ᠠᠷᠲ᠋ᠠᠺᠰᠢ ᠠᠴᠠ I

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠷᠲ᠋ᠠᠺᠰᠢ ᠠᠴᠠ I

ᠠᠷᠲ᠋ᠠᠺᠰᠢ ᠠᠴᠠ ᠪᠤᠶᠤ ᠠᠷᠲ᠋ᠠᠱᠧᠰ (ᠠᠩᠭᠯᠢ ᠪᠠᠷ Artaxias I; ᠠᠷᠮᠧᠨ ᠬᠡᠯᠡ: Արտաշես Առաջին) ᠨᠢ 200 ᠣᠷᠴᠢᠮ ᠵᠢᠯ ᠠᠷᠮᠧᠨ ᠳᠤ ᠣᠷᠣᠰᠢᠨ ᠲᠣᠭᠲᠠᠨᠢᠭᠰᠠᠨ ᠠᠷᠲ᠋ᠠᠺᠰᠢᠶᠠᠳ ᠤᠨ ᠤᠭᠰᠠᠭᠠᠨ ᠤ ᠬᠠᠭᠠᠨᠲᠤ ᠤᠯᠤᠰ ᠢ ᠦᠨᠳᠦᠰᠦᠯᠡᠭᠴᠢ ᠪᠢᠯᠡ᠃ ᠲᠡᠷᠡ ᠪᠡᠷ ᠮᠠᠨ ᠤ ᠡᠷᠡᠨ ᠦ ᠡᠮᠦᠨ᠎ᠡ 189 ᠣᠨ ᠳᠤ ᠲᠥᠷᠦᠵᠢ᠂ ᠮᠠᠨ ᠤ ᠡᠷᠡᠨ ᠦ ᠡᠮᠦᠨ᠎ᠡ 159 ᠣᠨ ᠳᠤ ᠨᠠᠰᠤ ᠪᠠᠷᠠᠭᠰᠠᠨ ᠭᠡᠵᠦ ᠦᠵᠡᠳᠡᠭ ᠴᠤ ᠵᠠᠷᠢᠮ ᠰᠤᠳᠤᠯᠤᠭᠠᠴᠢᠳ ᠬᠤᠭᠤᠴᠠᠭ᠎ᠠ ᠶᠢ ᠨᠢ ᠨᠢᠭᠡ ᠵᠢᠯ ᠢᠶᠡᠷ ᠤᠷᠤᠭᠰᠢᠯᠠᠭᠤᠯᠤᠨ ᠲᠣᠭᠠᠴᠠᠬᠤ ᠨᠢ ᠪᠤᠢ᠃ ᠮᠠᠨ ᠤ ᠡᠷᠡᠨ ᠦ ᠡᠮᠦᠨ᠎ᠡ III ᠵᠠᠭᠤᠨ ᠤ ᠲᠡᠭᠦᠰᠬᠡᠯ ᠦᠶ᠎ᠡ ᠳᠦ ᠠᠷᠮᠧᠨᠢ ᠨᠤᠲᠤᠭ ᠲᠤ ᠨᠠᠬᠠᠷᠠᠷ ᠤᠳ ᠬᠡᠮᠡᠬᠦ ᠬᠠᠩᠭ᠎ᠠ ᠨᠤᠭᠤᠳ ᠢᠶᠠᠷ ᠤᠳᠤᠷᠢᠳᠤᠭᠤᠯᠤᠭᠰᠠᠨ 120 ᠭᠠᠷᠤᠢ ᠵᠢᠵᠢᠭ ᠬᠠᠨᠯᠢᠭ ᠣᠷᠣᠰᠢᠵᠤ ᠪᠠᠶᠢᠴᠠᠢ᠃ ᠡᠳᠡᠭᠡᠷ ᠬᠠᠨᠯᠢᠭ ᠤᠳ ᠶᠣᠰᠣ ᠲᠡᠳᠦᠶᠢᠬᠡᠨ ᠢᠶᠡᠷ ᠶᠡᠬᠡ ᠪᠣᠯᠤᠨ ᠪᠠᠭ᠎ᠠ ᠠᠷᠮᠧᠨ ᠍ ᠶᠢᠨ ᠣᠷᠣᠨᠲ᠋ᠢᠳ᠋ ᠍ ᠤᠨ ᠬᠠᠭᠠᠨᠲᠤ ᠤᠯᠤᠰ ᠤᠨ ᠪᠦᠷᠢᠯᠳᠦᠬᠦᠨ ᠭᠡᠵᠦ ᠨᠡᠷᠡᠯᠡᠭᠳᠡᠵᠦ ᠪᠠᠶᠢᠪᠠ᠃ ᠲᠤᠬᠠᠢ ᠶᠢᠨ ᠦᠶ᠎ᠡ ᠳᠦ ᠮᠠᠺᠧᠳᠠᠨᠴᠤᠤ ᠳᠤ ᠬᠦᠴᠦᠷᠬᠡᠭ ᠦᠨ ᠲᠤᠶᠢᠯ ᠳᠤ ᠪᠠᠨ ᠬᠦᠷᠴᠦ ᠹᠢᠯᠢᠫᠫ , ᠲᠡᠭᠦᠨ ᠦ ᠬᠦᠦ ᠠᠯᠧᠺᠰᠠᠨᠳᠠᠷ ᠤᠨ ᠤᠳᠤᠷᠢᠳᠤᠯᠭ᠎ᠠ ᠳᠣᠣᠷ᠎ᠠ ᠪᠦᠬᠦ ᠡᠷᠲᠡᠨ ᠦ ᠭᠷᠧᠺ ᠲᠡᠳᠦᠢ ᠦᠭᠡᠢ᠂ ᠪᠠᠭ᠎ᠠ ᠠᠽᠢᠶ᠎ᠠ ᠍ ᠶᠢ ᠡᠵᠡᠯᠡᠭᠰᠡᠨ ᠪᠠᠶᠢᠯ᠎ᠠ᠃ ᠠᠷᠮᠧᠨᠢ ᠶᠢᠨ ᠬᠠᠨᠯᠢᠭ ᠤᠳ ᠲᠤ ᠭᠷᠧᠺ ᠦᠨ ᠰᠤᠶᠤᠯ ᠢᠷᠭᠡᠨᠰᠢᠯ ᠮᠠᠰᠢ ᠬᠦᠴᠦᠲᠡᠢ ᠨᠡᠪᠲᠡᠷᠡᠭᠰᠡᠨ ᠪᠠᠶᠢᠭᠰᠠᠨ ᠨᠢ ᠠᠤᠭ᠎ᠠ ᠠᠯᠧᠺᠰᠠᠨᠳᠠᠷ ᠲᠤ ᠬᠦᠴᠦᠲᠡᠢ ᠰᠡᠳᠬᠢᠭᠳᠡᠯ ᠲᠥᠷᠦᠭᠦᠯᠵᠦ᠂ ᠲᠡᠳᠡᠭᠡᠷ ᠬᠠᠨᠯᠢᠭ ᠤᠳ ᠢ ᠪᠠᠶᠢᠯᠳᠤᠨ ᠳᠠᠭᠠᠭᠤᠯᠵᠤ ᠵᠢᠷᠦᠬᠡᠯᠡᠭᠡ ᠦᠭᠡᠢ ᠭᠡᠳᠡᠭ᠃ ᠠᠯᠧᠺᠰᠠᠨᠳᠠᠷ ᠢ ᠵᠠᠭᠤᠷᠠᠳᠤ ᠪᠠᠷ ᠨᠠᠰᠤ ᠡᠴᠦᠰᠯᠡᠭᠰᠡᠨ ᠦ ᠳᠠᠷᠠᠭ᠎ᠠ ᠲᠡᠭᠦᠨ ᠦ ᠵᠠᠩᠵᠤᠨ ᠠᠨᠲ᠋ᠢᠬᠤ ᠥᠪᠡᠷ ᠦᠨ ᠤᠯᠤᠰ ᠢᠶᠠᠨ ᠪᠠᠶᠢᠭᠤᠯᠤᠨ᠂ ᠠᠷᠮᠧᠨ ᠤ ᠣᠷᠣᠨᠲ᠋ᠢᠳ᠋ ᠍ ᠤᠨ ᠤᠯᠤᠰ ᠍ ᠢ ᠪᠠᠶᠢᠯᠳᠤᠨ ᠳᠠᠭᠠᠭᠤᠯᠬᠤ ᠪᠠᠷ ᠰᠢᠢᠳᠡᠭᠰᠡᠨ ᠪᠠᠶᠢᠨ᠎ᠠ᠃ ᠠᠨᠲ᠋ᠢᠶᠠᠬᠤ ᠶᠢᠨ ᠡᠰᠡᠷᠬᠦ ᠣᠷᠣᠨᠲ᠋ᠢᠳ᠋ ᠍ ᠢ ᠵᠠᠬᠢᠷᠤᠭᠴᠢ ᠵᠠᠩᠵᠤᠨ ᠠᠷᠲ᠋ᠠᠺᠰᠢ ᠠᠴᠠ ᠰᠥᠷᠥᠨ ᠵᠣᠭᠰᠣᠭᠰᠠᠨ ᠶᠤᠮ᠃ ᠮᠠᠨ ᠤ ᠡᠷᠡᠨ ᠦ ᠡᠮᠦᠨ᠎ᠡ 190 ᠣᠨ ᠳᠤ ᠮᠠᠭᠨᠧᠽᠢ ᠶᠢᠨ ᠲᠤᠯᠤᠭᠠᠨ ᠳᠤ ᠠᠷᠲ᠋ᠠᠺᠰᠢᠶᠠᠰᠤ ᠶᠢᠨ ᠡᠵᠡᠨ᠂ ᠠᠷᠮᠧᠨ ᠤ ᠬᠠᠭᠠᠨ ᠷᠤᠮᠠᠴᠤᠳ ᠲᠠᠢ ᠲᠤᠯᠤᠯᠳᠤᠨ ᠢᠯᠠᠭᠳᠠᠭᠰᠠᠨ ᠢᠶᠠᠷ ᠠᠷᠮᠧᠨ ᠨᠤᠲᠤᠭ ᠷᠣᠮᠣᠴᠤᠳ ᠤᠨ ᠮᠡᠳᠡᠯ ᠳᠦ ᠣᠷᠣᠭᠰᠠᠨ ᠠᠵᠢ᠃ ᠡᠨᠡ ᠦᠶ᠎ᠡ ᠳᠦ ᠵᠠᠩᠵᠤᠨ ᠠᠷᠲ᠋ᠠᠺᠰᠢ ᠠᠴᠠ ᠪᠣᠯᠤᠨ ᠲᠡᠭᠦᠨ ᠦ ᠬᠠᠮᠲᠤᠷᠠᠭᠴᠢ ᠵᠠᠷᠢᠶᠠᠳ᠋ᠷᠧᠰ ᠨᠠᠷ ᠥᠪᠡᠷ ᠦᠨ ᠬᠠᠭᠠᠨ ᠤ ᠡᠰᠡᠷᠬᠦ ᠪᠣᠰᠤᠯᠭ᠎ᠠ ᠭᠠᠷᠭᠠᠨ᠂ ᠷᠣᠮᠣᠴᠤᠳ ᠤᠨ ᠵᠠᠰᠠᠭᠯᠠᠯ ᠢ ᠬᠦᠯᠢᠶᠡᠨ ᠵᠥᠪᠰᠢᠶᠡᠷᠡᠴᠢ᠂ ᠥᠪᠡᠷᠰᠡᠳ ᠲᠦ ᠪᠡᠨ ᠠᠦ᠋ᠲ᠋ᠣᠨᠣᠮᠢᠲᠤ ᠡᠷᠬᠡ ᠣᠯᠵᠤ᠂ ᠠᠷᠲ᠋ᠠᠺᠰᠢ ᠠᠴᠠ ᠨᠢ ᠶᠡᠬᠡ ᠠᠷᠮᠧᠨ ᠢ ᠵᠠᠬᠢᠷᠴᠢ᠂ ᠵᠠᠷᠢᠶᠠᠳ᠋ᠷᠧᠰ ᠨᠢ ᠰᠣᠹᠧᠨᠧ ᠪᠤᠶᠤ ᠪᠠᠭ᠎ᠠ ᠠᠷᠮᠢᠩ ᠢ ᠵᠠᠬᠢᠷᠬᠤ ᠬᠠᠭᠠᠨ ᠪᠣᠯᠴᠣᠭᠤᠭᠰᠠᠨ ᠪᠠᠶᠢᠨ᠎ᠠ᠃ ᠲᠡᠷᠡ ᠪᠡᠷ ᠠᠯᠠᠨᠴᠤᠳ ᠤᠨ ᠬᠠᠭᠠᠨ ᠤ ᠥᠬᠢᠨ ᠰᠠᠲ᠋ᠧᠨᠢᠺ ᠢ ᠬᠠᠲᠤᠨ ᠢᠶᠠᠨ ᠪᠣᠯᠭᠠᠭᠰᠠᠨ ᠪᠥᠭᠡᠳ ᠲᠡᠳᠡ ᠠᠷᠲᠠᠪᠤᠰᠳᠧᠰ (ᠠᠷᠲ᠋ᠠᠸᠠᠽᠳ), ᠸᠠᠷᠢᠭᠤᠷ᠂ ᠮᠠᠵᠠᠨ᠂ ᠵᠠᠷᠢᠶᠠᠳ᠋ᠷᠧᠰ (ᠵᠠᠷᠧᠬ), ᠲᠤᠷᠢᠨ ᠪᠣᠯᠤᠨ ᠲᠢᠭᠷᠠᠨ᠋ᠧᠰ /ᠲᠢᠭᠷᠠᠨ/ ᠭᠡᠰᠡᠨ ᠵᠢᠷᠭᠤᠭᠠᠨ ᠬᠡᠦᠬᠡᠳ ᠲᠡᠢ ᠪᠠᠶᠢᠭᠰᠠᠨ᠃ ᠠᠷᠲ᠋ᠠᠺᠰᠢ ᠠᠴᠠ ᠬᠠᠭᠠᠨ ᠰᠢᠷᠡᠭᠡᠨ ᠳᠦ ᠰᠠᠭᠤᠮᠠᠭᠴᠠ ᠪᠠᠨ ᠰᠧᠸᠠᠩ ᠨᠠᠭᠤᠷ ᠍ ᠤᠨ ᠣᠷᠴᠢᠮ᠂ ᠠᠷᠠᠺᠰ ᠭᠣᠣᠯ ᠍ ᠤᠨ ᠰᠠᠪᠠ ᠳᠤ ᠤᠷᠤᠰᠢᠬᠤ ᠠᠷᠲ᠋ᠠᠺᠰᠲᠠ ᠬᠣᠲᠠ ᠶᠢ ᠨᠡᠶᠢᠰᠯᠡᠯ ᠢᠶᠡᠨ ᠪᠣᠯᠭᠠᠭᠰᠠᠨ ᠪᠠᠶᠢᠨ᠎ᠠ᠃ ᠬᠠᠨᠢᠪᠠᠯ ᠷᠤᠮᠠ ᠳᠤ ᠴᠣᠬᠢᠭᠳᠠᠭᠰᠠᠨ ᠤ ᠳᠠᠷᠠᠭ᠎ᠠ ᠠᠷᠮᠧᠨᠢᠳ ᠣᠴᠢᠭᠰᠠᠨ ᠪᠥᠭᠡᠳ ᠠᠷᠲ᠋ᠠᠺᠰᠢ ᠠᠴᠠ ᠲᠡᠭᠦᠨ ᠢ ᠬᠣᠷᠣᠭᠳᠠᠭᠤᠯᠵᠤ᠂ ᠰᠠᠨᠠᠯ ᠪᠣᠳᠣᠯ ᠢᠶᠠᠨ ᠰoᠯᠢᠯᠴᠠᠵᠤ ᠪᠠᠶᠢᠭᠰᠠᠨ ᠭᠡᠳᠡᠭ᠃

ᠮᠠᠨ ᠤ ᠡᠷᠡᠨ ᠦ ᠡᠮᠦᠨ᠎ᠡ 165 ᠣᠨ ᠳᠤ ᠠᠷᠲ᠋ᠠᠺᠰᠢ ᠠᠴᠠ ᠬᠠᠭᠠᠨ ᠠᠷᠮᠧᠨᠢᠳ ᠬᠠᠯᠠᠳᠠᠨ ᠳᠠᠪᠲᠣᠯᠤᠭᠰᠠᠨ ᠠᠨᠲ᠋ᠢᠶᠠᠬᠤ ᠶᠢᠨ ᠬᠦᠴᠦᠷᠬᠡᠭ ᠬᠠᠭᠠᠨ ᠡᠫᠢᠹᠠᠨᠧᠰ IV ᠬᠠᠭᠠᠨ ᠳᠤ ᠣᠯᠵᠠᠯᠠᠭᠳᠠᠭᠰᠠᠨ ᠭᠡᠳᠡᠭ᠃


ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