ᠠᠷ ᠲᠤᠷ ᠨᠶᠤᠮᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠷᠤ ᠳᠤᠷ ᠨᠶᠤᠮᠠᠨ
ᠬᠤᠪᠢ ᠶᠢᠨ ᠮᠡᠳᠡᠭᠡᠯᠡᠯ
ᠪᠦᠲᠦᠨ ᠨᠡᠷ᠎ᠡᠠᠷᠤ ᠳᠤᠷ ᠨᠶᠤᠮᠠᠨ
ᠥᠨᠳᠥᠷ1.82 ᠮ
ᠪᠠᠶᠢᠷᠢᠯᠠᠯᠠᠷᠤ ᠶᠢᠨ ᠬᠠᠮᠠᠭᠠᠯᠠᠭᠴᠢ
ᠪᠠᠭ ᠤᠨ ᠮᠡᠳᠡᠭᠡᠯᠡᠯ
ᠣᠳᠣ ᠶᠢᠨ ᠪᠠᠭᠨᠢᠳᠧᠷᠯᠠᠨᠲ B (ᠮᠧᠨᠧᠵᠧᠷ)
ᠥᠰᠪᠦᠷᠢ ᠶᠢᠨ ᠪᠠᠭ
ᠰᠷᠧᠳᠡᠶ᠎ᠡ ᠸᠣᠯᠠᠨ ᠤ ᠪᠧᠸᠧᠷᠧ ᠶᠢᠺ
ᠮᠡᠷᠭᠡᠵᠢᠯ ᠦᠨ ᠵᠠᠮᠨᠠᠯ*
ᠣᠨᠪᠠᠭᠣᠷᠣᠯᠴᠠᠭᠰᠠᠨ ᠤᠳᠠᠭ᠎ᠠ (ᠪᠥᠮᠪᠥᠭᠡ)
1987–1991ᠬᠠᠷᠯᠧᠮ91(5)
1991–1992ᠲᠸᠧᠨᠲ᠋ᠧ49(7)
1992–1998ПСВ ᠡᠢᠨᠲᠤᠬᠣᠸᠧᠨ178(25)
1998–2003ᠷᠠᠢᠨᠵᠧᠷᠰ118(3)
ᠰᠢᠭᠰᠢᠭᠡ ᠪᠠᠭ
1992–2002ᠨᠢᠳᠧᠷᠯᠠᠨᠲ45(0)
ᠳᠠᠰᠬᠠᠯᠵᠢᠭᠤᠯᠤᠭᠰᠠᠨ ᠪᠠᠭ ᠤᠳ
2008–ᠨᠢᠳᠧᠷᠯᠠᠨᠲ B (ᠮᠧᠨᠧᠵᠧᠷ)
* ᠮᠡᠷᠭᠡᠵᠢᠯ ᠦᠨ ᠵᠠᠮᠨᠠᠯ ᠤᠨ ᠲᠣᠭᠯᠠᠯᠲᠠ ᠶᠢᠨ (ᠭᠣᠣᠯ) ᠦᠵᠡᠭᠦᠯᠦᠯᠲᠡ ᠶᠢ ᠳᠣᠲᠣᠭᠠᠳᠤ ᠶᠢᠨ ᠯᠢᠭ ᠲᠡᠢ ᠨᠢ ᠤᠶᠠᠯᠳᠤᠭᠤᠯᠤᠭᠰᠠᠨ ᠪᠣᠯᠤᠨ᠎ᠠ᠃
† ᠭᠠᠷ ᠢᠶᠠᠨ (ᠭᠣᠣᠯ).

ᠠᠷᠤ ᠳᠤᠷ ᠨᠶᠤᠮᠠᠨ (ᠬᠣᠯᠠᠨᠳ᠋ ᠢᠶᠡᠷ Arthur Numan, 1969 ᠣᠨ ᠤ 12 ᠰᠠᠷ᠎ᠠ ᠶᠢᠨ 14 ᠍ ᠳᠦ ᠬᠣᠶᠢᠳᠤ ᠬᠣᠯᠯᠠᠨ᠋ᠳ᠋ ᠍ ᠤᠨ ᠬᠧᠧᠮᠰᠺᠧᠷᠺᠡᠳ᠋ ᠲᠦᠷᠦᠭᠰᠡᠨ) ᠨᠢ ᠨᠢᠳᠧᠷᠯᠠᠨᠲ ᠍ ᠤᠨ ᠬᠥᠯ ᠪᠥᠮᠪᠥᠭᠡᠴᠢᠨ ᠶᠤᠮ᠃ ᠲᠡᠷᠡᠪᠡᠷ ᠨᠢᠳᠧᠷᠯᠠᠨ᠋ᠳ᠋ ᠍ ᠤᠨ ᠬᠥᠯᠪᠥᠮᠪᠥᠭᠡ ᠶᠢᠨ ᠦᠨᠳᠦᠰᠦᠨ ᠦ ᠰᠢᠭᠰᠢᠭᠡ ᠪᠠᠭ ᠲᠤ ᠵᠡᠭᠦᠨ ᠵᠢᠭᠦᠷ ᠦᠨ ᠠᠷᠤ ᠶᠢᠨ ᠬᠠᠮᠠᠭᠠᠯᠠᠭᠴᠢ ᠪᠠᠷ ᠲᠣᠭᠯᠠᠳᠠᠭ ᠪᠠᠶᠢᠪᠠ᠃ ᠡᠳᠦᠭᠡ ᠨᠢᠳᠧᠷᠯᠠᠨ᠋ᠳ᠋ ᠍ ᠤᠨ B ᠰᠢᠭᠰᠢᠭᠡ ᠪᠠᠭ ᠲᠤ ᠮᠧᠨᠧᠵᠧᠷ ᠢᠶᠡᠷ ᠠᠵᠢᠯᠯᠠᠳᠠᠭ᠃

ᠰᠢᠭᠰᠢᠭᠡ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠶᠤᠮᠠᠨ ᠠᠮᠧᠷᠢᠺᠠ ᠶᠢᠨ ᠨᠢᠭᠡᠳᠦᠭᠰᠡᠨ ᠤᠯᠤᠰ ᠍ ᠳᠦ ᠪᠣᠯᠤᠭᠰᠠᠨ 1994 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠳᠦ ᠰᠢᠭᠰᠢᠭᠡ ᠪᠠᠭ ᠤᠨ ᠢᠶᠠᠨ ᠪᠦᠷᠢᠯᠳᠦᠬᠦᠨ ᠳᠦ ᠪᠠᠭᠲᠤᠭᠰᠠᠨ ᠴᠤ ᠭᠠᠷᠠᠭᠠᠨ ᠤ ᠪᠦᠷᠢᠯᠳᠦᠬᠦᠨ ᠳᠦ ᠣᠭᠲᠣ ᠣᠷᠣᠭ᠎ᠠ ᠦᠭᠡᠢ ᠪᠥᠭᠡᠳ ᠢᠷᠯᠠᠨᠳ᠋ ᠍ ᠲᠠᠢ ᠬᠢᠭᠰᠡᠨ ᠲᠣᠭᠯᠠᠯᠲᠠ ᠶᠢᠨ 75 ᠳᠠᠬᠢ ᠮᠢᠨᠦ᠋ᠲ ᠲᠤ ᠰᠡᠯᠭᠦᠭᠡ ᠪᠡᠷ ᠲᠠᠯᠠᠪᠠᠢ ᠳᠤ ᠣᠷᠣᠵᠤ ᠢᠷᠡᠨ᠂ ᠠᠩᠬᠠᠨ ᠤ ᠲᠣᠭᠯᠠᠯᠲᠠ ᠪᠠᠨ ᠬᠢᠭᠰᠡᠨ᠃ ᠲᠡᠷᠡ ᠪᠡᠷ ᠮᠥᠨ ᠧᠦ᠋ᠷᠣ 1996 ᠍ ᠳᠦ ᠳᠠᠭᠤᠳᠠᠭᠳᠠᠭᠰᠠᠨ ᠴᠤ ᠭᠠᠷᠠᠭᠠᠨ ᠤ ᠪᠦᠷᠢᠯᠳᠦᠬᠦᠨ ᠳᠦ ᠪᠠᠭᠠᠳᠤᠭ᠎ᠠ ᠦᠭᠡᠢ᠃

ᠭᠡᠬᠦ ᠳᠦ ᠪᠡᠨ ᠨᠶᠤᠮᠠᠨ ᠰᠢᠭᠰᠢᠭᠡ ᠪᠠᠭ ᠤᠨ ᠢᠶᠠᠨ ᠠᠬᠠᠯᠠᠭᠴᠢ ᠪᠠᠷ ᠰᠣᠩᠭᠣᠭᠳᠠᠵᠤ᠂ 1998 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠦ ᠰᠣᠩᠭᠣᠨ ᠰᠢᠯᠭᠠᠷᠠᠭᠤᠯᠬᠤ ᠲᠣᠭᠯᠠᠯᠲᠠ ᠨᠤᠭᠤᠳ ᠤᠨ ᠶᠡᠬᠡᠩᠬᠢ ᠳᠦ ᠣᠷᠣᠯᠴᠠᠵᠠᠢ᠃ ᠤᠯᠠᠮ ᠢᠶᠠᠷ ᠹᠷᠠᠨᠼᠢᠠᠳᠠ ᠪᠣᠯᠤᠭᠰᠠᠨ ᠲᠤᠰ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠡᠰᠡᠭ ᠦᠨ ᠪᠦᠬᠦ ᠲᠣᠭᠯᠠᠯᠲᠠᠳ ᠣᠷᠣᠯᠴᠠᠭᠰᠠᠨ ᠴᠤ ᠠᠷᠭᠸᠨ᠋ᠲ᠋ᠢᠨ ᠲᠠᠢ ᠬᠢᠭᠰᠡᠨ ᠰᠢᠪᠦᠭᠡ ᠶᠢᠨ ᠨᠠᠶᠢᠮᠠ ᠶᠢᠨ ᠲᠣᠭᠯᠠᠯᠲᠠᠳ 2 ᠰᠢᠷ᠎ᠠ ᠬᠠᠭᠤᠳᠠᠰᠤ ᠠᠪᠤᠨ ᠲᠠᠯᠠᠪᠠᠢ ᠶᠢ ᠴᠢᠯᠦᠭᠡᠯᠡᠭᠰᠡᠨ ᠢᠶᠡᠷ ᠬᠠᠭᠠᠰ ᠰᠢᠭᠰᠢᠭᠡ ᠳᠦ ᠲᠤᠰ ᠲᠡᠮᠡᠴᠡᠭᠡᠨ ᠦ ᠠᠪᠤᠷᠭᠤ ᠪᠣᠯᠤᠭᠰᠠᠨ ᠪᠷᠠᠽᠢᠯ ᠲᠠᠢ ᠲᠣᠭᠯᠠᠭᠰᠠᠨ ᠲᠣᠭᠯᠠᠯᠲᠠᠳ ᠣᠷᠣᠯᠴᠠᠵᠤ ᠴᠢᠳᠠᠭ᠎ᠠ ᠦᠭᠡᠢ᠃ ᠬᠦᠷᠡᠯ ᠮᠧᠳᠠᠯ ᠤᠨ ᠲᠥᠯᠥᠭᠡ ᠬᠣᠷᠸᠠᠲ ᠤᠨ ᠪᠠᠭ ᠲᠠᠢ ᠲᠣᠭᠯᠠᠭᠰᠠᠨ ᠲᠣᠭᠯᠠᠯᠲᠠᠳ ᠣᠷᠣᠯᠴᠠᠭᠰᠠᠨ ᠴᠤ ᠪᠠᠭ᠎ᠠ ᠪᠠᠨ ᠮᠧᠳᠠᠯ ᠳᠤ ᠬᠦᠷᠭᠡᠵᠦ ᠴᠢᠳᠠᠭ᠎ᠠ ᠦᠭᠡᠢ ᠶᠤᠮ᠃

