ᠠᠷᠰᠯᠠᠨ ᠵᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠷᠰᠯᠠᠨ ᠵᠠᠭᠠᠨ
ᠣᠷᠣᠰᠢᠨ ᠪᠠᠶᠢᠭᠰᠠᠨ ᠬᠤᠭᠤᠴᠠᠭ᠎ᠠ: ᠡᠷᠲᠡ ᠫᠯᠢᠣᠼᠧᠨᠡ ᠡᠴᠡ ᠳᠤᠮᠳᠠ ᠭᠣᠯᠣᠼᠧᠨ ᠬᠦᠷᠲᠡᠯ᠎ᠡ
ᠺᠣᠯᠤᠮᠪᠢᠶ ᠠ ᠶᠢᠨ ᠠᠷᠰᠯᠠᠨ ᠵᠠᠭᠠᠨ. ᠯᠠᠣᠰ-ᠠᠩᠵᠧᠯᠧᠰ᠂ ᠵᠣᠷᠵᠢ ᠰ᠃ ᠫᠡᠢᠵᠤ ᠶᠢᠨ ᠮᠦᠽᠧᠢ
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠠᠩᠭᠢ: ᠬᠥᠬᠥᠲᠡᠨ
ᠪᠠᠭ: ᠬᠤᠰᠤᠤᠳᠠᠨ
ᠣᠪᠤᠭ: ᠵᠠᠭᠠᠨ ᠍ ᠤ ᠬᠢᠨ
ᠲᠥᠷᠥᠯ: ᠠᠷᠰᠯᠠᠨ ᠵᠠᠭᠠᠨ
ᠵᠦᠢᠯ ᠦᠳ
 • M. africanavus ᠠᠹᠷᠢᠺᠠ ᠶᠢᠨ ᠠᠷᠰᠯᠠᠨ ᠵᠠᠭᠠᠨ
 • M. armeniacus ᠲᠠᠯ᠎ᠠ ᠶᠢᠨ ᠠᠷᠰᠯᠠᠨ ᠵᠠᠭᠠᠨ
 • M. columbi ᠺᠣᠯᠤᠮᠪᠢᠶ ᠠ ᠶᠢᠨ ᠠᠷᠰᠯᠠᠨ ᠵᠠᠭᠠᠨ
 • M. exilis ᠫᠢᠭᠮ ᠤᠨ ᠠᠷᠰᠯᠠᠨ ᠵᠠᠭᠠᠨ
 • Mammuthus hayi
 • M. imperator ᠢᠮᠫᠧᠷᠠᠲ᠋ᠣᠷ ᠠᠷᠰᠯᠠᠨ ᠵᠠᠭᠠᠨ
 • M. jeffersonii ᠵᠧᠹᠹᠧᠷᠰᠣᠨ ᠤ ᠠᠷᠰᠯᠠᠨ ᠵᠠᠭᠠᠨ
 • M. meridionalis ᠡᠮᠦᠨᠡᠲᠦ ᠶᠢᠨ ᠠᠷᠰᠯᠠᠨ ᠵᠠᠭᠠᠨ
