᠤᠨ ᠨᠠᠭᠠᠳᠤᠮ 62 ᠳᠠᠬᠢ ᠵᠣᠬᠢᠶᠠᠨ ᠪᠠᠶᠢᠭᠤᠯᠤᠭᠳᠠᠪᠠ᠃
    • 10 ᠰᠠᠷ᠎ᠠ ᠶᠢᠨ 13-15 – ᠬᠥᠭᠵᠢᠯ ᠦᠨ ᠪᠡᠷᠬᠡᠰᠢᠶᠡᠯ ᠲᠡᠢ ᠢᠷᠭᠡᠳ ᠦᠨ ᠰᠫᠣᠷᠲ ᠤᠨ 7 ᠳᠠᠬᠢ ᠨᠠᠭᠠᠳᠤᠮ ᠵᠣᠬᠢᠶᠠᠨ ᠪᠠᠶᠢᠭᠤᠯᠤᠭᠳᠠᠪᠠ᠃

ᠣᠷᠣᠨ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠤᠵᠢ ᠶᠢᠨ ᠬᠠᠷᠢᠶᠠᠨ ᠳᠤ ᠳᠣᠣᠷᠠᠬᠢ 13 ᠬᠣᠲᠠ᠂ 6 ᠬᠡᠰᠡᠭ᠂ 9 ᠵᠢᠵᠢᠭ ᠬᠣᠲᠠ᠂ 3 ᠲᠣᠰᠬᠣᠨ ᠪᠠᠶᠢᠳᠠᠭ᠃

ᠠᠺᠢᠲ᠋ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

429,987 ᠬᠦᠮᠦᠨ ᠠᠮᠠ ᠲᠠᠢ

  • ᠠᠺᠢᠲ᠋ᠠ ᠬᠣᠲᠠ (ᠮᠤᠵᠢ ᠶᠢᠨ ᠵᠠᠬᠢᠷᠭ᠎ᠠ ᠪᠠᠶᠢᠳᠠᠭ)
  • ᠣᠭ ᠬᠣᠲᠠ
  • ᠺᠠᠲ᠋ᠠᠭᠠᠮᠢ ᠬᠣᠲᠠ
  • ᠡᠮᠦᠨᠡᠲᠦ ᠠᠺᠢᠲ᠋ᠠ ᠲᠣᠭᠣᠷᠢᠭ
    • ᠭᠣᠵᠣᠣᠮᠡ᠂ ᠬᠠᠴᠢᠷᠭᠲᠠ᠂ ᠢᠭᠠᠪᠠ᠂ ᠣᠭᠲᠠ ᠲᠣᠰᠬᠣᠨ

ᠣᠣᠮᠠᠭᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠡᠩᠪᠣᠺᠦ 146,617 ᠬᠦᠮᠦᠨ ᠠᠮᠠ ᠲᠠᠢ

  • ᠳᠠᠶᠢᠰᠦᠨ ᠬᠣᠲᠠ
  • ᠰᠡᠩᠪᠣᠺᠦ ᠬᠣᠲᠠ
  • ᠰᠡᠩᠪᠣᠺᠦ ᠲᠣᠭᠣᠷᠢᠭ
    • ᠮᠢᠰᠠᠲ᠋ᠣ ᠬᠣᠲᠠ

ᠣᠠᠳᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠶᠢᠳᠤ ᠠᠺᠢᠲ᠋ᠠ 124,354 ᠬᠦᠮᠦᠨ ᠠᠮᠠ ᠲᠠᠢ

  • ᠣᠠᠳᠡ ᠬᠣᠲᠠ
  • ᠬᠣᠶᠢᠳᠤ ᠠᠺᠢᠲ᠋ᠠ ᠬᠣᠲᠠ
  • ᠬᠣᠶᠢᠳᠤ ᠠᠺᠢᠲ᠋ᠠ ᠲᠣᠭᠣᠷᠢᠭ
    • ᠺᠠᠮᠢᠺᠣ ᠪᠠᠨᠨᠢ ᠲᠣᠰᠬᠣᠨ

ᠬᠣᠨᠵᠢᠶᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠦᠷᠢ 117,451 ᠬᠦᠮᠦᠨ ᠠᠮᠠ ᠲᠠᠢ

  • ᠶᠦᠷᠢᠬᠤᠨᠵᠣ ᠬᠣᠲᠠ
  • ᠨᠢᠺᠠᠾᠣ ᠬᠣᠲᠠ

ᠶᠣᠺᠣᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠷᠠᠺᠠ 102,663 ᠬᠦᠮᠦᠨ ᠠᠮᠠ ᠲᠠᠢ

