ᠠᠹᠬᠠᠨᠨ ᠥᠬᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Afghan Girl
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

《ᠠᠹᠬᠠᠨᠨ ᠥᠬᠢᠨ(Afghan Girl)》1984 ᠭᠡᠷᠡᠯ ᠵᠢᠷᠤᠭᠴᠢᠨ ᠰᠲ᠋ᠢᠸ ᠮᠠᠺᠺᠠᠷᠷᠢ (Steve McCurry)  ᠶᠢᠨ ᠪᠦᠲᠦᠭᠡᠯ
 ᠨᠡᠷ᠎ᠡ شربت ګله
ᠲᠥᠷᠦᠭᠰᠡᠨ ᠡᠳᠦᠷ 1972 ᠣᠨ ᠤ 3 ᠰᠠᠷ᠎ᠠ ᠶᠢᠨ 20 (1972-03-20) (47 ᠨᠠᠰᠣᠳᠠᠢ)
ᠲᠥᠷᠦᠭᠰᠡᠨ ᠭᠠᠵᠠᠷ ᠠᠹᠬᠠᠨᠨᠢᠰᠲᠠᠨ
ᠦᠨᠳᠦᠰᠦᠲᠡᠨ Afghan
ᠠᠮᠢᠳᠤᠷᠠᠵᠤ ᠪᠠᠢᠭ᠎ᠠ ᠭᠠᠵᠠᠷ Pashtun
ᠠᠵᠢᠯ National Geographic, BBC Pashto
ᠠᠯᠳᠠᠷᠰᠢᠭᠰᠠᠨ a young woman with green eyes in a red-headscarf
ᠱᠠᠰᠢᠨ Sunni Islam

《ᠠᠹᠬᠠᠨᠨ ᠥᠬᠢᠨ(Afghan Girl)》 ᠬᠡᠮᠡᠬᠦ ᠵᠢᠷᠤᠭ National Geographic ᠍ ᠳᠦ 1985 ᠤᠨ ᠳᠤ ᠬᠡᠪᠯᠡᠭᠳᠡᠭᠰᠡᠨ ᠡᠴᠡ ᠬᠣᠶᠢᠰᠢ ᠳᠡᠯᠡᠬᠡᠢ ᠳᠠᠶᠠᠭᠠᠷ ᠠᠯᠳᠠᠷ ᠲᠠᠢ ᠪᠣᠯᠵᠠᠢ᠃ ᠡᠨᠡ ᠥᠬᠢᠨ᠂ 1980 ᠍ ᠊ᠭᠠᠳ ᠤᠨ ᠳᠤ ᠠᠹᠬᠠᠨᠨᠢᠰᠲᠠᠨ ᠳᠠᠬᠢ ᠵᠡᠪᠰᠡᠭᠲᠦ ᠬᠠᠯᠳᠠᠯᠭ᠎ᠠ ᠠᠴᠠ ᠪᠣᠯᠵᠤ ᠭᠡᠷ ᠪᠦᠯᠢ ᠪᠡᠨ ᠠᠯᠠᠳᠠᠵᠠᠢ᠃ National Geographic ᠍ ᠦᠨ ᠭᠡᠷᠡᠯ ᠵᠢᠷᠤᠭᠴᠢᠨ ᠰᠲ᠋ᠢᠸ ᠮᠠᠺᠺᠠᠷᠷᠢ (Steve McCurry) ᠨᠢ ᠫᠠᠺᠢᠰᠲᠠᠨ ᠤ ᠬᠢᠯᠢ ᠳᠡᠭᠡᠷᠡᠬᠢ ᠳᠦᠷᠪᠡᠭᠰᠡᠳ ᠦᠨ ᠬᠤᠸᠠᠷᠠᠨ ᠳᠤ (避难所) 1984 ᠤᠨ ᠳᠤ ᠲᠡᠭᠦᠨ ᠢ ᠬᠠᠷᠠᠭᠰᠠᠨ ᠪᠠᠶᠢᠨ᠎ᠠ᠃ 1985 ᠤᠨ ᠳᠤ 《National Geographic》 ᠰᠡᠳᠬᠦᠯ ᠦᠨ ᠨᠢᠭᠤᠷ ᠳᠤ 《ᠠᠹᠬᠠᠨᠨ ᠥᠬᠢᠨ》 ᠨᠡᠷ᠎ᠡ ᠲᠡᠢ ᠵᠢᠷᠤᠭ ᠨᠡᠶᠢᠲᠡᠯᠡᠭᠳᠡᠭᠰᠡᠨ ᠨᠢ ᠡᠳᠦᠭᠡ ᠬᠠᠮᠤᠭ ᠤᠨ ᠠᠯᠳᠠᠷᠲᠠᠢ ᠭᠡᠷᠡᠯ ᠵᠢᠷᠤᠭ ᠤᠳ ᠤᠨ ᠨᠢᠭᠡ ᠪᠣᠯᠵᠠᠢ᠃ ᠭᠡᠷᠡᠯ ᠵᠢᠷᠤᠭᠴᠢᠨ ᠰᠲ᠋ᠢᠸ ᠮᠠᠺᠺᠠᠷᠷᠢ 30 ᠵᠢᠯ ᠦᠨ ᠡᠮᠦᠨ᠎ᠡ ᠳᠦᠷᠪᠡᠭᠴᠢᠳ ᠦᠨ ᠬᠤᠸᠠᠷᠠᠨ ᠳᠤ ᠠᠮᠢᠳᠤᠷᠠᠳᠠᠭ ᠰᠢᠷᠠᠪᠠᠲ ᠭᠦᠯᠠ(Sharbat Gula) ᠬᠡᠮᠡᠬᠦ 12 ᠨᠠᠰᠤᠲᠠᠢ ᠥᠬᠢᠨ ᠤ ᠵᠢᠷᠤᠭ ᠢ ᠳᠠᠷᠤᠭᠰᠠᠨ ᠨᠢ ᠡᠶᠢᠨᠬᠦᠦ ᠤᠯᠠᠨ ᠳᠤ ᠠᠯᠳᠠᠷᠰᠢᠭᠰᠠᠨ ᠶᠤᠮ᠃

ᠳᠠᠬᠢᠨᠲᠠ ᠬᠠᠢᠭᠰᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

Afghan-girl.jpg

ᠡᠨᠡ ᠳᠦᠷᠢ ᠶᠢ ᠬᠥᠮᠦᠰ ᠠᠨᠳᠠᠬᠤ ᠦᠭᠡᠢ ᠠᠲᠠᠯ᠎ᠠ ᠥᠬᠢᠨ ᠢ ᠬᠡᠨ ᠪᠣᠯᠬᠤ ᠶᠢ ᠮᠡᠳᠡᠬᠦ ᠦᠭᠡᠢ ᠪᠠᠶᠢᠪᠠ᠃ ᠵᠢᠷᠤᠭ ᠨᠢ ᠨᠣᠮ᠂ ᠬᠤᠸᠠᠩᠯᠢ ᠳᠡᠭᠡᠷ᠎ᠡ ᠣᠯᠠᠨ ᠰᠠᠶ᠎ᠠ ᠬᠤᠪᠢᠶᠠᠷᠢ ᠬᠡᠪᠯᠡᠭᠳᠡᠨ᠂ ᠪᠦᠷ ᠬᠡᠪᠢᠰ ᠪᠣᠯᠭᠠᠨ ᠨᠡᠬᠡᠵᠦ ᠪᠠᠶᠢᠭᠰᠠᠨ ᠢ ᠲᠡᠷᠡ ᠥᠪᠡᠷ ᠢᠶᠡᠨ ᠴᠦ ᠮᠡᠳᠡᠬᠦ ᠦᠭᠡᠢ ᠪᠠᠢᠵᠠᠢ᠃ ᠰᠲ᠋ᠢᠸ ᠮᠠᠺᠺᠠᠷᠷᠢ ᠤᠳᠠᠭᠠᠨ ᠬᠤᠭᠤᠴᠠᠭᠠᠨ ᠳᠤ ᠬᠠᠢᠭᠰᠠᠨ ᠤ ᠡᠴᠦᠰ ᠲᠦ 2002 ᠤᠨ ᠳᠤ ᠰᠢᠷᠠᠪᠠᠲ ᠭᠦᠯᠠ ᠢ ᠳᠠᠬᠢᠨ ᠣᠯᠤᠭᠰᠠᠨ ᠪᠠᠶᠢᠳᠠᠭ᠃ ᠲᠡᠷᠡ ᠪᠡᠷ ᠠᠹᠬᠠᠨᠨᠢᠰᠲᠠᠨ ᠤ ᠨᠢᠭᠡᠨ ᠠᠯᠤᠰᠯᠠᠭᠳᠠᠮᠠᠯ ᠲᠣᠰᠬᠣᠨ ᠳᠤ ᠨᠥᠬᠥᠷ ᠲᠦ ᠭᠠᠷᠴᠤ᠂ ᠭᠤᠷᠪᠠᠨ ᠥᠬᠢᠨ ᠤ ᠡᠵᠢ ᠪᠣᠯᠤᠭᠰᠠᠨ ᠪᠠᠢᠵᠠᠢ᠃ ᠲᠡᠭᠡᠪᠡᠯ ᠡᠨᠡ ᠳᠣᠯᠣᠭ᠎ᠠ ᠬᠣᠨᠣᠭ ᠲᠤ ᠰᠢᠷᠠᠪᠠᠲ ᠭᠦᠯᠠ ᠤᠨ ᠲᠠᠯ᠎ᠠ ᠪᠠᠷ ᠳ᠋ᠠᠬᠢᠨ ᠨᠢᠭᠡ ᠮᠡᠳᠡᠭᠡᠯᠡᠯ ᠴᠠᠴᠤᠭᠳᠠᠭᠰᠠᠨ ᠪᠠᠶᠢᠨ᠎ᠠ᠃ ᠲᠡᠷᠡᠪᠡᠷ 2014 ᠤᠨ ᠤ ᠨᠠᠶᠢᠮᠠᠳᠤᠭᠠᠷ ᠰᠠᠷ᠎ᠠ ᠳᠤ ᠫᠠᠺᠢᠰᠲᠠᠨ ᠤ ᠪᠠᠷᠠᠭᠤᠨ ᠬᠤᠶᠢᠲᠤ ᠬᠡᠰᠡᠭ ᠲᠦ ᠣᠷᠣᠰᠢᠬᠤ ᠫᠧᠰᠢᠪᠠᠷ ᠮᠤᠵᠢ ᠳᠤ ᠰᠢᠷᠠᠪ ᠲᠤ ᠪᠢᠪᠢ ᠬᠡᠮᠡᠬᠦ ᠬᠠᠭᠤᠷᠮᠠᠴᠢ ᠫᠠᠰᠫᠣᠷᠲ ᠢᠶᠠᠷ ᠠᠮᠢᠳᠤᠷᠠᠵᠤ ᠪᠠᠶᠢᠭᠰᠠᠨ ᠨᠢ ᠲᠣᠭᠲᠠᠭᠠᠭᠳᠠᠵᠠᠢ᠃ ᠫᠠᠺᠢᠰᠲᠠᠨ ᠤ ᠦᠨᠳᠦᠰᠦᠨ ᠦ ᠮᠡᠳᠡᠭᠡᠯᠡᠯ ᠦᠨ ᠰᠠᠩ᠂ ᠪᠦᠷᠢᠳᠬᠡᠯ ᠦᠨ ᠭᠠᠵᠠᠷ /NADRA/ ᠍ ᠤᠨ ᠬᠡᠪᠯᠡᠯ ᠦᠨ ᠲᠥᠯᠥᠭᠡᠯᠡᠭᠴᠢ ᠬᠡᠷᠡᠭ ᠢ ᠮᠥᠷᠳᠡᠨ ᠰᠢᠯᠭᠠᠵᠤ ᠪᠠᠶᠢᠭ᠎ᠠ ᠭᠡᠵᠦ 《AFP》 ᠠᠭᠧᠨᠲᠯᠢᠭ ᠮᠡᠳᠡᠭᠡᠯᠡᠭᠰᠡᠨ ᠪᠠᠶᠢᠨ᠎ᠠ᠃ ᠭᠡᠪᠡᠴᠦ ᠡᠨᠡ ᠨᠢ ᠬᠠᠭᠤᠷᠮᠠᠴᠢ ᠪᠢᠴᠢᠭ ᠪᠠᠷᠢᠮᠲᠠ ᠠᠰᠢᠭᠯᠠᠨ ᠫᠠᠺᠢᠰᠲᠠᠨ ᠤ ᠨᠤᠲᠤᠭ ᠳᠡᠪᠢᠰᠬᠡᠷ ᠲᠦ ᠠᠮᠢᠳᠤᠷᠠᠬᠤ ᠪᠠᠷ ᠵᠣᠷᠢᠵᠤ ᠪᠤᠢ ᠣᠯᠠᠨ ᠮᠢᠩᠭᠠᠨ ᠠᠹᠬᠠᠨᠨᠢᠰᠲᠠᠨ ᠢᠷᠭᠡᠨ ᠳᠦ ᠲᠣᠬᠢᠶᠠᠯᠳᠤᠳᠠᠭ ᠨᠡᠶᠢᠲᠡᠯᠢᠭ ᠬᠡᠷᠡᠭ ᠶᠤᠮ ᠃ 《NADRA》 ᠍ ᠠᠴᠠ ᠮᠡᠳᠡᠭᠡᠯᠡᠭᠰᠡᠨ ᠢᠶᠡᠷ ᠰᠡᠭᠦᠯ ᠦᠨ 12 ᠵᠢᠯ ᠳᠦ ᠠᠹᠬᠠᠨᠨᠢᠰᠲᠠᠨ ᠤ 23 ᠮᠢᠩᠭᠠᠨ ᠢᠷᠭᠡᠨ ᠬᠠᠭᠤᠷᠮᠠᠴᠢ ᠪᠢᠴᠢᠭ ᠪᠠᠷᠢᠮᠲᠠ ᠠᠰᠢᠭᠯᠠᠨ ᠫᠠᠺᠢᠰᠲᠠᠨ ᠳᠤ ᠠᠮᠢᠳᠤᠷᠠᠵᠤ ᠪᠠᠶᠢᠭᠰᠠᠨ ᠨᠢ ᠲᠣᠭᠲᠠᠭᠠᠭᠳᠠᠭᠰᠠᠨ ᠭᠡᠨ᠎ᠡ᠃ 1985 ᠤᠨ ᠳᠤ National Geographic ᠍ ᠲᠤ ᠳᠣᠮᠣᠭᠲᠤ ᠵᠢᠷᠤᠭ ᠨᠢ ᠭᠠᠷᠤᠭᠰᠠᠨ ᠡᠮᠡᠭᠲᠡᠢ ᠶᠢ ᠫᠠᠺᠢᠰᠲᠠᠨ ᠳᠤ ᠪᠠᠷᠢᠪᠴᠢᠯᠠᠵᠠᠢ᠃ ᠤᠭ ᠡᠮᠡᠭᠲᠡᠢ ᠶᠢ ᠭᠠᠳᠠᠭᠠᠳᠤ ᠫᠠᠰᠫᠣᠷᠲ ᠬᠠᠭᠤᠷᠮᠠᠴᠢ ᠪᠠᠷ ᠦᠢᠯᠡᠳᠦᠭᠰᠡᠨ ᠭᠡᠬᠦ ᠬᠡᠷᠡᠭ ᠲᠦ ᠰᠡᠵᠢᠭᠯᠡᠵᠦ᠂ ᠲᠡᠷᠡ ᠤᠳᠠᠭᠠᠨ ᠬᠤᠭᠤᠴᠠᠭᠠᠨ ᠳᠤ ᠬᠣᠷᠢᠭ ᠲᠤ ᠬᠢ ᠠᠶᠤᠯᠲᠠᠢ ᠲᠤᠯᠭᠠᠷᠠᠭᠰᠠᠨ ᠭᠡᠵᠦ Dawn ᠰᠣᠨᠢᠨ ᠪᠢᠴᠢᠵᠡᠢ᠃

ᠪᠢᠴᠢᠭᠡᠰᠦ