 • M. subplanifrons ᠡᠮᠦᠨᠡᠲᠦ ᠠᠹᠷᠢᠺᠠ ᠶᠢᠨ ᠠᠷᠰᠯᠠᠨ ᠵᠠᠭᠠᠨ
 • M. primigenius ᠰᠠᠪᠠᠭ ᠲᠤ ᠠᠷᠰᠯᠠᠨ ᠵᠠᠭᠠᠨ
 • M. lamarmorae ᠰᠠᠷᠳᠢᠩ ᠦᠨ ᠣᠳᠣᠢ ᠠᠷᠰᠯᠠᠨ ᠵᠠᠭᠠᠨ
 • M. sungari ᠰᠤᠩᠭᠠᠷᠢ ᠭᠣᠣᠯ ᠤᠨ ᠠᠷᠰᠯᠠᠨ ᠵᠠᠭᠠᠨ

ᠵᠠᠭᠠᠨ ᠍ ᠤ ᠬᠢᠨ ᠣᠪᠤᠭ ᠤᠨ ᠲᠥᠷᠥᠯ ᠪᠣᠯᠬᠤ ᠠᠷᠰᠯᠠᠨ ᠵᠠᠭᠠᠨ (Mammuthus)(猛犸又称長毛象) ᠣᠳᠣ ᠠᠴᠠ 300000-200000 ᠵᠢᠯ ᠦᠨ ᠡᠮᠦᠨ᠎ᠡ ᠡᠴᠡ ᠧᠦ᠋ᠷᠣᠫᠠᠠᠽᠢᠶ᠎ᠠᠬᠣᠶᠢᠳᠤ ᠠᠮᠧᠷᠢᠺᠠ ᠶᠢᠨ ᠡᠬᠡ ᠭᠠᠵᠠᠷ ᠲᠤ ᠥᠷᠭᠡᠨ ᠲᠠᠷᠬᠠᠨ ᠨᠤᠲᠤᠭᠯᠠᠵᠤ ᠪᠠᠶᠢᠭᠰᠠᠨ ᠪᠠ 10000 ᠵᠢᠯ ᠦᠨ ᠡᠮᠦᠨ᠎ᠡ ᠤᠴᠢᠷ ᠪᠢᠲᠡᠭᠦᠯᠢᠭ ᠰᠢᠯᠲᠠᠭᠠᠨ ᠢᠶᠠᠷ ᠤᠰᠠᠳᠴᠠᠢ᠃ ᠵᠠᠭᠠᠨ ᠤ ᠣᠪᠤᠭ ᠤᠨ ᠪᠡᠶ᠎ᠡ ᠳᠠᠭᠠᠭᠰᠠᠨ ᠲᠥᠷᠥᠯ ᠵᠦᠢᠯ ᠠᠲᠠᠯ᠎ᠠ ᠣᠯᠠᠨ ᠨᠡᠶᠢᠲᠡ ᠶᠢᠨ ᠮᠡᠳᠡᠭᠡᠯᠡᠯ ᠦᠨ ᠬᠡᠷᠡᠭᠰᠡᠯ ᠢᠶᠡᠷ ᠣᠳᠣ ᠶᠢᠨ ᠵᠠᠭᠠᠨ ᠤ ᠡᠪᠦᠭᠡ ᠮᠡᠲᠦ ᠪᠡᠷ ᠵᠠᠷᠯᠠᠵᠤ ᠪᠠᠶᠢᠭ᠎ᠠ ᠨᠢ ᠲᠤᠶᠢᠯ ᠤᠨ ᠪᠤᠷᠤᠭᠤ ᠶᠤᠮ᠃ ᠤᠴᠢᠷ ᠨᠢ ᠣᠳᠣ ᠶᠢᠨ ᠵᠠᠭᠠᠨ ᠴᠤ ᠠᠷᠰᠯᠠᠨ ᠵᠠᠭᠠᠨ ᠲᠠᠢ ᠨᠢᠭᠡᠨ ᠴᠠᠭ ᠦᠶ᠎ᠡ ᠳᠦ ᠨᠡᠶᠢᠲᠡᠯᠢᠭ ᠡᠪᠦᠭᠡ ᠡᠴᠡ ᠡᠭᠦᠰᠴᠦ ᠪᠤᠢ ᠪᠣᠯᠤᠭᠰᠠᠨ ᠠᠵᠡᠢ᠃ ᠣᠷᠣᠰ᠂ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ᠂ ᠠᠮᠧᠷᠢᠺᠠ ᠶᠢᠨ ᠨᠢᠭᠡᠳᠦᠭᠰᠡᠨ ᠤᠯᠤᠰ᠂ ᠺᠠᠨᠠᠳᠠ᠂ ᠰᠸᠧᠳᠧᠨ᠂ ᠪᠷᠢᠲ᠋ᠠᠨ(ᠠᠩᠭᠯᠢ) ᠤ ᠡᠷᠳᠡᠮᠲᠡᠳ ᠡᠴᠡ ᠪᠦᠷᠢᠳᠦᠭᠰᠡᠨ ᠣᠯᠠᠨ ᠤᠯᠤᠰ ᠤᠨ 《ᠶᠠᠨ᠎ᠠ-2012》 ᠪᠠᠭ ᠤᠨ ᠬᠢᠨ ᠣᠷᠣᠰ ᠬᠣᠯᠪᠣᠭᠠᠨ ᠤ ᠤᠯᠤᠰ ᠤᠨ ᠰᠠᠬ᠎ᠠ ᠤᠯᠤᠰ ᠤᠨ ᠨᠤᠲᠤᠭ ᠠᠴᠠ ᠥᠩᠭᠡᠷᠡᠭᠰᠡᠨ ᠵᠢᠯ ᠠᠷᠰᠯᠠᠨ ᠵᠠᠭᠠᠨ ᠤ ᠶᠠᠰᠤ ᠣᠯᠤᠭᠰᠠᠨ ᠪᠠᠶᠢᠨ᠎ᠠ᠃ ᠡᠯ᠎ᠡ ᠣᠯᠳᠠᠪᠤᠷᠢ ᠠᠴᠠ ᠠᠮᠢᠳᠤ ᠡᠰ ᠢᠯᠡᠷᠡᠭᠦᠯᠦᠭᠰᠡᠨ ᠲᠤᠬᠠᠢ ᠮᠡᠳᠡᠭᠡ ᠪᠠᠭ᠎ᠠ ᠦᠭᠡᠢ ᠱᠤᠤᠭᠢᠶᠠᠨ ᠲᠠᠷᠢᠭᠠᠳ ᠪᠠᠶᠢᠨ᠎ᠠ᠃

ᠲᠤᠬᠠᠢ ᠶᠢᠨ ᠠᠮᠢᠳᠤ ᠠᠮᠢᠲᠠᠨ ᠦᠬᠦᠭᠰᠡᠨ ᠲᠣᠬᠢᠶᠠᠯᠳᠤᠯ ᠳᠤ ᠲᠡᠭᠦᠨ ᠦ ᠡᠳ᠋, ᠡᠰ ᠪᠦᠭᠦᠳᠡ ᠦᠬᠦᠳᠡᠭ ᠪᠠᠶᠢᠲᠠᠯ᠎ᠠ ᠣᠯᠠᠨ ᠰᠠᠶ᠎ᠠ ᠵᠢᠯ ᠦᠨ ᠲᠡᠷᠲᠡᠭᠡ ᠳᠦ ᠬᠣᠷᠸ᠎ᠠ ᠶᠢ ᠣᠷᠬᠢᠵᠤ᠂ ᠬᠤᠪᠠᠬᠠᠢ ᠶᠠᠰᠤ ᠪᠣᠯᠤᠭᠰᠠᠨ ᠠᠮᠢᠲᠠᠨ ᠤ ᠦᠯᠡᠳᠡᠭᠳᠡᠯ ᠡᠴᠡ ᠠᠮᠢᠳᠤ ᠡᠰ ᠣᠯᠳᠠᠨ᠎ᠠ ᠭᠡᠵᠦ ᠪᠠᠶᠢᠵᠤ ᠪᠣᠯᠣᠰᠢ ᠦᠭᠡᠢ ᠵᠦᠢᠯ ᠭᠡᠵᠦ ᠵᠠᠷᠢᠮ ᠰᠤᠳᠤᠯᠤᠭᠠᠴᠢ ᠡᠭᠦᠨ ᠢ ᠦᠭᠡᠶᠢᠰᠬᠡᠵᠦ ᠪᠠᠶᠢᠭ᠎ᠠ ᠭᠡᠨ᠎ᠡ᠃ ᠳᠡᠭᠡᠷ᠎ᠡ ᠳᠤᠷᠠᠰᠤᠨ ᠠᠷᠰᠯᠠᠨ ᠵᠠᠭᠠᠨ ᠤ ᠶᠠᠰᠤᠨ ᠠᠴᠠ ᠭᠠᠳᠠᠨ᠎ᠠ ᠲᠡᠷᠡ ᠦᠶ᠎ᠡ ᠳᠦ ᠵᠡᠷᠯᠢᠭ ᠰᠠᠷᠯᠤᠭ ᠪᠤᠶᠤ ᠪᠢᠽᠣᠨ ᠪᠣᠯᠤᠨ ᠡᠷᠲᠡᠨ ᠦ ᠮᠣᠷᠢᠨ ᠤ ᠪᠦᠬᠦᠯᠢ ᠶᠠᠰᠤ ᠣᠯᠤᠭᠰᠠᠨ ᠶᠤᠮ ᠪᠠᠶᠢᠨ᠎ᠠ᠃

ᠡᠷᠲᠡᠨ ᠦ ᠠᠮᠢᠲᠠᠳ ᠢ ᠬᠤᠪᠢᠯᠤᠨ᠂ ᠠᠮᠢᠯᠠᠭᠤᠯᠬᠤ ᠳᠤ ᠡᠷᠳᠡᠮᠲᠡᠳ ᠲᠦ ᠠᠮᠢᠳᠤ ᠡᠳ᠋ ᠡᠰ ᠵᠠᠶᠢᠯᠠᠰᠢ ᠦᠭᠡᠢ ᠬᠡᠷᠡᠭᠲᠡᠢ ᠪᠠᠶᠢᠳᠠᠭ ᠪᠥᠭᠡᠳ ᠲᠡᠳᠡᠨ ᠦ ᠬᠦᠰᠡᠯ ᠪᠡᠶᠡᠯᠡᠯ ᠢᠶᠡᠨ ᠣᠯᠵᠤ᠂ ᠠᠷᠰᠯᠠᠨ ᠵᠠᠭᠠᠨ ᠲᠠᠢ 《ᠠᠭᠤᠯᠵᠠᠬᠤ》 ᠪᠣᠯᠤᠮᠵᠢ ᠪᠥᠷᠢᠳᠴᠦ ᠪᠠᠶᠢᠭ᠎ᠠ ᠠᠵᠢ᠃ ᠡᠨᠡ ᠲᠠᠯ᠎ᠠ ᠪᠠᠷ ᠰᠠᠬ᠎ᠠ ᠶᠢᠨ ᠠᠷᠰᠯᠠᠨ ᠵᠠᠭᠠᠨ ᠤ ᠮᠦᠽᠧᠢ ᠶᠢᠨ ᠵᠠᠬᠢᠷᠤᠯ ᠰᠧᠮᠧᠨ ᠭᠠᠷᠣᠷᠢᠶᠧᠸ ᠮᠡᠳᠡᠭᠡᠯᠡᠭᠰᠡᠨ ᠪᠠᠶᠢᠨ᠎ᠠ᠃ ᠲᠡᠷᠡᠪᠡᠷ 《ᠪᠢᠳᠡ ᠭᠠᠵᠠᠷ ᠤᠨ ᠭᠦᠨ ᠡᠴᠡ ᠣᠯᠣᠭᠰᠠᠨ ᠠᠷᠰᠯᠠᠨ ᠵᠠᠭᠠᠨ ᠤ ᠴᠢᠯᠠᠭᠤᠵᠢᠭ᠌ᠰᠠᠨ ᠥᠭᠡᠬᠦ᠂ ᠨᠤᠭᠤᠰᠤ᠂ ᠦᠰᠦ ᠶᠢ ᠳᠡᠪᠰᠢᠯᠲᠡ ᠲᠧᠭᠨᠢᠭ᠂ ᠳᠤᠷᠠᠨ ᠤ ᠲᠤᠰᠠᠯᠠᠮᠵᠢ ᠲᠠᠢ ᠪᠠᠷ ᠰᠢᠨᠵᠢᠯᠡᠭᠰᠡᠨ ᠦ ᠡᠴᠦᠰ ᠲᠦ ᠣᠯᠠᠨ ᠡᠳ᠋ ᠡᠰ ᠦᠨ ᠴᠥᠮ᠎ᠡ ᠨᠢ ᠪᠦᠲᠦᠨ ᠪᠠᠶᠢᠭ᠎ᠠ ᠶᠢ ᠢᠯᠡᠷᠡᠭᠦᠯᠦᠭᠰᠡᠨ᠃ ᠡᠨᠡ ᠨᠢ ᠲᠡᠷᠡ ᠠᠮᠢᠲᠠᠨ ᠢ ᠡᠷᠭᠢᠭᠦᠯᠦᠨ ᠠᠪᠴᠢᠷᠠᠬᠤ ᠪᠣᠯᠤᠮᠵᠢ ᠶᠢ ᠨᠡᠭᠡᠭᠡᠵᠦ ᠪᠠᠶᠢᠭ᠎ᠠ ᠶᠤᠮ》 ᠬᠡᠮᠡᠵᠡᠢ᠃ ᠶᠠᠫᠣᠨ ᠤ ᠺᠢᠣᠲ᠋ᠣ ᠶᠢᠨ ᠶᠡᠬᠡ ᠰᠤᠷᠭᠠᠭᠤᠯᠢ ᠶᠢᠨ ᠫᠷᠣᠹᠧᠰᠰᠣᠷ ᠠᠺᠢᠷᠠ ᠢᠷᠢᠲ᠋ᠠᠨᠢ ᠠᠷᠰᠯᠠᠨ ᠵᠠᠭᠠᠨ ᠢ ᠬᠤᠪᠢᠯᠠᠬᠤ ᠪᠣᠯᠤᠮᠵᠢ ᠶᠢᠨ ᠲᠤᠬᠠᠢ ᠠᠩᠬ᠎ᠠ ᠰᠠᠨᠠᠯ ᠳᠡᠪᠰᠢᠭᠦᠯᠦᠭᠰᠡᠨ ᠠᠵᠢ᠃

ᠬᠤᠯᠤᠭᠠᠨ᠎ᠠ ᠶᠢᠨ ᠡᠰ ᠢ ᠬᠥᠯᠳᠡᠭᠡᠵᠦ᠂ 16 ᠵᠢᠯ ᠪᠣᠯᠤᠭᠰᠠᠨ ᠤ ᠡᠴᠦᠰ ᠲᠦ ᠡᠷᠭᠢᠭᠦᠯᠦᠨ ᠠᠮᠢᠯᠠᠭᠤᠯᠵᠤ᠂ ᠬᠤᠪᠢᠯᠤᠭᠰᠠᠨ ᠡᠷᠳᠡᠮᠲᠡᠨ ᠲᠡᠷᠡᠭᠢᠺᠣ ᠸᠠᠺᠠᠶᠠᠮᠠ ᠤᠨ ᠲᠤᠷᠰᠢᠯᠭ᠎ᠠ ᠳᠤ ᠲᠤᠯᠭᠠᠭᠤᠷᠢᠯᠠᠨ ᠲᠡᠷᠡᠪᠡᠷ ᠠᠷᠰᠯᠠᠨ ᠵᠠᠭᠠᠨ ᠢ ᠬᠤᠪᠢᠯᠠᠬᠤ ᠪᠣᠳᠣᠯ ᠲᠠᠢ ᠪᠠᠶᠢᠭ᠎ᠠ ᠭᠡᠨ᠎ᠡ᠃ ᠭᠡᠬᠦ ᠳᠦ ᠪᠡᠨ ᠲᠡᠭᠦᠨ ᠦ ᠪᠣᠳᠣᠵᠤ ᠪᠠᠶᠢᠭ᠎ᠠ ᠰᠢᠭ ᠬᠤᠪᠢᠯᠠᠬᠤ ᠠᠵᠢᠯ ᠦᠷ᠎ᠡ ᠳ᠋ᠦᠩ ᠲᠡᠢ ᠪᠣᠯᠬᠤ᠂ ᠡᠰᠡᠬᠦ ᠳᠦ ᠡᠷᠡᠭᠡᠯᠵᠡᠵᠦ ᠪᠤᠢ ᠡᠷᠳᠡᠮᠲᠡᠨ ᠣᠯᠠᠨ ᠪᠠᠶᠢᠭ᠎ᠠ᠃ ᠲᠡᠭᠦᠨᠴᠢᠯᠡᠨ ᠬᠡᠷᠪᠡ ᠲᠤᠷᠰᠢᠯᠲᠠ ᠠᠮᠵᠢᠯᠲᠠᠲᠠᠢ ᠪᠣᠯᠵᠤ᠂ ᠠᠷᠰᠯᠠᠨ ᠵᠠᠭᠠᠨ ᠡᠷᠭᠢᠭᠡᠳ ᠢᠷᠡᠯ᠎ᠡ ᠭᠡᠵᠦ ᠪᠣᠳᠣᠬᠤ ᠳᠤ ᠲᠡᠭᠦᠨ ᠢ ᠳᠠᠭᠠᠵᠤ᠂ ᠡᠷᠲᠡᠨ ᠦ ᠪᠢᠴᠢᠯ ᠪᠡᠶᠡᠲᠦ ᠨᠦᠭᠦᠳ ᠰᠡᠷᠭᠦᠵᠦ᠂ ᠲᠣᠭᠠᠴᠠᠭᠠᠯᠠᠭ᠎ᠠ ᠦᠭᠡᠢ ᠰᠥᠷᠭᠦ ᠦᠷ᠎ᠡ ᠳᠠᠭᠠᠪᠤᠷᠢ ᠠᠪᠴᠢᠷᠠᠬᠤ ᠠᠴᠠ ᠪᠣᠯᠭᠣᠮᠵᠢᠯᠠᠵᠤ ᠪᠠᠶᠢᠭ᠎ᠠ ᠡᠷᠳᠡᠮᠲᠡᠳ ᠴᠤ ᠪᠤᠢ᠃

ᠠᠷᠰᠯᠠᠨ ᠵᠠᠭᠠᠨ ᠨᠤᠭᠤᠳ ᠪᠣᠯᠣᠨ ᠬᠦᠮᠦᠨ ᠤ ᠪᠡᠶ᠎ᠡ ᠲᠠᠢ ᠬᠠᠷᠢᠴᠠᠭᠤᠯᠤᠭᠰᠠᠨ

ᠳᠠᠰᠢᠷᠠᠮ ᠳᠤ ᠳᠤᠷᠠᠳᠬᠤ ᠳᠤ᠂ ᠡᠷᠳᠡᠮᠲᠡᠳ ᠦᠨ ᠲᠣᠭᠠᠴᠠᠯᠠᠭᠰᠠᠨ ᠢᠶᠠᠷ ᠳᠤᠮᠳᠠᠴᠢ ᠪᠠᠷ 5.5 ᠮᠧᠲ᠋ᠷ ᠥᠨᠳᠥᠷ᠂ 10-12 ᠲᠣᠨ ᠵᠢᠩᠲᠡᠢ ᠪᠠᠶᠢᠭᠰᠠᠨ ᠠᠷᠰᠯᠠᠨ ᠵᠠᠭᠠᠨ ᠬᠡᠮᠡᠬᠦ ᠰᠦᠨ ᠲᠡᠵᠢᠭᠡᠯᠲᠡᠨ ᠲᠠᠪᠤ ᠣᠷᠴᠢᠮ ᠰᠠᠶ᠎ᠠ ᠵᠢᠯ ᠦᠨ ᠲᠡᠷᠲᠡᠭᠡᠬᠢ ᠫᠯᠢᠣᠼᠧᠨ ᠦ ᠦᠶ᠎ᠡ ᠳᠦ ᠪᠤᠢ ᠪᠣᠯᠵᠤ᠂ ᠮᠥᠰᠥᠲᠥᠯᠭᠡ ᠶᠢᠨ ᠦᠶ᠎ᠡ ᠪᠤᠶᠤ 10.000-20.000 ᠵᠢᠯ ᠦᠨ ᠲᠡᠷᠲᠡᠭᠡ ᠳᠦ ᠤᠰᠠᠳᠴᠤ ᠦᠭᠡᠢ ᠪᠣᠯᠤᠭᠰᠠᠨ ᠭᠡᠳᠡᠭ᠃ ᠠᠪᠤᠷᠭᠤ ᠲᠣᠮᠣ ᠠᠷᠰᠯᠠᠨ ᠵᠠᠭᠠᠨ ᠠᠴᠠ ᠭᠠᠳᠠᠨ᠎ᠠ ᠡᠨᠡ ᠲᠥᠷᠥᠯ ᠦᠨ ᠣᠳᠣᠢ ᠠᠮᠢᠲᠠᠨ ᠴᠤ ᠲᠡᠷᠡ ᠦᠶ᠎ᠡ ᠳᠦ ᠠᠮᠢᠳᠤᠷᠠᠵᠤ ᠪᠠᠶᠢᠭᠰᠠᠨ ᠨᠢ ᠣᠯᠳᠠᠪᠤᠷᠢ ᠨᠤᠭᠤᠳ ᠢᠶᠠᠷ ᠨᠣᠲᠠᠯᠠᠭᠳᠠᠳᠠᠭ᠃ ᠲᠤᠬᠠᠶᠢᠯᠠᠪᠠᠯ᠂ 1993 ᠤᠨ ᠳᠤ 《Nature》 ᠰᠡᠳᠬᠦᠯ ᠳᠦ ᠸᠠᠷᠠᠩᠭᠧᠯᠢ ᠶᠢᠨ ᠠᠷᠠᠯ ᠠᠴᠠ ᠣᠷᠣᠰ ᠤᠨ ᠡᠷᠳᠡᠮᠲᠡᠨ ᠰᠧᠷᠭᠡᠢ ᠸᠠᠷᠲ᠋ᠠᠨᠢᠶᠠᠨ ᠣᠳᠣᠢ ᠠᠷᠰᠯᠠᠨ ᠵᠠᠭᠠᠨ ᠤ ᠣᠯᠳᠠᠪᠤᠷᠢ ᠣᠯᠤᠭᠰᠠᠨ ᠲᠤᠬᠠᠢ ᠨᠡᠶᠢᠲᠡᠯᠡᠭᠰᠡᠨ ᠪᠠᠶᠢᠳᠠᠭ ᠠᠵᠢ᠃ ᠡᠨᠡ ᠨᠢ ᠠᠷᠰᠯᠠᠨ ᠵᠠᠭᠠᠨ ᠤ ᠣᠯᠳᠠᠪᠤᠷᠢ ᠶᠢᠨ ᠲᠤᠬᠠᠢ ᠣᠯᠠᠨ ᠨᠡᠶᠢᠲᠡ ᠳᠦ ᠵᠠᠷᠯᠠᠭᠰᠠᠨ ᠠᠩᠬᠠᠨ ᠤ ᠮᠡᠳᠡᠭᠡᠯᠡᠯ ᠪᠠᠶᠢᠭᠰᠠᠨ ᠢᠶᠠᠷ ᠢᠶᠠᠨ ᠣᠨᠴᠠᠯᠢᠭ ᠶᠤᠮ ᠪᠠᠶᠢᠨ᠎ᠠ᠃

ᠮᠠᠮᠤᠨᠲ ᠬᠡᠮᠡᠬᠦ ᠨᠡᠷᠡᠰᠢᠯ ᠨᠢ ᠮᠠᠨᠰᠢ ᠬᠡᠯᠡ ᠪᠡᠷ "ᠭᠠᠵᠠᠷ ᠤᠨ ᠡᠪᠡᠷ" ᠭᠡᠰᠡᠨ ᠤᠳᠬ᠎ᠠ ᠲᠠᠢ ᠪᠥᠭᠡᠳ ᠠᠩᠬ᠎ᠠ ᠷᠢᠴᠠᠷᠲ ᠵᠧᠮᠰ 1618 ᠤᠨ ᠳᠤ ᠤᠭ ᠨᠡᠷ᠎ᠡ ᠲᠣᠮᠢᠶ᠎ᠠ ᠶᠢ ᠬᠡᠷᠡᠭᠯᠡᠵᠡᠢ᠃ ᠠᠩᠭᠯᠢ ᠬᠡᠯᠡᠨ ᠳᠦ ᠤᠭ ᠦᠭᠡ ᠡᠳᠦᠭᠡ "ᠲᠣᠮᠣ" ᠪᠤᠶᠤ "ᠨᠦᠰᠡᠷ" ᠭᠡᠰᠡᠨ ᠤᠳᠬ᠎ᠠ ᠶᠢ ᠢᠯᠡᠷᠬᠡᠶᠢᠯᠡᠬᠦ ᠪᠣᠯᠵᠠᠢ᠃