ᠤᠭ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠳᠠᠷᠠᠭ᠎ᠠ ᠰᠢᠭᠰᠢᠭᠡ ᠳᠦ ᠪᠡᠨ ᠳᠠᠭᠤᠳᠠᠭᠳᠠᠭᠰᠠᠭᠠᠷ ᠪᠠᠶᠢᠭᠰᠠᠨ ᠨᠶᠤᠮᠠᠨ ᠨᠤᠲᠤᠭ ᠲᠤ ᠪᠠᠨ ᠵᠣᠬᠢᠶᠠᠭᠳᠠᠭᠰᠠᠨ ᠧᠦ᠋ᠷᠣ 2000 ᠍ ᠳᠦ ᠣᠷᠣᠯᠴᠠᠭᠰᠠᠨ ᠪᠥᠭᠡᠳ ᠲᠡᠷᠡ ᠦᠶ᠎ᠡ ᠳᠦ ᠵᠡᠭᠦᠨ ᠵᠢᠭᠦᠷ ᠦᠨ ᠠᠷᠤ ᠶᠢᠨ ᠬᠠᠮᠠᠭᠠᠯᠠᠭᠴᠢ ᠶᠢᠨ ᠪᠠᠶᠢᠷᠢᠯᠠᠯ ᠳᠤ ᠲᠡᠭᠦᠨ ᠲᠡᠢ ᠸᠢᠨᠰᠲ᠋ᠣᠨ ᠪᠣᠭᠢᠷᠳᠧᠵᠣᠸᠠᠨᠢ ᠸᠠᠩ ᠪᠷᠣᠨᠺᠬᠣᠷᠣᠰ ᠲᠤ ᠨᠠᠷ ᠥᠷᠢᠰᠦᠯᠳᠦᠳᠡᠭ ᠪᠣᠯᠤᠭᠰᠠᠨ ᠦᠶ᠎ᠡ ᠪᠠᠶᠢᠪᠠ᠃ 1988 ᠣᠨ ᠠᠴᠠ ᠬᠣᠶᠢᠰᠢᠬᠢ ᠠᠩᠬᠠᠨ ᠤ ᠴᠣᠮᠣ ᠬᠦᠷᠲᠡᠬᠦ ᠵᠣᠷᠢᠯᠭ᠎ᠠ ᠲᠠᠢ ᠪᠠᠶᠢᠭᠰᠠᠨ ᠲᠡᠳᠡ ᠬᠠᠭᠠᠰ ᠰᠢᠭᠰᠢᠭᠡ ᠳᠦ ᠢᠲ᠋ᠠᠯᠢ ᠶᠢᠨ ᠰᠢᠭᠰᠢᠭᠡ ᠪᠠᠭ ᠲᠤ ᠲᠣᠷᠭᠠᠭᠤᠯᠢ ᠶᠢᠨ ᠴᠣᠬᠢᠯᠲᠠ ᠪᠠᠷ ᠬᠣᠵᠢᠭᠳᠠᠭᠰᠠᠨ ᠪᠢᠯᠡ᠃

ᠲᠡᠷᠡ ᠪᠡᠷ ᠡᠮᠦᠨᠡᠲᠦ ᠰᠣᠯᠣᠩᠭᠣᠰᠶᠠᠫᠣᠨ ᠳᠤ ᠪᠣᠯᠤᠭᠰᠠᠨ 2002 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠦ ᠰᠣᠩᠭᠣᠨ ᠰᠢᠯᠭᠠᠷᠠᠭᠤᠯᠤᠯᠲᠠ ᠳᠤ ᠮᠧᠨᠧᠵᠧᠷ ᠯᠤᠪᠢ ᠸᠠᠩ ᠭᠠᠶᠢᠯᠢ ᠪᠠᠷ ᠤᠳᠤᠷᠢᠳᠤᠭᠤᠯᠤᠨ ᠣᠷᠣᠯᠴᠠᠵᠤ ᠪᠠᠶᠢᠭᠰᠠᠨ ᠴᠤ 2001 ᠣᠨ ᠤ ᠰᠡᠭᠦᠯᠡᠷ ᠢᠷᠯᠠᠨᠳ᠋ ᠍ ᠲᠤ 1–0 ᠬᠠᠷᠢᠴᠠᠭ᠎ᠠ ᠪᠠᠷ ᠬᠣᠵᠢᠭᠳᠠᠭᠰᠠᠨ᠎ᠠ ᠪᠠᠷ ᠤᠷᠤᠯᠴᠠᠬᠤ ᠡᠷᠬᠡ ᠪᠡᠨ ᠠᠪᠴᠤ ᠴᠢᠳᠠᠭ᠎ᠠ ᠦᠭᠡᠢ᠃ ᠨᠶᠤᠮᠠᠨ ᠬᠠᠮᠤᠭ ᠤᠨ ᠰᠡᠭᠦᠯ ᠳᠦ 2002 ᠣᠨ ᠤ 5 ᠰᠠᠷ᠎ᠠ ᠶᠢᠨ 19 ᠍ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠰᠢᠭᠰᠢᠭᠡ ᠪᠠᠭ ᠢ 2–0 ᠬᠠᠷᠢᠴᠠᠭ᠎ᠠ ᠪᠠᠷ ᠬᠣᠵᠢᠭ᠌ᠰᠠᠨ ᠲᠣᠭᠯᠠᠯᠲᠠᠳ ᠣᠷᠣᠯᠴᠠᠭᠠᠳ ᠰᠢᠭᠰᠢᠭᠡ ᠪᠠᠭ᠎ᠠ ᠠᠴᠠ ᠪᠠᠨ ᠵᠣᠳᠣᠭ ᠲᠠᠶᠢᠯᠵᠠᠢ᠃

ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ПСВ ᠡᠢᠨᠲᠤᠬᠣᠸᠧᠨ
1997
1996
1996, 1997, 1998
ᠷᠠᠢᠨᠵᠧᠷᠰ
1999, 2000, 2003
1999, 2000, 2002, 2003
1999, 2002, 2003

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