ᠠᠸᠷᠧᠯᠢᠶᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠷᠤᠮᠠᠨᠢᠶ ᠠ ᠡᠵᠡᠨ ᠬᠠᠭᠠᠨ ᠠᠸᠷᠧᠯᠢᠶᠠᠨ ᠤ ᠴᠡᠭᠡᠵᠢ ᠪᠠᠷᠢᠮᠠᠯ

ᠠᠸᠷᠧᠯᠢᠶᠠᠨ (ᠠᠩᠭᠯᠢ ᠬᠡᠯᠡ:Aurelian; ᠯᠠᠲ᠋ᠢᠨ ᠬᠡᠯᠡ:Lucius Domitius Aurelianus) (215 ᠣᠨ ᠳᠤ ᠲᠥᠷᠦᠵᠢ᠂ 275 ᠣᠨ ᠳᠤ ᠸᠢᠽᠠᠨᠲ᠋ᠢ ᠍ ᠍ ᠍ ᠶᠢᠨ ᠣᠶᠢᠷᠠᠯᠴᠠᠭ᠎ᠠ ᠨᠠᠰᠤ ᠪᠠᠷᠠᠭᠰᠠᠨ᠃) ᠷᠤᠮᠠᠨᠢᠶ ᠠ ᠡᠵᠡᠨ ᠬᠠᠭᠠᠨ (МЭ 270 – 275 ᠣᠨ). ᠪᠠᠯᠺᠠᠨᠠ ᠠᠴᠠ ᠭᠠᠷᠤᠯ ᠲᠠᠢ ᠪᠠᠶᠢᠵᠤ ᠮᠠᠭᠠᠳ ᠦᠭᠡᠢ ᠭᠡᠭᠳᠡᠳᠡᠭ ᠠᠸᠷᠧᠯᠢᠶᠠᠨ ᠨᠢ ᠡᠵᠡᠨ ᠬᠠᠭᠠᠨ ᠺᠯᠠᠪᠳᠦᠢ II ᠨᠠᠰᠤ ᠪᠠᠷᠵᠢ᠂ ᠲᠡᠭᠦᠨ ᠦ ᠠᠬ᠎ᠠ ᠪᠣᠭᠣᠨᠢ ᠬᠤᠭᠤᠴᠠᠭᠠᠨ ᠳᠤ ᠲᠥᠷᠥ ᠪᠠᠷᠢᠭᠰᠠᠨ ᠤ ᠳᠠᠷᠠᠭ᠎ᠠ ᠬᠠᠭᠠᠨ ᠰᠢᠷᠡᠭᠡᠨ ᠳᠦ ᠰᠠᠭᠤᠴᠠᠢ᠃ ᠲᠡᠷᠡ ᠪᠡᠷ ᠡᠵᠡᠨᠲᠦ ᠭᠦᠷᠦᠨ ᠢ ᠳᠠᠬᠢᠨ ᠨᠢᠭᠡᠳᠬᠡᠵᠦ᠂ ᠬᠠᠯᠠᠳᠠᠨ ᠲᠦᠷᠢᠮᠡᠭᠡᠶᠢᠯᠡᠭᠴᠢᠳ ᠢ ᠨᠢᠴᠤᠭᠠᠵᠤ᠂ ᠪᠣᠰᠤᠯᠭ᠎ᠠ ᠨᠤᠭᠤᠳ ᠢ ᠨᠣᠮᠣᠬᠠᠳᠬᠠᠬᠤ ᠶᠢᠨ ᠵᠡᠷᠭᠡᠴᠡᠭᠡ ᠤᠯᠤᠰ ᠣᠷᠣᠨ ᠤ ᠪᠠᠨ ᠵᠡᠭᠦᠨ ᠪᠣᠯᠤᠨ ᠤᠮᠠᠷᠠᠳᠤ ᠮᠤᠵᠢᠭᠤᠳᠠ ᠶᠢ ᠬᠠᠮᠠᠭᠠᠯᠠᠵᠤ᠂ ᠤᠮᠠᠳ ᠲᠤ ᠭᠧᠷᠮᠠᠨᠴᠤᠳ ᠢ ᠢᠯᠠᠵᠤ᠂ ᠧᠦ᠋ᠷᠣᠫᠠ ᠲᠤ ᠷᠤᠮᠠᠨᠢᠶ ᠠ ᠡᠷᠬᠡ ᠮᠡᠳᠡᠯ ᠢ ᠳᠠᠬᠢᠨ ᠰᠡᠷᠭᠦᠭᠡᠭᠰᠡᠨ ᠲᠤᠯᠠ ᠷᠧᠰᠲ᠋ᠢᠲ᠋ᠦᠶᠦ᠋ᠲ᠋ᠣᠷ ᠣᠷᠪᠢᠰ (《ᠣᠷᠴᠢᠯᠠᠩ ᠢ ᠳᠠᠬᠢᠨ ᠰᠡᠷᠭᠦᠭᠡᠭᠴᠢ》) ᠬᠡᠮᠡᠨ ᠠᠯᠳᠠᠷᠰᠢᠵᠠᠢ᠃ ᠲᠡᠷᠡ ᠪᠡᠷ ᠷᠤᠮᠠ ᠢ ᠲᠣᠭᠣᠷᠢᠭᠤᠯᠤᠨ ᠰᠢᠨ᠎ᠡ ᠬᠡᠷᠡᠮ ᠪᠠᠷᠢᠭᠤᠯᠵᠤ᠂ ᠶᠠᠳᠠᠭᠤᠰ ᠲᠤ ᠬᠦᠨᠡᠰᠦ ᠲᠠᠷᠠᠭᠠᠬᠤ ᠶᠢ ᠨᠡᠮᠡᠭᠳᠡᠭᠦᠯᠦᠭᠰᠡᠨ ᠴᠤ ᠮᠥᠩᠭᠥ᠂ ᠱᠠᠰᠢᠨ ᠤ ᠰᠢᠨᠡᠳᠬᠡᠯ ᠦᠳ ᠨᠢ ᠪᠦᠲᠦᠯ ᠦᠭᠡᠢ=ᠰᠡᠨ ᠪᠠᠶᠢᠨ᠎ᠠ᠃ ᠫᠧᠷᠰ ᠷᠦᠦ ᠠᠶᠠᠨ ᠬᠢᠬᠦ ᠦᠶ᠎ᠡ ᠪᠡᠷ ᠥᠪᠡᠷ ᠦᠨ ᠬᠢ ᠨᠢ ᠢᠲᠡᠭᠡᠵᠦ ᠪᠠᠶᠢᠭᠰᠠᠨ ᠴᠡᠷᠢᠭ ᠦᠨ ᠳᠠᠷᠤᠭ᠎ᠠ ᠨᠠᠷ ᠠᠮᠠ ᠶᠢ ᠨᠢ ᠬᠣᠷᠢᠶᠠᠴᠠᠢ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