ᠠᠷᠰᠯᠠᠨ ᠵᠠᠭᠠᠨ ᠨᠢ 4 ᠮᠧᠲ᠋ᠷ (13 ᠹᠦᠲᠤᠪ) ᠥᠨᠳᠥᠷ ᠲᠡᠢ᠂ 8-9 ᠲᠣᠨ ᠵᠢᠩᠲᠡᠢ ᠪᠠᠶᠢᠵᠠᠢ᠃ ᠵᠠᠷᠢᠮ ᠡᠷ᠎ᠡ ᠠᠷᠰᠯᠠᠨ ᠵᠠᠭᠠᠨ 12-13 ᠲᠣᠨ ᠬᠦᠷᠴᠦ ᠪᠠᠶᠢᠭᠰᠠᠨ ᠪᠠᠶᠢᠬᠤ ᠭᠡᠰᠡᠨ ᠲᠠᠭᠠᠮᠠᠭᠯᠠᠯ ᠴᠤ ᠪᠠᠶᠢᠳᠠᠭ: ᠠᠷᠰᠯᠠᠨ ᠵᠠᠭᠠᠨ ᠤ ᠶᠡᠬᠡᠩᠬᠢ ᠵᠦᠢᠯ ᠦᠳ ᠥᠨᠥ ᠶᠢᠨ ᠡᠨᠡᠳᠬᠡᠭ ᠵᠠᠭᠠᠨ ᠤ ᠬᠡᠮᠵᠢᠶ᠎ᠡ ᠲᠡᠢ ᠣᠶᠢᠷᠠᠯᠴᠠᠭ᠎ᠠ ᠪᠠᠶᠢᠴᠠᠢ᠃ ᠠᠷᠰᠯᠠᠨ ᠵᠠᠭᠠᠨ ᠣᠷᠴᠢᠨ ᠴᠠᠭ ᠤᠨ ᠵᠠᠭᠠᠨ ᠲᠠᠢ ᠨᠢᠭᠡᠨ ᠠᠳᠠᠯᠢ ᠬᠡᠭᠡᠯ ᠪᠡᠨ 22 ᠰᠠᠷ᠎ᠠ ᠲᠡᠭᠡᠭᠡᠬᠦ ᠪᠥᠭᠡᠳ ᠨᠢᠭᠡ ᠲᠤᠮᠪᠠᠭ᠎ᠠ ᠭᠠᠷᠭᠠᠳᠠᠭ ᠪᠠᠶᠢᠵᠠᠢ᠃ ᠦᠰᠦᠯᠢᠭ ᠠᠷᠰᠯᠠᠨ ᠵᠠᠭᠠᠨ ᠨᠢ ᠬᠣᠵᠢᠭᠤ ᠡᠭᠦᠰᠦᠭᠰᠡᠨ ᠵᠦᠢᠯ ᠪᠥᠭᠡᠳ ᠬᠣᠶᠢᠳᠤ ᠠᠮᠧᠷᠢᠺᠠ᠂ ᠧᠦ᠋ᠷᠠᠽᠢ ᠳᠤ ᠲᠠᠷᠬᠠᠨ ᠠᠮᠢᠳᠤᠷᠠᠵᠤ ᠪᠠᠶᠢᠴᠠᠢ᠃ ᠬᠦᠮᠦᠰ 1,8 ᠰᠠᠶ᠎ᠠ ᠵᠢᠯ ᠦᠨ ᠲᠡᠷᠲᠡᠭᠡ ᠡᠴᠡ ᠠᠷᠰᠯᠠᠨ ᠵᠠᠭᠠᠨ ᠤ ᠮᠢᠬ᠎ᠠ ᠶᠢ ᠬᠦᠨᠡᠰᠦᠨ ᠳᠦ ᠪᠡᠨ ᠬᠡᠷᠡᠭᠯᠡᠵᠦ ᠪᠠᠶᠢᠭᠰᠠᠨ ᠲᠡᠳᠦᠢ ᠦᠭᠡᠢ ᠨᠧᠶᠠᠨᠳᠧᠷᠲ᠋ᠠᠯ ᠬᠦᠮᠦᠰ ᠠᠷᠰᠯᠠᠨ ᠵᠠᠭᠠᠨ ᠤ ᠶᠠᠰᠤ ᠶᠢ ᠣᠷᠣᠨ ᠪᠠᠶᠢᠷᠢ ᠪᠠᠷᠢᠬᠤ ᠳᠤ ᠪᠠᠨ ᠠᠰᠢᠭᠯᠠᠵᠤ ᠪᠠᠶᠢᠠᠢ᠃

ᠠᠷᠰᠯᠠᠨ ᠵᠠᠭᠠᠨ ᠤ ᠰᠢᠳᠦ ᠬᠠᠵᠠᠭᠤ ᠲᠠᠯ᠎ᠠ
ᠠᠷᠰᠯᠠᠨ ᠵᠠᠭᠠᠨ ᠤ ᠰᠢᠳᠦ

ᠪᠢᠴᠢᠭᠡᠰᠦ