  • ᠶᠣᠺᠣᠲᠡ ᠬᠣᠲᠠ

ᠨᠣᠰᠢᠷᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠮᠠᠮᠣᠲ᠋ᠣ 95,491 ᠬᠦᠮᠦᠨ ᠠᠮᠠ ᠲᠠᠢ

  • ᠨᠣᠰᠢᠷᠣ ᠬᠣᠲᠠ
  • ᠢᠮᠠᠮᠣᠲ᠋ᠣ ᠲᠣᠭᠣᠷᠢᠭ
    • ᠹᠦᠵᠢᠰᠠᠲ᠋ᠣ ᠬᠣᠲᠠ- ᠮᠢᠲ᠋ᠠᠨᠡ ᠬᠣᠲᠠ- ᠬᠠᠫᠫᠠ ᠬᠣᠲᠠ

ᠶᠦᠽᠠᠸᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠢᠺᠡᠨ 75,715 ᠬᠦᠮᠦᠨ ᠠᠮᠠ ᠲᠠᠢ

  • ᠶᠦᠽᠠᠸᠠ ᠬᠣᠲᠠ
  • ᠶᠢᠺᠡᠨ ᠲᠣᠭᠣᠷᠢᠭ
    • ᠦᠭᠣ ᠬᠣᠲᠠ-ᠬᠢᠭᠠᠰᠢᠨᠠᠠᠦᠰᠡ ᠲᠣᠰᠬᠣᠨ

ᠺᠠᠽᠦᠨᠠ[ᠵᠠᠰᠠᠪᠤᠷᠢᠯᠠᠬᠤ | ᠺᠣᠳ᠋ ᠢᠶᠠᠷ ᠵᠠᠰᠠᠬᠣ]

42,885 ᠬᠦᠮᠦᠨ ᠠᠮᠠ ᠲᠠᠢ

  • ᠺᠠᠽᠦᠨᠠ ᠬᠣᠲᠠ
  • ᠺᠠᠽᠦᠨᠠ ᠲᠣᠭᠣᠷᠢᠭ
    • ᠺ ᠠᠴᠠᠺᠠ ᠬᠣᠲᠠ

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

2008 ᠣᠨ ᠤ ᠪᠠᠶᠢᠳᠠᠯ ᠢᠶᠠᠷ ᠠᠺᠢᠲ᠋ᠠ ᠮᠤᠵᠢ ᠶᠢᠨ ᠬᠦᠮᠦᠨ ᠠᠮᠠ ᠶᠢᠨ ᠲᠣᠭ᠎ᠠ 1,121,000 ᠪᠠᠶᠢᠨ᠎ᠠ᠃ 65 ᠪᠣᠯᠤᠨ ᠲᠡᠭᠦᠨ ᠡᠴᠡ ᠳᠡᠭᠡᠵᠢ ᠨᠠᠰᠤᠨ ᠤ ᠬᠢᠨ ᠠᠺᠢᠲ᠋ᠠ ᠮᠤᠵᠢ ᠶᠢᠨ ᠬᠦᠮᠦᠨ ᠠᠮᠠ ᠶᠢᠨ 28.6% ᠍ ᠶᠢ ᠡᠵᠡᠯᠡᠵᠦ ᠪᠠᠶᠢᠨ᠎ᠠ᠃ ᠡᠨᠡ ᠨᠢ ᠠᠺᠢᠲ᠋ᠠ ᠮᠤᠵᠢ ᠨᠢ ᠥᠨᠳᠥᠷ ᠨᠠᠰᠤᠲᠠᠨ ᠨᠤᠭᠤᠳ ᠤᠨ ᠢᠶᠠᠨ ᠲᠣᠭ᠎ᠠ ᠪᠠᠷ ᠶᠠᠫᠣᠨ ᠳᠤ 2 ᠍ ᠳᠦ ᠪᠤᠶᠤ ᠰᠢᠮᠡᠨ᠎ᠡ ᠮᠤᠵᠢ ᠶᠢᠨ ᠳᠠᠷᠤᠭ᠎ᠠ ᠣᠷᠣᠵᠤ ᠪᠠᠶᠢᠭ᠎ᠠ ᠶᠢ ᠪᠠᠲᠤᠯᠠᠵᠤ ᠪᠠᠶᠢᠨ᠎ᠠ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠲᠠᠷᠢᠶᠠᠯᠠᠩ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠫᠣᠷᠲ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠳᠡᠭᠡᠳᠦ ᠰᠤᠷᠭᠠᠭᠤᠯᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠠᠺᠢᠲ᠋ᠠ&oldid=443881》 ᠍  ᠡᠴᠡ ᠠᠪᠤᠭᠰᠠᠨ

ᠪᠢᠴᠢᠭᠡᠰᠦ